ᠲᠠᠯ᠎ᠠ ᠵᠢᠨ ᠭᠦᠨ ᠡᠴᠡ ᠰᠦ ᠵᠢᠨ ᠦᠨᠦᠷ ᠠᠩᠬᠢᠯᠤᠨ᠎ᠠ
2025-12-10 11:05:58
ᠵᠣᠬᠢᠶᠠᠭ᠍ᠴᠢ᠄
ᠯᠢ ᠵᠦᠸᠸ
ᠣᠩᠱᠢᠭ᠍ᠰᠠᠨ ᠣᠳᠠᠭ᠎ᠠ᠄
★★★☆☆

ᠪᠤᠯᠤᠩ ᠡᠭᠢᠯᠡᠭᠦ ᠦᠭᠡ᠄ 

ᠦᠪᠦᠷ ᠮᠤᠨᠭᠭᠤᠯ᠎ᠤᠨ ᠡᠭᠡ ᠭᠠᠵᠠᠷ ᠲᠤ᠌ ᠪᠤᠳᠠᠰ᠎ᠤᠨ ᠪᠤᠰᠤ ᠰᠤᠶᠤᠯ᠎ᠤᠨ ᠦᠪ ᠠᠮᠢᠵᠢᠷᠠᠯ᠎ᠤᠨ ᠭᠦᠴᠦᠨ ᠵᠢᠡᠷ ᠪᠢᠯᠬᠠᠮ᠎ᠠ ᠪᠠᠢᠳᠠᠭ᠃ ᠴᠠᠭᠠᠨ ᠢᠳᠡᠭᠡ ᠵᠢᠨ ᠠᠩᠬᠢᠯᠤᠮ᠎ᠠ ᠦᠨᠦᠷ ᠲᠤ᠌ ᠨᠡᠭᠦᠳᠡᠯᠴᠢᠨ ᠦᠨᠳᠦᠰᠦᠳᠡᠨ ᠪ ᠠᠮᠢᠳᠤᠷᠠᠬᠤᠢ ᠵᠢᠨ ᠤᠬᠠᠭᠠᠨ ᠰᠢᠨᠭᠭᠡᠵᠤ᠂ ᠮᠤᠷᠢᠨ ᠬᠤᠭᠤᠷ᠎ᠤᠨ ᠠᠶᠠᠯᠭᠤᠨ ᠤᠮᠠᠷᠠᠳᠤ ᠭᠢᠯᠢ ᠵᠢᠨ ᠬᠦᠪᠡᠭᠦᠳ ᠦᠭᠢᠳ᠎ᠤᠨ ᠦᠭᠡᠳᠡᠷᠭᠡᠭ ᠰᠡᠳᠭᠢᠯᠭᠡ ᠵᠢ ᠴᠢᠪᠬᠠᠳᠠᠨ᠎ᠠ᠃ ᠮᠦᠨᠭᠭᠦᠨ ᠲᠠᠷᠬᠠᠨ ᠴᠠᠭ ᠦᠶ᠎ᠠ ᠵᠢ ᠵᠠᠭᠠᠭᠯᠠᠭᠰᠠᠨ ᠭᠡ ᠤᠭᠠᠯᠵᠠ ᠵᠢ ᠰᠡᠢᠯᠵᠤ᠂ ᠴᠠᠭᠠᠰᠤᠨ ᠬᠠᠢᠴᠢᠯᠠᠮᠠᠯ ᠦᠨᠳᠦᠰᠦᠳᠡᠨ᠎ᠤ ᠤᠷᠠᠯᠢᠭ᠎ᠤᠨ ᠭᠤᠸ᠎ᠠ ᠰᠠᠢᠬᠠᠨ᠎ᠢ ᠭᠠᠢᠬᠠᠭᠤᠯᠤᠨ᠎ᠠ ᠁ ᠡᠨᠡ ᠪᠦᠭᠦᠨ ᠲᠠᠯ᠎ᠠ ᠨᠤᠳᠤᠭ᠎ᠤᠨ ᠪᠤᠯᠪᠠᠰᠤᠨ᠎ᠤ ᠤᠨᠳᠠᠷᠠᠰᠢ ᠦᠭᠡᠢ ᠭᠠᠯ ᠪᠤᠯᠬᠤ ᠪᠡᠷ ᠦᠯᠦ ᠪᠠᠷᠠᠮ ᠴᠠᠭ ᠬᠤᠭᠤᠴᠠᠭ᠎ᠠ ᠪᠤᠯᠤᠨ ᠤᠷᠠᠨ ᠲᠠᠷᠬᠠᠨ ᠬᠠᠮᠳᠤ ᠪᠡᠷ ᠲᠠᠪᠳᠠᠭᠰᠠᠨ ᠰᠤᠶᠤᠯ᠎ᠤᠨ ᠦᠨᠡᠳᠦ ᠡᠷᠳᠡᠨᠢ ᠪᠤᠯᠤᠨ᠎ᠠ᠃ ᠪᠤᠯᠪᠠᠰᠤᠨ᠎ᠤ ᠤᠯᠠᠮᠵᠢᠯᠠᠯ᠂ ᠭᠡᠷᠡᠯ ᠰᠡᠭᠦᠳᠡᠷ ᠎ᠤᠨ ᠭᠡᠷᠡᠴᠢᠯᠡᠯ᠃ ᠲᠤᠰ᠎ᠳᠤᠭᠠᠷ ᠡᠴᠡ ᠡᠭᠢᠯᠡᠵᠤ 《ᠪᠤᠳᠠᠰ᠎ᠤᠨ ᠪᠤᠰᠤ ᠰᠤᠶᠤᠯ᠎ᠤᠨ ᠦᠪ᠎ᠢ ᠵᠢᠷᠤᠭ ᠵᠢᠡᠷ ᠦᠭᠦᠯᠡᠭᠦᠢ》 ᠲᠤᠰᠬᠠᠢ ᠪᠤᠯᠤᠩ ᠨᠡᠭᠡᠭᠡᠵᠤ᠂ ᠦᠪᠦᠷ ᠮᠤᠨᠭᠭᠤᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠭᠦᠨ ᠵᠤᠵᠠᠭᠠᠨ ᠠᠭᠤᠯᠬᠤᠨ ᠪᠤᠯᠤᠨ ᠴᠠᠭ ᠦᠶ᠎ᠠ ᠵᠢᠨ ᠭᠡᠷᠡᠯ ᠭᠢᠯᠪᠠᠭ᠎ᠠ ᠵᠢ ᠬᠠᠷᠠᠭᠤᠯᠬᠤ ᠪᠤᠯᠤᠨ᠎ᠠ᠃ ᠲᠠᠭᠠᠯᠠᠨ ᠰᠤᠨᠢᠷᠬᠠᠮᠤ︕


ᠲᠤᠷᠤᠨ᠎ᠠ ᠵᠢᠭᠠᠬᠠᠨ ᠭᠡᠰᠡᠭ ᠬᠤᠷᠤᠳ᠎ᠢ ᠺᠤᠹᠸ᠎ᠳᠤ ᠭᠢᠭᠦ ᠭᠱᠠᠨ᠎ᠳᠤ ᠤᠨᠴᠠᠭᠠᠢ ᠰᠠᠢᠬᠠᠨ ᠦᠨᠦᠷ ᠠᠮᠳᠠ ᠠᠩᠬᠢᠯᠤᠨ᠂ ᠪᠤᠳᠠᠰ᠎ᠤᠨ ᠪᠤᠰᠤ ᠰᠤᠶᠤᠯ᠎ᠤᠨ ᠦᠪ ᠪᠤᠯᠤᠨ ᠴᠠᠭ᠎ᠤᠨ ᠤᠷᠤᠰᠬᠠᠯ ᠢᠩᠭᠢᠵᠦ᠍ ᠠᠭᠤᠰᠤᠯᠴᠠᠨ᠂ ᠰᠢᠯᠢ ᠵᠢᠨ ᠭᠤᠤᠯ᠎ᠤᠨ ᠴᠠᠭᠠᠨ ᠢᠳᠡᠭᠡ ᠪᠤᠯᠤᠨ ᠱᠠᠨᠭᠬᠠᠢ ᠵᠢᠨ ᠺᠤᠹᠸ ᠤᠷᠤᠢᠳᠠᠵᠤ ᠤᠴᠠᠷᠠᠭᠰᠠᠨ᠎ᠳᠠᠭᠠᠨ ᠬᠠᠷᠠᠭᠤᠰᠤᠨ᠎ᠠ᠃ ᠡᠨᠡ ᠪᠤᠯ ᠪᠠᠷᠢᠮᠳᠠᠳᠤ ᠹᠢᠯᠢᠮ᠎ᠤ᠋ᠨ ᠨᠢᠭᠡᠨ ᠦᠵᠡᠭᠳᠡᠯ ᠪᠤᠯᠤᠨ᠎ᠠ᠃


QQ截图20251001113555.png


ᠰᠢᠨᠡᠭᠡᠨ ᠭᠢᠭᠰᠡᠨ ᠴᠠᠭᠠᠨ ᠢᠳᠡᠭᠡ


ᠴᠠᠭᠠᠨ ᠢᠳᠡᠭᠡ ᠪᠤᠯ ᠴᠤᠯ ᠰᠦ ᠪᠡᠷ ᠭᠢᠭᠰᠡᠨ ᠪᠦᠳᠦᠭᠡᠭᠳᠡᠭᠦᠨ ᠪᠠᠢᠵᠤ᠂ ᠲᠦᠷᠦᠯ ᠵᠦᠢᠯ ᠨᠢ ᠤᠯᠠᠨ᠂ ᠦᠨᠦᠷ ᠠᠮᠳᠠ ᠰᠠᠢᠳᠠᠢ᠂ ᠰᠢᠮ᠎ᠠ ᠲᠡᠵᠢᠭᠡᠯ ᠡᠯᠪᠡᠭ ᠪᠠᠢᠳᠠᠭ᠃ 2014 ᠤᠨ᠎ᠳᠤ᠂ ᠴᠠᠭᠠᠨ ᠢᠳᠡᠭᠡ ᠭᠢᠭᠦ ᠮᠡᠷᠭᠡᠵᠢᠯ (ᠴᠠᠭᠠᠨ ᠢᠳᠡᠭᠡ) ᠨᠢ ᠲᠦᠷᠪᠡᠳᠦᠭᠡᠷ ᠪᠦᠯᠦᠭ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠵᠢᠭᠰᠠᠭᠠᠯᠳᠠ᠎ᠳᠤ ᠪᠦᠷᠢᠳᠭᠡᠭᠦᠯᠵᠡᠢ᠃


QQ截图20250825102238.png


ᠰᠢᠷᠠᠰᠤ ᠵᠢ ᠨᠢ ᠢᠯᠭᠠᠷᠠᠭᠤᠯᠤᠨ᠎ᠠ


ᠲᠤᠷᠤᠨ᠎ᠠ ᠪᠤᠯ ᠲᠤᠰ ᠮᠡᠷᠭᠡᠵᠢᠯ᠎ᠤᠨ ᠰᠢᠯᠢ ᠵᠢᠨ ᠭᠤᠤᠯ ᠠᠢᠮᠠᠭ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠦ ᠴᠢᠨᠠᠷᠳᠠᠢ ᠤᠯᠠᠮᠵᠢᠯᠠᠭᠴᠢ ᠪᠠᠢᠵᠤ᠂ ᠲᠡᠯᠡᠭᠡᠢ ᠵᠢᠨ ᠰᠤᠶᠤᠯ᠎ᠤᠨ ᠦᠪ ᠶᠤᠸᠠᠨ᠎ᠤ ᠲᠡᠭᠡᠳᠦ ᠨᠠᠢᠰᠯᠠᠯ᠎ᠤᠨ ᠪᠠᠭᠤᠷᠢ ᠲᠡᠭᠦᠨ᠎ᠤ ᠲᠦᠷᠦᠭᠰᠡᠨ ᠨᠤᠳᠤᠭ ᠰᠢᠯᠤᠭᠤᠨ ᠭᠦᠭᠡ ᠬᠤᠰᠢᠭᠤᠨ᠎ᠳᠤ ᠪᠠᠢᠳᠠᠭ᠃ 13᠎ᠳ᠋ᠤᠭᠠᠷ ᠵᠠᠭᠤᠨ᠎ᠤ ᠦᠶᠡᠰ ᠡᠨᠳᠡᠭᠢ ᠭᠦᠮᠦᠰ ᠤᠷᠳᠤᠨ᠎ᠤ ᠴᠠᠭᠠᠨ ᠢᠳᠡᠭᠡ ᠵᠢ ᠬᠠᠨᠭᠭᠠᠵᠤ᠂ ᠴᠠᠭᠠᠨ ᠢᠳᠡᠭᠡ ᠭᠢᠭᠦ ᠮᠡᠷᠭᠡᠵᠢᠯ ᠵᠢᠡᠨ ᠦᠶ᠎ᠠ ᠵᠢᠨ ᠦᠶ᠎ᠠ ᠤᠯᠠᠮᠵᠢᠯᠠᠭᠰᠠᠭᠠᠷ ᠦᠨᠦᠳᠦᠷ ᠪᠤᠯᠵᠠᠢ᠃ ᠲᠤᠷᠤᠨ᠎ᠠ ᠵᠢᠨ ᠴᠠᠭᠠᠨ ᠢᠳᠡᠭᠡ ᠭᠢᠭᠦ ᠮᠡᠷᠭᠡᠵᠢᠯ ᠪᠤᠯ ᠮᠦᠨ ᠡᠵᠢ ᠪᠤᠯᠤᠨ ᠡᠮᠡᠭᠡ ᠡᠴᠡ ᠪᠠᠨ ᠰᠤᠷᠤᠭᠰᠠᠨ ᠠᠵᠢ᠃


QQ截图20250224163936.png


ᠴᠠᠭᠠᠨ ᠢᠳᠡᠭᠡ ᠭᠢᠳᠡᠭ ᠤᠯᠠᠮᠵᠢᠯᠠᠯᠳᠤ ᠭᠡᠪ᠎ᠤᠳ᠎ᠢ ᠲᠠᠨᠢᠯᠴᠠᠭᠤᠯᠤᠨ᠎ᠠ


《ᠡᠨᠡ ᠴᠠᠭᠠᠨ ᠢᠳᠡᠭᠡ ᠵᠢᠨ ᠭᠡᠪ ᠪᠤᠯ ᠲᠡᠭᠡᠳᠦ ᠡᠴᠡ ᠤᠯᠠᠮᠵᠢᠯᠠᠭᠰᠠᠨ ᠡᠷᠳᠡᠨᠢ ᠰᠢᠦ᠂ ᠡᠮᠡᠭᠡ ᠡᠵᠢ ᠡᠴᠡ ᠡᠵᠢ᠎ᠳᠤ ᠤᠯᠠᠮᠵᠢᠯᠠᠵᠤ᠂ ᠡᠵᠢ ᠡᠴᠡ ᠨᠠᠳᠠᠳᠤ ᠤᠯᠠᠮᠵᠢᠯᠠᠭᠰᠠᠨ ᠶᠤᠮ᠂ ᠪᠠᠷᠤᠭ 160 ᠵᠢᠯ᠎ᠤᠨ ᠲᠡᠦᠭᠡ ᠲᠠᠢ ᠪᠤᠯᠵᠠᠢ》 ᠭᠡᠵᠤ ᠰᠢᠯᠢ ᠵᠢᠨ ᠭᠤᠤᠯ ᠠᠢᠮᠠᠭ᠎ᠤᠨ ᠰᠢᠯᠤᠭᠤᠨ ᠭᠦᠭᠡ ᠬᠤᠰᠢᠭᠤᠨ᠎ᠤ ᠱᠠᠨᠭᠳᠦ ᠪᠠᠯᠭᠠᠰᠤ ᠵᠢᠨ ᠰᠦᠨ ᠲᠠᠯ᠎ᠠ ᠴᠠᠭᠠᠨ ᠢᠳᠡᠭᠡᠨ᠎ᠤ ᠲᠡᠯᠭᠡᠭᠦᠷ᠎ᠤᠨ ᠡᠵᠡᠨᠳᠡᠨ ᠲᠤᠷᠤᠨ᠎ᠠ ᠴᠠᠭᠠᠳᠤᠭᠢ ᠠᠪᠳᠠᠷ᠎ᠠ ᠡᠴᠡ ᠪᠠᠨ ᠨᠢᠭᠡᠨ ᠵᠢᠵᠢᠭᠭᠡᠨ ᠮᠤᠳᠤᠨ ᠬᠠᠢᠷᠴᠠᠭ᠎ᠢ ᠭᠢᠴᠢᠶᠠᠮᠵᠢᠳᠡᠢᠭᠡᠨ ᠭᠠᠷᠭᠠᠪᠠᠯ ᠲᠤᠳᠤᠷ᠎ᠠ ᠨᠢ ᠴᠡᠩᠬᠡᠷ ᠬᠠᠳᠠᠭ ᠵᠢᠡᠷ ᠪᠤᠭᠤᠭᠰᠠᠨ ᠦᠶ᠎ᠠ ᠤᠯᠠᠮᠵᠢᠯᠠᠭᠰᠠᠨ ᠲᠦᠳ᠋᠎ᠤᠨ ᠭᠡᠪ ᠪᠠᠢᠪᠠ᠃


QQ截图20251001104448.png


ᠴᠠᠭᠠᠨ ᠢᠳᠡᠭᠡ ᠪᠠᠨ ᠬᠠᠳᠠᠭᠠᠨ᠎ᠠ


ᠡᠮᠡᠭᠡ ᠡᠵᠢ ᠨᠢ ᠴᠠᠭᠠᠨ ᠢᠳᠡᠭᠡ ᠭᠢᠳᠡᠭ ᠪᠠᠢᠭᠰᠠᠨ ᠨᠢ ᠲᠤᠷᠤᠨ᠎ᠠ ᠵᠢᠨ ᠪᠠᠯᠴᠢᠷ ᠪᠠᠭ᠎ᠠ ᠵᠢᠨ ᠤᠢ ᠲᠠᠷᠢᠭᠢᠨ᠎ᠳᠤ ᠮᠠᠷᠳᠠᠭᠳᠠᠰᠢ ᠦᠭᠡᠢ ᠰᠠᠢᠬᠠᠨ ᠲᠤᠷᠠᠳᠬᠠᠯ ᠪᠤᠯᠤᠨ ᠬᠤᠴᠤᠷᠴᠠᠢ᠃ ᠲᠠᠷᠠ ᠠᠷᠪᠠᠭᠠᠳ ᠨᠠᠰᠤᠨ ᠡᠴᠡ ᠪᠠᠨ ᠡᠭᠢᠯᠡᠵᠤ ᠴᠠᠭᠠᠨ ᠢᠳᠡᠭᠡ ᠭᠢᠭᠦ ᠵᠢ ᠰᠤᠷᠴᠠᠢ᠃ 《ᠮᠠᠨ᠎ᠤ ᠡᠭᠡᠴᠢ ᠲᠡᠭᠦᠦ ᠭᠤᠷᠪᠠᠭᠤᠯᠠ ᠡᠵᠢ ᠡᠴᠡ ᠪᠠᠨ ᠴᠠᠭᠠᠨ ᠢᠳᠡᠭᠡ ᠭᠢᠭᠦ ᠵᠢ ᠰᠤᠷᠤᠭᠰᠠᠨ᠂ ᠰᠠᠢᠬᠠᠨ ᠭᠢᠪᠠᠯ ᠡᠵᠢ ᠪᠢᠳᠡᠨ᠎ᠢ ᠱᠠᠨᠭᠨᠠᠵᠤ᠂ ᠠᠨᠠᠢ ᠭᠢᠪᠠᠯ ᠠᠭᠢᠨ ᠲᠠᠭᠢᠨ ᠭᠢᠯᠭᠡᠳᠡᠭ ᠪᠠᠢᠭᠰᠠᠨ》 ᠭᠡᠵᠤ ᠲᠤᠷᠤᠨ᠎ᠠ ᠦᠨᠭᠭᠡᠷᠡᠭᠰᠡᠨ ᠵᠢᠡᠨ ᠲᠤᠷᠠᠰᠤᠨ ᠶᠠᠷᠢᠨ᠎ᠠ᠃


QQ截图20251117161443.png


ᠰᠠᠶᠢᠬᠠᠨ ᠭᠢᠭᠰᠡᠨ ᠬᠤᠷᠤᠳ ᠵᠢᠡᠨ ᠭᠡᠪᠯᠡᠨ᠎ᠠ


ᠤᠳᠤᠬᠠᠨ᠎ᠳᠤ ᠴᠠᠭᠠᠨ ᠢᠳᠡᠭᠡ ᠨᠢ ᠲᠤᠷᠤᠨ᠎ᠠ ᠵᠢᠨ ᠠᠮᠢᠳᠤᠷᠠᠯ ᠦᠢᠯᠡᠰ ᠪᠤᠯᠵᠤ᠂ ᠡᠷ᠎ᠠ ᠨᠦᠭᠦᠷ ᠪᠠᠶᠠᠷ ᠲᠠᠢ ᠪᠠᠨ ᠬᠠᠮᠳᠤ ᠰᠦᠨ ᠲᠠᠯ᠎ᠠ ᠴᠠᠭᠠᠨ ᠢᠳᠡᠭᠡᠨ᠎ᠤ ᠲᠡᠯᠭᠡᠭᠦᠷ ᠨᠡᠭᠡᠭᠡᠵᠤ᠂ ᠦᠪᠡᠷ᠎ᠤᠨ ᠭᠢᠭᠰᠡᠨ  ᠴᠠᠭᠠᠨ ᠢᠳᠡᠭᠡ ᠪᠠᠨ ᠬᠤᠳᠠᠯᠳᠤᠵᠤ ᠪᠤᠢ᠃

ᠦᠷᠯᠦᠭᠡ ᠦᠳᠡᠰᠢ ᠪᠤᠯᠭᠠᠨ ᠪᠠᠶᠠᠷ ᠮᠠᠰᠢᠨ ᠵᠢᠡᠨ ᠵᠢᠯᠤᠭᠤᠳᠤᠨ ᠮᠠᠯᠵᠢᠯ᠎ᠤᠨ ᠲᠠᠯᠠᠪᠠᠢ᠎ᠳᠠᠭᠠᠨ ᠭᠦᠷᠴᠦ᠂ ᠰᠢᠨ᠎ᠠ ᠰᠦ ᠲᠡᠭᠡᠭᠡᠵᠤ ᠲᠡᠯᠭᠡᠭᠦᠷ ᠲᠡᠭᠡᠨ ᠠᠪᠴᠢᠷᠠᠳᠠᠭ᠃ ᠲᠡᠭᠡᠭᠡᠳ ᠰᠦ ᠪᠠᠨ ᠡᠭᠡᠳᠡᠭᠦᠯᠭᠦ᠂ ᠰᠢᠷᠠᠰᠤ ᠵᠢ ᠨᠢ ᠢᠯᠭᠠᠷᠠᠭᠤᠯᠬᠤ᠂ ᠨᠤᠬᠤᠬᠤ ᠵᠡᠷᠭᠡ ᠤᠯᠠᠨ ᠶᠠᠪᠤᠴᠠ ᠵᠢ ᠦᠨᠭᠭᠡᠷᠡᠭᠡᠭᠡᠳ ᠤᠯᠠᠨ ᠭᠡᠯᠪᠠᠷᠢ ᠶᠠᠨᠭᠵᠤ ᠵᠢᠨ ᠴᠠᠭᠠᠨ ᠢᠳᠡᠭᠡ ᠪᠤᠯᠭᠠᠵᠤ᠂ ᠴᠤᠯ ᠪᠠᠢᠭᠠᠯᠢᠯᠢᠭ ᠦᠨᠦᠷ ᠠᠮᠳᠠ ᠪᠡᠷ ᠵᠢᠡᠨ ᠨᠠᠶ᠋ᠮᠠᠨ ᠵᠦᠭ᠎ᠤᠨ ᠵᠤᠴᠢᠳ᠎ᠢ ᠲᠠᠳᠠᠳᠠᠭ᠃


QQ截图20251001113555.png


ᠪᠠᠶᠠᠷ ᠲᠦᠭᠦᠭᠡᠢ ᠰᠦ ᠵᠢ ᠲᠡᠯᠭᠡᠭᠦᠷ ᠲᠡᠭᠡᠨ ᠠᠪᠠᠴᠢᠨ᠎ᠠ


《ᠪᠢᠳᠠ ᠤᠯᠠᠨ ᠤᠯᠠᠨ ᠠᠷᠠᠯᠵᠢᠶᠠᠨ᠎ᠤ ᠬᠤᠷᠠᠯ ᠦᠵᠡᠰᠭᠦᠯᠡᠩ᠎ᠤᠨ ᠬᠤᠷᠠᠯ᠎ᠳᠤ ᠤᠷᠤᠯᠴᠠᠵᠤ᠂ ᠪᠦᠳᠦᠭᠡᠭᠳᠡᠭᠦᠨ ᠵᠢᠡᠨ ᠲᠠᠨᠢᠯᠴᠠᠭᠤᠯᠤᠨ᠂ ᠴᠠᠭᠠᠨ ᠢᠳᠡᠭᠡ ᠪᠠᠨ ᠤᠬᠠᠭᠤᠯᠵᠤ᠂ ᠨᠡᠩ ᠤᠯᠠᠨ ᠭᠦᠮᠦᠨ᠎ᠳᠤ ᠰᠢᠯᠢ ᠵᠢᠨ ᠭᠤᠤᠯ᠎ᠤᠨ ᠴᠠᠭᠠᠨ ᠢᠳᠡᠭᠡ ᠪᠠᠨ ᠠᠮᠳᠠᠯᠠᠭᠤᠯᠤᠨ ᠲᠠᠨᠢᠭᠤᠯᠵᠤ᠂ ᠠᠭᠠᠵᠢᠮ ᠵᠢᠡᠷ ᠨᠢᠭᠡ ᠪᠦᠯᠦᠭ ᠰᠦᠯᠵᠢᠶᠠᠨ ᠭᠡᠷᠡᠭᠯᠡᠭᠴᠢᠳ ᠲᠠᠢ ᠪᠤᠯᠪᠠ᠃ ᠪᠢᠳᠡᠨ᠎ᠤ ᠴᠠᠭᠠᠨ ᠢᠳᠡᠭᠡᠨ᠎ᠤ ᠲᠡᠯᠭᠡᠭᠦᠷ ᠪᠠᠰᠠ ᠰᠢᠯᠢ ᠵᠢᠨ ᠭᠤᠤᠯ ᠴᠠᠭᠠᠨ ᠢᠳᠡᠭᠡᠨ᠎ᠤ ᠤᠷᠤᠨ ᠪᠦᠰᠠ ᠵᠢᠨ ᠨᠠᠢᠳᠡ ᠵᠢᠨ ᠭᠡᠷᠡᠭᠯᠡᠭᠡᠨ᠎ᠤ ᠲᠦᠷᠦᠯ ᠲᠡᠮᠳᠡᠭ ᠪᠠ ᠭᠠᠵᠠᠷ ᠵᠦᠢ ᠵᠢᠨ ᠢᠯᠡᠷᠭᠡᠢᠯᠡᠯᠳᠦ ᠭᠡᠷᠡᠴᠢᠯᠠᠯ ᠲᠠᠢ ᠲᠠᠮᠠᠭ᠎ᠠ ᠱᠤᠰᠢᠭ᠎ᠠ ᠵᠢᠨ ᠡᠷᠭᠡ ᠤᠯᠭᠤᠭᠰᠠᠨ ᠭᠤᠤᠯ ᠴᠤᠭᠴᠠ ᠵᠢᠨ ᠨᠠᠷᠡᠰ ᠲᠤ᠌ ᠵᠢᠭᠰᠠᠭᠠᠭᠳᠠᠵᠠᠢ》 ᠭᠡᠵᠤ ᠪᠠᠶᠠᠷ ᠲᠠᠨᠢᠯᠴᠠᠭᠤᠯᠤᠨ᠎ᠠ᠃


QQ截图20250825102238.png


ᠵᠢᠭᠤᠯᠴᠢᠯᠠᠭᠴᠢᠳ ᠡᠷᠢᠵᠤ ᠢᠷᠠᠨ᠎ᠠ


ᠤᠳᠤᠬᠠᠨ᠎ᠳᠤ᠂ ᠰᠢᠯᠤᠭᠤᠨ ᠭᠦᠭᠡ ᠬᠤᠰᠢᠭᠤᠨ᠎ᠳᠤ ᠵᠠᠭᠤ ᠭᠠᠷᠤᠢ ᠤᠯᠠᠮᠵᠢᠯᠠᠯᠳᠤ ᠴᠠᠭᠠᠨ ᠢᠳᠡᠭᠡ ᠦᠢᠯᠡᠳᠪᠦᠷᠢᠯᠡᠳᠡᠭ ᠭᠠᠵᠠᠷ ᠪᠤᠯᠤᠨ ᠲᠡᠯᠭᠡᠭᠦᠷ ᠪᠠᠢᠵᠤ᠂ ᠪᠠᠰᠠ ᠴᠠᠭᠠᠨ ᠢᠳᠡᠭᠡ ᠭᠢᠭᠦ ᠮᠡᠷᠭᠡᠵᠢᠯ᠎ᠢ ᠤᠯᠠᠮᠵᠢᠯᠠᠨ ᠰᠤᠷᠤᠯᠴᠠᠳᠠᠭ ᠭᠠᠵᠠᠷ᠂ ᠤᠯᠠᠮᠵᠢᠯᠠᠯ᠎ᠤᠨ ᠰᠠᠭᠤᠷᠢᠨ᠎ᠢ ᠤᠯᠠᠨ ᠪᠠᠢᠭᠤᠯᠵᠠᠢ᠃ ᠴᠠᠭᠠᠨ ᠢᠳᠡᠭᠡᠨ ᠭᠢᠭᠦ ᠤᠯᠠᠮᠵᠢᠯᠠᠯᠳᠤ ᠮᠠᠷᠭᠡᠵᠢᠯ ᠲᠠᠰᠤᠷᠠᠯᠳᠠ ᠦᠭᠡᠢ ᠰᠢᠨ᠎ᠠ ᠠᠮᠢᠵᠢᠷᠠᠯ᠎ᠤᠨ ᠭᠦᠴᠦᠨ ᠲᠠᠢ ᠪᠤᠯᠵᠤ᠂ ᠴᠠᠭ ᠦᠶ᠎ᠠ ᠲᠠᠢ ᠵᠡᠷᠭᠡ ᠪᠠᠷ ᠤᠷᠤᠭᠰᠢᠯᠠᠵᠤ ᠪᠤᠢ᠃


QQ截图20251001104448.png


ᠲᠤᠷᠤᠨ᠎ᠠ ᠵᠢᠨ ᠭᠢᠨ᠎ᠤ ᠮᠠᠯᠵᠢᠯ᠎ᠤᠨ ᠲᠠᠯᠠᠪᠠᠢ

(ᠭᠡᠷᠡᠯ ᠵᠢᠷᠤᠭ ᠎ᠤᠳ ᠎ᠢ ᠰᠤᠷᠪᠤᠯᠵᠢᠯᠠᠭᠴᠢ  ᠸᠠᠩ ᠰᠢᠶᠤᠤ ᠪᠦᠸᠸ   ᠴᠸᠩ ᠶᠢᠩ ᠵᠢᠶᠦ᠋ᠨ  ᠰᠡᠭᠦᠳᠡᠷᠯᠡᠪᠡ)


ᠪᠤᠳᠠᠰ᠎ᠤᠨ ᠪᠤᠰᠤ ᠰᠤᠶᠤᠯ᠎ᠤᠨ ᠦᠪ᠎ᠤᠨ ᠵᠢᠵᠢᠭ ᠮᠡᠳᠡᠯᠭᠡ᠄

ᠴᠠᠭᠠᠨ ᠢᠳᠡᠭᠡ ᠭᠢᠭᠦ ᠮᠡᠷᠭᠡᠵᠢᠯ ᠪᠤᠯ ᠮᠤᠨᠭᠭᠤᠯ ᠦᠨᠳᠦᠰᠦᠳᠡᠨ᠎ᠤ ᠤᠯᠠᠮᠵᠢᠯᠠᠯᠳᠤ ᠴᠠᠭᠠᠨ ᠢᠳᠡᠭᠡ ᠪᠤᠯᠪᠠᠰᠤᠷᠠᠭᠤᠯᠬᠤ ᠮᠡᠷᠭᠡᠵᠢᠯ ᠪᠠᠢᠵᠤ᠂ ᠴᠤᠯ ᠰᠦ ᠪᠡᠷ ᠭᠢᠳᠡᠭ᠃ ᠪᠦᠳᠦᠭᠡᠭᠳᠡᠭᠦᠨ ᠨᠢ 30 ᠭᠠᠷᠤᠢ ᠲᠦᠷᠦᠯ ᠵᠦᠢᠯ ᠪᠠᠢᠳᠠᠭ᠃ ᠦᠨᠳᠦᠰᠦᠨ ᠮᠡᠷᠭᠡᠵᠢᠯ ᠨᠢ ᠪᠤᠯ ᠲᠦᠭᠦᠭᠡᠢ ᠰᠦ ᠪᠠᠨ ᠡᠭᠡᠳᠡᠭᠦᠯᠵᠤ᠂ ᠰᠢᠷᠠᠰᠤ ᠵᠢ ᠨᠢ ᠢᠯᠭᠠᠷᠠᠭᠤᠯᠤᠨ᠂ ᠵᠦᠭᠡᠯᠡᠨ ᠭᠠᠯ ᠵᠢᠡᠷ ᠪᠤᠴᠠᠯᠭᠠᠵᠤ ᠨᠤᠬᠤᠬᠤ ᠵᠡᠷᠭᠡ ᠶᠠᠪᠤᠴᠠ ᠵᠢ ᠲᠠᠮᠵᠢᠵᠤ᠂ ᠠᠳᠠᠯᠢ ᠪᠤᠰᠤ ᠵᠢᠨ ᠲᠦᠷᠦᠯ ᠵᠦᠢᠯ᠎ᠤᠨ ᠴᠠᠭᠠᠨ ᠢᠳᠡᠭᠡ ᠵᠢ ᠪᠤᠯᠪᠠᠰᠤᠷᠠᠭᠤᠯᠵᠤ ᠭᠠᠷᠭᠠᠳᠠᠭ᠃ ᠴᠠᠭᠠᠨ ᠢᠳᠡᠭᠡᠨ ᠪᠤᠯᠪᠠᠰᠤᠷᠠᠭᠤᠯᠬᠤ ᠮᠡᠷᠭᠡᠵᠢᠯ ᠪᠤᠳᠤᠯᠢᠶᠠᠨᠳᠠᠢ᠂ ᠲᠠᠰ ᠲᠠᠷᠠᠭ᠎ᠠ ᠨᠢ ᠨᠠᠷᠢᠯᠢᠭ᠂ ᠤᠷ᠎ᠠ ᠮᠡᠷᠭᠡᠵᠢᠯ ᠎ᠤᠨ ᠱᠠᠭᠠᠷᠳᠠᠯᠭ᠎ᠠ ᠦᠨᠳᠦᠷ ᠪᠠᠢᠳᠠᠭ᠃ 2014 ᠤᠨ᠎ᠳᠤ᠂ ᠴᠠᠭᠠᠨ ᠢᠳᠡᠭᠡ ᠭᠢᠭᠦ ᠮᠡᠷᠭᠡᠵᠢᠯ (ᠴᠠᠭᠠᠨ ᠢᠳᠡᠭᠡ) ᠲᠦᠷᠪᠡᠳᠦᠭᠡᠷ ᠪᠦᠯᠦᠭ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠦ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠵᠢᠭᠰᠠᠭᠠᠯᠳᠠ᠎ᠳᠤ ᠪᠦᠷᠢᠳᠭᠡᠭᠦᠯᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号