ᠮᠠᠯᠵᠢᠯ ᠤ᠋ᠨ ᠤᠬᠠᠭᠠᠨ᠄ 《ᠮᠠᠯ》 ᠤ᠋ᠨ ᠠᠰᠠᠭᠤᠳᠠᠯ ᠢ᠋ ᠬᠡᠷᠬᠢᠨ ᠰᠢᠢᠳᠪᠦᠷᠢᠯᠡᠬᠦ ᠪᠤᠢ ?
2025-12-10 09:38:08
ᠵᠣᠬᠢᠶᠠᠭ᠍ᠴᠢ᠄
ᠬᠡᠰᠢᠭᠪᠡᠶᠡᠷ ᠬᠦᠭᠵᠢᠯᠳᠦ ᠴᠤᠪᠤᠭᠤ ᠠᠷᠤᠤᠬᠠᠨ
ᠣᠩᠱᠢᠭ᠍ᠰᠠᠨ ᠣᠳᠠᠭ᠎ᠠ᠄
★★★☆☆

— ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠤᠭᠰᠠᠨ ᠦᠪᠦᠷ ᠮᠤᠩᠭᠤᠯ ᠤ᠋ᠨ ᠰᠢᠨ᠎ᠠ ᠦᠢᠯᠡᠳᠦᠯᠬᠡ ⑤


ᠨᠠᠮᠤᠷ ᠤ᠋ᠨ ᠰᠡᠬᠦᠯᠴᠢ ᠵᠢᠨ ᠰᠢᠷᠭᠠᠯ ᠨᠠᠷᠠ ᠰᠢᠵᠢᠷᠳᠡᠨ ᠬᠢᠯᠪᠠᠭᠠᠯᠠᠵᠦ᠂ ᠠᠭᠤᠯᠠ ᠵᠢᠨ ᠥᠪᠤᠷ  ᠨᠦᠮᠦᠷᠢᠳᠡᠨ ᠰᠠᠭᠤᠷᠢᠰᠢᠭᠰᠠᠨ ᠠᠢᠯ ᠤ᠋ᠳ ᠤ᠋ᠨ ᠨᠠᠮ ᠬᠦᠮ ᠢ᠋ ᠡᠪᠳᠡᠬᠦ ᠭᠡᠰᠡᠨ ᠰᠢᠭ ᠵᠠᠰᠠᠮᠠᠯ ᠵᠠᠮ ᠵᠢᠡᠷ ᠬᠠᠶᠠ ᠨᠢᠭᠡ ᠡᠪᠡᠰᠦ ᠰᠦᠷᠡᠯ ᠠᠴᠢᠭᠰᠠᠨ ᠮᠠᠰᠢᠨ ᠲᠷᠠᠺᠲ᠋ᠤᠷ ᠬᠤᠷᠳᠤᠯᠠᠨ ᠲᠠᠪᠬᠢᠵᠤ᠂ ᠮᠠᠯᠴᠢᠳ ᠬᠠᠰᠢᠶᠠᠯᠠᠨ ᠲᠠᠵᠢᠬᠡᠬᠥ ᠬᠠᠭᠠᠰ ᠬᠠᠰᠢᠶᠠᠯᠠᠨ ᠲᠠᠵᠢᠬᠡᠬᠦ ᠮᠠᠯ ᠰᠦᠷᠦᠭ ᠤ᠋ᠨ ᠵᠢᠡᠨ ᠡᠪᠡᠰᠤ ᠪᠤᠷᠳᠤᠭ᠎ᠠ ᠵᠢ ᠨᠦᠬᠡᠴᠡᠯᠡᠵᠤ ᠶᠠᠭᠠᠷᠠᠯᠳᠤᠨ᠎ᠠ᠃

ᠪᠡᠯᠴᠢᠬᠡᠷᠯᠡᠬᠦᠯᠬᠦ ᠵᠢ ᠴᠠᠭᠠᠵᠠᠯᠠᠵᠤ ᠬᠠᠰᠢᠶᠠᠯᠠᠨ ᠲᠠᠵᠢᠬᠡᠬᠥ ᠬᠠᠭᠠᠰ ᠬᠠᠰᠢᠶᠠᠯᠠᠨ ᠲᠠᠵᠢᠬᠡᠬᠦ ᠨᠢ ᠨᠢᠬᠡᠨᠳᠡ ᠪᠡᠯᠴᠢᠭᠡᠷ ᠤ᠋ᠨ ᠳᠠᠭᠠᠭᠠᠴᠠ ᠡᠴᠡ ᠬᠡᠲᠤᠷᠠᠲᠠᠯ᠎ᠠ ᠪᠡᠯᠴᠢᠭᠡᠷᠯᠡᠭᠦᠯᠬᠦ ᠠᠰᠠᠭᠤᠳᠠᠯ ᠢ᠋ ᠱᠢᠶ᠋ᠳᠪᠦᠷᠢᠯᠡᠬᠦ᠌ ᠨᠡᠢᠳᠡᠯᠢᠭ ᠵᠠᠭᠪᠤᠷ ᠪᠤᠯᠵᠤ ᠪᠦᠬᠦ ᠤᠷᠤᠨ ᠳ᠋ᠤ ᠲᠦᠬᠡᠮᠡᠯᠵᠢᠪᠠ᠃ ᠪᠡᠯᠴᠢᠬᠡᠷᠯᠡᠬᠦᠯᠬᠦ ᠵᠢ ᠴᠠᠭᠠᠵᠠᠯᠠᠭᠰᠠᠨ ᠴᠦ᠍ ᠮᠠᠯᠵᠢᠬᠤ ᠵᠢ ᠴᠠᠭᠠᠵᠠᠯᠠᠬᠤ ᠦᠬᠡᠢ᠂ ᠨᠤᠳᠤᠭ ᠪᠡᠯᠴᠢᠬᠡᠷ ᠢ᠋ ᠠᠮᠠᠷᠠᠭᠤᠯᠤᠭᠰᠠᠨ ᠴᠦ᠍ ᠮᠠᠯᠵᠢᠬᠤ ᠦᠢᠯᠡᠳᠪᠤᠷᠢᠯᠡᠯ ᠢ᠋ ᠠᠮᠠᠷᠠᠭᠤᠯᠬᠤ ᠦᠬᠡᠢ᠂ ᠡᠨᠡ ᠪᠤᠯ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢᠨ ᠴᠢᠬᠤᠯᠠ ᠵᠠᠷᠴᠢᠮ ᠪᠤᠯᠤᠨ᠎ᠠ᠃ ᠡᠢᠨ ᠬᠦ᠌ ᠵᠠᠷᠴᠢᠮ ᠲᠤᠤᠷ᠎ᠠ ᠮᠠᠯ ᠤᠨᠤᠭ᠎ᠠ ᠪᠠᠨ ᠶᠠᠭᠠᠬᠢᠵᠤ ᠮᠠᠯᠵᠢᠨ᠂ ᠮᠠᠯᠵᠢᠬᠤ ᠦᠢᠯᠡᠳᠪᠤᠷᠢᠯᠡᠯ ᠤ᠋ᠨ ᠦᠷᠬᠦᠯᠵᠢᠯᠡᠬᠦ ᠬᠦᠭᠵᠢᠯᠳᠡ ᠵᠢ ᠬᠡᠷᠬᠢᠨ ᠪᠠᠳᠤᠯᠠᠵᠤ᠂ 《ᠮᠠᠯ》 ᠤ᠋ᠨ ᠠᠰᠠᠭᠤᠳᠠᠯ ᠢ᠋ ᠴᠤᠬᠤᠮ ᠬᠡᠷᠬᠢᠨ ᠰᠢᠢᠳᠪᠦᠷᠢᠯᠡᠬᠦ ᠪᠤᠢ? ᠡᠨᠡ ᠪᠤᠯ ᠤᠷᠤᠨ ᠨᠤᠳᠤᠭ ᠤ᠋ᠨ ᠬᠢᠨ ᠪᠤᠯᠤᠨ ᠮᠠᠯᠴᠢᠨ ᠲᠦᠮᠡᠨ ᠤ᠋ ᠤᠬᠠᠭᠠᠨ ᠲᠠᠮᠢᠷ ᠢ᠋ ᠰᠤᠷᠢᠬᠤ ᠬᠠᠳᠠᠭᠤ ᠰᠢᠯᠭᠠᠯᠳᠠ ᠶᠤᠮ᠃

11 ᠰᠠᠷ᠎ᠠ ᠵᠢᠨ ᠡᠬᠢ ᠪᠡᠷ ᠪᠢᠳᠡ ᠦᠪᠡᠷᠳᠡᠬᠡᠨ ᠵᠠᠰᠠᠬᠤ ᠤᠷᠤᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠤᠷᠠᠲᠠᠯ᠎ᠠ ᠪᠡᠯᠴᠢᠭᠡᠷᠯᠡᠭᠦᠯᠬᠦ ᠠᠰᠠᠭᠤᠳᠠᠯ ᠢ᠋ ᠱᠢᠶ᠋ᠳᠪᠦᠷᠢᠯᠡᠬᠦ᠌ ᠲᠤᠷᠱᠢᠯᠲᠠ ᠢ᠋ᠢᠨ ᠴᠡᠭ ᠤ᠋ᠨ ᠬᠤᠰᠢᠭᠤ ᠰᠢᠶᠠᠠ ᠪᠤᠯᠬᠤ ᠲᠦᠨᠭᠯᠢᠶᠤᠤ ᠬᠤᠳᠠ ᠵᠢᠨ ᠵᠠᠷᠤᠳ ᠬᠤᠰᠢᠭᠤ᠂ ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠡᠮᠦᠨᠠᠳᠤ ᠬᠤᠰᠢᠭᠤ᠂ ᠬᠦᠯᠦᠨ ᠪᠤᠢᠷ ᠬᠤᠳᠠ ᠵᠢᠨ ᠰᠢᠨ᠎ᠠ ᠪᠠᠷᠭᠤ ᠪᠠᠷᠠᠭᠤᠨ ᠬᠤᠰᠢᠭᠤ ᠪᠡᠷ ᠰᠤᠷᠪᠤᠯᠵᠢᠯᠠᠵᠤ ᠶᠠᠪᠤᠬᠤ ᠳ᠋ᠠᠭᠠᠨ᠂ ᠮᠠᠰᠢ ᠤᠯᠠᠨ ᠰᠤᠮᠤ ᠪᠠᠯᠭᠠᠰᠤ᠂ ᠭᠠᠴᠠᠭ᠎ᠠ ᠲᠤᠰᠬᠤᠨ᠂ ᠮᠠᠯᠵᠢᠬᠤ ᠡᠷᠦᠬᠡ᠂ ᠲᠤᠰᠬᠠᠢ ᠬᠤᠷᠰᠢᠶ᠎ᠠ ᠨᠢ 《ᠳᠠᠪᠠᠭᠤᠯᠢᠭ ᠵᠢᠡᠨ ᠠᠰᠢᠬᠯᠠᠨ ᠲᠤᠳᠠᠭᠤᠳᠠᠯ ᠵᠢᠡᠨ ᠨᠦᠬᠦᠪᠦᠷᠢᠯᠡᠵᠦ᠂ ᠲᠦᠪᠯᠡᠷᠡᠬᠦᠯᠦᠨ ᠲᠠᠵᠢᠬᠡᠬᠦ᠂ ᠡᠷᠴᠢᠮᠵᠢᠬᠦᠯᠦᠨ ᠮᠠᠯᠵᠢᠬᠤ᠂ ᠬᠡᠪᠴᠢᠶᠡᠵᠢᠬᠦᠯᠦᠨ ᠡᠵᠡᠩᠨᠡᠬᠦ》 ᠰᠡᠳᠬᠢᠴᠡ ᠪᠡᠷ ᠡᠨᠡ ᠬᠦ᠌ ᠬᠠᠳᠠᠭᠤ ᠰᠢᠯᠭᠠᠯᠳᠠ ᠵᠢ ᠬᠠᠷᠢᠭᠤᠯᠵᠤ ᠪᠠᠢᠬᠤ ᠵᠢ ᠬᠠᠷᠠᠯ᠎ᠠ᠃


QQ截图20250224163936.png


ᠵᠠᠩᠬᠢᠯᠠᠭ᠎ᠠ ᠵᠢᠨ ᠦᠬᠡ᠄ ᠲᠦᠪᠯᠡᠷᠡᠬᠦᠯᠦᠨ ᠲᠠᠵᠢᠬᠡᠬᠦ

ᠪᠠᠢᠭᠠᠯᠢ ᠵᠢᠨ ᠵᠢᠮ᠎ᠠ ᠵᠢ ᠮᠦᠷᠳᠡᠨ ᠠᠭᠤᠷ ᠠᠮᠢᠰᠬᠤᠯ ᠳ᠋ᠠᠭᠠᠨ ᠵᠤᠬᠢᠴᠠᠭᠤᠯᠵᠦ᠂ ᠮᠠᠯ ᠰᠦᠷᠦᠭ ᠵᠢᠡᠨ ᠦᠩ ᠲᠠᠢ ᠤᠨᠳᠤᠷᠤᠭᠤᠯᠵᠦ ᠴᠢᠳᠠᠳᠠᠭ ᠨᠢ ᠮᠠᠯᠴᠢᠨ ᠬᠦᠮᠦᠨ ᠤ᠋ ᠬᠡᠬᠡᠨ ᠤᠬᠠᠭᠠᠨ ᠶᠤᠮ᠃ ᠵᠠᠷᠤᠳ ᠬᠤᠰᠢᠭᠤᠨ ᠤ᠋ ᠵᠢᠷᠦᠬᠡ ᠪᠠᠯᠭᠠᠰᠤ ᠵᠢᠨ ᠵᠢᠷᠦᠬᠡ ᠲᠤᠰᠬᠤᠨ ᠳ᠋ᠤ ᠪᠠᠢᠷᠢᠯᠠᠭ᠎ᠠ ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠳ᠋ᠤ ᠬᠦᠷᠬᠦ ᠳ᠋ᠤ᠂ ᠳᠡᠳᠡ ᠶᠠᠭ ᠲᠤᠮᠤ ᠵᠤᠤᠬᠠᠨ ᠳ᠋ᠠᠭᠠᠨ ᠬᠦᠷᠵᠡᠩ ᠲᠦᠯᠡᠵᠦ᠂ ᠦᠬᠡᠷ ᠵᠢᠡᠨ ᠪᠦᠯᠢᠶᠡᠨ ᠤᠰᠤ ᠪᠡᠷ ᠤᠰᠤᠯᠠᠵᠦ ᠪᠠᠢᠯ᠎ᠠ᠃

ᠵᠠᠷᠤᠳ ᠬᠣᠱᠢᠭᠤ 《ᠲᠠᠷᠢᠵᠤ ᠲᠡᠵᠢᠭᠡᠬᠦ᠌ ᠵᠢ ᠤᠶᠠᠯᠳᠤᠭᠤᠯᠬᠤ + ᠬᠠᠱᠢᠶᠠᠯᠠᠨ ᠲᠡᠵᠢᠭᠡᠵᠦ᠍ ᠨᠠᠷᠢᠯᠢᠭ ᠪᠤᠷᠳᠤᠬᠤ》 ᠵᠠᠭ᠍ᠪᠤᠷ ᠵᠢᠡᠷ ᠮᠠᠯᠴᠢᠨ ᠲᠠᠷᠢᠶᠠᠴᠢᠨ ᠤ᠋ ᠲᠤᠰᠬᠠᠢ ᠬᠤᠷᠱᠢᠶ᠎ᠠ᠂ ᠠᠵᠤ ᠠᠬᠤᠢᠯᠠᠯ᠂ ᠮᠠᠯᠵᠢᠬᠤ ᠡᠷᠦᠬᠡ ᠵᠢ ᠳᠡᠮᠵᠢᠨ ᠵᠤᠷᠢᠭᠵᠢᠭᠤᠯᠵᠦ᠂ ᠪᠠᠢᠭᠠᠯᠢ ᠵᠢᠨ ᠪᠡᠯᠴᠢᠭᠡᠷ ᠢ᠋ ᠰᠠᠢᠵᠢᠷᠠᠭᠤᠯᠬᠤ᠂ ᠡᠪᠡᠰᠦ ᠲᠠᠷᠢᠬᠤ᠂ ᠬᠦᠬᠡ ᠳᠠᠷᠤᠰᠢ ᠳᠠᠷᠤᠱᠢᠭᠤᠯᠬᠤ ᠪᠠ 《ᠦᠷᠡᠵᠢᠭᠦᠯᠦᠨ ᠪᠣᠢᠵᠢᠭᠤᠯᠵᠤ ᠪᠣᠷᠳᠣᠨ ᠲᠠᠷᠭᠤᠯᠠᠭᠤᠯᠬᠤ》 ᠠᠷᠭ᠎ᠠ ᠪᠡᠷ ᠲᠠᠷᠢᠵᠤ ᠲᠡᠵᠢᠭᠡᠬᠦ ᠦᠢᠯᠡᠰ ᠢ᠋ ᠪᠠᠷᠢᠮᠵᠢᠶᠡᠵᠢᠭᠤᠯᠤᠨ ᠬᠦᠭᠵᠢᠬᠦᠯᠵᠤ ᠪᠠᠢᠨ᠎ᠠ᠃

2013 ᠤᠨ ᠳ᠋ᠤ ᠪᠠᠢᠭᠤᠯᠤᠭᠳᠠᠭᠰᠠᠨ ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠤᠳᠤ 15 ᠦᠬᠡᠷ ᠤ᠋ᠨ ᠫᠧᠩ᠂ 2 ᠪᠣᠷᠳᠣᠭᠠᠨ ᠬᠥᠮᠥᠷᠭᠡ ᠪᠤᠯᠤᠨ 3 ᠬᠦᠬᠡ ᠳᠠᠷᠤᠰᠢ ᠵᠢᠨ ᠵᠣᠭᠣᠷᠢ ᠲᠠᠢ ᠪᠠᠢᠵᠤ᠂ 1260 ᠦᠬᠡᠷ ᠢ᠋ ᠲᠦᠪᠯᠡᠷᠡᠬᠦᠯᠦᠨ ᠲᠠᠵᠢᠬᠡᠵᠤ ᠪᠠᠢᠨ᠎ᠠ᠃ ᠲᠤᠰ ᠬᠤᠷᠰᠢᠶ᠎ᠠ ᠠᠷᠠᠴᠢᠯᠠᠵᠤ ᠪᠤᠢᠵᠢᠭᠤᠯᠬᠤ᠂ ᠪᠤᠷᠳᠤᠨ ᠳᠠᠷᠭᠤᠯᠠᠭᠤᠯᠬᠤ ᠪᠦᠬᠦ ᠶᠠᠪᠤᠴᠠ ᠵᠢ ᠴᠦᠮ ᠪᠤᠬᠢᠷᠳᠤᠯ ᠦᠬᠡᠢ ᠦᠬᠡᠷ ᠤ᠋ᠨ ᠮᠢᠬᠠᠨ ᠤ᠋ ᠪᠦᠳᠦᠭᠡᠭᠳᠡᠬᠦᠨ ᠤ᠋ ᠦᠢᠯᠡᠳᠪᠤᠷᠢᠯᠡᠯ ᠤ᠋ᠨ ᠪᠠᠷᠢᠮᠵᠢᠶ᠎ᠠ ᠶᠤᠰᠤᠭᠠᠷ ᠪᠡᠶᠡᠯᠡᠬᠦᠯᠵᠤ᠂ ᠤᠯᠤᠰ ᠤ᠋ᠨ ᠬᠦᠳᠡᠭᠡ ᠠᠵᠤ ᠠᠬᠤᠢ ᠬᠦᠳᠡᠭᠡ ᠲᠤᠰᠬᠤᠨ ᠤ᠋ ᠶᠠᠮᠤᠨ ᠤ᠋ 《ᠬᠦᠳᠡᠭᠡ ᠠᠵᠤ ᠠᠬᠤᠢ ᠵᠢᠨ ᠰᠢᠯᠢᠳᠡᠭ ᠠᠵᠤ ᠠᠬᠤᠢᠯᠠᠯ》 ᠤ᠋ᠨ ᠦᠨᠡᠯᠡᠯᠳᠡ ᠵᠢ ᠤᠯᠵᠠᠢ᠃

ᠮᠠᠯᠵᠢᠯ ᠤ᠋ᠨ ᠤᠬᠠᠭᠠᠨ ᠭᠡᠵᠦ ᠴᠠᠭ ᠤ᠋ᠨ ᠪᠠᠢᠳᠠᠯ ᠢ᠋ ᠠᠵᠢᠨ᠂ ᠦᠪᠡᠷ ᠤ᠋ᠨ ᠳᠠᠪᠠᠭᠤᠯᠢᠭ ᠲᠤᠳᠠᠭᠤᠳᠠᠯ ᠵᠢᠡᠨ ᠬᠦᠢᠴᠡᠳ ᠤᠢᠯᠠᠭᠠᠭᠰᠠᠨ ᠎ᠤ ᠰᠠᠭᠤᠷᠢᠨ ᠲᠠᠬᠡᠷ᠎ᠠ ᠤᠷᠤᠯᠭ᠎ᠠ ᠵᠠᠷᠤᠯᠭ᠎ᠠ ᠪᠠᠨ ᠨᠡᠩ ᠰᠠᠢᠬᠠᠨ ᠲᠡᠩᠴᠡᠬᠦᠯᠵᠦ᠂ ᠨᠡᠩ ᠰᠠᠢᠨ ᠦᠷ᠎ᠠ ᠠᠰᠢᠭ ᠤᠯᠵᠦ ᠴᠢᠳᠠᠬᠤ ᠳ᠋ᠤ ᠪᠠᠢᠭ᠎ᠠ ᠵᠢ ᠲᠤᠯᠤᠭᠠᠨ ᠲᠣᠰᠭᠣᠨ ᠤ᠋ ᠬᠣᠯᠪᠣᠭᠠᠲᠤ ᠬᠤᠷᠱᠢᠶ᠎ᠠ ᠬᠡᠷᠡᠴᠢᠯᠡᠨ᠎ᠠ᠃ ᠬᠥᠮᠦᠨ ᠠᠮᠠ ᠤᠯᠠᠨᠳᠠᠢ ᠭᠠᠵᠠᠷ ᠨᠤᠳᠤᠭ ᠪᠠᠭᠠᠳᠠᠢ᠂ ᠮᠠᠯ ᠤᠨᠤᠭ᠎ᠠ ᠲᠥᠪᠯᠡᠷᠡᠭ᠌ᠰᠡᠨ ᠲᠤᠬᠠᠢ ᠵᠢᠨ ᠭᠠᠵᠠᠷ ᠤ᠋ᠨ ᠪᠤᠳᠠᠳᠤ ᠪᠠᠢᠳᠠᠯ ᠳᠣᠣᠷ᠎ᠠ᠂ ᠰᠢᠨ᠎ᠠ ᠪᠠᠷᠭᠤ ᠪᠠᠷᠠᠭᠤᠨ ᠬᠤᠰᠢᠭᠤᠨ ᠤ᠋ ᠠᠯᠳᠠᠠᠠᠮᠡᠭᠡᠯ ᠪᠠᠯᠭᠠᠰᠤ ᠨᠢ ᠰᠠᠢᠬᠠᠨ ᠬᠦᠷᠢᠶ᠎ᠡ ᠭᠠᠴᠠᠭ᠎ᠠ᠂ ᠪᠠᠷᠠᠭᠤᠨ ᠰᠦᠮ᠎ᠡ ᠭᠠᠴᠠᠭ᠎ᠠ᠂ ᠱᠢᠷᠠᠳᠠᠯ᠎ᠠ ᠭᠠᠴᠠᠭ᠎ᠠ᠂ ᠵᠡᠭᠦᠨ ᠰᠦᠮ᠎ᠡ ᠭᠠᠴᠠᠭ᠎ᠠ᠂ ᠱᠠᠩᠳᠠ ᠭᠠᠴᠠᠭ᠎ᠠ᠂ ᠬᠠᠢᠯᠠᠰᠤ ᠭᠠᠴᠠᠭ᠎ᠠ ᠪᠣᠯᠤᠨ ᠪᠠᠶᠠᠨ ᠳᠡᠷᠡᠰᠦ ᠭᠠᠴᠠᠭᠠᠨ ᠤ᠋ 7 ᠬᠤᠷᠱᠢᠶ᠎ᠠ ᠵᠢ ᠨᠡᠢᠯᠡᠭᠦᠯᠦᠭᠡᠳ ᠬᠤᠯᠠ ᠤᠢᠷ᠎ᠠ ᠳ᠋ᠤ ᠮᠡᠳᠡᠷᠡᠭᠳᠡᠭᠰᠡᠨ ᠲᠤᠯᠤᠭᠠᠨ ᠲᠣᠰᠭᠣᠨ ᠤ᠋ ᠬᠣᠯᠪᠣᠭᠠᠲᠤ ᠬᠤᠷᠱᠢᠶ᠎ᠠ ᠵᠢ ᠪᠠᠢᠭᠤᠯᠵᠦ᠂ ᠮᠠᠯᠴᠢᠳ ᠤ᠋ᠨ ᠬᠡᠷ ᠪᠦᠯᠢ ᠵᠢᠨ ᠲᠠᠷᠠᠬᠠᠢ ᠪᠤᠲᠠᠷᠬᠠᠢ ᠮᠠᠯᠵᠢᠯ ᠢ᠋ ᠲᠤᠰᠭᠠᠢᠵᠢᠭᠰᠠᠨ ᠨᠠᠷᠢᠯᠢᠭᠵᠢᠭᠰᠠᠨ ᠬᠡᠪᠴᠢᠶᠡᠵᠢᠭᠰᠡᠨ ᠮᠠᠯᠵᠢᠯ ᠪᠣᠯᠭᠠᠨ ᠬᠤᠪᠢᠷᠠᠭᠤᠯᠵᠤ᠂ ᠮᠠᠯᠵᠢᠬᠤ ᠣᠷᠣᠨ ᠤ᠋ ᠠᠵᠤ ᠠᠬᠤᠢ ᠵᠢᠨ ᠰᠤᠩᠭᠤᠳᠠᠭ ᠵᠠᠭᠪᠤᠷ ᠢ᠋ ᠪᠦᠷᠢᠯᠳᠦᠬᠦᠯᠪᠠ᠃

ᠦᠢᠯᠡᠳᠪᠦᠷᠢᠯᠡᠯ ᠤ᠋ᠨ ᠠᠷᠭ᠎ᠠ ᠬᠡᠯᠪᠡᠷᠢ ᠪᠠᠨ ᠠᠮᠢᠳᠤᠯᠢᠭ ᠲᠤᠬᠢᠷᠠᠭᠤᠯᠵᠦ᠂ ᠨᠡᠢᠳᠡ ᠤᠯᠠᠨ ᠵᠢᠡᠷ ᠵᠢᠡᠨ ᠠᠰᠢᠬ ᠬᠦᠷᠳᠡᠬᠦ ᠨᠢ ᠮᠠᠯᠵᠢᠬᠤ ᠤᠷᠤᠨ ᠤ᠋ ᠴᠢᠨᠠᠷ ᠰᠠᠢᠳᠠᠢ ᠬᠦᠭᠵᠢᠯᠳᠡ ᠳ᠋ᠤ ᠵᠢᠬᠦᠷ ᠤᠷᠭᠤᠭᠤᠯᠵᠦ᠂ ᠮᠠᠯ ᠠᠵᠤ ᠠᠬᠤᠢ ᠵᠢᠨ ᠦᠷᠬᠦᠯᠵᠢᠯᠡᠬᠦ ᠬᠦᠭᠵᠢᠯᠳᠡ ᠳ᠋ᠤ ᠰᠠᠭᠤᠷᠢ ᠳᠠᠯᠪᠢᠵᠦ ᠪᠠᠢᠭ᠎ᠠ ᠶᠠᠪᠤᠳᠠᠯ ᠮᠦᠨ᠃

ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ 《ᠦᠨᠢᠶ᠎ᠠ ᠪᠠᠨ ᠰᠦᠷᠦᠭ ᠲᠦ᠍ᠨᠢ ᠳᠠᠯᠪᠢᠵᠦ ᠲᠤᠭᠤᠯ ᠠᠪᠬᠤ》 ᠬᠡᠯᠪᠡᠷᠢ ᠪᠡᠷ 31 ᠮᠠᠯᠵᠢᠬᠤ ᠡᠷᠦᠬᠡ ᠲᠡᠶ ᠬᠡᠯᠡᠯᠴᠡᠭᠡᠷ ᠲᠣᠭ᠍ᠲᠠᠨ ᠬᠠᠮᠳᠤᠷᠠᠯᠴᠠᠵᠦ᠂ ᠡᠷᠦᠬᠡ ᠪᠤᠯᠭᠠᠨ ᠤ᠋ ᠵᠢᠯ ᠤ᠋ᠨ ᠤᠷᠤᠯᠭ᠎ᠠ ᠵᠢ 4 ᠲᠦᠮᠡᠨ ᠲᠥᠭᠥᠷᠢᠭ ᠨᠡᠮᠡᠭ᠌ᠳᠡᠬᠦᠯᠪᠠ᠃ ᠲᠡᠳᠡ 3 ᠵᠢᠯ ᠤ᠋ᠨ ᠬᠡᠯᠡᠯᠴᠡᠬᠡᠷ ᠲᠤᠭᠳᠠᠨ ᠦᠨᠢᠶ᠎ᠠ ᠪᠠᠨ ᠮᠠᠯᠵᠢᠬᠤ ᠡᠷᠦᠬᠡ ᠳ᠋ᠤ ᠦᠭᠴᠦ ᠤᠷᠤᠯᠠᠨ ᠲᠠᠵᠢᠬᠡᠯᠬᠡᠵᠤ᠂ 10 ᠦᠨᠢᠶ᠎ᠡ ᠪᠡᠷ ᠨᠢᠭᠡᠴᠢᠯᠡᠨ ᠮᠠᠯᠵᠢᠬᠤ ᠡᠷᠦᠬᠡ ᠡᠴᠡ ᠵᠢᠯ ᠪᠦᠷᠢ 500 ᠵᠢᠩ ᠡᠴᠡ ᠳᠡᠭᠡᠭ᠌ᠰᠢᠬᠢ 2 ᠲᠤᠭᠤᠯ ᠠᠪᠴᠦ᠂ ᠬᠡᠯᠡᠯᠴᠡᠭᠡᠷ ᠤ᠋ᠨ ᠬᠤᠭᠤᠴᠠᠭ᠎ᠠ ᠲᠤᠯᠤᠭᠰᠠᠨ ᠤ᠋ ᠳᠠᠷᠠᠭ᠎ᠠ ᠦᠨᠢᠶ᠎ᠡ ᠪᠠᠨ ᠲᠤᠭ᠎ᠠ ᠶᠤᠰᠤᠭᠠᠷ ᠪᠤᠴᠠᠭᠠᠨ ᠠᠪᠴᠦ᠂ ᠪᠤᠰᠤᠳ ᠠᠱᠢᠭ ᠣᠷᠣᠯᠭ᠎ᠠ ᠵᠢ ᠪᠦᠬᠦᠨ ᠢ᠋ ᠮᠠᠯᠵᠢᠬᠤ ᠡᠷᠦᠬᠡ ᠳ᠋ᠤ ᠤᠯᠭᠤᠵᠤ ᠪᠠᠢᠨ᠎ᠠ᠃

ᠲᠤᠯᠤᠭᠠᠨ ᠲᠣᠰᠭᠣᠨ ᠤ᠋ ᠬᠣᠯᠪᠣᠭᠠᠲᠤ ᠬᠤᠷᠱᠢᠶ᠎ᠠ ᠬᠠᠱᠢᠶᠠᠯᠠᠨ ᠲᠡᠵᠢᠭᠡᠬᠦ ᠪᠡᠷ ᠭᠣᠣᠯᠳᠠᠭᠤᠯᠤᠨ ᠱᠢᠷᠠᠳᠠᠯ᠎ᠠ ᠬᠡᠪᠴᠢᠶᠡᠵᠢᠭᠦᠯᠦᠨ ᠲᠡᠵᠢᠭᠡᠬᠦ᠌ ᠰᠠᠭᠤᠷᠢᠨ ᠵᠢᠡᠷ ᠭᠤᠤᠯ ᠪᠤᠯᠭᠠᠵᠤ᠂ ᠪᠠᠷᠢᠮᠵᠢᠶᠠᠵᠢᠭ᠍ᠰᠠᠨ ᠮᠠᠯ ᠤ᠋ᠨ ᠬᠠᠱᠢᠶ᠎ᠠ ᠰᠠᠷᠠᠪᠴᠢ᠂ ᠬᠥᠬᠡ ᠳᠠᠷᠤᠰᠢ ᠵᠢᠨ ᠵᠣᠭᠣᠷᠢ᠂ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠲᠠᠰᠤᠭ ᠵᠡᠷᠭᠡ ᠵᠢ ᠢᠵᠢ ᠪᠦᠷᠢᠳᠦᠭᠦᠯᠦᠨ ᠪᠦᠲᠦᠭᠡᠨ ᠪᠠᠢᠭᠤᠯᠵᠤ᠂ 《ᠵᠠᠰᠠᠭ ᠤ᠋ᠨ ᠣᠷᠳᠣᠨ ᠡᠴᠡ ᠬᠥᠲᠥᠯᠥᠨ ᠵᠢᠯᠣᠭᠣᠳᠭᠤ᠂ ᠲᠤᠰᠬᠠᠢ ᠬᠣᠷᠱᠢᠶ᠎ᠠ ᠡᠴᠡ ᠡᠵᠡᠩᠨᠡᠬᠦ᠌᠂ ᠮᠠᠯᠴᠢᠳ ᠣᠷᠣᠯᠴᠠᠬᠤ》 ᠵᠠᠭ᠍ᠪᠤᠷ ᠵᠢᠡᠷ ᠲᠡᠵᠢᠭᠡᠨ ᠦᠷᠡᠵᠢᠭᠦᠯᠬᠦ᠌ ᠰᠠᠭᠤᠷᠢᠨ ᠢ᠋ ᠦᠷᠭᠡᠳᠭᠡᠬᠦ᠂ ᠲᠡᠵᠢᠭᠡᠯ ᠪᠣᠷᠳᠣᠭ᠎ᠠ ᠨᠥᠭᠡᠴᠡᠯᠡᠬᠦ᠌᠂ ᠦᠷ᠎ᠡ ᠵᠢᠨ ᠮᠠᠯ ᠤ᠋ᠨ ᠰᠦᠷᠦᠭ ᠭᠠᠷᠭᠠᠬᠤ᠂ ᠮᠠᠯ ᠰᠦᠷᠦᠭ ᠢ᠋ ᠥᠷᠭᠡᠳᠭᠡᠬᠦ᠂ ᠬᠡᠮ ᠬᠢᠵᠢᠭ ᠢ᠋ ᠰᠡᠷᠭᠡᠢᠯᠡᠨ ᠵᠠᠰᠠᠬᠤ᠂ ᠲᠦᠪᠯᠡᠷᠡᠬᠦᠯᠦᠨ ᠲᠠᠵᠢᠬᠡᠬᠦ ᠵᠢ ᠪᠡᠶᠡᠯᠡᠭᠦᠯᠵᠠᠢ᠃ ᠤᠳᠤ 7 ᠭᠠᠴᠠᠭ᠎ᠠ ᠳ᠋ᠤ 3 ᠲᠡᠵᠢᠭᠡᠨ ᠦᠷᠡᠵᠢᠭᠦᠯᠬᠦ᠌ ᠰᠠᠭᠤᠷᠢᠨ ᠪᠠᠢᠭᠤᠯᠵᠤ᠂ 3600 ᠬᠣᠨᠢ ᠵᠢ ᠲᠥᠪᠯᠡᠷᠡᠭᠦᠯᠦᠨ ᠬᠠᠱᠢᠶᠠᠯᠠᠨ ᠲᠡᠵᠢᠭᠡᠵᠦ᠍ ᠪᠠᠢᠨ᠎ᠠ᠃ ᠡᠭᠦᠨ ᠳ᠋ᠤ 7 ᠭᠠᠴᠠᠭᠠᠨ ᠤ᠋ ᠮᠠᠯᠴᠢᠳ ᠤ᠋ᠨ 1000 ᠭᠠᠷᠤᠢ ᠬᠣᠨᠢ ᠶ᠋ᠢ ᠨᠠᠢᠳᠠᠨ ᠬᠠᠮᠢᠶᠠᠷᠴᠤ ᠣᠷᠣᠯᠠᠨ ᠲᠡᠵᠢᠭᠡᠵᠦ᠍᠂ 14 ᠬᠥᠮᠦᠨ ᠳ᠋ᠤ ᠠᠵᠢᠯ ᠣᠯᠭᠣᠨ᠂ ᠨᠠᠢᠳᠠᠨ ᠬᠠᠮᠢᠶᠠᠷᠤᠭᠤᠯᠬᠤ ᠳ᠋ᠤ ᠣᠷᠣᠯᠴᠠᠭ᠍ᠰᠠᠨ ᠮᠠᠯᠴᠢᠳ ᠤ᠋ᠨ ᠵᠢᠯ ᠤ᠋ᠨ ᠣᠷᠣᠯᠭ᠎ᠠ ᠵᠢ ᠤᠤᠯ ᠤ᠋ᠨ ᠬᠢ ᠡᠴᠡ ᠪᠠᠨ 1500 ᠲᠥᠭᠥᠷᠢᠭ ᠨᠡᠮᠡᠭ᠌ᠳᠡᠬᠦᠯᠪᠠ᠃

《ᠪᠢᠳᠡ ᠰᠢ ᠷᠦ ᠮᠠᠯ ᠠᠵᠤ ᠠᠬᠤᠶ ᠵᠢᠨ ᠬᠢᠵᠠᠭᠠᠷᠲᠤ ᠺᠣᠮᠫᠠᠨᠢ ᠵᠢ ᠣᠷᠣᠭᠤᠯᠤᠨ ᠠᠪᠴᠢᠷᠠᠵᠤ᠂ ᠰᠠᠢᠨ ᠡᠭᠦᠯᠳᠡᠷ ᠤ᠋ᠨ 200 ᠭᠠᠷᠤᠢ ᠰᠠᠭᠠᠯᠢ ᠵᠢᠨ ᠦᠨᠢᠶ᠎ᠡ ᠲᠠᠵᠢᠬᠡᠨ᠂ ᠡᠳᠦᠷ ᠲᠦ᠍ 1 ᠲᠣᠨ ᠰᠦ ᠰᠠᠭᠠᠵᠦ᠂ ᠨᠢᠬᠡᠨᠳᠡ 〈ᠰᠠᠭᠠᠯᠢ ᠵᠢᠨ ᠦᠨᠢᠶ᠎ᠠ ᠳᠡᠵᠢᠬᠡᠬᠦ — ᠰᠠᠭᠠᠯᠢ ᠠᠪᠬᠤ — ᠴᠠᠭᠠᠨ ᠢᠳᠡᠬᠡᠨ ᠪᠤᠯᠪᠠᠰᠤᠷᠠᠭᠤᠯᠬᠤ — ᠵᠠᠬ᠎ᠠ ᠳᠡᠯᠭᠡᠭᠦᠷ ᠲᠦ᠍ ᠪᠤᠷᠤᠯᠠᠭᠤᠯᠬᠤ〉 ᠪᠦᠷᠢᠨ ᠪᠦᠳᠦᠨ ᠬᠡᠯᠬᠢᠶ᠎ᠠ ᠵᠢ ᠪᠦᠷᠢᠯᠳᠦᠬᠦᠯᠪᠠ᠃ ᠤᠳᠤ ᠪᠠᠰᠠ ᠵᠢᠯ ᠳ᠋ᠤ 10 ᠲᠦᠮᠡᠨ ᠦᠬᠡᠷ ᠪᠣᠷᠣᠯᠠᠭᠤᠯᠬᠤ ᠸᠧ ᠵᠢᠨ ᠮᠠᠯ ᠠᠵᠤ ᠠᠬᠤᠶ ᠵᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠥᠷᠥᠯ ᠵᠦᠶ᠋ᠯ ᠢ᠋ ᠪᠠᠢᠭᠤᠯᠵᠦ ᠪᠠᠢᠨ᠎ᠠ》 ᠭᠡᠵᠦ ᠲᠤᠯᠤᠭᠠᠨ ᠲᠣᠰᠭᠣᠨ ᠤ᠋ ᠬᠣᠯᠪᠣᠭᠠᠲᠤ ᠬᠣᠷᠱᠢᠶ᠎ᠠ ᠵᠢᠨ ᠬᠠᠷᠢᠭᠤᠴᠠᠯᠭᠠᠳᠠᠨ ᠲᠢᠶᠠᠨ ᠵᠠᠨ ᠺᠦᠨ ᠬᠡᠯᠡᠵᠤ ᠪᠠᠢᠯ᠎ᠠ᠃

《ᠮᠢᠬᠠᠨ ᠤ᠋ ᠴᠢᠨᠠᠷ ᠢ᠋ ᠪᠤᠳᠤᠪᠠᠯ ᠠᠩᠭᠢᠰ ᠦᠬᠡᠷ ᠪᠤᠯᠤᠨ ᠶᠠᠮᠠᠲ᠋ᠤ᠋ ᠦᠬᠡᠷ ᠤ᠋ᠨ ᠮᠢᠬ᠎ᠠ ᠰᠠᠢᠨ᠂ ᠭᠡᠪᠡᠴᠦ ᠮᠢᠬᠠᠨ ᠤ᠋ ᠭᠠᠷᠤᠯᠳᠠ ᠵᠢ ᠪᠤᠳᠤᠪᠠᠯ ᠰᠢᠮᠧᠨ᠋ᠳᠠᠷ ᠦᠬᠡᠷ ᠤ᠋ᠨ ᠮᠢᠬᠠᠨ ᠤ᠋ ᠭᠠᠷᠤᠯᠳᠠ ᠶᠡᠬᠡ ᠶᠤᠮ》 ᠭᠡᠵᠦ ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠵᠢᠨ ᠬᠡᠷᠡᠭ ᠡᠷᠬᠢᠯᠡᠭᠴᠢ ᠶᠠᠩ ᠱᠤᠤ ᠡᠦ ᠲᠤᠷᠰᠢᠯᠭ᠎ᠠ ᠪᠠᠨ ᠲᠠᠨᠢᠯᠴᠠᠭᠤᠯᠤᠨ᠎ᠠ᠃ ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠮᠠᠯᠵᠢᠬᠤ ᠲᠠᠷᠢᠶᠠᠯᠠᠬᠤ ᠰᠤᠯᠪᠢᠴᠠᠭᠰᠠᠨ ᠤᠷᠤᠨ ᠳ᠋ᠤ ᠪᠠᠢᠷᠢᠯᠠᠭ᠎ᠠ ᠳᠠᠪᠠᠭᠤᠯᠢᠬ ᠵᠢᠡᠨ ᠠᠰᠢᠭᠯᠠᠨ᠂ ᠰᠦᠯ ᠰᠠᠢᠲᠠᠶ ᠡᠪᠡᠰᠦ ᠪᠠ ᠨᠠᠷᠢᠯᠢᠭ ᠪᠣᠷᠳᠣᠭ᠎ᠠ ᠪᠠᠷ ᠲᠤᠭᠤᠯ ᠵᠢᠡᠨ ᠪᠤᠷᠳᠤᠵᠦ᠂ ᠰᠠᠢᠨ ᠡᠬᠦᠯᠳᠡᠷ ᠤ᠋ᠨ ᠰᠢᠮᠧᠨ᠋ᠳᠠᠷ ᠦᠬᠡᠷ ᠢ᠋ ᠦᠷᠬᠡᠳᠬᠡᠨ᠂ ᠵᠠᠬ᠎ᠠ ᠳᠡᠯᠬᠡᠬᠦᠷ ᠤ᠋ᠨ ᠦᠨ᠎ᠠ ᠬᠠᠩᠰᠢ ᠵᠢᠨ ᠵᠦᠷᠢᠶ᠎ᠠ ᠵᠢ ᠠᠰᠢᠭ ᠰᠢᠮ᠎ᠠ ᠵᠢᠨ ᠭᠠᠷᠤᠯᠳᠠ ᠵᠢᠨ ᠬᠡᠮᠵᠢᠶ᠎ᠠ ᠪᠡᠷ ᠵᠢᠡᠨ ᠨᠦᠬᠦᠵᠤ ᠶᠠᠪᠤᠨ᠎ᠠ᠃ ᠵᠠᠷᠤᠳ ᠬᠤᠰᠢᠭᠤ ᠮᠠᠯᠵᠢᠬᠤ ᠲᠠᠷᠢᠶᠠᠯᠠᠬᠤ ᠰᠣᠯᠪᠢᠴᠠᠭ᠍ᠰᠠᠨ ᠣᠷᠣᠨ ᠤ᠋ 2.8 ᠲᠦᠮᠡᠨ ᠡᠷᠦᠬᠡ ᠳ᠋ᠤ ᠵᠢᠯ ᠲᠤᠵᠢ ᠪᠡᠷ ᠬᠠᠱᠢᠶᠠᠯᠠᠨ ᠲᠡᠵᠢᠭᠡᠬᠦ᠌ ᠠᠷᠭ᠎ᠠ ᠵᠢ ᠠᠪᠴᠦ᠂ ᠬᠠᠰᠢᠶᠠᠯᠠᠨ ᠲᠠᠵᠢᠬᠡᠵᠤ ᠪᠠᠢᠭ᠎ᠠ ᠮᠠᠯ ᠨᠢ 175 ᠲᠦᠮᠡᠨ ᠬᠣᠨᠢ ᠨᠢᠭᠡᠴᠢ ᠳ᠋ᠤ ᠬᠦᠷᠴᠠᠢ᠃

ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠭ᠌ᠰᠡᠨ ᠪᠤᠯ ᠬᠡᠳᠦᠷᠡᠭᠰᠡᠨ ᠲᠤᠭ᠎ᠠ ᠬᠡᠮᠵᠢᠶᠡᠨ ᠤ᠋ ᠮᠠᠯ ᠢ᠋ ᠬᠠᠱᠢᠶᠠᠯᠠᠨ ᠲᠡᠵᠢᠭᠡᠬᠦ᠂ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠭ᠌ᠰᠡᠨ ᠦᠬᠡᠢ ᠪᠤᠯᠪᠠᠴᠦ ᠬᠥᠮᠦᠨ ᠳᠤᠮᠳᠠᠴᠢ ᠳ᠋ᠤ ᠨᠤᠭᠳᠠᠬᠤ ᠪᠡᠯᠴᠢᠭᠡᠷ ᠤ᠋ᠨ ᠲᠠᠯᠠᠪᠠᠢ ᠨᠢ 1000 ᠮᠦ᠍ ᠳ᠋ᠤ ᠬᠦᠷᠬᠦ᠌ ᠦᠬᠡᠢ ᠪᠤᠯ ᠮᠠᠯᠵᠢᠬᠤ ᠡᠷᠦᠬᠡ ᠵᠢ ᠬᠥᠲᠥᠯᠥᠨ ᠵᠢᠯᠣᠭᠣᠳᠴᠤ᠌ ᠰᠠᠢᠨ ᠳᠤᠷ᠎ᠠ ᠵᠢᠨ ᠵᠠᠷᠴᠢᠮ ᠶᠣᠰᠣᠭᠠᠷ ᠨᠤᠳᠤᠭ ᠪᠡᠯᠴᠢᠭᠡᠷ᠂ ᠮᠠᠯ ᠤᠨᠤᠭ᠎ᠠ᠂ ᠪᠡᠯᠡ ᠮᠥᠩᠭᠥ᠌ ᠵᠡᠷᠭᠡ ᠦᠢᠯᠡᠳᠪᠦᠷᠢᠯᠡᠯ ᠤ᠋ᠨ ᠬᠦᠴᠦᠨ ᠵᠦᠢᠯ ᠵᠢᠡᠷ ᠬᠤᠪᠢ ᠣᠷᠣᠭᠤᠯᠵᠤ᠂ ᠬᠤᠪᠢ ᠤᠷᠤᠭᠤᠯᠵᠤ ᠬᠤᠷᠰᠢᠭᠰᠠᠨ ᠮᠠᠯᠵᠢᠯ ᠤ᠋ᠨ ᠬᠣᠷᠱᠢᠶ᠎ᠠ ᠪᠡᠷ ᠲᠠᠮᠵᠢᠨ ᠮᠠᠯ ᠤᠨᠤᠭ᠎ᠠ ᠵᠢ ᠲᠦᠪᠯᠡᠷᠡᠬᠦᠯᠦᠨ ᠲᠠᠵᠢᠬᠡᠬᠦ ᠪᠡᠯᠴᠢᠭᠡᠷ ᠤ᠋ᠨ ᠳᠠᠭᠠᠭᠠᠴᠠ ᠡᠴᠡ ᠬᠡᠲᠤᠷᠠᠲᠠᠯ᠎ᠠ ᠪᠡᠯᠴᠢᠭᠡᠷᠯᠡᠭᠦᠯᠬᠦ ᠠᠰᠠᠭᠤᠳᠠᠯ ᠢ᠋ ᠱᠢᠶ᠋ᠳᠪᠦᠷᠢᠯᠡᠬᠦ᠌ ᠪᠠ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠮᠠᠯᠵᠢᠯ ᠤ᠋ᠨ ᠠᠷᠭ᠎ᠠ ᠶᠠᠭ ᠪᠠᠶᠠᠯᠡᠯ ᠵᠢᠡᠨ ᠤᠯᠵᠤ ᠪᠠᠢᠨ᠎ᠠ᠃

ᠵᠠᠩᠬᠢᠯᠠᠭ᠎ᠠ ᠵᠢᠨ ᠦᠬᠡ᠄ ᠡᠷᠴᠢᠮᠵᠢᠬᠦᠯᠦᠨ ᠮᠠᠯᠵᠢᠬᠤ

ᠰᠢᠨ᠎ᠠ ᠪᠠᠷᠭᠤ ᠪᠠᠷᠠᠭᠤᠨ ᠬᠤᠰᠢᠭᠤᠨ ᠤ᠋ ᠪᠤᠢᠷ ᠰᠤᠮᠤ ᠵᠢᠨ ᠮᠧᠨᠡᠩᠳᠠᠯ᠎ᠠ ᠭᠠᠴᠠᠭᠠᠨ ᠤ᠋ ᠰᠤᠭᠤᠷ ᠶᠡᠬᠡ ᠰᠤᠷᠭᠠᠭᠤᠯᠢ ᠪᠠᠨ ᠳᠡᠬᠦᠰᠦᠮᠡᠭᠴᠡ ᠨᠤᠲᠤᠭ ᠲᠠᠭᠠᠨ ᠪᠤᠴᠠᠵᠤ᠂ ᠮᠠᠯᠵᠢᠬᠤ ᠠᠮᠢᠳᠤᠷᠠᠯ ᠳ᠋ᠠᠭᠠᠨ ᠵᠢᠯᠤᠭᠤ ᠰᠤᠩᠭᠠᠨ ᠤᠬᠠᠭᠠᠨ ᠰᠤᠪᠢᠵᠦ ᠤᠢᠭ᠎ᠠ ᠦᠬᠡᠢ ᠴᠢᠷᠮᠠᠢᠵᠠᠢ᠃ 2022 ᠤᠨ ᠳ᠋ᠤ ᠲᠡᠷᠡ ᠦᠬᠡᠷ ᠤ᠋ᠨ ᠡᠬᠦᠯᠳᠡᠷ ᠵᠢᠡᠨ ᠰᠠᠢᠵᠢᠷᠠᠭᠤᠯᠬᠤ ᠪᠡᠷ ᠪᠢᠷᠠᠭᠤ ᠨᠢᠬᠡᠪᠤᠷᠢ ᠵᠢ 2.8 ᠲᠦᠮᠡᠨ ᠲᠦᠬᠦᠷᠢᠭ ᠵᠢᠡᠷ 20 ᠰᠠᠢᠨ ᠡᠬᠦᠯᠳᠡᠷ ᠤ᠋ᠨ ᠠᠥ᠋ᠰᠲ᠋ᠷᠠᠯᠢᠶ᠎ᠠ ᠵᠢᠨ ᠰᠢᠮᠧᠨ᠋ᠳᠠᠷ ᠪᠢᠷᠠᠭᠤ ᠬᠤᠳᠠᠯᠳᠤᠨ ᠠᠪᠴᠤ᠂ ᠪᠠᠰᠠ ᠺᠠᠨᠠᠳᠠ ᠵᠢᠨ ᠰᠢᠮᠧᠨ᠋ᠳᠠᠷ ᠪᠤᠬ᠎ᠠ ᠵᠢᠨ ᠢᠴᠡᠬᠡᠯ ᠦᠷ᠎ᠠ ᠪᠡᠷ ᠭᠠᠷ ᠬᠡᠬᠡᠯᠳᠦᠬᠦᠯᠭᠡ ᠬᠢᠵᠠᠢ᠃ ᠤᠳᠤ ᠤᠢᠷ᠎ᠠ ᠬᠠᠪᠢ ᠵᠢᠨ ᠮᠠᠯᠴᠢᠳ ᠲᠡᠳᠡᠨ ᠤ᠋ ᠴᠡᠪᠡᠷ ᠡᠬᠦᠯᠳᠡᠷ ᠤ᠋ᠨ ᠰᠢᠮᠧᠨ᠋ᠳᠠᠷ ᠲᠤᠭᠤᠯ ᠢ᠋ ᠪᠤᠯᠢᠶᠠᠯᠳᠤᠨ ᠠᠪᠴᠠᠭᠠᠵᠦ ᠪᠠᠢᠨ᠎ᠠ᠃

《ᠪᠢ ᠬᠡᠷ ᠲᠡᠭᠡᠨ ᠰᠠᠭᠤᠵᠦ ᠪᠠᠢᠭᠠᠳ ᠰᠠᠢᠨ ᠡᠬᠦᠯᠳᠡᠷ ᠤ᠋ᠨ ᠰᠢᠮᠧᠨ᠋ᠳᠠᠷ ᠲᠤᠭᠤᠯ ᠵᠢᠡᠨ ᠲᠤᠮᠳᠠᠴᠢ ᠪᠠᠷ 1.7 ᠲᠦᠮᠡᠨ ᠲᠦᠬᠦᠷᠢᠭ ᠵᠢᠡᠷ ᠬᠤᠳᠠᠯᠳᠤᠵᠤ ᠪᠤᠢ᠂ ᠪᠤᠷᠤᠯᠠᠭᠤᠯᠬᠤ᠎ᠳᠤ ᠵᠤᠪᠠᠳᠠᠭ ᠦᠭᠡᠢ᠂ ᠵᠠᠪᠰᠠᠷ ᠤ᠋ᠨ ᠮᠠᠢᠮᠠᠢᠴᠢᠨ ᠢ᠋ ᠳᠠᠮᠵᠢᠬᠤ ᠦᠬᠡᠢ ᠪᠤᠯᠬᠤᠷ ᠬᠤᠳᠠᠯᠳᠤᠵᠦ ᠠᠪᠤᠭᠰᠠᠨ ᠮᠠᠯᠴᠢᠳ᠎ᠲᠦ ᠴᠦ᠍ ᠠᠰᠢᠭ ᠳᠠᠢ ᠶᠤᠮ᠃ ᠡᠨᠡ ᠵᠢᠯ ᠬᠤᠧᠠᠰᠢ ᠲᠤᠭᠤᠯ ᠵᠢᠡᠨ ᠲᠦᠮᠡᠨ ᠲᠦᠬᠦᠷᠢᠭ ᠵᠢᠡᠷ ᠬᠤᠳᠠᠯᠳᠤᠵᠦ᠂ 4 — 5 ᠰᠠᠷ᠎ᠠ ᠪᠤᠯᠤᠭᠰᠠᠨ ᠮᠤᠨᠭᠭᠤᠯ ᠦᠭᠡᠷ᠎ᠤᠨ ᠲᠤᠭᠤᠯ ᠵᠢᠡᠨ 7000 ᠲᠦᠬᠦᠷᠢᠭ ᠵᠢᠡᠷ ᠬᠤᠳᠠᠯᠳᠤᠭᠰᠠᠨ᠂ ᠤᠷᠤᠯᠭ᠎ᠠ ᠵᠢᠨ ᠬᠤᠪᠢ ᠳ᠋ᠤ ᠬᠠᠰᠢᠯᠠ ᠰᠢᠮᠧᠨ᠋ᠳᠠᠷ ᠦᠬᠡᠷ ᠳᠠᠪᠠᠭᠤᠯᠢᠭ ᠲᠠᠢ》 ᠭᠡᠵᠦ ᠰᠤᠭᠤᠷ ᠲᠠᠢᠯᠪᠤᠷᠢᠯᠠᠨ᠎ᠠ᠃

ᠰᠠᠢᠨ ᠡᠬᠦᠯᠳᠡᠷ ᠤ᠋ᠨ ᠦᠬᠡᠷ ᠢ᠋ ᠴᠦᠬᠡᠨ ᠲᠠᠵᠢᠬᠡᠵᠤ ᠡᠷᠴᠢᠮᠵᠢᠬᠦᠯᠦᠨ ᠮᠠᠯᠵᠢᠬᠤ ᠨᠢ ᠰᠦᠷᠦᠭ ᠤ᠋ᠨ ᠪᠦᠳᠦᠴᠡ ᠵᠢ ᠰᠢᠯᠢᠳᠡᠭᠵᠢᠬᠦᠯᠦᠨ᠂ ᠪᠡᠯᠴᠢᠬᠡᠷ ᠤ᠋ᠨ ᠲᠠᠷᠤᠭᠠᠰᠤ ᠵᠢ ᠬᠦᠩᠬᠡᠷᠡᠬᠦᠯᠵᠤ᠂ ᠠᠰᠢᠭ ᠤᠷᠤᠯᠭ᠎ᠠ ᠵᠢ ᠨᠡᠮᠡᠭᠳᠡᠬᠦᠯᠬᠦ ᠠᠮᠵᠢᠯᠳᠠ ᠳᠠᠢ ᠮᠠᠯᠵᠢᠯ ᠤ᠋ᠨ ᠠᠷᠭ᠎ᠠ ᠪᠤᠯᠬᠤ ᠵᠢ ᠰᠤᠭᠤᠷ ᠤ᠋ᠨ ᠬᠢᠨ ᠬᠡᠷᠡᠴᠢᠯᠡᠯ᠎ᠠ᠃ ᠰᠢᠨ᠎ᠠ ᠪᠠᠷᠭᠤ ᠪᠠᠷᠠᠭᠤᠨ ᠬᠤᠰᠢᠭᠤᠨ ᠤ᠋ ᠵᠠᠰᠠᠭ ᠤ᠋ᠨ ᠤᠷᠳᠤᠨ ᠡᠴᠡ ᠰᠠᠢᠨ ᠡᠬᠦᠯᠳᠡᠷ ᠤ᠋ᠨ ᠢᠴᠡᠭᠡᠯ ᠦᠷ᠎ᠠ ᠪᠡᠷ ᠬᠡᠬᠡᠯᠳᠦᠬᠦᠯᠭᠡ ᠬᠢᠭᠰᠡᠨ ᠦᠨᠢᠶ᠎ᠠ ᠪᠤᠯᠭᠠᠨ ᠳ᠋ᠤ 210 ᠲᠦᠬᠦᠷᠢᠭ ᠤ᠋ᠨ ᠨᠦᠬᠦᠪᠦᠷᠢ ᠦᠭᠴᠦ᠂ ᠮᠠᠯᠴᠢᠳ ᠵᠢᠡᠨ ᠲᠠᠢᠴᠢᠯᠠᠨ ᠡᠬᠦᠯᠳᠡᠷ ᠰᠠᠢᠵᠢᠷᠠᠭᠤᠯᠬᠤ ᠠᠵᠢᠯ ᠢ᠋ ᠡᠷᠴᠢᠮᠳᠠᠢ ᠶᠠᠪᠤᠭᠳᠠᠭᠤᠯᠵᠦ ᠪᠠᠢᠨ᠎ᠠ᠃

ᠰᠤᠭᠤᠷ ᠤ᠋ᠨ ᠬᠢᠨ ᠵᠢᠯ ᠪᠦᠷᠢ 140 ᠦᠨᠢᠶ᠎ᠡ ᠡᠴᠡ ᠪᠠᠨ ᠪᠠᠷᠤᠭ 120 ᠲᠤᠭᠤᠯ ᠲᠤᠰᠴᠦ᠂ ᠬᠤᠯᠠ ᠵᠢᠨ ᠪᠤᠳᠤᠯ ᠠᠯᠤᠰ ᠤ᠋ᠨ ᠬᠠᠷᠠᠯᠳᠠ ᠵᠢ ᠡᠪᠦᠷᠯᠡᠨ᠂ ᠤᠷᠤᠨ ᠨᠤᠳᠤᠭ ᠤ᠋ᠨ ᠵᠢᠠᠨ ᠠᠭᠤᠷ ᠠᠮᠢᠰᠬᠤᠯ᠂ ᠪᠡᠯᠴᠢᠬᠡᠷ ᠡᠪᠡᠰᠦ ᠪᠤᠯᠤᠨ ᠵᠠᠬ᠎ᠠ ᠳᠡᠯᠭᠡᠭᠦᠷ ᠤ᠋ᠨ ᠦᠨ᠎ᠠ ᠬᠠᠩᠰᠢ᠂ ᠮᠢᠬ᠎ᠠ ᠰᠦ ᠵᠢᠨ ᠠᠮᠳᠠ ᠰᠢᠮ᠎ᠠ ᠠᠯᠢ ᠠᠯᠢ ᠵᠢ ᠨᠢ ᠵᠤᠬᠢᠴᠠᠭᠤᠯᠵᠦ ᠶᠠᠪᠤᠨ᠎ᠠ᠃ 《ᠮᠤᠨᠭᠭᠤᠯ ᠦᠬᠡᠷ ᠵᠢᠡᠨ ᠪᠠᠰᠠ ᠬᠠᠮᠠᠭᠠᠯᠠᠵᠦ ᠦᠯᠡᠳᠡᠭᠡᠵᠦ ᠶᠠᠪᠤᠬᠤ ᠨᠢ ᠵᠦᠢᠳᠡᠢ᠂ ᠬᠤᠵᠢᠮ ᠮᠤᠨᠭᠭᠤᠯ ᠦᠬᠡᠷ ᠦᠨ᠎ᠠ ᠳ᠋ᠤ ᠬᠦᠷᠬᠦ ᠴᠠᠭ ᠪᠠᠢᠪᠠᠯ ᠪᠡᠯᠡᠳᠬᠡᠯ ᠲᠠᠢ ᠪᠠᠢᠭᠰᠠᠨ ᠨᠢ ᠳᠡᠭᠡᠷ᠎ᠠ》 ᠭᠡᠵᠦ ᠲᠡᠷᠡ ᠬᠡᠷᠰᠡᠦ ᠤᠬᠠᠭᠠᠨ ᠰᠤᠪᠢᠨ᠎ᠠ᠃

ᠰᠤᠭᠤᠷ 2100 ᠭᠠᠷᠤᠢ ᠳᠡᠭᠰᠢ ᠲᠦᠷᠪᠡᠯᠵᠢᠨ ᠮᠧᠲ᠋ᠷ ᠳᠠᠯᠠᠪᠠᠢ ᠲᠠᠢ ᠪᠢᠳᠡᠬᠦᠦ ᠫᠧᠩ ᠰᠠᠷᠠᠪᠴᠢ ᠪᠠᠢᠭᠤᠯᠵᠦ᠂ ᠲᠤᠷᠠᠨᠳᠠᠭᠤᠷ᠂ ᠠᠥ᠋ᠲ᠋ᠤ᠋ ᠤᠰᠤᠯᠠᠯᠳᠠ ᠵᠢᠨ ᠮᠠᠰᠢᠨ ᠵᠡᠷᠬᠡ ᠤᠶᠤᠨᠴᠢᠯᠠᠭᠰᠠᠨ ᠲᠦᠬᠦᠭᠡᠷᠦᠮᠵᠢ ᠵᠢ ᠠᠰᠢᠭᠯᠠᠭᠰᠠᠨ ᠡᠴᠡ ᠬᠦᠳᠡᠯᠮᠦᠷᠢ ᠬᠦᠴᠦ ᠵᠢ ᠶᠡᠬᠡ ᠪᠡᠷ ᠠᠷᠪᠢᠯᠠᠵᠠᠢ᠃ ᠡᠬᠦᠨ ᠤ᠋ ᠳᠤᠳᠤᠷ᠎ᠠ 103 ᠲᠦᠮᠡᠨ ᠲᠦᠬᠦᠷᠢᠭ ᠤ᠋ᠨ ᠦᠷᠳᠡᠭ ᠪᠦᠬᠦᠢ 800 ᠲᠡᠭᠰᠢ ᠲᠦᠷᠪᠡᠯᠵᠢᠨ ᠮᠧᠲ᠋ᠷ ᠳᠠᠯᠠᠪᠠᠢ ᠲᠠᠢ ᠤᠳᠤᠬᠢᠴᠢᠯᠠᠭᠰᠠᠨ ᠫᠧᠩ ᠰᠠᠷᠠᠪᠴᠢ ᠵᠢ ᠬᠤᠰᠢᠭᠤᠨ ᠡᠴᠡ ᠪᠠᠢᠭᠤᠯᠤᠨ ᠦᠭᠴᠦ᠂ ᠳᠡᠵᠢᠬᠡᠯ ᠡᠪᠡᠰᠦ ᠨᠠᠢᠷᠠᠭᠤᠯᠬᠤ ᠮᠠᠰᠢᠨ᠂ ᠳᠠᠮᠵᠢᠭᠤᠯᠬᠤ ᠪᠦᠰᠡ᠂ ᠬᠡᠪᠳᠡᠷᠢ ᠵᠢᠨ ᠵᠢᠶᠠᠰᠠ ᠵᠡᠷᠬᠡ ᠲᠤᠨᠤᠭ ᠲᠦᠬᠦᠬᠡᠷᠦᠮᠵᠢ ᠵᠢ ᠢᠵᠢ ᠪᠦᠷᠢᠳᠦᠬᠦᠯᠵᠤ᠂ ᠵᠤᠳ ᠭᠠᠮᠰᠢᠭ ᠢ᠋ ᠰᠡᠷᠬᠡᠢᠯᠡᠨ ᠮᠠᠯ ᠰᠦᠷᠦᠭ ᠤ᠋ᠨ ᠮᠡᠨᠳᠦ ᠤᠨᠳᠤᠷᠤᠯᠳᠠ ᠵᠢ ᠪᠠᠳᠤᠯᠠᠵᠠᠢ᠃ 《ᠤᠷᠤᠯᠳᠤᠯᠭ᠎ᠠ ᠰᠠᠢᠳᠦ ᠤᠷᠤᠢ ᠳ᠋ᠤᠨᠢ ᠭᠠᠷᠤᠨ᠎ᠠ》 ᠬᠡᠭᠴᠢ ᠪᠡᠷ ᠲᠡᠷᠡ ᠦᠨᠢᠶ᠎ᠠ ᠵᠢᠨ ᠵᠢᠡᠨ ᠭᠡᠭᠡᠯ ᠤ᠋ᠨ ᠪᠠᠢᠳᠠᠯ ᠢ᠋ ᠰᠢᠨᠵᠢᠨ ᠬᠦᠨᠳᠦ ᠵᠢ ᠨᠢ ᠵᠢᠩᠨᠡᠵᠤ᠂ ᠤᠷᠳᠤ ᠬᠤᠭᠤᠴᠠᠭ᠎ᠠ ᠨᠢᠮᠪᠠᠢ ᠠᠵᠢᠭᠯᠠᠨ ᠲᠤᠷᠰᠢᠭᠠᠳ ᠪᠦᠯᠢᠶᠡᠨ ᠤᠰᠤ ᠪᠡᠷ ᠦᠨᠢᠶ᠎ᠠ ᠪᠠᠨ ᠤᠰᠤᠯᠠᠪᠠᠯ ᠡᠳᠦᠷ ᠲᠦ᠍ 5 ᠵᠢᠩ ᠬᠠᠭᠤᠷᠠᠢ ᠡᠪᠡᠰᠦ ᠠᠷᠪᠢᠯᠠᠵᠦ ᠴᠢᠳᠠᠳᠠᠭ ᠢ᠋ ᠳ᠋ᠦᠩᠨᠡᠨ ᠭᠠᠷᠭᠠᠭᠰᠠᠨ ᠠᠵᠢ᠃

ᠤᠰᠤ ᠬᠠᠯᠠᠭᠠᠬᠤ ᠴᠠᠬᠢᠯᠭᠠᠨ ᠵᠤᠤᠬ᠎ᠠ᠂ ᠬᠤᠵᠢᠷ ᠤ᠋ᠨ ᠤᠩᠭᠤᠴᠠ᠂ ᠡᠩᠨᠡᠷᠡᠬᠦᠯᠦᠨ ᠪᠤᠰᠬᠠᠭᠰᠠᠨ ᠲᠡᠮᠦᠷ ᠬᠠᠯᠬᠠᠪᠴᠢ ᠬᠡᠷᠡᠮ ᠁ ᠤᠶᠤᠳᠠᠨ ᠮᠠᠯᠴᠢᠨ ᠰᠤᠭᠤᠷ ᠤ᠋ᠨ ᠤᠳᠤ ᠦᠶ᠎ᠠ ᠵᠢᠨ ᠬᠡᠷ ᠪᠦᠯᠢ ᠵᠢᠨ ᠮᠠᠯᠵᠢᠯ ᠤ᠋ᠨ ᠳᠠᠯᠠᠪᠠᠢ ᠬᠢᠭᠡᠳ ᠠᠮᠢᠳᠤᠷᠠᠯ ᠠᠬᠤᠢ ᠨᠢ ᠬᠠᠷᠠᠭᠰᠠᠨ ᠪᠦᠬᠦᠨ ᠢ᠋ ᠱᠠᠭᠰᠢᠭᠤᠯᠬᠤ ᠳ᠋ᠤ ᠵᠠᠷᠤᠳ ᠬᠤᠰᠢᠭᠤᠨ ᠤ᠋ ᠯᠦᠪᠸᠢ ᠪᠠᠯᠭᠠᠰᠤ ᠵᠢᠨ ᠵᠥᠩ ᠱᠢᠩ ᠼᠦᠨ ᠲᠣᠰᠭᠣᠨ ᠤ᠋ ᡁᠢ ᠷᠠᠨ ᠬᠡᠷ ᠪᠦᠯᠢ ᠵᠢᠨ ᠮᠠᠯᠵᠢᠯ ᠤ᠋ᠨ ᠲᠠᠯᠠᠪᠠᠶ ᠨᠢ ᠪᠠᠰᠠ ᠰᠢᠨᠵᠢᠯᠡᠬᠦ ᠤᠬᠠᠭᠠᠨᠴᠢ ᠮᠠᠯᠵᠢᠯ᠂ ᠲᠣᠬᠢᠷᠠᠮᠵᠢᠲᠠᠶ ᠬᠡᠪᠴᠢᠶ᠎ᠡ᠂ ᠡᠷᠴᠢᠮᠯᠢᠭ ᠦᠶ᠋ᠯᠡᠳᠪᠦᠷᠢᠯᠡᠯ᠂ ᠲᠡᠷᠢᠭᠦᠨ ᠤ᠋ ᠬᠠᠮᠢᠶᠠᠷᠤᠯᠲᠠ ᠪᠡᠷ ᠵᠢᠡᠨ ᠤᠷᠤᠨ ᠨᠤᠳᠤᠭ ᠲᠠᠭᠠᠨ ᠬᠤᠰᠢᠭᠤᠴᠢᠯᠠᠵᠤ ᠶᠠᠪᠤᠨ᠎ᠠ᠃

ᡁᠢ ᠷᠠᠨ ᠬᠡᠷ ᠪᠦᠯᠢ ᠵᠢᠨ ᠮᠠᠯᠵᠢᠯ ᠤ᠋ᠨ ᠲᠠᠯᠠᠪᠠᠶ ᠳ᠋ᠤ 90 ᠦᠬᠡᠷ᠂ 2300 ᠲᠡᠭ᠌ᠰᠢ ᠳᠥᠷᠪᠡᠯᠵᠢᠨ ᠮᠧᠲ᠋ᠷ ᠤ᠋ᠨ ᠫᠧᠩ ᠰᠠᠷᠠᠪᠴᠢ᠂ 800 ᠲᠡᠭ᠌ᠰᠢ ᠳᠥᠷᠪᠡᠯᠵᠢᠨ ᠮᠧᠲᠷ ᠤ᠋ᠨ ᠡᠪᠡᠰᠦᠨ ᠫᠧᠩ ᠲᠠᠢ ᠪᠠᠢᠵᠤ᠂ ᠲᠡᠵᠢᠭᠡᠯ ᠪᠣᠷᠳᠣᠭ᠎ᠠ ᠬᠡᠮᠬᠡᠯᠬᠦ᠌ ᠮᠠᠱᠢᠨ᠂ tmr ᠵᠢᠭᠤᠷᠠᠬᠤ ᠮᠠᠱᠢᠨ᠂ ᠤᠳᠭᠤᠭᠤᠷ ᠲᠡᠷᠭᠡ᠂ ᠪᠤᠷᠳᠤᠭ᠎ᠠ ᠰᠠᠴᠤᠬᠤ ᠲᠡᠷᠭᠡ᠂ ᠢᠯᠭᠠᠳᠠᠰᠤ ᠴᠡᠪᠡᠷᠯᠡᠬᠦ ᠲᠡᠷᠭᠡ ᠵᠡᠷᠭᠡ ᠮᠠᠰᠢᠨ ᠲᠦᠬᠦᠬᠡᠷᠦᠮᠵᠢ ᠵᠢ ᠢᠵᠢ ᠪᠦᠷᠢᠳᠦᠬᠦᠯᠪᠡ᠃ ᠳᠡᠳᠡ ᠡᠷ᠎ᠠ ᠲᠤᠭᠤᠯ ᠢ᠋ 180 ᠡᠳᠦᠷ ᠲᠦ᠍ᠨᠢ ᠰᠦ ᠡᠴᠡ ᠨᠢ ᠰᠠᠯᠭᠠᠵᠤ᠂ ᠲᠤᠰᠬᠠᠢ ᠪᠣᠷᠳᠣᠭ᠎ᠠ ᠪᠠᠷ ᠲᠡᠵᠢᠭᠡᠳᠡᠭ᠃ ᠬᠡᠬᠦ ᠳ᠋ᠡᠬᠡᠨ ᠱᠢᠮ᠎ᠡ ᠲᠡᠵᠢᠭᠡᠯ ᠢ᠋ ᠲᠡᠩᠴᠡᠭᠦᠷᠢᠲᠡᠶ ᠪᠠᠢᠯᠭᠠᠬᠤ ᠵᠢ ᠠᠩᠬᠠᠷᠴᠤ᠂ ᠴᠠᠭ ᠤᠯᠠᠷᠢᠯ ᠪᠣᠯᠤᠨ ᠲᠤᠭᠤᠯ ᠤ᠋ᠨ ᠦᠰᠦᠯᠳᠡ ᠵᠢ ᠦᠨᠳᠦᠰᠦᠯᠡᠨ ᠬᠦᠬᠡ ᠲᠠᠷᠤᠰᠢ ᠵᠢᠨ ᠡᠷᠳᠡᠨᠢ ᠱᠢᠰᠢ᠂ ᠬᠠᠭᠤᠷᠠᠶ ᠡᠪᠡᠰᠦ ᠪᠠ ᠰᠦᠯ ᠰᠠᠢᠲᠠᠶ ᠨᠠᠷᠢᠯᠢᠭ ᠪᠣᠷᠳᠣᠭ᠎ᠠ ᠳ᠋ᠠᠭᠠᠨ ᠡᠯ᠎ᠡ ᠲᠥᠷᠥᠯ ᠤ᠋ᠨ ᠱᠢᠮ᠎ᠡ ᠲᠡᠵᠢᠭᠡᠯ ᠤ᠋ᠨ ᠡᠳ᠋ ᠎ᠢ ᠲᠤᠬᠢᠷᠠᠭᠤᠯᠤᠨ ᠬᠡᠷᠡᠭᠯᠡᠵᠦ᠂ 10 — 12 ᠰᠠᠷ᠎ᠠ ᠪᠤᠷᠳᠤᠭᠠᠳ 1500 ᠵᠢᠩ ᠢ᠋ ᠳᠠᠪᠠᠮᠠᠭᠴᠠ ᠬᠤᠳᠠᠯᠳᠤᠴᠢᠬᠠᠳᠠᠭ ᠶᠤᠮ᠃

ᠨᠤᠲᠤᠭ ᠪᠡᠯᠴᠢᠭᠡᠷ ᠤ᠋ᠨ ᠲᠥᠷᠥᠯ᠂ ᠪᠡᠯᠴᠢᠬᠡᠷ ᠡᠪᠡᠰᠤ ᠵᠢᠨ ᠪᠠᠢᠳᠠᠯ ᠳ᠋ᠤ ᠰᠠᠭᠤᠷᠢᠯᠠᠨ ᠪᠠᠢᠭᠤᠯᠤᠭᠰᠠᠨ ᠭᠡᠷ ᠪᠦᠯᠢ ᠵᠢᠨ ᠮᠠᠯᠵᠢᠯ ᠤ᠋ᠨ ᠲᠠᠯᠠᠪᠠᠶ᠂ ᠡᠷᠦᠬᠡ ᠬᠣᠯᠪᠣᠭᠠᠯᠠᠭ᠍ᠰᠠᠨ ᠮᠠᠯᠵᠢᠯ ᠤ᠋ᠨ ᠲᠠᠯᠠᠪᠠᠶ ᠪᠣᠯᠤᠨ ᠮᠠᠯᠵᠢᠯ ᠤ᠋ᠨ ᠲᠤᠰᠬᠠᠢ ᠬᠣᠷᠱᠢᠶ᠎ᠠ ᠨᠢ ᠡᠷᠴᠢᠮᠵᠢᠭᠰᠡᠨ ᠮᠠᠯ ᠠᠵᠤ ᠠᠬᠤᠢ ᠵᠢ ᠬᠦᠭᠵᠢᠬᠦᠯᠬᠦ ᠭᠤᠤᠯ ᠡᠵᠡᠩᠨᠡᠯᠳᠡ ᠵᠢᠨ ᠠᠷᠭ᠎ᠠ ᠬᠡᠯᠪᠡᠷᠢ ᠪᠤᠯᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠲᠠᠯ᠎ᠠ ᠪᠠᠷ ᠵᠢᠱ᠌ᠢᠶ᠎ᠡ ᠳᠠᠭᠤᠷᠢᠶᠠᠯ ᠤ᠋ᠨ ᠦᠢᠯᠡᠳᠦᠯ ᠵᠢᠡᠨ ᠪᠠᠳᠠᠷᠠᠭᠤᠯᠵᠤ ᠪᠠᠢᠨ᠎ᠠ᠃


QQ截图20251001104448.png


ᠵᠠᠩᠬᠢᠯᠠᠭ᠎ᠠ ᠵᠢᠨ ᠦᠬᠡ᠄ ᠬᠡᠪᠴᠢᠶᠡᠵᠢᠬᠦᠯᠦᠨ ᠡᠵᠡᠩᠨᠡᠬᠦ

ᠪᠢᠳᠡ ᠰᠤᠷᠪᠤᠯᠵᠢᠯᠠᠭ᠎ᠠ ᠵᠢᠨ ᠶᠠᠪᠤᠴᠠ ᠳ᠋ᠠᠭᠠᠨ ᠵᠤᠬᠢᠬᠤ ᠬᠡᠪᠴᠢᠶᠡᠳᠤ ᠮᠠᠯᠵᠢᠯ ᠤ᠋ᠨ ᠰᠠᠭᠤᠷᠢᠨ ᠤᠯᠠᠮ ᠡᠴᠡ ᠤᠯᠠᠨ ᠪᠤᠯᠵᠦ᠂ ᠰᠢᠨ᠎ᠠ ᠠᠷᠭ᠎ᠠ ᠵᠠᠮ᠂ ᠰᠢᠨ᠎ᠠ ᠰᠡᠳᠬᠢᠮᠵᠢ ᠪᠡᠷ ᠵᠢᠡᠨ ᠪᠡᠯᠴᠢᠬᠡᠷ ᠤ᠋ᠨ ᠮᠠᠯ ᠠᠵᠤ ᠠᠬᠤᠢ ᠵᠢᠨ ᠦᠶ᠋ᠯᠡᠳᠪᠦᠷᠢᠯᠡᠯ ᠡᠵᠡᠩᠨᠡᠯᠲᠡ ᠵᠢᠨ ᠬᠡᠪᠴᠢᠶᠡᠵᠢᠭᠰᠡᠨ᠂ ᠪᠠᠷᠢᠮᠵᠢᠶᠠᠵᠢᠭᠰᠠᠨ᠂ ᠡᠷᠴᠢᠮᠵᠢᠭ᠌ᠰᠡᠨ ᠬᠥᠭ᠌ᠵᠢᠯᠲᠡ ᠳ᠋ᠤ ᠲᠤᠯᠤᠭᠠᠢᠯᠠᠭᠴᠢ ᠦᠢᠯᠡᠳᠦᠯ ᠦᠵᠡᠬᠦᠯᠵᠤ ᠪᠠᠢᠬᠤ ᠵᠢ ᠮᠡᠳᠡᠯ᠎ᠠ᠃

ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ ᠤ᠋ ᠮᠦ᠍ ᠰᠧᠨ ᠳᠡᠵᠢᠬᠡᠨ ᠦᠷᠡᠵᠢᠬᠦᠯᠬᠦ᠌ ᠰᠠᠭᠤᠷᠢᠨ ᠨᠢ ᠬᠣ᠌ ᠶᠠᠩ ᠬᠤᠨᠢ ᠮᠠᠯᠵᠢᠵᠤ ᠪᠤᠷᠳᠤᠨ ᠳᠠᠷᠭᠤᠯᠠᠭᠤᠯᠬᠤ ᠪᠠᠷ ᠭᠤᠣᠯ ᠪᠤᠯᠭᠠᠳᠠᠭ᠃ ᠲᠤᠰ ᠳᠠᠯᠠᠪᠠᠢ ᠵᠢᠨ ᠭᠠᠵᠠᠷ ᠨᠢ ᠣᠣᠯ ᠳ᠋ᠠᠭᠠᠨ ᠲᠤᠭᠤᠰᠭᠠᠨ ᠦᠢᠯᠡᠳᠪᠦᠷᠢ ᠪᠠᠢᠵᠦ᠂ 2020 ᠣᠨ ᠳ᠋ᠤ ᠳᠡᠵᠢᠬᠡᠨ ᠦᠷᠡᠵᠢᠬᠦᠯᠬᠦ᠌ ᠲᠠᠯᠠᠪᠠᠢ ᠪᠤᠯᠭᠠᠨ ᠦᠭᠡᠷᠡᠴᠢᠯᠡᠨ ᠪᠠᠢᠭᠤᠯᠵᠦ᠍᠂ ᠤᠳᠤ 3 ᠲᠦᠮᠡᠨ ᠬᠤᠨᠢ ᠲᠡᠵᠢᠬᠡᠵᠦ᠍᠂ ᠡᠬᠡ ᠮᠠᠯ ᠨᠢ  ᠲᠦᠮᠡ ᠵᠢ ᠳᠠᠪᠠᠪᠠ᠃ 1.5 ᠳ᠋ᠦᠩᠰᠢᠭᠤᠷ ᠲᠦᠬᠦᠷᠢᠭ ᠤ᠋ᠨ ᠪᠡᠯᠡ ᠤᠷᠤᠭᠤᠯᠵᠦ᠂ 11.6 ᠲᠦᠮᠡᠨ ᠲᠡᠭ᠌ᠰᠢ ᠲᠦᠷᠪᠡᠯᠵᠢᠨ ᠮᠧᠲᠷ ᠳᠠᠯᠠᠪᠠᠢ ᠪᠦᠬᠦᠢ 53 ᠬᠤᠨᠢᠨ ᠤ᠋ ᠫᠧᠩ ᠪᠠᠢᠭᠤᠯᠤᠨ᠂ ᠪᠦᠬᠦ ᠳᠡᠵᠢᠬᠡᠨ ᠦᠷᠡᠵᠢᠬᠦᠯᠬᠦ᠌ ᠰᠠᠭᠤᠷᠢᠨ ᠤ᠋ ᠲᠠᠯᠠᠪᠠᠢ ᠨᠢ 120 ᠮᠦ᠍ ᠵᠢ ᠳᠠᠪᠠᠵᠠᠢ᠃

《ᠬᠣ᠌ ᠶᠠᠩ ᠬᠤᠨᠢ ᠨᠢ ᠵᠢᠯ ᠲᠤᠵᠢ ᠪᠡᠷ ᠬᠠᠱᠢᠶᠠᠯᠠᠨ ᠲᠡᠵᠢᠬᠡᠬᠦ᠌ ᠳ᠋ᠤ ᠲᠤᠬᠢᠷᠠᠮᠵᠢᠳᠠᠢ᠃ ᠨᠢᠭᠡ ᠵᠢᠯ ᠳ᠋ᠤ ᠤᠯᠠᠨ ᠤᠳᠠᠭ᠎ᠠ ᠤᠷᠤᠭ᠎ᠠ ᠤᠷᠤᠵᠦ᠍᠂ ᠤᠯᠠᠨ ᠲᠦᠯᠯᠡᠳᠡᠭ ᠮᠦᠷᠳᠡᠭᠡᠨ ᠲᠥᠯ ᠳ᠋ᠡᠭᠡᠨ ᠠᠮᠠᠷᠠᠭ᠂ ᠰᠦ ᠰᠠᠢᠳᠠᠢ ᠪᠠᠢᠳᠠᠭ᠃ ᠪᠢᠳᠡ ᠬᠤᠴᠠ ᠵᠢᠨ ᠰᠦᠷᠦᠭ ᠵᠢᠨᠨ ᠦᠷ᠎ᠡ ᠵᠢᠨ ᠬᠤᠴᠠ ᠪᠤᠯᠤᠨ ᠤᠷᠤᠭᠠᠨ ᠳ᠋ᠤ ᠭᠠᠷᠬᠤ ᠬᠤᠴᠠ ᠬᠡᠵᠤ ᠬᠤᠶᠠᠷ ᠪᠦᠯᠦᠭ ᠬᠤᠪᠢᠶᠠᠨ᠂ ᠬᠤᠨᠢ ᠳ᠋ᠠᠭᠠᠨ ᠭᠠᠷ ᠬᠡᠬᠡᠯᠳᠦᠬᠦᠯᠭᠡ ᠬᠢᠵᠤ᠂ ᠡᠬᠡ ᠬᠤᠨᠢ ᠵᠢᠨ ᠲᠥᠯᠯᠡᠬᠦ᠌ ᠨᠤᠷᠮ᠎ᠠ 224% ᠎ᠳᠤ ᠬᠦᠷᠴᠦ ᠪᠠᠢᠨ᠎ᠠ》 ᠭᠡᠵᠦ ᠮᠦ᠍ ᠰᠧᠨ ᠳᠡᠵᠢᠬᠡᠨ ᠦᠷᠡᠵᠢᠬᠦᠯᠬᠦ ᠰᠠᠭᠤᠷᠢᠨ ᠤ᠋ ᠬᠠᠷᠢᠭᠤᠴᠠᠯᠭᠠᠳᠠᠨ ᠶᠠᠩ ᠪᠦᠧᠧ ᠬᠡᠯᠡᠨ᠎ᠠ᠃

ᠬᠡᠪᠴᠢᠶᠡᠵᠢᠬᠦᠯᠦᠨ ᠡᠵᠡᠩᠨᠡᠬᠦ ᠨᠢ ᠮᠠᠯ ᠤ᠋ᠨ ᠠᠰᠢᠭ ᠰᠢᠮ᠎ᠠ ᠵᠢ ᠪᠤᠯᠪᠠᠰᠤᠷᠠᠭᠤᠯᠬᠤ ᠠᠵᠤ ᠠᠬᠤᠢᠯᠠᠯ ᠯᠤᠭ᠎ᠠ ᠲᠤᠭᠳᠠᠮᠠᠯ ᠬᠠᠮᠳᠤᠷᠠᠯᠴᠠᠭ᠎ᠠ ᠪᠠᠢᠭᠤᠯᠬᠤ ᠳ᠋ᠤ ᠠᠮᠠᠷ ᠪᠠᠢᠵᠤ᠂ ᠪᠤᠷᠤᠯᠠᠭᠤᠯᠭ᠎ᠠ ᠵᠤᠭᠰᠤᠩᠭᠤᠢᠷᠠᠬᠤ᠂ ᠪᠤᠷᠤᠯᠠᠭᠤᠯᠭ᠎ᠠ ᠵᠢᠨ ᠵᠠᠮ ᠬᠠᠭᠠᠭᠳᠠᠬᠤ᠂ ᠡᠰᠡᠬᠦᠯ᠎ᠠ ᠪᠤᠷᠤᠯᠠᠭᠤᠯᠭ᠎ᠠ ᠮᠠᠭᠤᠳᠠᠬᠤ ᠠᠰᠠᠭᠤᠳᠠᠯ ᠢ᠋ ᠦᠨᠳᠦᠰᠦᠨ ᠡᠴᠡ ᠨᠢ ᠰᠢᠢᠳᠪᠦᠷᠢᠯᠡᠵᠦ ᠪᠤᠯᠳᠠᠭ᠃ ᠵᠠᠷᠤᠳ ᠬᠣᠱᠢᠭᠤᠨ ᠤ᠋ ᠴᠦᠨ ᠵᠧᠨ ᠮᠦ᠍ ᠲᠡᠵᠢᠭᠡᠨ ᠦᠷᠡᠵᠢᠭᠦᠯᠬᠦ᠌ ᠺᠣᠮᠫᠠᠨᠢ ᠵᠢᠨ ᠬᠢᠨ 30 ᠵᠢᠩ ᠣᠷᠴᠢᠮ ᠤ᠋ᠨ ᠬᠤᠷᠠᠭ᠎ᠠ ᠵᠢ 1 — 1.5 ᠲᠦᠮᠡ ᠬᠤᠳᠠᠯᠳᠤᠨ ᠠᠪᠴᠤ᠂ 2 — 3 ᠰᠠᠷ᠎ᠠ ᠲᠥᠪᠯᠡᠷᠡᠭᠦᠯᠦᠨ ᠪᠣᠷᠳᠣᠵᠤ ᠲᠠᠵᠢᠬᠡᠬᠡᠳ 90 ᠵᠢᠩ ᠪᠤᠯᠤᠮᠠᠭᠴᠠ ᠥᠪᠥᠷ ᠮᠣᠩᠭᠣᠯ ᠤ᠋ᠨ ᠬᠣᠩ ᠹᠠ ᠢᠳᠡᠭᠡᠨ ᠤ᠋ ᠺᠤᠮᠫᠠᠨᠢ ᠳ᠋ᠤ ᠬᠦᠷᠭᠡᠵᠦ᠂ ᠬᠣᠩ ᠹᠠ ᠢᠳᠡᠭᠡᠨ ᠤ᠋ ᠺᠤᠮᠫᠠᠨᠢ ᠡᠴᠡ ᠨᠢᠳᠤᠯᠤᠨ ᠡᠳ᠋ᠰᠢᠬᠦᠯᠦᠬᠡᠳ ᠪᠦᠬᠦ᠌ ᠤᠯᠤᠰ ᠤ᠋ᠨ ᠡᠯ᠎ᠡ ᠭᠠᠵᠠᠷ ᠲᠦ᠍ ᠪᠣᠷᠣᠯᠠᠭᠤᠯᠵᠤ ᠪᠤᠢ᠃ ᠮᠦ᠍ ᠰᠧᠨ ᠳᠡᠵᠢᠬᠡᠨ ᠦᠷᠡᠵᠢᠬᠦᠯᠬᠦ᠌ ᠰᠠᠭᠤᠷᠢᠨ ᠨᠢ ᠬᠤᠷᠠᠭ᠎ᠠ ᠪᠠᠨ 45 ᠡᠳᠤᠷ ᠤ᠋ᠨ ᠳᠠᠷᠠᠭ᠎ᠠ ᠰᠦ ᠡᠴᠡ ᠨᠢ ᠰᠠᠯᠭᠠᠨ ᠳᠡᠵᠢᠬᠡᠯ ᠪᠣᠷᠳᠤᠭᠠᠨ ᠳ᠋ᠤ ᠤᠷᠤᠭᠤᠯᠵᠤ᠂ 5 — 6 ᠰᠠᠷ᠎ᠠ ᠪᠤᠷᠳᠤᠨ ᠳᠡᠵᠢᠬᠡᠪᠡᠯ ᠭᠠᠷᠭᠠᠯᠳᠠ ᠬᠢᠳᠡᠭ᠃ ᠲᠡᠭᠡᠬᠦ ᠳ᠋ᠤ ᠬᠤᠷᠠᠭᠠᠨ ᠤ᠋ ᠬᠦᠨᠳᠦ ᠨᠢ 100 — 110 ᠵᠢᠩ ᠪᠤᠯᠵᠦ᠂ ᠮᠢᠬ᠎ᠠ ᠨᠢ ᠪᠦᠷ ᠠᠯᠠᠭ ᠮᠢᠬ᠎ᠠ ᠪᠤᠯᠬᠤᠷ ᠡᠮᠦᠨ᠎ᠠ ᠣᠷᠣᠨ ᠤ᠋ ᠬᠡᠷᠡᠭᠯᠡᠭᠴᠢᠳ ᠤ᠋ᠨ ᠬᠦᠷᠢᠶᠡᠯᠡᠯ ᠢ᠋ ᠶᠡᠬᠡᠳᠡ ᠤᠯᠵᠦ᠂ ᠡᠮᠦᠨ᠎ᠠ ᠤᠷᠤᠨ ᠤ᠋ ᠵᠠᠬ᠎ᠠ ᠳᠡᠯᠬᠡᠬᠦᠷ ᠲᠦ᠍ ᠪᠤᠷᠤᠯᠠᠭᠤᠯᠭ᠎ᠠ ᠰᠠᠢᠳᠠᠢ ᠪᠠᠢᠨ᠎ᠠ᠃

ᠬᠡᠪᠴᠢᠶᠡᠵᠢᠬᠦᠯᠦᠨ ᠡᠵᠡᠩᠨᠡᠬᠦ ᠨᠢ ᠤᠳᠤᠬᠠᠨ᠎ᠦ ᠮᠠᠯ ᠠᠵᠤ ᠠᠬᠤᠢ ᠵᠢᠨ ᠬᠦᠭᠵᠢᠯᠳᠡ ᠵᠢᠨ ᠴᠢᠬᠤᠯᠠ ᠨᠢᠬᠡᠨ ᠬᠠᠨᠳᠤᠰᠢ ᠪᠤᠯᠵᠤ᠂ ᠪᠦᠬᠦ ᠠᠵᠤ ᠦᠢᠯᠡᠰ ᠤ᠋ᠨ ᠬᠡᠯᠬᠢᠶ᠎ᠠ ᠵᠢ ᠲᠤᠭᠳᠠᠪᠤᠷᠢᠵᠢᠭᠤᠯᠬᠤ᠂ ᠮᠠᠯ ᠤ᠋ᠨ ᠠᠰᠢᠭ ᠰᠢᠮ᠎ᠠ ᠵᠢᠨ ᠬᠠᠩᠭᠠᠯᠭ᠎ᠠ ᠵᠢ ᠪᠠᠳᠤᠯᠠᠬᠤ᠂ ᠮᠠᠯᠴᠢᠨ ᠲᠠᠷᠢᠶᠠᠴᠢᠨ ᠤ᠋ ᠤᠷᠤᠯᠭ᠎ᠠ ᠵᠢᠨ ᠨᠡᠮᠡᠭᠳᠡᠯ ᠢ᠋ ᠲᠠᠢᠴᠢᠯᠠᠬᠤ ᠵᠡᠷᠭᠡ ᠲᠠᠯ᠎ᠠ ᠪᠡᠷ ᠤᠨᠴᠠ ᠵᠢᠨ ᠳᠠᠪᠠᠭᠤᠯᠢᠭ ᠲᠠᠢ ᠶᠤᠮ᠃ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤ ᠤᠯᠤᠰ ᠤ᠋ᠨ ᠲᠡᠰ ᠤ᠋ᠨ ᠤᠳᠤ ᠦᠶ᠎ᠠ ᠵᠢᠨ ᠮᠠᠯ ᠠᠵᠤ ᠠᠬᠤᠢ ᠵᠢᠨ ᠲᠤᠷᠰᠢᠯᠳᠠ ᠵᠢᠨ ᠤᠷᠤᠨ ᠢ᠋ ᠬᠦᠴᠦᠯᠡᠨ ᠪᠠᠢᠭᠤᠯᠵᠤ᠂ ᠡᠨᠡ ᠵᠢᠯ ᠶᠡᠷᠤᠩᠬᠡᠢ ᠳ᠋ᠡᠬᠡᠨ 383 ᠲᠦᠮᠡᠨ ᠮᠢᠬᠠᠨ ᠤ᠋ ᠬᠣᠨᠢ ᠪᠤᠯᠤᠨ 48.7 ᠲᠦᠮᠡᠡ ᠮᠢᠬᠠᠨ ᠤ᠋ ᠦᠬᠡᠷ ᠮᠠᠯᠵᠢᠵᠤ᠂ ᠲᠤᠷᠱᠢᠯᠲᠠ ᠵᠢᠨ ᠣᠷᠣᠨ ᠤ᠋ ᠪᠦᠳᠦᠬᠡᠨ ᠪᠠᠢᠭᠤᠯᠤᠯᠳᠠ ᠵᠢᠨ ᠲᠥᠷᠥᠯ ᠵᠦᠶ᠋ᠯ ᠤ᠋ᠨ ᠪᠠᠯᠠ ᠮᠥᠩᠭᠥ᠌ ᠵᠢ 804 ᠲᠦᠮᠡᠨ ᠲᠥᠭᠥᠷᠢᠭ ᠪᠠᠭᠤᠯᠭᠠᠨ᠂ ᠣᠶᠤᠨᠴᠢ ᠮᠠᠯᠵᠢᠯ ᠤ᠋ᠨ ᠲᠠᠯᠠᠪᠠᠶ ᠪᠠᠢᠭᠤᠯᠵᠤ ᠬᠡᠪᠴᠢᠶᠡᠵᠢᠬᠦᠯᠦᠨ ᠡᠵᠡᠩᠨᠡᠬᠦ᠂ ᠱᠢᠨ᠎ᠡ ᠡᠭᠦᠯᠳᠡᠷ ᠢ᠋ ᠪᠣᠢᠵᠢᠭᠤᠯᠬᠤ ᠵᠢᠴᠢ ᠱᠢᠨ᠎ᠡ ᠡᠭᠦᠯᠳᠡᠷ ᠤ᠋ᠨ ᠡᠬᠢ ᠪᠠᠶᠠᠯᠢᠭ ᠢ᠋ ᠰᠤᠳᠤᠯᠤᠨ ᠠᠰᠢᠬᠯᠠᠬᠤ ᠵᠢ ᠳᠡᠮᠵᠢᠵᠤ ᠪᠠᠢᠨ᠎ᠠ᠃ ᠵᠠᠷᠤᠳ ᠬᠤᠰᠢᠭᠤ ᠴᠦ᠍ ᠬᠡᠪᠴᠢᠶᠡᠵᠢᠭᠰᠡᠨ ᠡᠵᠡᠩᠨᠡᠯᠳᠡ ᠳ᠋ᠤ ᠦᠭᠬᠦ ᠡᠳ᠋ ᠤ᠋ᠨ ᠵᠠᠰᠠᠭ ᠤ᠋ᠨ ᠲᠠᠮᠵᠢᠯᠬᠡ ᠪᠡᠨ ᠬᠦᠴᠦᠯᠡᠨ ᠴᠢᠩᠭᠠᠳᠬᠠᠵᠤ ᠪᠠᠢᠨ᠎ᠠ᠃

ᠮᠦ᠍ ᠰᠧᠨ ᠳᠡᠵᠢᠬᠡᠨ ᠦᠷᠡᠵᠢᠬᠦᠯᠬᠦ᠌ ᠰᠠᠭᠤᠷᠢᠨ ᠦᠪᠦᠷ ᠮᠤᠩᠭᠤᠯ ᠤ᠋ᠨ ᠲᠠᠷᠢᠶᠠᠯᠠᠩ ᠤ᠋ᠨ ᠶᠡᠭᠡ ᠰᠤᠷᠭᠠᠭᠤᠯᠢ ᠲᠠᠢ ᠬᠠᠮᠲᠤᠷᠠᠯᠴᠠᠨ ᠠᠵᠢᠯᠯᠠᠬᠤ ᠬᠠᠷᠢᠴᠠᠭ᠎ᠠ ᠪᠠᠢᠭᠤᠯᠵᠤ᠂ ᠮᠡᠷᠬᠡᠵᠢᠯ ᠤ᠋ᠨ ᠲᠤᠰᠠᠯᠠᠮᠵᠢ ᠬᠦᠷᠳᠡᠳᠡᠭ ᠮᠦᠷᠳᠡᠭᠡᠨ ᠬᠤᠰᠢᠭᠤᠨ ᠤ᠋ ᠵᠠᠰᠠᠭ ᠤ᠋ᠨ ᠣᠷᠳᠤᠨ ᠡᠴᠡ 200 ᠲᠦᠮᠡᠨ ᠲᠦᠬᠦᠷᠢᠭ ᠤ᠋ᠨ ᠦᠷᠳᠡᠭ ᠪᠦᠬᠦᠢ ᠤᠶᠤᠨᠴᠢ ᠮᠠᠯᠵᠢᠯ ᠤ᠋ᠨ ᠲᠤᠨᠤᠭ ᠲᠦᠬᠦᠭᠡᠷᠦᠮᠵᠢ ᠤᠭᠰᠠᠷᠠᠵᠦ ᠦᠭᠬᠦᠭᠰᠡᠨ ᠨᠢ ᠲᠡᠳᠡᠨ ᠤ᠋ ᠮᠠᠯᠵᠢᠯ ᠤ᠋ᠨ ᠳᠠᠯᠠᠪᠠᠢ ᠵᠢᠨ ᠬᠠᠮᠢᠶᠠᠷᠤᠯᠳᠠ ᠪᠠ ᠮᠠᠯ ᠰᠦᠷᠦᠭ ᠤ᠋ᠨ ᠠᠷᠠᠴᠢᠯᠠᠭ᠎ᠠ ᠳ᠋ᠤ ᠶᠡᠬᠡᠬᠡᠨ ᠲᠤᠰᠠ ᠳᠡᠮ ᠪᠤᠯᠵᠤ᠂ ᠬᠡᠪᠴᠢᠶᠡᠵᠢᠬᠦᠯᠦᠨ ᠡᠵᠡᠩᠨᠡᠬᠦ ᠡᠷᠴᠢ ᠵᠤᠷᠢᠭ ᠢ᠋ ᠨᠢ ᠬᠦᠪᠴᠢᠯᠡᠪᠡ᠃ 《ᠲᠡᠭᠰᠢᠳᠬᠡᠵᠦ ᠪᠤᠳᠤᠪᠠᠯ ᠨᠢᠭᠡ ᠡᠮ᠎ᠡ ᠬᠤᠨᠢ ᠳ᠋ᠤ ᠰᠠᠷ᠎ᠠ ᠵᠢᠨ 100 ᠲᠦᠬᠦᠷᠢᠭ ᠤ᠋ᠨ ᠵᠠᠷᠤᠳᠠᠯ ᠣᠷᠣᠵᠤ᠂ ᠡᠨᠡ ᠵᠢᠯ ᠬᠤᠷᠠᠭ᠎ᠠ ᠪᠠᠨ ᠲᠤᠮᠳᠠᠴᠢ ᠪᠡᠷ 730 ᠲᠦᠬᠦᠷᠢᠭ ᠵᠢᠡᠷ ᠬᠤᠳᠠᠯᠳᠤᠵᠠᠢ᠃ ᠤᠷᠤᠯᠭ᠎ᠠ ᠵᠢᠨ ᠬᠤᠪᠢ ᠳ᠋ᠤ ᠶᠡᠬᠡ ᠵᠦᠬᠡᠷ᠂ ᠬᠤᠨᠢ ᠪᠠᠨ ᠦᠷᠡᠵᠢᠬᠦᠯᠦᠭᠡᠳ 5 ᠲᠦᠮᠡ ᠵᠢ ᠳᠠᠪᠠᠭᠤᠯᠤᠨ᠎ᠠ》 ᠭᠡᠵᠦ ᠶᠠᠩ ᠪᠦᠧᠧ ᠢᠳᠡᠬᠡᠯ ᠲᠡᠬᠦᠯᠳᠡᠷ ᠬᠡᠯᠡᠨ᠎ᠠ᠃

ᠵᠠᠷᠤᠳ ᠬᠣᠱᠢᠭᠤᠨ ᠤ᠋ ᠯᠦᠪᠸᠢ ᠪᠠᠯᠭᠠᠰᠤ ᠵᠢᠨ ᠬᠦᠩ ᠨᠦᠩ ᠲᠤᠰᠬᠤᠨ ᠳ᠋ᠤ ᠪᠠᠢᠭ᠎ᠠ ᠴᠦᠨ ᠵᠧᠨ ᠮᠦ᠍ ᠲᠡᠵᠢᠭᠡᠨ ᠦᠷᠡᠵᠢᠭᠦᠯᠬᠦ᠌ ᠺᠤᠮᠫᠠᠨᠢ ᠪᠤᠯ ᠤᠬᠤᠷ ᠰᠡᠬᠦᠯᠳᠦ ᠦᠯᠴᠢᠷ ᠬᠤᠨᠢ ᠵᠢ ᠪᠤᠢᠵᠢᠭᠤᠯᠬᠤ᠂ ᠲᠡᠵᠢᠭᠡᠬᠦ ᠪᠠ ᠪᠣᠷᠣᠯᠠᠭᠤᠯᠬᠤ ᠵᠢ ᠨᠢᠭᠡ ᠴᠣᠭ᠍ᠴᠠᠵᠢᠭᠤᠯᠤᠭ᠍ᠰᠠᠨ ᠶᠡᠷᠦᠩᠬᠡᠢᠯᠡᠭ᠌ᠰᠡᠨ ᠴᠢᠨᠠᠷᠲᠠᠶ ᠲᠡᠵᠢᠭᠡᠨ ᠦᠷᠡᠵᠢᠭᠦᠯᠬᠦ᠌ ᠲᠠᠯᠠᠪᠠᠢ ᠪᠠᠢᠵᠦ᠂ ᠵᠢᠯ ᠤ᠋ᠨ ᠡᠵᠡᠩᠨᠡᠯᠲᠡ ᠵᠢᠨ ᠣᠷᠣᠯᠭ᠎ᠠ ᠨᠢ 300 ᠲᠦᠮᠡᠨ ᠲᠥᠭᠥᠷᠢᠭ ᠢ᠋ ᠳᠠᠪᠠᠨ᠂ ᠵᠢᠯ ᠪᠦᠷᠢ ᠲᠣᠰᠭᠣᠨ ᠤ᠋ ᠬᠠᠮᠲᠤ ᠵᠢᠨ ᠠᠵᠤ ᠠᠬᠤᠢ ᠳ᠋ᠤ 12.23 ᠲᠦᠮᠡᠨ ᠲᠥᠭᠥᠷᠢᠭ ᠤ᠋ᠨ ᠣᠷᠣᠯᠭ᠎ᠠ ᠡᠭᠦᠳᠴᠦ᠍᠂ ᠲᠤᠰᠬᠤᠨ ᠤ᠋ ᠬᠦᠮᠦᠰ ᠲᠦ᠍ ᠠᠵᠢᠯ ᠤ᠋ᠨ ᠪᠠᠢᠷᠢ ᠬᠠᠩᠭᠠᠨ ᠠᠵᠢᠯᠴᠢᠨ ᠤ᠋ ᠬᠥᠮᠦᠨ ᠳᠤᠮᠳᠠᠴᠢ ᠵᠢᠨ ᠵᠢᠯ ᠤ᠋ᠨ ᠣᠷᠣᠯᠭ᠎ᠠ ᠵᠢ ᠪᠠᠷᠤᠭ 6.5 ᠲᠦᠮᠡᠨ ᠲᠥᠭᠥᠷᠢᠭ ᠨᠡᠮᠡᠭ᠌ᠳᠡᠬᠦᠯᠵᠠᠢ᠃ ᠲᠡᠷᠡ ᠮᠦᠷᠳᠡᠬᠡᠨ ᠠᠵᠤ ᠦᠢᠯᠡᠰ ᠤ᠋ᠨ ᠬᠡᠯᠬᠢᠶ᠎ᠡ ᠵᠢ ᠤᠷᠲᠤᠳᠭᠠᠬᠤ ᠪᠠᠷ ᠳᠠᠮᠵᠢᠨ ᠤᠢᠷ᠎ᠠ ᠬᠠᠪᠢ ᠵᠢᠨ ᠲᠡᠵᠢᠭᠡᠯ ᠪᠤᠷᠳᠤᠭᠠᠨ ᠤ᠋ ᠦᠢᠯᠡᠰ ᠢ᠋ ᠲᠠᠢᠴᠢᠯᠠᠨ ᠬᠥᠭ᠌ᠵᠢᠬᠦᠯᠵᠤ᠂ ᠮᠠᠯᠴᠢᠨ ᠲᠠᠷᠢᠶᠠᠴᠢᠨ ᠤ᠋ ᠣᠷᠣᠯᠭ᠎ᠠ ᠵᠢᠨ ᠨᠡᠮᠡᠭᠳᠡᠯ ᠳ᠋ᠤ ᠪᠠᠰᠠ ᠲᠤᠰᠠ ᠲᠡᠮ ᠪᠤᠯᠵᠠᠢ᠃

ᠳᠠᠯ᠎ᠠ ᠵᠢᠨ ᠵᠢᠡᠨ ᠬᠦᠨ ᠳ᠋ᠤ᠂ ᠰᠦᠷᠦᠭ ᠤ᠋ᠨ ᠵᠢᠡᠨ ᠳᠡᠷᠭᠡᠳᠡ ᠵᠠᠭᠤ ᠮᠢᠩᠭᠠᠨ ᠵᠢᠯ ᠵᠢᠡᠷ ᠮᠠᠯ ᠮᠠᠯᠵᠢᠵᠦ ᠢᠷᠡᠭᠰᠡᠨ ᠨᠠᠷᠠᠨ ᠤ᠋ ᠪᠤᠷᠤ ᠮᠠᠯᠴᠢᠳ ᠤ᠋ᠨ ᠮᠠᠯᠵᠢᠯ ᠤ᠋ᠨ ᠤᠬᠠᠭᠠᠨ ᠡᠳᠦᠬᠡ ᠪᠠᠢᠭᠠᠯᠢ ᠠᠬᠤᠢ ᠵᠢᠨ ᠬᠤᠪᠢᠰᠤᠯᠳᠠ᠂ ᠵᠠᠬ᠎ᠠ ᠳᠡᠯᠭᠡᠭᠦᠷ ᠤ᠋ᠨ ᠲᠦᠷᠢᠯᠳᠡ᠂ ᠠᠯᠤᠰ ᠬᠦᠭᠵᠢᠯᠳᠡ ᠵᠢᠨ ᠱᠠᠭᠠᠷᠳᠠᠯᠭ᠎ᠠ ᠳ᠋ᠤ ᠦᠪᠡᠷ ᠦᠪᠡᠷ ᠤ᠋ᠨ ᠵᠢᠮ᠎ᠠ ᠪᠡᠷ ᠵᠢᠡᠨ ᠴᠠᠭ ᠦᠶ᠎ᠡ ᠵᠢ ᠲᠠᠭᠠᠨ ᠰᠢᠨᠡᠳᠦᠨ ᠦᠬᠡᠷᠡᠳᠦᠵᠦ ᠪᠠᠢᠭ᠎ᠠ ᠵᠢ ᠤᠶᠤᠳᠠᠨ ᠮᠠᠯᠴᠢᠨ ᠰᠤᠭᠤᠷ ᠤ᠋ᠨ ᠤᠳᠤ ᠦᠶ᠎ᠠ ᠵᠢᠨ ᠬᠡᠷ ᠪᠦᠯᠢ ᠵᠢᠨ ᠮᠠᠯᠵᠢᠯ ᠤ᠋ᠨ ᠳᠠᠯᠠᠪᠠᠢ᠂ ᠪᠠᠢ ᠱᠦᠨ ᠳᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠵᠢᠨ 《ᠦᠨᠢᠶ᠎ᠠ ᠪᠠᠨ ᠰᠦᠷᠦᠭ ᠲᠦ᠍ᠨᠢ ᠳᠠᠯᠪᠢᠵᠦ ᠲᠤᠭᠤᠯ ᠠᠪᠬᠤ》 ᠵᠠᠭᠪᠤᠷ᠂ ᠲᠤᠯᠤᠭᠠᠨ ᠲᠤᠰᠬᠤᠨ ᠤ᠋ ᠬᠤᠯᠪᠤᠭᠠᠳᠦ ᠬᠤᠷᠰᠢᠶ᠎ᠠ ᠵᠢᠨ ᠦᠢᠯᠡᠳᠦᠯᠬᠡ᠂ ᠴᠦᠨ ᠵᠧᠨ ᠮᠦ᠍ ᠲᠡᠵᠢᠭᠡᠨ ᠦᠷᠡᠵᠢᠭᠦᠯᠬᠦ᠌ ᠺᠣᠮᠫᠠᠨᠢ ᠵᠢᠨ ᠬᠦᠭᠵᠢᠯᠳᠡ᠂ ᠮᠦ᠍ ᠰᠧᠨ ᠳᠡᠵᠢᠬᠡᠨ ᠦᠷᠡᠵᠢᠬᠦᠯᠬᠦ᠌ ᠰᠠᠭᠤᠷᠢᠨ ᠤ᠋ ᠠᠮᠵᠢᠯᠳᠠ ᠡᠴᠡ ᠬᠠᠷᠠᠯ᠎ᠠ᠃ ᠲᠡᠳᠡᠨ᠎ᠦ ᠮᠠᠯᠴᠢᠨ ᠲᠦᠮᠡᠨ ᠢ᠋ ᠲᠠᠢᠴᠢᠯᠠᠨ 《ᠮᠠᠯ》 ᠤ᠋ᠨ ᠠᠰᠠᠭᠤᠳᠠᠯ ᠢ᠋ ᠰᠢᠢᠳᠪᠤᠷᠢᠯᠡᠬᠦ ᠪᠦᠳᠦᠮᠵᠢᠳᠠᠢ ᠠᠷᠭ᠎ᠠ ᠵᠠᠮ ᠢ᠋ ᠬᠠᠮᠳᠤ ᠪᠡᠷ ᠬᠠᠢᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠬᠤ᠂ ᠲᠦᠪᠯᠡᠷᠡᠭᠰᠡᠨ ᠡᠷᠴᠢᠮᠵᠢᠭᠰᠡᠨ ᠬᠡᠪᠴᠢᠶᠡᠵᠢᠭᠰᠡᠨ ᠪᠠᠷᠢᠮᠵᠢᠶᠠᠵᠢᠭᠰᠠᠨ ᠮᠠᠯ ᠠᠵᠤ ᠠᠬᠤᠢ ᠵᠢᠨ ᠬᠦᠭᠵᠢᠯᠳᠡ ᠳ᠋ᠤ ᠲᠤᠯᠢ ᠪᠤᠯᠬᠤᠢᠴᠠ ᠯᠠᠪᠯᠠᠯᠳᠠ ᠬᠠᠩᠭᠠᠭᠰᠠᠨ ᠨᠢ ᠪᠠᠬᠠᠳᠤᠭᠤᠰᠢᠳᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号