— ᠪᠡᠯᠴᠢᠭᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠤᠬᠰᠠᠨ ᠦᠪᠦᠷ ᠮᠤᠡᠭᠭᠤᠯ ᠤ᠋ᠨ ᠰᠢᠨ᠎ᠠ ᠦᠢᠯᠡᠳᠦᠯᠭᠡ ⑥
ᠠᠳᠠᠷ ᠲᠠᠯ᠎ᠠ ᠵᠢᠨ ᠰᠢᠮ᠎ᠠ ᠳᠠᠢ
ᠠᠳᠤᠭᠤ ᠮᠠᠯ ᠤ᠋ᠨ ᠬᠡᠰᠢᠭ ᠲᠠᠢ
ᠠᠵᠢᠯᠴᠢ ᠮᠠᠯᠴᠢᠳ ᠤ᠋ᠨ ᠵᠢᠳᠬᠦᠯ ᠲᠠᠢ
ᠠᠳᠠᠯ ᠦᠢᠯᠡᠰ ᠤ᠋ᠨ ᠤᠶᠠᠩᠭ᠎ᠠ ᠲᠠᠢ
ᠬᠦᠳᠡᠬᠡ ᠨᠤᠳᠤᠭ ᠤ᠋ᠨ ᠬᠦᠭᠵᠢᠯ ᠴᠡᠴᠡᠭᠯᠡᠯ ᠶᠠᠭᠤᠨ ᠳ᠋ᠤ ᠰᠠᠭᠤᠷᠢᠯᠠᠬᠤ ᠪᠤᠢ?ᠬᠤᠷᠸ᠎ᠠ ᠪᠠ ᠬᠤᠮᠠᠬᠢ ᠲᠠᠯ᠎ᠠ ᠵᠢᠨ ᠤᠯᠠᠨ ᠬᠦᠴᠦᠨ ᠵᠤᠢᠯ ᠳ᠋ᠤ ᠰᠠᠭᠤᠷᠢᠯᠠᠬᠤ ᠪᠤᠯᠪᠠᠴᠦ ᠡᠬᠦᠨ ᠤ᠋ ᠲᠤᠳᠤᠷ᠎ᠠ ᠡᠴᠡ ᠨᠤᠳᠤᠭ ᠪᠡᠯᠴᠢᠭᠡᠷ᠂ ᠮᠠᠯ ᠤᠨᠤᠭ᠎ᠠ᠂ ᠮᠠᠯᠴᠢᠨ ᠲᠦᠮᠡᠨ ᠪᠤᠯ 《ᠲᠤᠯᠭ᠎ᠠ ᠵᠢᠨ ᠭᠤᠷᠪᠠᠨ ᠴᠢᠯᠠᠭᠤ》 ᠨᠢ ᠪᠠᠢᠵᠤ ᠲᠠᠭᠠᠷᠠᠨ᠎ᠠ᠃ ᠡᠨᠡ ᠭᠤᠷᠪᠠ ᠡᠶ᠎ᠠ ᠵᠤᠬᠢᠴᠠᠯ ᠵᠢᠡᠨ ᠤᠯᠵᠦ᠂ ᠮᠠᠯᠴᠢᠨ ᠲᠦᠮᠡᠨ ᠤᠷᠤᠯᠭ᠎ᠠ ᠰᠠᠢᠳᠠᠢ ᠪᠠᠢᠪᠠᠯ ᠬᠦᠳᠡᠬᠡ ᠨᠤᠳᠤᠭ ᠰᠠᠶᠢ ᠠᠮᠢᠯᠠᠯ ᠤ᠋ᠨ ᠬᠦᠴᠦᠨ ᠵᠢᠡᠷ ᠪᠢᠯᠬᠠᠨ᠂ ᠬᠦᠭᠵᠢᠯ ᠴᠡᠴᠡᠭᠯᠡᠯ ᠤ᠋ᠨ ᠲᠠᠷᠳᠠᠩ ᠵᠠᠮ ᠬᠤᠯᠠ ᠵᠢᠨ ᠬᠤᠯᠠ ᠳ᠋ᠤ ᠰᠤᠨᠤᠯᠵᠠᠬᠤ ᠶᠤᠮ᠃ ᠳᠡᠬᠡᠪᠡᠯ ᠨᠤᠳᠤᠭ ᠪᠡᠯᠴᠢᠭᠡᠷ᠂ ᠮᠠᠯ ᠤᠨᠤᠭ᠎ᠠ᠂ ᠮᠠᠯᠴᠢᠨ ᠲᠦᠮᠡᠨ ᠤ᠋ ᠡᠬᠦᠷᠢᠳᠡ ᠵᠢᠨ ᠡᠶ᠎ᠠ ᠵᠤᠬᠢᠴᠠᠯ ᠢ᠋ ᠵᠤᠷᠢᠭᠰᠠᠨ ᠪᠡᠯᠴᠢᠭᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠠᠶᠠᠨ ᠳ᠋ᠤ ᠴᠤᠬᠤᠮ 《ᠤᠷᠤᠯᠭ᠎ᠠ》 ᠵᠢᠨ ᠠᠰᠠᠭᠤᠳᠠᠯ ᠢ᠋ ᠭᠡᠷᠬᠢᠨ ᠰᠢᠢᠳᠪᠤᠷᠢᠯᠡᠵᠤ᠂ ᠮᠠᠯᠴᠢᠨ ᠲᠦᠮᠡᠨ ᠤ᠋ ᠤᠷᠤᠯᠭ᠎ᠠ ᠵᠢᠨ ᠨᠡᠮᠡᠭᠳᠡᠯ ᠢ᠋ ᠶᠠᠭᠠᠬᠢᠵᠤ ᠪᠠᠳᠤᠯᠠᠬᠤ ᠪᠤᠢ?
11 ᠰᠠᠷ᠎ᠠ ᠵᠢᠨ ᠡᠬᠢ ᠪᠡᠷ ᠪᠢᠳᠡ ᠦᠪᠡᠷᠳᠡᠬᠡᠨ ᠵᠠᠰᠠᠬᠤ ᠤᠷᠤᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠤᠷᠠᠲᠠᠯᠠ ᠪᠡᠯᠴᠢᠭᠡᠷᠯᠡᠭᠦᠯᠬᠦ ᠠᠰᠠᠭᠤᠳᠠᠯ ᠢ᠋ ᠱᠢᠶ᠋ᠳᠪᠦᠷᠢᠯᠡᠬᠦ᠌ ᠲᠤᠷᠱᠢᠯᠲᠠ ᠢ᠋ᠢᠨ ᠴᠡᠭ ᠤ᠋ᠨ ᠬᠤᠰᠢᠭᠤ ᠰᠢᠶᠠᠨ ᠪᠤᠯᠬᠤ ᠪᠠᠶᠠᠨᠨᠠᠭᠤᠷ ᠬᠤᠳᠠ ᠵᠢᠨ ᠤᠷᠠᠳ ᠤ᠋ᠨ ᠲᠤᠮᠳᠠᠳᠤ ᠬᠤᠰᠢᠭᠤ᠂ ᠪᠤᠭᠤᠳᠤ ᠬᠤᠳᠠ ᠵᠢᠨ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠂ ᠤᠷᠳᠤᠰ ᠬᠤᠳᠠ ᠵᠢᠨ ᠤᠳᠤᠭ ᠤ᠋ᠨ ᠡᠮᠤᠨᠡᠳᠤ ᠬᠤᠰᠢᠭᠤᠨ ᠳ᠋ᠤ ᠬᠦᠷᠴᠦ ᠰᠤᠷᠪᠤᠯᠵᠢᠯᠠᠬᠤ ᠳ᠋ᠠᠭᠠᠨ᠂ ᠦᠩᠬᠡᠷᠡᠭᠰᠡᠨ ᠤ᠋ ᠠᠢᠯ ᠠᠢᠯ ᠤ᠋ᠨ ᠡᠭᠦᠳᠡᠨ ᠡᠴᠡ ᠬᠤᠳᠠ ᠰᠠᠭᠤᠷᠢᠨ ᠢ᠋ ᠴᠢᠭᠯᠡᠨ ᠰᠤᠨᠤᠯᠵᠠᠭᠰᠠᠨ ᠨᠤᠳᠤᠭ ᠤ᠋ᠨ ᠰᠢᠷ᠎ᠠ ᠵᠠᠮ ᠤᠳᠤ ᠬᠦᠳᠡᠬᠡ ᠨᠤᠳᠤᠭ ᠤ᠋ᠨ ᠬᠦᠰᠡᠯ ᠢ᠋ ᠬᠥᠪᠤᠷᠠᠬᠥᠯᠵᠤ᠂ ᠮᠠᠯᠴᠢᠨ ᠠᠢᠯ ᠢ᠋ ᠠᠵᠦ ᠠᠬᠤᠢᠯᠠᠯ ᠲᠠᠢ ᠬᠤᠯᠪᠤᠨ᠂ ᠪᠠᠶᠠᠵᠢᠯ ᠤ᠋ᠨ ᠳᠠᠷᠳᠠᠩ ᠬᠠᠷᠭᠤᠢ ᠪᠤᠯᠤᠭᠰᠠᠨ ᠢ᠋ ᠬᠠᠷᠠᠵᠤ᠂ ᠴᠠᠬ ᠤ᠋ᠨ ᠰᠠᠢᠬᠠᠨ ᠢ᠋ ᠪᠠᠬᠠᠳᠤᠵᠦ ᠶᠠᠪᠤᠯ᠎ᠠ᠃

ᠵᠠᠡᠭᠬᠢᠯᠠᠭᠠ ᠵᠢᠨ ᠦᠭᠡ᠄ ᠪᠦᠬᠦ ᠬᠡᠯᠬᠢᠶ᠎ᠠ
ᠤᠯᠠᠷᠢᠯ ᠤ᠋ᠨ ᠵᠢᠮ᠎ᠠ ᠪᠡᠷ ᠡᠪᠡᠰᠤᠨ ᠤ᠋ ᠰᠦᠯ ᠲᠠᠰᠤᠷᠠᠨ᠂ ᠮᠤᠳᠤᠨ ᠤ᠋ ᠨᠠᠪᠴᠢ ᠤᠨᠠᠵᠤ ᠡᠬᠢᠯᠡᠭᠰᠡᠨ ᠪᠤᠯᠪᠠᠴᠦ ᠤᠳᠤᠭ ᠤ᠋ᠨ ᠡᠮᠤᠨᠡᠳᠤ ᠬᠤᠰᠢᠭᠤᠨ ᠤ᠋ ᠨᠠᠡᠭᠰᠤ ᠪᠠᠯᠭᠠᠰᠤ ᠵᠢᠨ ᠰᠦᠯᠳᠡ ᠭᠠᠴᠠᠭᠠᠨ ᠤ᠋ ᠮᠠᠯᠴᠢᠨ ᠵᠠᠶᠠᠭ᠎ᠠ ᠵᠢᠨ ᠪᠡᠯᠴᠢᠭᠡᠷ ᠲᠦ᠍ ᠡᠪᠡᠰᠤ ᠬᠠᠷᠭᠠᠨ᠎ᠠ ᠰᠠᠯᠬᠢᠨ ᠤ᠋ ᠠᠶᠠᠰ ᠵᠢᠡᠷ ᠨᠠᠢᠭᠤᠨ ᠬᠠᠯᠢᠭᠤᠷᠠᠵᠤ᠂ ᠲᠠᠡᠭᠰᠤᠬ ᠨᠠᠮᠤᠷ ᠤ᠋ᠨ ᠦᠵᠡᠮᠵᠢ ᠵᠢ ᠬᠠᠷᠠᠭᠤᠯᠤᠨ᠎ᠠ᠃
ᠲᠡᠭᠡᠷ᠎ᠠ ᠵᠠᠭᠤᠨ ᠤ᠋ ᠶᠡᠷᠡᠬᠡᠳ ᠤᠨ ᠳ᠋ᠤ ᠵᠠᠶᠠᠭ᠎ᠠ ᠦᠪᠡᠷ ᠤ᠋ᠨ ᠬᠠᠯᠴᠠᠭᠠᠢ ᠪᠡᠯᠴᠢᠭᠡᠷ ᠲᠡᠭᠡᠷ᠎ᠠ ᠪᠠᠨ 400 ᠭᠠᠷᠤᠢ ᠮᠸ᠋ ᠬᠠᠷᠭᠠᠨ᠎ᠠ ᠲᠠᠷᠢᠵᠠᠢ᠃ 《ᠬᠠᠷᠭᠠᠨ᠎ᠠ ᠭᠡᠵᠦ ᠮᠠᠨ ᠤ᠋ ᠨᠤᠳᠤᠭ ᠤ᠋ᠨ ᠡᠷᠳᠡᠨᠢ᠂ ᠪᠤᠷᠤᠭᠠᠨ ᠬᠤᠷ᠎ᠠ ᠪᠠᠭᠠᠳᠠᠢ ᠡᠯᠡᠰᠤ ᠮᠠᠩᠬᠠᠨ ᠳ᠋ᠤ ᠦᠨᠳᠦᠰᠤ ᠨᠢ ᠬᠦᠨ ᠬᠠᠳᠬᠤᠵᠤ᠂ ᠨᠠᠪᠴᠢ ᠨᠠᠮᠠᠭ᠎ᠠ ᠳ᠋ᠤᠨᠢ ᠤᠭᠤᠷᠠᠭ᠂ ᠥᠭᠡᠬᠦ᠌᠂ ᠸᠢᠲ᠋ᠠᠮᠢᠨ ᠵᠡᠷᠭᠡ ᠣᠯᠠᠨ ᠵᠦᠢᠯ ᠤ᠋ᠨ ᠪᠦᠷᠢᠯᠳᠦᠬᠦᠨ ᠡᠯᠪᠡᠭ ᠠᠭᠤᠯᠤᠭ᠍ᠳᠠᠳᠠᠬ ᠵᠢᠡᠷ ᠵᠢᠡᠨ ᠰᠦᠯ ᠰᠠᠢᠳᠠᠢ ᠲᠡᠵᠢᠭᠡᠯ ᠪᠤᠷᠳᠤᠭ᠎ᠠ ᠪᠤᠯᠵᠦ᠂ ᠮᠠᠯ ᠤᠨᠤᠭ᠎ᠠ ᠢᠳᠡᠬᠦ ᠲᠤᠷᠠᠳᠠᠢ ᠶᠤᠮ 》 ᠭᠡᠵᠦ ᠲᠡᠷᠡ ᠬᠠᠷᠭᠠᠨ᠎ᠠ ᠲᠠᠷᠢᠬᠰᠠᠨ ᠠᠡᠭᠬᠠᠨ ᠤ᠋ ᠪᠤᠳᠤᠯ ᠵᠢᠡᠨ ᠲᠡᠯᠭᠡᠨ᠎ᠠ᠃
ᠡᠳᠦᠭᠡ ᠵᠠᠶᠠᠭ᠎ᠠ ᠵᠢᠨ ᠲᠠᠷᠢᠬᠰᠠᠨ ᠬᠠᠷᠭᠠᠨ᠎ᠠ ᠵᠢᠨ ᠲᠠᠯᠠᠪᠠᠢ 3000 ᠮᠸ᠋ ᠵᠢ ᠲᠠᠪᠠᠵᠤ᠂ ᠵᠤᠨ ᠪᠤᠯᠪᠠᠯ ᠨᠤᠳᠤᠭ ᠪᠡᠯᠴᠢᠭᠡᠷ ᠨᠢ ᠨᠡᠢᠳᠡᠮ ᠳ᠋ᠡᠬᠡᠨ ᠬᠦᠬᠡᠷᠡᠨ ᠨᠤᠭᠤᠭᠠᠷᠠᠵᠤ᠂ ᠬᠤᠨᠢ ᠮᠠᠯ ᠨᠢ ᠳᠠᠷᠭᠤ ᠰᠠᠢᠨ ᠠᠪᠳᠠᠭ᠃ 《ᠬᠠᠷᠭᠠᠨ᠎ᠠ ᠵᠢ ᠲᠠᠷᠢᠵᠤ ᠠᠷᠠᠴᠢᠯᠠᠬᠤ ᠳ᠋ᠤ ᠲᠦᠬᠦᠮ᠂ ᠬᠠᠳᠤᠵᠤ ᠬᠤᠷᠢᠶᠠᠬᠰᠠᠨ ᠬᠠᠷᠭᠠᠨ᠎ᠠ ᠪᠡᠷ ᠲᠡᠵᠢᠭᠡᠯ ᠪᠤᠷᠳᠤᠭ᠎ᠠ ᠪᠤᠯᠭᠠᠵᠤ᠂ ᠦᠭᠡᠷ ᠮᠠᠯ ᠤ᠋ᠨ ᠲᠠᠷᠭᠤ ᠬᠦᠴᠦ ᠵᠢ ᠪᠠᠳᠤᠯᠠᠭᠰᠠᠨ ᠮᠦᠷᠳᠡᠭᠡᠨ ᠨᠤᠳᠤᠭ ᠤᠰᠤ ᠪᠠᠨ ᠴᠦ᠍ ᠨᠤᠭᠤᠭᠠᠷᠠᠭᠤᠯᠴᠢᠬᠠᠯᠠ》 ᠭᠡᠵᠦ ᠵᠠᠶᠠᠭ᠎ᠠ ᠤᠷᠮᠠᠳᠠᠢ ᠬᠡᠯᠡᠨ᠎ᠠ᠃ ᠡᠨᠡ ᠵᠢᠯ ᠲᠡᠷᠡ 200 ᠮᠸ᠋ ᠬᠠᠷᠭᠠᠨ᠎ᠠ ᠬᠠᠳᠤᠵᠤ ᠬᠤᠷᠢᠶᠠᠨ᠂ 500 ᠭᠠᠷᠤᠢ ᠮᠠᠯ ᠤ᠋ᠨ ᠲᠡᠵᠢᠭᠡᠯ ᠪᠤᠷᠳᠤᠭ᠎ᠠ ᠪᠠᠨ ᠬᠦᠷᠦᠯᠴᠡᠬᠦᠢᠴᠡ ᠪᠠᠳᠤᠯᠠᠭᠰᠠᠨ ᠤ ᠬᠤᠢᠨ᠎ᠠ ᠦᠯᠡᠳᠡᠭᠰᠡᠨ ᠢ᠋ ᠨᠢ ᠲᠤᠨ ᠪᠦᠷᠢ ᠵᠢ 300 ᠲᠦᠬᠦᠷᠢᠭ ᠵᠢᠡᠷ ᠤᠢᠷ᠎ᠠ ᠬᠠᠪᠢ ᠵᠢᠨ ᠬᠤᠳᠠ ᠰᠠᠭᠤᠷᠢᠨ ᠳ᠋ᠤ ᠪᠤᠷᠤᠯᠠᠭᠤᠯᠵᠠᠢ᠃ 《ᠬᠠᠷᠭᠠᠨ᠎ᠠ ᠳᠠᠷᠢᠬᠰᠠᠨ ᠵᠢᠡᠷ ᠬᠤᠰᠢᠭᠤ ᠵᠠᠰᠠᠭ ᠡᠴᠡ ᠮᠸ᠋ ᠪᠦᠷᠢ ᠳ᠋ᠤ 30 ᠲᠦᠬᠦᠷᠢᠭ ᠤ᠋ᠨ ᠨᠦᠬᠦᠪᠦᠷᠢ ᠦᠭᠴᠤ᠂ ᠡᠨᠡ ᠨᠢ ᠵᠢᠯ ᠳ᠋ᠤ ᠪᠠᠰᠠ 9 ᠲᠦᠮᠡᠨ ᠲᠦᠬᠦᠷᠢᠭ ᠤ᠋ᠨ ᠤᠷᠤᠯᠭ᠎ᠠ ᠠᠪᠴᠢᠷᠠᠳᠠᠭ ᠶᠤᠮ》 ᠭᠡᠵᠦ ᠵᠠᠶᠠᠭ᠎ᠠ ᠬᠡᠯᠡᠨ᠎ᠠ᠃
ᠵᠠᠶᠠᠭ᠎ᠠ ᠭᠤᠸᠠᠢ ᠠᠮᠵᠢᠯᠳᠠ ᠤᠯᠤᠬᠰᠠᠨ ᠢ᠋ᠢᠡᠷ ᠤᠢᠷ᠎ᠠ ᠬᠠᠪᠢ ᠵᠢᠨ ᠬᠠᠷᠭᠠᠨ᠎ᠠ ᠲᠠᠷᠢᠬᠤ ᠮᠠᠯᠴᠢᠨ ᠨᠠᠡᠭ ᠤᠯᠠᠰᠢᠷᠠᠬᠤ ᠵᠢᠨ ᠵᠡᠷᠭᠡ ᠪᠡᠷ ᠬᠠᠷᠭᠠᠨ᠎ᠠ ᠲᠠᠷᠢᠵᠤ ᠤᠷᠭᠤᠭᠤᠯᠬᠤ᠂ ᠬᠠᠳᠤᠵᠤ ᠬᠤᠷᠢᠶᠠᠬᠤ᠂ ᠡᠳ᠋ᠰᠢᠬᠦᠯᠵᠤ ᠪᠤᠯᠪᠠᠰᠤᠷᠠᠭᠤᠯᠬᠤ᠂ ᠡᠵᠡᠩᠨᠡᠵᠤ ᠪᠤᠷᠤᠯᠠᠭᠤᠯᠬᠤ ᠠᠵᠤ ᠦᠢᠯᠡᠰ ᠴᠸ᠋ ᠦᠷᠨᠢᠨ ᠬᠦᠭᠵᠢᠵᠠᠢ᠃
ᠪᠢᠳᠡ ᠰᠢᠭᠤᠢ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠶ᠋ᠯᠡᠳᠪᠦᠷᠢ ᠵᠢᠨ ᠡᠭᠦᠳᠡᠨ ᠳ᠋ᠤ ᠤᠯᠠᠭᠠᠨᠬᠤᠱᠢᠭᠤ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠳ᠋ᠦ᠋ ᠱ᠌ᠢ ᠴᠢᠶᠠᠩ ᠢ᠋ ᠬᠦᠯᠢᠶᠡᠨ ᠵᠤᠬᠰᠤᠯ᠎ᠠ᠃ ᠤᠳᠠᠵᠤ ᠳᠦᠳᠡᠯ ᠦᠬᠡᠢ 《ᠵᠠ᠂ ᠰᠠᠢᠨ ᠪᠠᠢᠨᠠᠤ⁈ ᠬᠤᠰᠢᠭᠤᠨ ᠲᠡᠭᠡᠷ᠎ᠠ ᠲᠡᠵᠢᠭᠡᠯ ᠪᠤᠷᠳᠤᠭ᠎ᠠ ᠪᠤᠷᠤᠯᠠᠭᠤᠯᠬᠤ ᠶᠠᠪᠤᠳᠠᠯ ᠢ᠋ ᠬᠡᠯᠡᠯᠴᠡᠭᠡᠳ ᠵᠢᠭᠠᠬᠠᠨ ᠤᠷᠤᠢᠳᠠᠵᠤ ᠢᠷᠡᠯ᠎ᠠ》 ᠬᠡᠭᠰᠡᠬᠡᠷ ᠳ᠋ᠦ᠋ ᠱ᠌ᠢ ᠴᠢᠶᠠᠩ ᠳᠡᠷᠬᠡᠨ ᠡᠴᠡ ᠪᠠᠭᠤᠭᠠᠳ ᠮᠠᠨᠤᠰ ᠲᠠᠢ ᠠᠮᠤᠷ ᠮᠡᠨᠳᠤ ᠠᠰᠠᠭᠤᠯᠴᠠᠯᠠ᠃ ᠪᠢᠳᠡ ᠦᠢᠯᠡᠳᠪᠤᠷᠢ ᠵᠢᠨ ᠬᠦᠮᠦᠷᠭᠡ ᠳ᠋ᠤᠨᠢ ᠬᠦᠷᠬᠦ ᠳ᠋ᠤ ᠳᠤᠮᠤ ᠳᠤᠮᠤ ᠤᠭᠤᠳᠠ ᠲᠠᠢ ᠮᠦᠬᠦᠯᠢᠭᠳᠤ ᠪᠤᠷᠳᠤᠭ᠎ᠠ ᠬᠡᠳᠦᠨ ᠮᠦᠷ ᠵᠢᠡᠷ ᠲᠡᠭᠳᠡᠷᠯᠡᠨ ᠤᠪᠤᠭᠠᠯᠠᠵᠤ᠂ ᠬᠠᠷᠭᠠᠨ᠎ᠠ ᠬᠠᠳᠤᠵᠤ ᠬᠤᠷᠢᠶᠠᠬᠤ ᠬᠤᠭᠤᠴᠠᠭᠠᠨ ᠳ᠋ᠤ ᠡᠨᠳᠡ ᠲᠡᠷᠬᠡ ᠲᠡᠷᠬᠡ ᠬᠠᠷᠭᠠᠨ᠎ᠠ ᠵᠢ ᠲᠡᠵᠢᠭᠡᠯ ᠪᠤᠷᠳᠤᠭ᠎ᠠ ᠪᠤᠯᠭᠠᠨ ᠪᠤᠯᠪᠠᠰᠤᠷᠠᠭᠤᠯᠤᠭᠰᠠᠨ ᠶᠠᠭᠠᠷᠠᠯᠳᠠᠢ ᠪᠠᠢᠳᠠᠯ ᠬᠠᠷᠠᠭᠠᠨ ᠳ᠋ᠤ ᠲᠤᠳᠤᠷᠠᠬᠤ ᠰᠢᠬ ᠪᠤᠯᠵᠠᠢ᠃
《ᠪᠢᠳᠡ ᠬᠠᠷᠭᠠᠨ᠎ᠠ ᠵᠢ ᠪᠤᠷᠤ ᠴᠠᠷᠭᠠᠰᠤ᠂ ᠡᠰᠢ ᠰᠦᠷᠡᠯ ᠵᠡᠷᠭᠡ ᠲᠠᠢ ᠰᠢᠨᠵᠢᠯᠡᠬᠦ ᠤᠬᠠᠭᠠᠴᠢ ᠪᠡᠷ ᠬᠤᠯᠢᠨ ᠪᠤᠯᠪᠠᠰᠤᠷᠠᠭᠤᠯᠵᠤ᠂ ᠬᠠᠷᠭᠠᠨ᠎ᠠ ᠵᠢᠨ ᠨᠤᠨᠳᠠᠭ᠂ ᠮᠥᠬᠥᠯᠢᠭᠳᠤ ᠪᠤᠷᠳᠤᠭ᠎ᠠ ᠵᠡᠷᠭᠡ ᠵᠢ ᠵᠢᠯ ᠳ᠋ᠤ 3000 ᠭᠠᠷᠤᠢ ᠲᠣᠨ ᠦᠢᠯᠡᠳᠪᠦᠷᠢᠯᠡᠵᠤ᠂ ᠤᠢᠷ᠎ᠠ ᠬᠠᠪᠢ ᠵᠢᠨ ᠮᠠᠯᠴᠢᠳ ᠤ᠋ᠨ 1200 ᠭᠠᠷᠤᠢ ᠲᠤᠨ ᠬᠠᠷᠭᠠᠨ᠎ᠠ ᠵᠢ ᠪᠦᠳᠦᠮᠵᠢᠳᠡᠢ ᠬᠤᠷᠢᠶᠠᠨ ᠠᠰᠢᠬᠯᠠᠵᠤ ᠪᠠᠢᠨ᠎ᠠ᠃ ᠮᠠᠯᠴᠢᠳ ᠤ᠋ᠨ ᠬᠠᠷᠭᠠᠨ᠎ᠠ ᠲᠠᠷᠢᠬᠤ ᠢᠳᠡᠪᠬᠢᠵᠢᠯ ᠮᠠᠰᠢ ᠦᠨᠳᠦᠷ᠂ ᠬᠠᠷᠭᠠᠨ᠎ᠠ ᠲᠠᠷᠢᠬᠰᠠᠨ ᠡᠴᠨ ᠪᠡᠯᠴᠢᠬᠡᠷ ᠰᠠᠢᠵᠢᠷᠠᠭᠰᠠᠨ ᠵᠢᠡᠷ ᠪᠠᠷᠠᠬᠤ ᠥᠬᠡᠶ ᠡᠷᠦᠬᠡ ᠪᠦᠷᠢ ᠵᠢᠨ ᠵᠢᠯ ᠤ᠋ᠨ ᠤᠷᠤᠯᠭ᠎ᠠ ᠨᠢ ᠴᠦ᠍ ᠬᠡᠳᠦᠨ ᠲᠦᠮᠡᠨ ᠲᠥᠭᠥᠷᠢᠭ ᠨᠡᠮᠡᠭᠳᠡᠭᠰᠡᠨ ᠰᠢᠦ!》 ᠭᠡᠵᠦ᠍ ᠳ᠋ᠦ᠋ ᠱ᠌ᠢ ᠴᠢᠶᠠᠩ ᠳᠠᠨᠢᠯᠴᠠᠭᠤᠯᠪᠠ᠃
2021 ᠣᠨ ᠳ᠋ᠤ᠂ ᠨᠠᠡᠭᠰᠤ ᠪᠠᠯᠭᠠᠰᠤᠨ ᠤ᠋ ᠵᠠᠰᠠᠭ ᠤ᠋ᠨ ᠣᠷᠳᠣᠨ ᠤ᠋ ᠵᠣᠬᠢᠴᠠᠭᠤᠯᠭ᠎ᠠ ᠪᠡᠷ ᠱᠢᠷᠠᠬᠤᠱᠢᠭᠤ᠂ ᠤᠯᠠᠭᠠᠨᠬᠤᠱᠢᠭᠤ᠂ ᠪᠠᠶᠠᠨ ᠦᠵᠦᠭᠦᠷ 3 ᠭᠠᠴᠠᠭ᠎ᠠ ᠵᠢᠨ ᠬᠢᠨ ᠵᠥᠪᠳᠡᠯᠴᠡᠬᠡᠳ ᠭᠠᠴᠠᠭᠠᠨ ᠤ᠋ ᠬᠠᠮᠳᠤ ᠨᠡᠢᠲᠡ ᠡᠴᠨ ᠪᠡᠯᠡ ᠮᠦᠡᠭᠭᠦ ᠭᠠᠷᠭᠠᠨ ᠱᠢᠭᠤᠶ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠶ᠋ᠯᠡᠳᠪᠦᠷᠢ ᠶ᠋ᠢ ᠬᠠᠮᠲᠤᠷᠠᠨ ᠪᠠᠢᠭᠤᠯᠵᠠᠢ᠃ 《3 ᠭᠠᠴᠠᠭ᠎ᠠ ᠬᠠᠮᠲᠤᠷᠠᠨ ᠠᠵᠢᠯᠯᠠᠬᠤ ᠨᠢ ᠰᠠᠭᠤᠷᠢ ᠲᠦᠭᠦᠭᠡᠷᠦᠮᠵᠢ ᠠᠨᠠᠢ᠂ ᠪᠠᠯᠠ ᠮᠥᠩᠭᠥ᠌ ᠬᠦᠷᠦᠯᠴᠡᠬᠦ ᠦᠭᠡᠢ ᠵᠡᠷᠭᠡ ᠠᠰᠠᠭᠤᠳᠠᠯ ᠢ᠋ ᠱᠢᠶ᠋ᠳᠪᠦᠷᠢᠯᠡᠵᠦ᠂ ᠭᠠᠴᠠᠭᠠᠨ ᠤ᠋ ᠬᠠᠮᠲᠤ ᠵᠢᠨ ᠠᠵᠤ ᠠᠬᠤᠶ ᠵᠢᠨ ᠣᠷᠣᠯᠭ᠎ᠠ ᠵᠢ 20 ᠲᠦᠮᠡᠨ ᠲᠦᠭᠦᠷᠢᠭ ᠨᠡᠮᠡᠭᠳᠡᠬᠦᠯᠦᠭᠰᠡᠨ ᠮᠦᠷᠳᠡᠬᠡᠨ ᠤᠢᠷ᠎ᠠ ᠬᠠᠪᠢ ᠵᠢᠨ ᠮᠠᠯᠴᠢᠨ ᠲᠠᠷᠢᠶᠠᠴᠢᠨ ᠳ᠋ᠤ 10 ᠠᠵᠢᠯ ᠤ᠋ᠨ ᠪᠠᠢᠷᠢ ᠬᠠᠩᠭᠠᠵᠦ᠂ ᠲᠡᠳᠡᠨ ᠤ᠋ ᠮᠠᠯᠵᠢᠯ ᠤ᠋ᠨ ᠪᠤᠰᠤ ᠤᠷᠤᠯᠭ᠎ᠠ ᠵᠢ ᠶᠡᠬᠡᠬᠡᠨ ᠲᠡᠭᠡᠭᠰᠢᠯᠡᠬᠦᠯᠪᠠ᠃ ᠪᠢᠳᠡ ᠪᠠᠰᠠ ᠶᠠᠳᠠᠭᠤ ᠡᠴᠡ ᠠᠩᠭᠢᠵᠢᠷᠠᠭ᠍ᠰᠠᠨ ᠡᠷᠦᠬᠡ ᠳ᠋ᠤ ᠵᠢᠯ ᠪᠦᠷᠢ 2 ᠲᠣᠨ ᠡᠪᠡᠰᠦ ᠪᠤᠷᠳᠤᠭ᠎ᠠ ᠶ᠋ᠢ ᠦᠨ᠎ᠡ ᠲᠥᠯᠥᠪᠦᠷᠢ ᠥᠬᠡᠶ ᠬᠠᠩᠭᠠᠵᠤ ᠪᠠᠢᠨ᠎ᠠ》 ᠭᠡᠵᠦ᠍ ᠳ᠋ᠦ᠋ ᠱ᠌ᠢ ᠴᠢᠶᠠᠩ ᠬᠡᠯᠡᠨ᠎ᠠ᠃
ᠰᠦᠯ ᠰᠠᠢᠳᠠᠢ ᠲᠡᠵᠢᠭᠡᠯ ᠪᠣᠷᠳᠣᠭ᠎ᠠ ᠵᠢᠨ ᠬᠦᠷᠦᠯᠴᠡᠬᠦᠢᠴᠡ ᠢᠷᠡᠯᠳᠡ ᠲᠠᠢ ᠪᠤᠯᠬᠤᠷ ᠪᠡᠯᠴᠢᠬᠡᠷ ᠤ᠋ᠨ ᠲᠠᠭᠠᠭᠠᠴᠠ ᠳ᠋ᠠᠭᠠᠨ ᠵᠤᠬᠢᠴᠠᠭᠤᠯᠵᠤ ᠬᠠᠰᠢᠶᠠᠯᠡᠨ ᠲᠠᠵᠢᠬᠡᠭᠰᠡᠨ ᠪᠤᠶᠤ ᠬᠠᠭᠠᠰ ᠬᠠᠰᠢᠶᠠᠯᠠᠨ ᠲᠠᠵᠢᠬᠡᠭᠰᠡᠨ ᠮᠠᠯ ᠤ᠋ᠨ ᠲᠠᠷᠭᠤ ᠰᠠᠢᠳᠠᠢ ᠪᠠᠢᠬᠤ ᠵᠢ ᠪᠠᠳᠤᠯᠠᠪᠠ᠃ ᠲᠠᠬᠡᠪᠡᠯ ᠳᠠᠷᠭᠤ ᠰᠠᠢᠳᠠᠢ ᠮᠠᠯ ᠵᠢᠡᠨ ᠬᠡᠷᠬᠢᠨ ᠰᠠᠢᠨ ᠦᠨ᠎ᠠ ᠳ᠋ᠤ ᠬᠦᠷᠬᠡᠵᠤ᠂ ᠰᠠᠭᠠᠳ ᠦᠬᠡᠢ ᠬᠤᠳᠠᠯᠳᠤᠬᠤ ᠪᠤᠢ? ᠤᠷᠳᠤᠰ ᠬᠤᠳᠠ ᠵᠢᠨ ᠾᠧᠩ ᠺᠸ ᠲᠠᠷᠢᠶᠠᠯᠠᠩ ᠮᠠᠯ ᠠᠵᠤ ᠠᠬᠤᠶ ᠵᠢᠨ ᠨᠡᠬᠡᠬᠡᠨ ᠬᠦᠭᠵᠢᠬᠦᠯᠦᠯᠳᠡ ᠵᠢᠨ ᠬᠢᠵᠠᠭᠠᠷᠳᠤ ᠺᠣᠮᠫᠠᠨᠢ ᠵᠢ ᠨᠠᠩᠰᠤ ᠪᠠᠯᠭᠠᠰᠤᠨ ᠳ᠋ᠤ ᠨᠤᠳᠤᠭᠰᠢᠭᠤᠯᠤᠭᠰᠠᠨ ᠡᠴᠡ ᠨᠠᠭᠠᠰᠢ ᠡᠨᠡ ᠬᠦ᠌ ᠠᠰᠠᠭᠤᠳᠠᠯ ᠠᠶᠠᠨᠳᠠᠭᠠᠨ ᠰᠢᠢᠳᠪᠤᠷᠢᠯᠡᠭᠳᠡᠪᠡ᠃ 《ᠪᠢ ᠵᠢᠯ ᠪᠦᠷᠢ ᠲᠤᠰ ᠺᠣᠮᠫᠠᠨᠢ ᠳ᠋ᠤ 120 ᠬᠤᠷᠠᠭ᠎ᠠ ᠬᠤᠳᠠᠯᠳᠤᠬᠤ ᠬᠡᠯᠡᠯᠴᠡᠭᠡᠷ ᠲᠤᠬᠳᠠᠵᠤ᠂ᠡᠨᠡ ᠤᠳᠠᠭ᠎ᠠ 22 ᠬᠤᠷᠠᠭ᠎ᠠ ᠲᠡᠭᠡᠭᠡᠵᠦ ᠠᠪᠴᠢᠷᠠᠯ᠎ᠠ᠃ ᠺᠤᠮᠫᠠᠨᠢ ᠡᠴᠡ ᠬᠡᠮ ᠬᠢᠵᠢᠭ ᠢ᠋ ᠨᠠᠷᠢᠨ ᠪᠠᠢᠴᠠᠭᠠᠵᠤ᠂ ᠬᠠᠮᠢᠶ᠎ᠠ ᠪᠦᠬᠦᠢ ᠪᠠᠷᠢᠮᠵᠢᠶ᠎ᠠ ᠳ᠋ᠤ ᠨᠡᠢᠴᠡᠪᠡᠯ ᠪᠦᠬᠦᠨ ᠢ᠋ ᠬᠠᠨᠤᠮᠵᠢᠳᠠᠢ ᠦᠨ᠎ᠡ ᠪᠡᠷ ᠬᠤᠳᠠᠯᠳᠤᠨ ᠠᠪᠴᠦ᠂ ᠶᠠᠪᠤᠭᠤᠯ ᠮᠠᠢᠮᠠᠢᠴᠢᠨ ᠳ᠋ᠤ ᠦᠭᠬᠦ ᠵᠢ ᠪᠤᠳᠤᠪᠠᠯ ᠬᠤᠷᠠᠭ᠎ᠠ ᠨᠢᠬᠡᠪᠦᠷᠢ ᠡᠴᠡ 100 — 120 ᠲᠦᠬᠦᠷᠢᠭ ᠢᠯᠡᠬᠦᠤ ᠤᠯᠳᠠᠭ᠃ ᠤᠳᠤ ᠪᠢᠳᠡ ᠬᠤᠨᠢ ᠪᠠᠨ ᠰᠠᠢ᠌ᠨ ᠲᠡᠵᠢᠭᠡᠪᠡᠯ ᠪᠣᠯᠴᠢᠬᠠᠨ᠎ᠠ᠂ ᠪᠣᠷᠣᠯᠠᠭᠤᠯᠭ᠎ᠠ ᠵᠢᠨ ᠲᠠᠯ᠎ᠠ ᠪᠠᠷ ᠰᠠᠨᠠᠭ᠎ᠠ ᠵᠣᠪᠠᠬᠤ ᠦᠭᠡᠢ ᠪᠤᠯᠵᠠᠢ》 ᠭᠡᠵᠤ ᠡᡁᠸᠩ ᠺᠸ ᠺᠣᠮᠫᠠᠨᠢ ᠳ᠋ᠤ ᠬᠤᠷᠠᠭ᠎ᠠ ᠪᠠᠨ ᠬᠤᠳᠠᠯᠳᠤᠬᠤ ᠪᠡᠷ ᠢᠷᠡᠭᠰᠡᠨ ᠮᠠᠯᠴᠢᠨ ᠠᠯᠳᠠᠡᠸᠴᠢᠷ ᠬᠡᠯᠡᠵᠤ ᠪᠠᠢᠯ᠎ᠠ᠃
ᠡᡁᠸᠩ ᠺᠸ ᠺᠣᠮᠫᠠᠨᠢ 2023 ᠣᠨ ᠳ᠋ᠤ ᠪᠦᠬᠦ᠌ ᠤᠯᠤᠰ ᠤ᠋ᠨ ᠲᠠᠷᠢᠶᠠᠯᠠᠩ ᠮᠠᠯ ᠠᠵᠤ ᠠᠬᠤᠢ ᠵᠢᠨ ᠠᠵᠤ ᠦᠢᠯᠡᠰᠵᠢᠯᠲᠡ ᠵᠢᠨ ᠲᠠᠭᠠᠭᠤᠯᠤᠬ᠍ᠴᠢ ᠠᠵᠤ ᠠᠬᠤᠢᠯᠠᠯ ᠵᠢᠡᠷ ᠦᠨᠡᠯᠡᠭ᠌ᠳᠡᠵᠦ᠍᠂ ᠤᠳᠤ ᠵᠢᠯ ᠤ᠋ᠨ ᠦᠢᠯᠡᠳᠬᠦᠨ ᠤ᠋ ᠦᠷᠳᠡᠭ ᠨᠢ ᠳ᠋ᠦᠩᠱᠢᠭᠤᠷ ᠲᠥᠭᠥᠷᠢᠭ ᠲᠦ᠍ ᠬᠦᠷᠴᠤ ᠪᠠᠢᠨ᠎ᠠ᠃ ᠲᠤᠰ ᠺᠣᠮᠫᠠᠨᠢ 《ᠵᠠᠭᠤᠨ ᠮᠠᠯᠵᠢᠬᠤ ᠡᠷᠦᠬᠡ ᠲᠠᠢ ᠣᠲᠣᠬᠢᠴᠢᠯᠠᠬᠰᠠᠨ ᠮᠠᠯ ᠠᠵᠤ ᠠᠬᠤᠶ ᠵᠢᠨ ᠵᠢᠱ᠌ᠢᠶ᠎ᠡ ᠦᠵᠡᠭᠦᠯᠵᠦ᠍ ᠬᠠᠮᠲᠤᠷᠠᠨ ᠪᠠᠢᠭᠤᠯᠬᠤ ᠢᠨᠵᠧᠨᠧᠷᠢᠩ》 ᠢ᠋ ᠬᠡᠷᠡᠭ᠌ᠵᠢᠭᠦᠯᠵᠦ᠍᠂ ᠡᠷᠦᠭᠡ ᠪᠦᠷᠢ ᠳ᠋ᠤ 240 ᠲᠡᠭ᠌ᠰᠢ ᠳᠥᠷᠪᠡᠯᠵᠢᠨ ᠮᠧᠲ᠋ᠷ ᠤ᠋ᠨ ᠬᠠᠱᠢᠶᠠ ᠰᠠᠷᠠᠪᠴᠢ ᠵᠢ ᠦᠨ᠎ᠡ ᠲᠥᠯᠥᠪᠦᠷᠢ ᠥᠬᠡᠶ ᠪᠠᠢᠭᠤᠯᠤᠨ ᠦᠭᠴᠦ᠂ ᠮᠠᠯᠵᠢᠬᠤ ᠡᠷᠦᠬᠡ ᠡᠴᠨ ᠺᠤᠮᠫᠠᠨᠢ ᠳ᠋ᠤ ᠵᠢᠯ ᠪᠦᠷᠢ 120 ᠬᠤᠷᠠᠭ᠎ᠠ ᠬᠤᠳᠠᠯᠳᠤᠬᠤ ᠭᠤᠷᠪᠠᠨ ᠵᠢᠯ ᠤ᠋ᠨ ᠬᠠᠮᠲᠤᠷᠠᠯᠴᠠᠭᠠᠨ ᠤ᠋ ᠬᠡᠯᠡᠯᠴᠡᠭᠡᠷ ᠲᠣᠭ᠍ᠲᠠᠪᠠ᠃ 《ᠪᠢᠳᠡ ᠣᠳᠣᠬᠠᠨ ᠪᠤᠯᠳᠠᠯ᠎ᠠ ᠨᠢᠭᠡᠨᠲᠡ 51 ᠮᠠᠯᠵᠢᠬᠤ ᠡᠷᠦᠬᠡ ᠳ᠋ᠤ ᠦᠨ᠎ᠠ ᠲᠦᠯᠦᠪᠤᠷᠢ ᠦᠬᠡᠢ ᠬᠠᠱᠢᠶᠠ ᠰᠠᠷᠠᠪᠴᠢ ᠪᠠᠢᠭᠤᠯᠵᠤ ᠥᠭ᠌ᠪᠡ᠃ ᠠᠵᠤ ᠠᠬᠤᠢᠯᠠᠯ ᠡᠴᠨ ᠮᠠᠯᠴᠢᠳ ᠤ᠋ᠨ ᠬᠤᠨᠢ ᠮᠠᠯ ᠢ᠋ ᠵᠠᠬ᠎ᠠ ᠵᠢᠨ ᠠᠷᠠᠯᠵᠢᠶᠠᠴᠢᠨ ᠡᠴᠡ ᠥᠨᠳᠥᠷ ᠦᠨ᠎ᠠ ᠪᠡᠷ ᠬᠤᠳᠠᠯᠳᠤᠨ ᠠᠪᠴᠤ᠂ ᠮᠠᠯᠴᠢᠨ ᠲᠦᠮᠡᠨ ᠳ᠋ᠤ ᠬᠠᠮᠤᠭ ᠤ᠋ᠨ ᠶᠡᠬᠡ ᠠᠱᠢᠭ ᠲᠤᠰᠠ ᠬᠦᠷᠳᠡᠭᠡᠭᠦ ᠪᠡᠷ ᠴᠢᠷᠮᠠᠢᠵᠤ ᠪᠠᠢᠨ᠎ᠠ》 ᠭᠡᠵᠦ ᠡᡁᠸᠩ ᠺᠸ ᠺᠤᠮᠫᠠᠨᠢ ᠵᠢᠨ ᠬᠠᠷᠢᠭᠤᠴᠠᠯᠭᠠᠳᠠᠨ ᠯᠢ ᠶᠦᠡᠭ ᠴᠢᠡᠭ ᠶᠠᠷᠢᠨ᠎ᠠ᠃
ᠲᠤᠰ ᠺᠣᠮᠫᠠᠨᠢ ᠵᠢᠨ ᠦᠢᠯᠡᠳᠪᠦᠷᠢᠯᠡᠯ ᠤ᠋ᠨ ᠲᠠᠰᠤᠬ ᠲᠸ᠋ ᠠᠵᠢᠯᠴᠢᠳ ᠮᠠᠯ ᠤ᠋ᠨ ᠮᠢᠬ᠎ᠠ ᠵᠢ ᠦᠶ᠎ᠠ ᠦᠶ᠎ᠠ ᠪᠡᠷ ᠨᠢ ᠲᠤᠶᠠᠴᠢᠨ ᠰᠠᠯᠭᠠᠵᠤ ᠬᠡᠰᠡᠭᠯᠡᠨ ᠪᠤᠭᠤᠳᠠᠯᠯᠠᠵᠤ ᠶᠠᠭᠠᠷᠠᠯᠳᠤᠨ᠎ᠠ᠃ 《ᠲᠤᠰ ᠺᠤᠮᠫᠠᠨᠢ ᠳ᠋ᠤ ᠦᠭᠡᠷ ᠬᠤᠨᠢ ᠵᠢ ᠨᠢᠳᠦᠯᠬᠤ ᠡᠴᠡ ᠠᠪᠤᠭᠠᠳ ᠮᠢᠬᠠᠨ ᠤ᠋ ᠬᠦᠴᠢᠯ ᠢ᠋ ᠢᠯᠭᠠᠷᠠᠭᠤᠯᠬᠤ᠂ ᠬᠡᠰᠡᠭᠯᠡᠨ ᠪᠤᠭᠤᠳᠠᠯᠯᠠᠬᠤ᠂ ᠬᠦᠯᠳᠡᠭᠡᠨ ᠬᠠᠳᠠᠭᠠᠯᠠᠬᠤ ᠪᠦᠷᠢᠨ ᠬᠡᠯᠬᠢᠶ᠎ᠠ ᠲᠠᠢ ᠪᠠᠢᠵᠤ᠂ ᠨᠠᠷᠢᠯᠢᠭ ᠪᠤᠯᠪᠠᠰᠤᠷᠠᠭᠤᠯᠤᠭᠰᠠᠨ 156 ᠵᠤᠢᠯ ᠤ᠋ᠨ ᠤᠯᠠᠭᠠᠨ ᠢᠳᠡᠬᠡᠨ ᠢ᠋ ᠪᠦᠬᠦ᠌ ᠤᠯᠤᠰ ᠤ᠋ᠨ ᠡᠯ᠎ᠡ ᠭᠠᠵᠠᠷ ᠲᠦ᠍ ᠪᠣᠷᠣᠯᠠᠭᠤᠯᠵᠤ ᠪᠠᠢᠨ᠎ᠠ》 ᠭᠡᠵᠦ ᠦᠢᠯᠡᠳᠪᠤᠷᠢ ᠵᠢᠨ ᠲᠠᠰᠤᠭ ᠤ᠋ᠨ ᠠᠵᠢᠯᠴᠢᠨ ᠭᠤᠸ᠎ᠠ ᠬᠡᠯᠡᠨ᠎ᠠ᠃
ᠬᠠᠷᠭᠠᠨ᠎ᠠ ᠲᠠᠷᠢᠬᠤ ᠡᠴᠡ ᠠᠪᠤᠭᠠᠳ ᠨᠤᠳᠤᠭ ᠪᠡᠯᠴᠢᠬᠡᠷ ᠤ᠋ᠨ ᠠᠮᠢ ᠠᠬᠤᠢ ᠵᠢ ᠰᠠᠢᠵᠢᠷᠠᠭᠤᠯᠬᠤ ᠬᠦᠷᠳᠡᠯ᠎ᠠ᠂ ᠰᠦᠯ ᠰᠠᠢᠳᠠᠢ ᠲᠠᠵᠢᠬᠡᠯ ᠪᠤᠷᠳᠤᠭ᠎ᠠ ᠪᠤᠯᠪᠠᠰᠤᠷᠠᠭᠤᠯᠬᠤ ᠡᠴᠡ ᠠᠪᠤᠭᠠᠳ ᠮᠠᠯ ᠰᠦᠷᠦᠭ ᠵᠢᠡᠨ ᠬᠠᠰᠢᠶᠠᠯᠠᠨ ᠲᠠᠵᠢᠬᠡᠬᠥ ᠬᠠᠭᠠᠰ ᠬᠠᠰᠢᠶᠠᠯᠠᠨ ᠲᠡᠵᠢᠬᠡᠬᠦ ᠬᠦᠷᠳᠡᠯ᠎ᠠ᠂ ᠲᠠᠷᠭᠤ ᠰᠠᠢᠳᠠᠢ ᠮᠠᠯ ᠵᠢᠡᠨ ᠲᠤᠬᠢᠳᠠᠢ ᠦᠨ᠎ᠠ ᠪᠡᠷ ᠬᠤᠳᠠᠯᠳᠤᠬᠤ ᠡᠴᠡ ᠠᠪᠤᠭᠠᠳ ᠮᠠᠯ ᠤ᠋ᠨ ᠠᠰᠢᠭ ᠰᠢᠮ᠎ᠠ ᠵᠢ ᠨᠠᠷᠢᠯᠢᠭ ᠪᠤᠯᠪᠠᠰᠤᠷᠠᠭᠤᠯᠵᠤ ᠪᠦᠬᠦ ᠤᠯᠤᠰ ᠤ᠋ᠨ ᠵᠠᠬ᠎ᠠ ᠲᠠᠯᠬᠡᠬᠦᠷ ᠲᠦ᠍ ᠭᠠᠷᠭᠠᠬᠤ ᠬᠦᠷᠳᠡᠯ᠎ᠠ᠂ ᠨᠠᠩᠰᠤ ᠪᠠᠯᠭᠠᠰᠤ 《ᠰᠢᠷᠬᠡᠭ ᠡᠪᠡᠰᠤ ᠡᠴᠡ ᠰᠢᠮ᠎ᠠ ᠰᠠᠢᠳᠠᠢ ᠤᠯᠠᠭᠠᠨ ᠢᠳᠡᠬᠡᠨ》 ᠬᠦᠷᠳᠡᠯᠡᠬᠢ ᠠᠵᠤ ᠦᠢᠯᠡᠰ ᠤ᠋ᠨ ᠪᠦᠬᠦ ᠬᠡᠯᠬᠢᠶ᠎ᠠ ᠵᠢ ᠪᠦᠷᠢᠯᠳᠦᠬᠦᠯᠵᠤ᠂ ᠮᠠᠯᠴᠢᠨ ᠲᠦᠮᠡᠨ ᠤ᠋ ᠤᠷᠤᠯᠭ᠎ᠠ ᠵᠢ ᠨᠡᠮᠡᠭᠳᠡᠬᠦᠯᠬᠦ ᠵᠢᠨ ᠤᠯᠠᠮ ᠵᠢᠡᠷ ᠪᠡᠯᠴᠢᠭᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠠᠮ ᠵᠢᠡᠷ ᠭᠠᠨᠵᠤᠭ᠎ᠠ ᠲᠦᠬᠦᠷᠡᠩ ᠲᠡᠮᠡᠤᠯᠤᠨᠠ᠃

ᠵᠠᠡᠬᠬᠢᠯᠠᠭᠠ ᠵᠢᠨ ᠦᠭᠡ ᠄ ᠶᠠᠰᠤ ᠴᠢᠨᠠᠷ
ᠤᠷᠠᠳ ᠤ᠋ᠨ ᠲᠠᠯ᠎ᠠ ᠳ᠋ᠤ ᠨᠠᠮᠤᠷ ᠤ᠋ᠨ ᠰᠡᠷᠢᠬᠦᠨ ᠪᠤᠷᠤᠭᠠᠨ ᠰᠢᠪᠡᠷᠡᠵᠤ᠂ ᠪᠢᠳᠡ ᠠᠭᠤᠯᠠ ᠲᠠᠭᠠᠬᠰᠠᠨ ᠵᠠᠮ ᠵᠢᠡᠷ ᠬᠠᠨ ᠠᠭᠤᠯᠠ ᠲᠤᠰᠬᠠᠢ ᠬᠤᠷᠰᠢᠶ᠎ᠠ ᠵᠢ ᠵᠤᠷᠢᠨ ᠠᠶᠠᠨ ᠵᠢᠡᠨ ᠡᠪᠬᠡᠬᠦ ᠳ᠋ᠤ ᠰᠦᠨ ᠴᠠᠭᠠᠨ ᠢᠮᠠᠭᠠᠨ ᠰᠦᠷᠦᠭ ᠠᠭᠤᠯᠠᠨ ᠬᠦᠳᠦᠯ ᠳᠠᠭᠠᠨ ᠲᠠᠪᠠᠳᠠᠢ ᠢᠳᠡᠰᠢᠯᠡᠬᠦ ᠬᠠᠷᠠᠭᠳᠠᠨ᠎ᠠ᠃ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭ᠎ᠠ ᠨᠢ ᠤᠷᠠᠳ ᠨᠤᠳᠤᠭ ᠤ᠋ᠨ ᠪᠡᠯᠭᠡ ᠲᠡᠮᠳᠡᠭ ᠪᠤᠯᠬᠤ ᠪᠡᠷ ᠪᠠᠷᠠᠬᠤ ᠦᠭᠡᠢ ᠡᠨᠳᠡᠬᠢ ᠵᠢᠨ ᠮᠠᠯᠴᠢᠳ ᠤ᠋ᠨ ᠤᠷᠤᠯᠭ᠎ᠠ ᠪᠠᠨ ᠨᠡᠮᠡᠭᠳᠡᠬᠦᠯᠬᠦ ᠤᠷᠬᠤᠳᠠᠢ ᠪᠤᠯᠬᠤ ᠶᠤᠮ᠃
ᠮᠤᠨᠢ ᠠᠭᠤᠯᠠ ᠵᠢᠨ ᠦᠷᠦᠴᠡᠨ ᠳ᠋ᠤ ᠪᠠᠢᠷᠢᠯᠠᠭ᠎ᠠ ᠤᠷᠠᠳ ᠤ᠋ᠨ ᠲᠤᠮᠳᠠᠳᠤ ᠬᠤᠰᠢᠭᠤᠨ ᠤ᠋ ᠬᠠᠨ ᠠᠭᠤᠯᠠ ᠲᠡᠵᠢᠭᠡᠪᠤᠷᠢ ᠵᠢᠨ ᠲᠤᠰᠬᠠᠢ ᠬᠤᠷᠰᠢᠶ᠎ᠠ ᠳ᠋ᠤ ᠬᠦᠷᠬᠦ ᠳ᠋ᠤ ᠦᠨᠳᠦᠷ ᠪᠠᠷᠢᠮᠵᠢᠶᠠᠳᠤ ᠫᠸᠡᠭ ᠰᠠᠷᠠᠪᠴᠢ᠂ ᠡᠪᠡᠰᠤ ᠪᠤᠷᠳᠤᠭ᠎ᠠ ᠵᠢᠨ ᠬᠦᠮᠦᠷᠭᠡ᠂ ᠢᠮᠠᠭᠠᠨ ᠤ᠋ ᠬᠠᠰᠢᠶ᠎ᠠ ᠵᠡᠷᠬᠡ ᠨᠢ ᠡᠮᠬᠢ ᠴᠡᠭᠴᠡ ᠳᠠᠢ ᠵᠢᠬᠳᠡᠷᠡᠨ ᠪᠠᠢᠷᠢᠰᠢᠵᠤ᠂ ᠬᠤᠷᠰᠢᠶ᠎ᠠ ᠵᠢᠨ ᠡᠭᠦᠰᠭᠡᠨ ᠪᠠᠢᠭᠤᠯᠤᠬᠴᠢ ᠵᠢᠨ ᠨᠢᠭᠡ ᠪᠤᠯᠬᠤ ᠤᠡᠭᠭᠤᠨ ᠪᠠᠯᠭᠠᠰᠤ ᠵᠢᠨ ᠭᠤᠷᠪᠠᠨ ᠰᠠᠢᠬᠠᠨ ᠭᠠᠴᠠᠭ᠎ᠠ ᠵᠢᠨ ᠨᠠᠮ ᠤ᠋ᠨ ᠡᠭᠦᠷ ᠤ᠋ᠨ ᠱᠦᠵᠢ ᠬᠦᠭᠵᠢᠯᠳᠤ ᠭᠤᠸᠠᠢ ᠨᠤᠤᠯᠤᠭᠤᠷ ᠤ᠋ᠨ ᠢᠮᠠᠭᠠᠳ ᠲᠠᠭᠠᠨ ᠲᠡᠵᠢᠭᠡᠯ ᠪᠤᠷᠳᠤᠭ᠎ᠠ ᠦᠭᠴᠦ ᠪᠠᠢᠯ᠎ᠠ᠃ 《ᠮᠠᠯ ᠪᠡᠯᠴᠢᠭᠡᠷ ᠢ᠋ ᠲᠡᠩᠴᠡᠭᠦᠷᠢᠰᠢᠬᠦᠯᠵᠦ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭᠠᠨ ᠤ᠋ ᠡᠬᠦᠯᠳᠡᠷ ᠢ᠋ ᠬᠠᠮᠠᠭᠠᠯᠠᠬᠤ ᠵᠢᠨ ᠲᠤᠰᠠᠳᠠ2022 ᠤᠨ ᠳ᠋ᠤ ᠪᠢᠳᠡ ᠤᠯᠠᠮᠵᠢᠯᠠᠯᠳᠤ ᠮᠠᠯᠵᠢᠯ ᠤ᠋ᠨ ᠠᠷᠭ᠎ᠠ ᠬᠡᠯᠪᠡᠷᠢ ᠪᠠᠨ ᠬᠤᠪᠢᠷᠠᠭᠤᠯᠵᠤ ᠭᠠᠴᠠᠭᠠᠨ ᠤ᠋ ᠪᠠᠨ 17 ᠮᠠᠯᠵᠢᠬᠤ ᠡᠷᠦᠬᠡ ᠵᠢ ᠵᠤᠬᠢᠶᠠᠨ ᠪᠠᠢᠭᠤᠯᠤᠨ ᠲᠤᠰ ᠬᠤᠷᠰᠢᠶ᠎ᠠ ᠵᠢ ᠪᠠᠢᠭᠤᠯᠵᠠᠢ᠃ ᠤᠳᠤ ᠮᠠᠨ ᠤ᠋ ᠲᠤᠰᠬᠠᠢ ᠬᠤᠷᠰᠢᠶ᠎ᠠ ᠵᠢᠨ ᠬᠠᠰᠢᠶ᠎ᠠ ᠰᠠᠷᠠᠪᠴᠢ ᠵᠢᠨ ᠶᠡᠷᠦᠡᠭᠬᠡᠢ ᠲᠠᠯᠠᠪᠠᠢ ᠲᠦᠮᠡᠨ ᠲᠡᠭᠰᠢ ᠲᠦᠷᠪᠡᠯᠵᠢᠨ ᠮᠸᠲᠷ ᠢ᠋ ᠲᠠᠪᠠᠵᠤ᠂ 3000 ᠢᠮᠠᠭ᠎ᠠ ᠵᠢ ᠬᠠᠰᠢᠶᠠᠯᠠᠨ ᠲᠡᠵᠢᠭᠡᠬᠦ ᠳ᠋ᠤ ᠠᠰᠠᠭᠤᠳᠠᠯ ᠦᠭᠡᠢ ᠶᠤᠮ》 ᠭᠡᠵᠦ ᠭᠦᠭᠵᠢᠯᠳᠤ ᠬᠤᠷᠰᠢᠶ᠎ᠠ ᠪᠠᠢᠭᠤᠯᠤᠬᠰᠠᠨ ᠦᠡᠭᠭᠡᠷᠡᠯᠳᠡ ᠪᠠᠨ ᠬᠤᠪᠢᠶᠠᠯᠴᠠᠯ᠎ᠠ᠃
ᠲᠤᠰᠬᠠᠢ ᠬᠤᠷᠰᠢᠶ᠎ᠠ ᠵᠢ ᠪᠠᠢᠭᠤᠯᠤᠬᠰᠠᠨ ᠤ᠋ ᠲᠠᠷᠠᠭ᠎ᠠ ᠲᠡᠳᠡ ᠨᠤᠲᠤᠭ ᠪᠡᠯᠴᠢᠭᠡᠷ ᠵᠢᠡᠨ ᠨᠡᠢᠳᠭᠡᠨ᠂ ᠡᠷᠦᠬᠡ ᠬᠣᠯᠪᠣᠭᠠᠯᠠᠨ ᠡᠵᠡᠩᠨᠡᠬᠦ ᠬᠡᠯᠪᠡᠷᠢ ᠪᠡᠷ ᠢᠮᠠᠭ᠎ᠠ ᠪᠠᠨ ᠨᠢᠭᠡ ᠲᠤᠤᠷ᠎ᠠ ᠨᠡᠢᠯᠡᠬᠦᠯᠵᠤ᠂ ᠲᠡᠵᠢᠭᠡᠯ ᠡᠪᠡᠰᠤ ᠪᠣᠷᠳᠣᠭ᠎ᠠ ᠵᠢ ᠨᠢᠭᠡᠳᠦᠯᠲᠡᠶ ᠬᠤᠳᠠᠯᠳᠤᠨ ᠠᠪᠴᠦ᠂ ᠬᠡᠮ ᠬᠢᠵᠢᠭ ᠢ᠋ ᠨᠢᠭᠡᠳᠦᠯᠲᠡᠶ ᠰᠡᠷᠭᠡᠢᠯᠡᠨ᠂ ᠮᠠᠯ ᠤ᠋ᠨ ᠠᠰᠢᠭ ᠰᠢᠮ᠎ᠠ ᠪᠠᠨ ᠨᠢᠭᠡᠳᠦᠯᠲᠡᠶ ᠪᠣᠷᠣᠯᠠᠭᠤᠯᠵᠤ᠂ ᠬᠠᠮᠳᠤ ᠪᠡᠷ ᠪᠠᠶᠠᠵᠢᠬᠤ ᠵᠠᠮ ᠵᠢᠡᠷ ᠵᠠᠮᠨᠠᠵᠠᠢ᠃ 《ᠪᠢᠳᠡ ᠲᠡᠷᠢᠬᠦᠨ ᠤ᠋ ᠮᠠᠯᠵᠢᠯ ᠤ᠋ᠨ ᠠᠷᠭ᠎ᠠ ᠪᠤᠯᠤᠨ ᠬᠡᠬᠡᠯᠳᠦᠬᠦᠯᠬᠦ ᠮᠡᠷᠭᠡᠵᠢᠯ ᠢ᠋ ᠠᠰᠢᠭᠯᠠᠨ 2 ᠵᠢᠯ ᠳ᠋ᠤ 3 ᠤᠳᠠᠭ᠎ᠠ ᠲᠦᠯ ᠲᠤᠰᠬᠤ ᠵᠢᠨ ᠬᠠᠮᠳᠤ ᠨᠤᠤᠯᠤᠭᠤᠷ ᠰᠠᠢᠳᠠᠢ ᠢᠮᠠᠭ᠎ᠠ ᠪᠠᠨ ᠠᠰ ᠲᠤᠨᠢ ᠲᠡᠵᠢᠭᠡᠵᠦ᠂ ᠨᠤᠤᠯᠤᠭᠤᠷ ᠤ᠋ᠨ ᠭᠠᠷᠤᠯᠳᠠ ᠪᠠ ᠶᠠᠰᠤ ᠴᠢᠨᠠᠷ ᠢ᠋ ᠪᠠᠳᠤᠯᠠᠭᠰᠠᠨ ᠡᠴᠡ ᠦᠨ᠎ᠠ ᠬᠠᠩᠰᠢ ᠨᠢ ᠴᠦ᠍ ᠵᠠᠬ᠎ᠠ ᠲᠠᠯᠬᠡᠬᠦᠷ ᠤ᠋ᠨ ᠦᠨ᠎ᠠ ᠡᠴᠡ ᠵᠢᠩ ᠳ᠋ᠡᠬᠡᠨ 10 ᠭᠠᠷᠤᠢ ᠲᠦᠬᠦᠷᠢᠭ ᠦᠨᠡᠳᠠᠢ ᠪᠤᠯᠵᠤ ᠪᠠᠢᠨ᠎ᠠ᠃ ᠪᠢᠳᠡ ᠠᠵᠤ ᠠᠬᠤᠢᠯᠠᠯ ᠳ᠋ᠤ ᠦᠷᠬᠦᠯᠵᠢᠯᠡᠨ ᠰᠢᠯᠢᠳᠡᠭ ᠰᠠᠢᠨ ᠨᠤᠤᠯᠤᠭᠤᠷ ᠬᠠᠩᠭᠠᠵᠤ᠂ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭᠠᠨ ᠤ᠋ ᠲᠦᠷᠦᠯ ᠲᠡᠮᠳᠡᠭ ᠢ᠋ ᠤᠯᠠᠮ ᠠᠯᠳᠠᠷᠰᠢᠭᠤᠯᠬᠤ ᠪᠡᠷ ᠴᠢᠷᠮᠠᠢᠨ᠎ᠠ》 ᠭᠡᠵᠦ ᠭᠦᠭᠵᠢᠯᠳᠤ ᠪᠤᠳᠤᠯ ᠵᠤᠷᠢᠯᠳᠠ ᠪᠠᠨ ᠲᠡᠯᠭᠡᠨ᠎ᠠ᠃
ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭ᠎ᠠ 3 ᠵᠢᠯ ᠲᠠᠷᠠᠭᠠᠯᠠᠨ ᠢᠲ᠋ᠠᠯᠢ ᠵᠢᠨ ᠴᠠᠢᠺᠸᠨ᠋ᠠ ᠤᠯᠠᠨ ᠤᠯᠤᠰ ᠤ᠋ᠨ ᠨᠤᠤᠯᠤᠭᠤᠷ ᠤ᠋ᠨ ᠢᠮᠠᠭᠠᠨ ᠤ᠋ ᠶᠡᠬᠡ ᠬᠤᠷᠠᠯ ᠤ᠋ᠨ ᠠᠯᠳᠠᠨ ᠱᠠᠩᠨᠠᠯ ᠢ᠋ ᠬᠦᠷᠳᠡᠵᠤ᠂ ᠨᠤᠤᠯᠤᠭᠤᠷ ᠨᠢ ᠨᠠᠷᠢᠨ ᠤᠷᠳᠤ ᠰᠢᠷᠬᠡᠭᠯᠢᠭ ᠲᠠᠢ᠂ ᠬᠦᠯᠢᠬᠡᠷ ᠴᠠᠭᠠᠨ ᠮᠦᠷᠳᠡᠬᠡᠨ ᠵᠦᠬᠡᠯᠡᠨ ᠲᠤᠷᠭᠠᠮᠰᠤᠭ ᠵᠢᠡᠷ ᠵᠢᠡᠨ ᠨᠠᠷᠠ ᠠᠯᠳᠠᠷᠰᠢᠵᠠᠢ᠃ ᠪᠢᠳᠡ ᠬᠠᠨ ᠠᠭᠤᠯᠠ ᠲᠡᠵᠢᠭᠡᠪᠤᠷᠢ ᠵᠢᠨ ᠲᠤᠰᠬᠠᠢ ᠬᠤᠷᠰᠢᠶ᠎ᠠ ᠡᠴᠡ ᠰᠠᠯᠤᠭᠠᠳ ᠡᠨᠡ ᠬᠦ᠌ 《ᠠᠯᠳᠠᠨ ᠱᠠᠩᠨᠠᠯ ᠤ᠋ᠨ ᠡᠵᠡᠨ》 ᠤ᠋ ᠠᠰᠢᠭ ᠰᠢᠮ᠎ᠠ ᠶᠠᠭᠠᠬᠢᠵᠤ ᠲᠠᠯᠠᠬᠡᠢ ᠵᠢᠨ ᠵᠠᠬ᠎ᠠ ᠲᠠᠯᠬᠡᠬᠦᠷ ᠲᠦ᠍ ᠴᠡᠷᠢᠭᠯᠡᠵᠤ ᠪᠠᠢᠬᠤ ᠵᠢ ᠬᠠᠢᠨ ᠲᠤᠳᠤᠯᠠᠬᠤ ᠪᠡᠷ ᠤᠷᠠᠳ ᠤ᠋ᠨ ᠲᠤᠮᠳᠠᠳᠤ ᠬᠤᠰᠢᠭᠤᠨ ᠤ᠋ ᠪᠸᠢ ᠫᠢᠩ ᠨᠡᠬᠡᠮᠡᠯ ᠤ᠋ᠨ ᠬᠢᠵᠠᠭᠠᠷᠲᠤ ᠺᠣᠮᠫᠠᠨᠢ ᠳ᠋ᠤ ᠬᠦᠷᠴᠠᠢ᠃ ᠦᠢᠯᠡᠳᠪᠤᠷᠢ ᠵᠢᠨ ᠲᠠᠰᠤᠭ ᠲᠸ᠋ᠨᠢ ᠤᠷᠤᠬᠤ ᠳ᠋ᠤ ᠮᠠᠰᠢᠨ ᠮᠸᠬᠠᠨᠢᠭ ᠬᠦᠡᠭᠭᠢᠨᠡᠵᠦ᠂ ᠨᠠᠷᠢᠯᠢᠭ ᠤᠬᠢᠶᠠᠬᠰᠠᠨ ᠨᠤᠤᠯᠤᠭᠤᠷ ᠨᠢ ᠰᠢᠯᠢᠨ ᠰᠢᠭᠰᠢᠬᠦ᠂ ᠲᠢᠭᠯᠡᠨ ᠰᠠᠮᠨᠠᠬᠤ ᠵᠡᠷᠭᠡ 10 ᠭᠠᠷᠤᠢ ᠠᠯᠬᠤᠮ ᠤ᠋ᠨ ᠤᠶᠤᠨᠴᠢ ᠦᠢᠯᠡᠳᠪᠤᠷᠢᠯᠡᠯ ᠵᠢᠡᠷ ᠲᠠᠮᠵᠢᠭᠠᠳ ᠨᠠᠷᠢᠨ ᠵᠦᠬᠡᠯᠡᠨ ᠤᠳᠠᠰᠤ ᠪᠤᠯᠵᠤ ᠮᠠᠰᠢᠨ ᠤ᠋ ᠠᠮᠠ ᠪᠡᠷ ᠰᠤᠪᠤᠷᠠᠨ ᠭᠠᠷᠴᠤ ᠢᠷᠡᠭᠰᠡᠨ ᠵᠢᠡᠨ ᠡᠯ᠎ᠠ ᠵᠤᠢᠯ ᠤ᠋ᠨ ᠦᠢᠯᠡᠳᠬᠦᠨ ᠪᠤᠯᠵᠤ 《ᠬᠤᠪᠢᠯᠬᠤ》 ᠭᠤᠬᠴᠤᠭᠠᠨ ᠳ᠋ᠤ ᠤᠷᠤᠪᠠ᠃
《ᠮᠠᠨ ᠤ᠋ ᠦᠢᠯᠡᠳᠪᠤᠷᠢ ᠤᠳᠤᠬᠠᠨ ᠳ᠋ᠤ 8 ᠵᠤᠷᠪᠤᠰ ᠣᠶᠤᠨᠳᠤ ᠦᠶ᠋ᠯᠡᠳᠪᠦᠷᠢᠯᠡᠯ ᠤ᠋ᠨ ᠱᠤᠭᠤᠮ ᠪᠠ 4 ᠪᠠᠷᠢᠮᠵᠢᠶᠠᠵᠢᠭ᠍ᠰᠠᠨ ᠦᠶ᠋ᠯᠡᠳᠪᠦᠷᠢ ᠵᠢᠨ ᠲᠠᠰᠤᠭ ᠲᠠᠢ ᠶᠤᠮ᠃ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭᠠᠨ ᠤ᠋ ᠨᠤᠤᠯᠤᠭᠤᠷ ᠤ᠋ᠨ ᠴᠢᠨᠠᠷ ᠲᠠᠯᠡᠬᠡᠢ ᠳ᠋ᠠᠬᠢᠨ ᠳ᠋ᠤ ᠦᠵᠦᠬᠦᠷᠯᠡᠵᠤ᠂ ᠪᠢᠳᠡᠨ ᠤ᠋ ᠦᠢᠯᠡᠳᠬᠦᠨ ᠪᠦᠬᠦ ᠤᠯᠤᠰ ᠤ᠋ᠨ ᠡᠯ᠎ᠠ ᠭᠠᠵᠠᠷ ᠴᠢᠨᠠᠬᠰᠢᠯᠠᠭᠠᠳ ᠶᠠᠫᠤᠨ᠂ ᠺᠠᠨᠠᠳᠠ ᠵᠡᠷᠬᠡ ᠤᠯᠤᠰ ᠵᠢᠡᠷ ᠪᠤᠷᠤᠯᠠᠭᠤᠯᠭ᠎ᠠ ᠰᠠᠢᠳᠠᠢ ᠪᠠᠢᠨ᠎ᠠ》 ᠭᠡᠵᠦ ᠪᠸᠢ ᠫᠢᠩ ᠺᠣᠮᠫᠠᠨᠢ ᠵᠢᠨ ᠮᠡᠷᠭᠡᠵᠢᠯ ᠤ᠋ᠨ ᠵᠦᠪᠯᠡᠭᠴᠢ ᠸᠠᠡᠭ ᠬᠦᠢ ᠶᠢᠨ ᠲᠠᠨᠢᠯᠴᠠᠭᠤᠯᠤᠨ᠎ᠠ᠃ ᠲᠤᠰ ᠺᠤᠮᠫᠠᠨᠢ ᠦᠢᠯᠡᠳᠬᠦᠨ ᠤ᠋ ᠶᠠᠰᠤ ᠴᠢᠨᠠᠷ ᠢ᠋ ᠪᠠᠳᠤᠯᠠᠬᠤ ᠵᠢᠨ ᠲᠦᠯᠦᠬᠡ 《ᠰᠠᠢᠨ ᠨᠣᠤᠯᠤᠭᠤᠷ + ᠬᠦᠬᠢᠬᠦᠯᠦᠨ ᠱᠠᠩᠨᠠᠬᠤ》 ᠬᠡᠯᠪᠡᠷᠢ ᠪᠡᠷ ᠰᠠᠢᠨ ᠨᠣᠤᠯᠤᠭᠤᠷ ᠤ᠋ᠨ ᠪᠠᠷᠢᠮᠵᠢᠶᠠᠵᠢᠭᠰᠠᠨ ᠦᠢᠯᠡᠳᠪᠦᠷᠢᠯᠡᠯ ᠤ᠋ᠨ 150 ᠵᠢᠱ᠌ᠢᠶ᠎ᠡ ᠦᠵᠡᠭᠦᠯᠬᠦ᠌ ᠡᠷᠦᠬᠡ ᠵᠢ ᠲᠠᠢᠴᠢᠯᠠᠨ ᠬᠥᠭ᠌ᠵᠢᠭᠦᠯᠵᠦ᠍᠂ ᠨᠢᠬᠡᠨᠳᠡ 3 ᠲᠦᠮᠡᠨ ᠰᠠᠢᠨ ᠡᠬᠦᠯᠳᠡᠷ ᠤ᠋ᠨ ᠨᠣᠤᠯᠤᠭᠤᠷ ᠤ᠋ᠨ ᠢᠮᠠᠭ᠎ᠠ ᠮᠠᠯᠵᠢᠬᠤ ᠬᠡᠪᠴᠢᠶᠡᠵᠢᠯ ᠢ᠋ ᠪᠣᠶ ᠪᠣᠯᠭᠠᠪᠠ᠃
ᠤᠷᠠᠳ ᠤ᠋ᠨ ᠳᠤᠮᠳᠠᠳᠤ ᠬᠣᠱᠢᠭᠤᠨ ᠤ᠋ ᠬᠤᠯᠤᠰᠤᠲᠠᠶ ᠰᠤᠮᠤ ᠵᠢᠨ ᠬᠤᠯᠤᠰᠤᠲᠠᠶ ᠭᠠᠴᠠᠭᠠᠨ ᠤ᠋ ᠮᠠᠯᠴᠢᠨ ᠲᠣᠭ᠍ᠲᠠᠬᠤ ᠵᠢᠨ ᠬᠢᠨ ᠪᠤᠯ ᠲᠤᠰ ᠺᠤᠮᠫᠠᠨᠢ ᠵᠢᠨ ᠰᠠᠢᠨ ᠨᠣᠤᠯᠤᠭᠤᠷ ᠤ᠋ᠨ ᠪᠠᠷᠢᠮᠵᠢᠶᠠᠵᠢᠭᠰᠠᠨ ᠦᠢᠯᠡᠳᠪᠦᠷᠢᠯᠡᠯ ᠤ᠋ᠨ ᠵᠢᠱ᠌ᠢᠶ᠎ᠡ ᠦᠵᠡᠭᠦᠯᠬᠦ᠌ ᠡᠷᠦᠬᠡ ᠵᠢᠨ ᠨᠢᠭᠡ ᠪᠤᠯᠤᠨ᠎ᠠ᠃ ᠲᠡᠳᠡᠨ ᠤ᠋ ᠢᠮᠠᠭᠠᠨ ᠨᠣᠤᠯᠤᠭᠤᠷ ᠤ᠋ᠨ ᠨᠠᠷᠢᠴᠠ ᠵᠢᠨ ᠬᠡᠮᠵᠢᠶ᠎ᠠ ᠨᠢ ᠪᠦᠷ 15 ᠮᠢᠺᠷᠤᠮᠸᠲᠷ ᠤᠷᠴᠢᠮ ᠤ᠋ᠨ ᠥᠨᠳᠥᠷ ᠪᠠᠷᠢᠮᠵᠢᠶ᠎ᠠ ᠳ᠋ᠤ ᠬᠦᠷᠴᠤ᠂ ᠺᠤᠮᠫᠠᠨᠢ ᠡᠴᠡ ᠵᠠᠬ᠎ᠠ ᠲᠠᠯᠬᠡᠬᠦᠷ ᠤ᠋ᠨ ᠦᠨ᠎ᠠ ᠡᠴᠡ ᠦᠨᠡᠳᠠᠢ ᠪᠡᠷ ᠪᠤᠴᠠᠭᠠᠨ ᠠᠪᠴᠦ ᠪᠠᠢᠬᠤ ᠪᠦᠬᠡᠳ ᠪᠠᠰᠠ ᠰᠠᠢᠨ ᠨᠤᠤᠯᠤᠭᠤᠷ ᠤ᠋ᠨ ᠱᠠᠩᠨᠠᠯ ᠤ᠋ᠨ ᠮᠦᠩᠬᠦ ᠦᠭᠴᠦ ᠪᠠᠢᠨ᠎ᠠ᠃ 《ᠮᠠᠨ ᠤ᠋ ᠬᠢᠨ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭ᠎ᠠ ᠮᠠᠯᠵᠢᠵᠤ᠂ ᠡᠨᠡ ᠵᠢᠯ 200 ᠭᠠᠷᠤᠶ ᠢᠰᠢᠭᠡ ᠲᠤᠰᠴᠦ ᠪᠤᠢᠵᠢᠭᠤᠯᠪᠠ᠃ ᠭᠠᠬᠴᠠ ᠢᠮᠠᠭᠠᠨ ᠨᠤᠤᠯᠤᠭᠤᠷ ᠤ᠋ᠨ ᠣᠷᠣᠯᠭ᠎ᠠ ᠵᠢᠯ ᠳ᠋ᠤ 4 ᠲᠦᠮᠡᠨ ᠲᠥᠭᠥᠷᠢᠭ ᠲᠦ᠍ ᠬᠦᠷᠴᠦ ᠪᠠᠢᠨ᠎ᠠ》 ᠭᠡᠵᠦ ᠲᠣᠭ᠍ᠲᠠᠬᠤ ᠪᠠᠶᠠᠷᠳᠠᠢ ᠬᠡᠯᠡᠨ᠎ᠠ᠃
ᠤᠷᠠᠳ ᠤ᠋ᠨ ᠳᠤᠮᠳᠠᠳᠤ ᠬᠣᠱᠢᠭᠤ ᠪᠡᠯᠴᠢᠭᠡᠷ ᠤ᠋ᠨ ᠳᠠᠭᠠᠭᠠᠴᠠ ᠳ᠋ᠤ ᠵᠤᠬᠢᠴᠠᠭᠤᠯᠤᠨ ᠮᠠᠯᠵᠢᠯ ᠤ᠋ᠨ ᠠᠷᠭ᠎ᠠ ᠬᠡᠯᠪᠡᠷᠢ ᠪᠠᠨ ᠬᠤᠪᠢᠷᠠᠭᠤᠯᠬᠤ ᠵᠢᠨ ᠬᠠᠮᠳᠤ ᠬᠤᠶᠠᠷ ᠪᠤᠬᠳᠠ ᠵᠢᠨ ᠨᠤᠤᠯᠤᠭᠤᠷ ᠤ᠋ᠨ ᠴᠠᠭᠠᠨ ᠢᠮᠠᠭᠠᠨ ᠤ᠋ ᠡᠭᠦᠯᠳᠡᠷ ᠢ᠋ ᠬᠠᠮᠠᠭᠠᠯᠠᠨ ᠰᠠᠢᠵᠢᠷᠠᠭᠤᠯᠵᠤ᠂ ᠤᠷᠤᠨ ᠨᠤᠳᠤᠭ ᠤ᠋ᠨ ᠵᠢᠡᠨ ᠲᠠᠪᠠᠭᠤᠯᠢᠭᠳᠤ ᠠᠵᠤ ᠦᠢᠯᠡᠰ ᠤ᠋ᠨ ᠲᠠᠭᠠᠭᠠᠮᠠᠭᠠᠢ ᠬᠦᠭᠵᠢᠯᠳᠡ ᠵᠢ ᠪᠠᠳᠤᠯᠠᠵᠤ ᠪᠠᠢᠨ᠎ᠠ᠃ ᠲᠡᠷᠡ ᠮᠦᠷᠳᠡᠬᠡᠨ ᠢᠮᠠᠭᠠᠨ ᠨᠤᠤᠯᠤᠭᠤᠷ ᠡᠴᠡ ᠢᠮᠠᠭᠠᠨ ᠨᠤᠤᠯᠤᠭᠤᠷ ᠤ᠋ᠨ ᠦᠢᠯᠡᠳᠬᠦᠨ ᠬᠦᠷᠳᠡᠯᠡᠬᠢ ᠪᠦᠬᠦ ᠶᠠᠪᠤᠴᠠ ᠵᠢᠨ ᠶᠠᠰᠤ ᠴᠢᠨᠠᠷ ᠢ᠋ ᠲᠠᠬᠡᠳᠤᠯᠡᠵᠤ᠂ 《ᠰᠠᠢᠨ ᠨᠤᠤᠯᠤᠭᠤᠷ ᠢ᠋ ᠰᠠᠢᠨ ᠦᠨ᠎ᠠ ᠳ᠋ᠤ ᠬᠦᠷᠬᠡᠭᠰᠡᠨ》 ᠡᠴᠡ ᠮᠠᠯᠴᠢᠨ ᠲᠦᠮᠡᠨ ᠨᠣᠤᠯᠣᠭᠣᠷ ᠤ᠋ᠨ ᠢᠮᠠᠭᠠᠨ ᠤ᠋ ᠠᠵᠤ ᠦᠶ᠋ᠯᠡᠰ ᠤ᠋ᠨ ᠬᠥᠭ᠌ᠵᠢᠯᠲᠡ ᠡᠴᠨ ᠪᠠᠶᠠᠵᠢᠯ ᠤ᠋ᠨ ᠲᠦᠯᠬᠢᠭᠦᠷ ᠢ᠋ ᠠᠳᠬᠤᠯ᠎ᠠ᠃
ᠵᠠᠡᠭᠬᠢᠯᠠᠭᠠ ᠵᠢᠨ ᠦᠭᠡ᠄ ᠲᠦᠷᠦᠯ ᠲᠡᠮᠳᠡᠭ
ᠰᠠᠯᠬᠢᠨ ᠤ᠋ ᠠᠶ᠎ᠠ ᠪᠡᠷ ᠡᠪᠡᠰᠦᠨ ᠤ᠋ ᠲᠤᠯᠤᠭᠠᠢ ᠰᠢᠵᠢᠷᠳᠤᠨ ᠲᠤᠬᠢᠯᠵᠠᠵᠤ᠂ ᠲᠠᠷᠭᠤ ᠰᠠᠢᠳᠠᠢ ᠬᠤᠨᠢᠨ ᠰᠦᠷᠦᠭ ᠲᠠᠪᠠᠳᠠᠢᠬᠠᠨ ᠪᠡᠯᠴᠢᠨᠠ᠃ ᠨᠠᠷᠠ ᠵᠢᠷᠭᠠᠬᠤ ᠠᠯᠳᠠ ᠪᠡᠷ ᠲᠠᠷᠬᠠᠨ ᠮᠤᠤᠮᠢᠡᠭᠭᠠᠨ ᠬᠤᠯᠪᠤᠭᠠᠳᠤ ᠬᠤᠰᠢᠭᠤᠨ ᠤ᠋ ᠲᠠᠷᠬᠠᠨ ᠰᠤᠮᠤ ᠵᠢᠨ ᠠᠯᠳᠠᠨᠳᠤᠭ ᠭᠠᠴᠠᠭ᠎ᠠ ᠵᠢᠨ ᠮᠠᠯᠴᠢᠨ ᠬᠦᠬᠡ ᠡᠯᠸᠺᠲᠷᠤᠨ ᠲᠤᠷᠠᠨᠳᠠᠭᠤᠷ ᠵᠢᠡᠷ ᠠᠯᠵᠠᠭᠤᠳᠠᠢᠬᠠᠨ ᠨᠠᠭᠠᠰᠢᠯᠠᠬᠤ ᠬᠤᠨᠢᠨ ᠰᠦᠷᠦᠭ ᠵᠢᠡᠨ ᠠᠵᠢᠭᠯᠠᠵᠤ ᠰᠠᠭᠤᠨ᠎ᠠ᠃ ᠪᠠᠬᠠᠨ ᠤᠳᠠᠭᠰᠠᠨ ᠵᠢᠡᠨ ᠲᠤᠮᠤ ᠳᠡᠯᠭᠡᠴᠡ ᠳᠡᠭᠡᠷ᠎ᠡ 200 ᠭᠠᠷᠤᠢ ᠬᠤᠨᠢ ᠨᠢ ᠤᠰᠤᠨ ᠤᠡᠭᠭᠤᠴᠠ ᠵᠢ ᠴᠢᠭᠯᠡᠨ ᠴᠤᠪᠤᠬᠤ ᠳ᠋ᠤ ᠲᠡᠷᠡ ᠲᠠᠷᠤᠪᠴᠢ ᠪᠠᠨ ᠬᠥᠩᠭᠡᠬᠡᠨ ᠲᠠᠷᠤᠬᠤ ᠲᠠᠢ ᠵᠡᠷᠭᠡ ᠲᠣᠭ᠍ᠲᠠᠮᠠᠯ ᠳᠤᠯᠠᠭᠠᠨ ᠲᠠᠢ ᠲᠤᠡᠭᠭᠠᠯᠠᠭ ᠤᠰᠤ ᠤᠷᠤᠰᠤᠨ ᠭᠠᠷᠴᠤ ᠢᠷᠡᠪᠡ᠃
《ᠪᠢ ᠴᠢᠨᠢ ᠣᠳᠣ ᠣᠶᠤᠨᠴᠢ ᠮᠠᠯᠴᠢᠨ ᠰᠢᠤ!》 ᠭᠡᠵᠦ ᠬᠦᠬᠡ ᠪᠠᠶᠠᠷᠳᠠᠢ ᠬᠡᠯᠡᠨ᠎ᠠ᠃ ᠡᠳᠡᠨ ᠤ᠋ ᠬᠢᠨ ᠠᠤᠢ᠍ᠲ᠋ᠣ᠋ ᠤᠰᠤᠯᠠᠬᠤ ᠤᠡᠭᠭᠤᠴᠠ᠂ ᠠᠤᠢ᠍ᠲ᠋ᠣ᠋ ᠡᠪᠡᠰᠤ ᠪᠤᠷᠳᠤᠭ᠎ᠠ ᠦᠭᠭᠦ ᠮᠠᠰᠢᠨ᠂ ᠬᠢᠨᠠᠨ ᠡᠵᠡᠮᠳᠡᠬᠦ ᠲᠦᠬᠦᠬᠡᠷᠦᠮᠵᠢ ᠵᠡᠷᠭᠡ ᠤᠶᠤᠨᠴᠢ ᠮᠠᠯᠵᠢᠯ ᠤ᠋ᠨ ᠲᠦᠭᠦᠭᠡᠷᠦᠮᠵᠢ ᠵᠢ ᠢᠵᠢ ᠪᠦᠷᠢᠳᠦᠬᠦᠯᠵᠦ᠂ ᠤᠯᠠᠮᠵᠢᠯᠠᠯᠳᠤ ᠮᠠᠯᠵᠢᠬᠤ ᠠᠮᠢᠳᠤᠷᠠᠯ ᠳ᠋ᠤᠨᠢ ᠰᠢᠨᠡᠴᠢᠯᠡᠯ ᠬᠤᠪᠢᠷᠠᠯᠳᠠ ᠭᠠᠷᠴᠠᠢ᠃ 《ᠮᠠᠨ ᠤ᠋ ᠬᠢᠨ ᠰᠠᠢᠨ ᠡᠬᠦᠯᠳᠡᠷ ᠤ᠋ᠨ 〈ᠲᠠᠷᠬᠠᠨ ᠮᠤᠤᠮᠢᠡᠭᠭᠠᠨ ᠤ᠋ ᠲᠠᠯ᠎ᠠ ᠨᠤᠳᠤᠭ ᠤ᠋ᠨ ᠬᠤᠨᠢ〉 ᠵᠢ ᠮᠠᠯᠵᠢᠵᠤ ᠪᠠᠢᠨ᠎ᠠ᠃ ᠡᠨᠡ ᠡᠭᠦᠯᠳᠡᠷ ᠤ᠋ᠨ ᠬᠤᠨᠢ ᠮᠠᠨ ᠤ᠋ ᠨᠤᠲᠤᠭ ᠤ᠋ᠨ ᠪᠠᠢᠭᠠᠯᠢ ᠤᠷᠴᠢᠨ ᠪᠠ ᠠᠭᠤᠷ ᠠᠮᠢᠰᠭᠤᠯ ᠳ᠋ᠤ ᠳᠣᠭᠢᠷᠠᠵᠤ᠂ ᠬᠦᠶ᠋ᠲᠡᠨ ᠳ᠋ᠤ ᠲᠠᠭᠠᠭᠠᠮᠠᠭᠠᠢ᠂ ᠭᠠᠩ ᠳ᠋ᠤ ᠲᠡᠰᠪᠦᠷᠢᠲᠡᠶ ᠮᠦᠷᠳᠡᠬᠡᠨ ᠮᠢᠬ᠎ᠠ ᠭᠠᠷᠬᠤ ᠨᠢ ᠠᠷᠪᠢᠨ ᠪᠤᠯᠬᠤᠷ ᠠᠰᠢᠭ ᠤᠷᠤᠯᠭ᠎ᠠ ᠪᠡᠷ ᠮᠠᠰᠢ ᠰᠠᠢᠨ》 ᠭᠡᠵᠦ᠍ ᠬᠦᠬᠡ ᠬᠡᠯᠡᠨ᠎ᠠ᠃
《ᠲᠠᠷᠬᠠᠨ ᠮᠤᠤᠮᠢᠡᠭᠭᠠᠨ ᠤ᠋ ᠲᠠᠯ᠎ᠠ ᠨᠤᠳᠤᠭ ᠤ᠋ᠨ ᠬᠤᠨᠢ》 ᠪᠤᠯ ᠤᠷᠳᠤ ᠤᠳᠠᠭᠠᠨ ᠵᠢᠯ ᠤ᠋ᠨ ᠪᠠᠢᠭᠠᠯᠢ ᠵᠢᠨ ᠰᠢᠯᠢᠯᠳᠡ ᠪᠠ ᠬᠦᠮᠦᠨ ᠤ᠋ ᠬᠦᠴᠦ ᠪᠡᠷ ᠦᠰᠭᠡᠨ ᠪᠤᠢᠵᠢᠭᠤᠯᠤᠭᠰᠠᠨ ᠮᠤᠡᠭᠭᠤᠯ ᠬᠤᠨᠢ ᠵᠢᠨ ᠰᠢᠯᠢᠳᠡᠭ ᠡᠬᠦᠯᠳᠡᠷ ᠤ᠋ᠨ ᠨᠢᠭᠡ ᠶᠤᠮ᠃ ᠮᠢᠬ᠎ᠠ ᠨᠢ ᠰᠢᠨ᠎ᠠ ᠰᠤᠷᠭᠤᠭ᠂ ᠠᠮᠳᠠ ᠰᠠᠢᠳᠠᠢ᠂ ᠰᠢᠮ᠎ᠠ ᠲᠡᠵᠢᠭᠡᠯ ᠡᠯᠪᠡᠭ ᠪᠠᠢᠳᠠᠭ᠃ ᠤᠳᠤ ᠲᠤᠰ ᠬᠤᠰᠢᠭᠤᠨ ᠳ᠋ᠤ 《ᠲᠠᠷᠬᠠᠨ ᠮᠤᠤᠮᠢᠡᠭᠭᠠᠨ ᠤ᠋ ᠲᠠᠯ᠎ᠠ ᠨᠤᠳᠤᠭ ᠤ᠋ᠨ ᠬᠤᠨᠢ》 ᠪᠡᠷ ᠭᠤᠤᠯᠯᠠᠭᠤᠯᠤᠭᠰᠠᠨ 100 ᠲᠦᠮᠡ ᠭᠠᠷᠤᠢ ᠬᠤᠨᠢ ᠮᠠᠯᠵᠢᠵᠤ᠂ ᠵᠢᠯ ᠳ᠋ᠤ 90 ᠲᠦᠮᠡ ᠰᠢᠬᠠᠮ ᠬᠤᠨᠢ ᠭᠠᠷᠭᠠᠵᠤ᠂ ᠮᠠᠯᠴᠢᠨ ᠲᠦᠮᠡᠨ ᠤ᠋ ᠤᠷᠤᠯᠭ᠎ᠠ ᠵᠢᠨ ᠭᠤᠤᠯ ᠢᠷᠡᠯᠳᠡ ᠵᠢᠨ ᠨᠢᠬᠡ ᠪᠤᠯᠵᠠᠢ᠃
ᠲᠤᠰ ᠬᠤᠰᠢᠭᠤ ᠮᠠᠯᠴᠢᠳ ᠤ᠋ᠨ ᠠᠰᠢᠭ ᠤᠷᠤᠯᠭ᠎ᠠ ᠵᠢ ᠤᠯᠠᠮ ᠨᠡᠮᠡᠭᠳᠡᠬᠦᠯᠬᠦ ᠵᠢᠨ ᠲᠦᠯᠦᠬᠡ ᠨᠢᠬᠡ ᠲᠠᠯ᠎ᠠ ᠪᠡᠷ ᠦᠢᠯᠡᠳᠪᠤᠷᠢᠯᠡᠯ ᠤ᠋ᠨ ᠠᠷᠭ᠎ᠠ ᠬᠡᠯᠪᠡᠷᠢ ᠵᠢ ᠬᠤᠪᠢᠷᠠᠭᠤᠯᠤᠨ ᠲᠣᠭ᠎ᠠ ᠬᠡᠮᠵᠢᠶ᠎ᠠ ᠵᠢ ᠴᠢᠬᠤᠯᠠᠴᠢᠯᠠᠵᠤ ᠪᠠᠢᠬᠰᠠᠨ ᠡᠴᠡ ᠦᠷ᠎ᠡ ᠠᠱᠢᠭ ᠢ᠋ ᠨᠡᠮᠡᠭᠳᠡᠬᠦᠯᠬᠦ ᠳᠠᠢᠰᠢ ᠬᠤᠪᠢᠷᠠᠭᠤᠯᠵᠤ᠂ ᠱᠢᠨᠵᠢᠯᠡᠬᠦ᠌ ᠤᠬᠠᠭᠠᠨᠴᠢ ᠪᠠᠷ ᠠᠷᠠᠴᠢᠯᠠᠨ ᠲᠡᠵᠢᠭᠡᠬᠦ᠌᠂ ᠴᠥᠭᠡᠨ ᠲᠡᠵᠢᠭᠡᠵᠦ᠍ ᠨᠠᠷᠢᠯᠢᠭ ᠮᠠᠯᠵᠢᠬᠤ ᠶ᠋ᠢ ᠲᠠᠢᠴᠢᠯᠠᠪᠠ᠃ ᠨᠦᠬᠦᠬᠡ ᠲᠠᠯ᠎ᠠ ᠪᠡᠷ ᠮᠢᠬᠠᠨ ᠤ᠋ ᠬᠤᠨᠢ ᠵᠢᠨ ᠠᠰᠢᠭ ᠰᠢᠮ᠎ᠠ ᠵᠢᠨ ᠶᠠᠰᠤ ᠴᠢᠨᠠᠷ ᠢ᠋ ᠪᠠᠳᠤᠯᠠᠨ᠂ 《ᠲᠠᠷᠬᠠᠨ ᠮᠤᠤᠮᠢᠡᠭᠭᠠᠨ ᠤ᠋ ᠲᠠᠯ᠎ᠠ ᠨᠤᠳᠤᠭ ᠤ᠋ᠨ ᠬᠤᠨᠢ》 ᠵᠢᠨ ᠲᠦᠷᠦᠯ ᠲᠡᠮᠳᠡᠭ ᠢ᠋ ᠬᠦᠴᠦᠯᠡᠨ ᠠᠯᠳᠠᠷᠰᠢᠭᠤᠯᠵᠤ᠂ ᠰᠠᠢᠨ ᠬᠤᠨᠢ ᠪᠠᠨ ᠰᠠᠢᠨ ᠦᠨ᠎ᠡ ᠳ᠋ᠤ ᠬᠦᠷᠬᠡᠬᠦ ᠪᠡᠷ ᠬᠦᠴᠦᠯᠡᠨ ᠴᠢᠷᠮᠠᠢᠭᠰᠠᠭᠠᠷ ᠢᠷᠡᠵᠠᠢ᠃
ᠲᠤᠰ ᠬᠤᠰᠢᠭᠤ 《 ᠪᠡᠯᠴᠢᠭᠡᠷ ᠤ᠋ᠨ ᠲᠠᠭᠠᠭᠠᠴᠠ ᠪᠡᠷ ᠮᠠᠯ ᠤ᠋ᠨ ᠲᠤᠭ᠎ᠠ ᠵᠢ ᠲᠣᠭ᠍ᠲᠠᠭᠠᠬᠤ》 ᠵᠢ ᠴᠢᠩᠭ᠎ᠠ ᠪᠠᠷᠢᠮᠳᠠᠯᠠᠨ ᠳᠤᠮᠳᠠᠴᠢ ᠪᠠᠷ 20 ᠮᠦ᠍ ᠪᠡᠯᠴᠢᠭᠡᠷ ᠲᠦ᠍ 1 ᠬᠤᠨᠢ ᠮᠠᠯᠵᠢᠵᠤ᠂ ᠦᠩ ᠰᠢᠮᠡᠯᠢᠭ ᠪᠡᠯᠴᠢᠬᠡᠷ ᠡᠴᠡ ᠲᠠᠷᠭᠤ ᠬᠦᠴᠦ ᠠᠪᠬᠤ ᠵᠢ ᠪᠠᠳᠤᠯᠠᠭᠰᠠᠨ ᠮᠦᠷᠳᠡᠬᠡᠨ ᠬᠤᠨᠢᠨ ᠮᠢᠬ᠎ᠠ ᠵᠢᠨ ᠵᠢᠡᠨ ᠰᠢᠮ᠎ᠠ ᠰᠢᠬᠦᠰᠤ ᠵᠢ ᠴᠦ᠍ ᠪᠠᠳᠤᠯᠠᠭᠰᠠᠨ ᠡᠴᠡ 《ᠲᠠᠷᠬᠠᠨ ᠮᠤᠤᠮᠢᠡᠭᠭᠠᠨ ᠤ᠋ ᠲᠠᠯ᠎ᠠ ᠨᠤᠳᠤᠭ ᠤ᠋ᠨ ᠬᠤᠨᠢ》 ᠦᠪᠤᠷ ᠮᠤᠩᠭᠤᠯ ᠤ᠋ᠨ ᠤᠷᠤᠨ ᠪᠦᠰᠨ ᠵᠢᠨ ᠨᠡᠢᠳᠡ ᠵᠢᠨ ᠬᠡᠷᠡᠭᠯᠡᠭᠡᠨ ᠤ᠋ ᠨᠡᠷᠡᠳᠤ ᠲᠦᠷᠦᠯ ᠲᠡᠮᠳᠡᠭ ᠵᠢᠡᠷ ᠰᠤᠡᠭᠭᠤᠬᠳᠠᠵᠤ᠂ ᠲᠦᠷᠦᠯ ᠲᠡᠮᠳᠡᠭ ᠤ᠋ᠨ ᠵᠢᠱ᠌ᠢᠭᠰᠡᠨ ᠦᠷᠳᠡᠭ ᠨᠢ 41.97 ᠳ᠋ᠦᠡᠭᠰᠢᠭᠤᠷ ᠲᠦᠭᠦᠷᠢᠭ ᠲᠸ᠋ ᠬᠦᠷᠴᠤ᠂ ᠲᠦᠷᠦᠯ ᠲᠡᠮᠳᠡᠭ ᠤ᠋ᠨ ᠨᠠᠷᠠ ᠠᠯᠳᠠᠷᠰᠢᠯ ᠪᠠ ᠨᠦᠯᠦᠭᠡᠯᠡᠬᠦ ᠬᠦᠴᠦᠨ ᠨᠢ ᠤᠯᠠᠮ ᠦᠷᠭᠡᠳᠴᠠᠢ᠃
《ᠪᠡᠯᠴᠢᠭᠡᠷ ᠤ᠋ᠨ ᠰᠢᠮ᠎ᠠ ᠪᠡᠷ ᠲᠤᠷᠨᠢᠭᠰᠠᠨ 〈ᠳᠠᠷᠬᠠᠨ ᠮᠤᠸ᠋ᠮᠢᠩᠭᠠᠨ ᠤ᠋ ᠲᠠᠯ᠎ᠠ ᠨᠤᠲᠤᠭ ᠤ᠋ᠨ ᠬᠣᠨᠢ〉 ᠵᠢᠨ ᠲᠦᠷᠦᠯ ᠲᠡᠮᠳᠡᠭ ᠤ᠋ᠨ ᠬᠦᠴᠦᠨ ᠵᠢᠡᠷ ᠮᠠᠨ ᠤ᠋ ᠨᠤᠳᠤᠭ ᠤ᠋ᠨ ᠬᠤᠨᠢ ᠤᠯᠠᠮ ᠡᠴᠡ ᠤᠯᠠᠮ ᠵᠠᠬ᠎ᠠ ᠳᠡᠯᠭᠡᠭᠦᠷ ᠲᠦ᠍ ᠮᠡᠳᠡᠷᠡᠭᠳᠡᠨ ᠤᠯᠠᠨ ᠤ᠋ ᠬᠦᠷᠢᠶᠡᠯᠡᠯ ᠢ᠋ ᠤᠯᠵᠤ᠂ ᠦᠨ᠎ᠡ ᠬᠠᠩᠰᠢ ᠨᠢ ᠴᠦ᠍ ᠡᠩ ᠤ᠋ᠨ ᠬᠣᠨᠢ ᠡᠴᠡ ᠢᠯᠡᠷᠬᠡᠢ ᠦᠨᠳᠤᠷ ᠪᠤᠯᠵᠠᠢ᠃ ᠬᠡᠳᠤᠢᠪᠡᠷ ᠮᠠᠯ ᠤ᠋ᠨ ᠲᠤᠭ᠎ᠠ ᠵᠢ ᠬᠢᠵᠠᠭᠠᠷᠯᠠᠭᠰᠠᠨ ᠴᠦ᠍ ᠮᠠᠨ ᠤ᠋ ᠤᠷᠤᠯᠭ᠎ᠠ ᠨᠦᠯᠦᠬᠡᠯᠡᠭᠳᠡᠭᠰᠡᠨ ᠦᠬᠡᠢ ᠶᠤᠮ》 ᠭᠡᠵᠦ ᠬᠦᠬᠡ ᠤᠷᠮᠠᠳᠠᠢ ᠬᠡᠯᠡᠨ᠎ᠠ᠃
ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ ᠮᠠᠯ ᠠᠵᠤ ᠠᠬᠤᠢ ᠵᠢᠨ ᠵᠠᠬ᠎ᠠ ᠲᠡᠯᠭᠡᠭᠦᠷ ᠤ᠋ᠨ ᠲᠦᠪ ᠤ᠋ᠨ ᠡᠷᠬᠢᠯᠡᠭᠴᠢ ᠬᠤᠤ ᠰᠢᠶᠤᠤ ᠢᠤᠢ ᠰᠤᠷᠪᠤᠯᠵᠢᠯᠠᠭ᠎ᠠ ᠬᠦᠯᠢᠶᠡᠬᠦ ᠳ᠋ᠡᠬᠡᠨ᠄ 《ᠪᠢᠳᠡ ᠮᠢᠬᠠᠨ ᠤ᠋ ᠬᠤᠨᠢ ᠵᠢᠨ ᠠᠰᠢᠭ ᠰᠢᠮ᠎ᠠ ᠵᠢᠨ ᠶᠠᠰᠤ ᠴᠢᠨᠠᠷ ᠢ᠋ ᠪᠠᠳᠤᠯᠠᠨ ᠲᠦᠷᠦᠯ ᠲᠡᠮᠳᠡᠭ ᠤ᠋ᠨ ᠪᠠᠢᠭᠤᠯᠤᠯᠲᠠ ᠶ᠋ᠢ ᠦᠷᠬᠦᠯᠵᠢᠯᠡᠨ ᠴᠢᠩᠭᠠᠳᠬᠠᠵᠤ᠂ ᠪᠣᠷᠣᠯᠠᠭᠤᠯᠭᠠᠶ᠋ᠢᠨ ᠠᠷᠭ᠎ᠠ ᠵᠠᠮ ᠢ᠋ ᠤᠯᠠᠮ ᠥᠷᠭᠡᠳᠭᠡᠬᠦ᠌ ᠪᠡᠷ ᠲᠠᠮᠵᠢᠨ ᠮᠠᠯᠴᠢᠨ ᠲᠦᠮᠡᠨ ᠤ᠋ ᠠᠰᠢᠭ ᠤᠷᠤᠯᠭ᠎ᠠ ᠵᠢ ᠨᠡᠮᠡᠭᠳᠡᠬᠦᠯᠵᠤ᠂ 〈ᠳᠠᠷᠬᠠᠨ ᠮᠤᠤᠮᠢᠩᠭᠠᠨ ᠤ᠋ ᠲᠠᠯ᠎ᠠ ᠨᠤᠲᠤᠭ ᠤ᠋ᠨ ᠬᠣᠨᠢ〉 ᠵᠢ ᠥᠪᠥᠷ ᠮᠣᠩᠭᠣᠯ ᠤ᠋ᠨ ᠮᠠᠯ ᠠᠵᠤ ᠠᠬᠤᠢ ᠶ᠋ᠢᠨ ᠬᠢᠯᠠᠯᠵᠠᠮ᠎ᠠ ᠨᠡᠷᠡᠶ᠋ᠢᠨ ᠬᠠᠭᠤᠳᠠᠰᠤ ᠪᠤᠯᠭᠠᠨ᠎ᠠ》 ᠭᠡᠵᠦ ᠶᠠᠷᠢᠵᠤ ᠪᠠᠢᠯ᠎ᠠ᠃
᠁
ᠮᠠᠯᠴᠢᠳ ᠤ᠋ᠨ ᠣᠷᠣᠯᠭ᠎ᠠ ᠶ᠋ᠢ ᠨᠡᠮᠡᠭ᠌ᠳᠡᠭᠦᠯᠬᠦ᠌ ᠪᠣᠯ ᠬᠦᠳᠡᠭᠡ ᠲᠤᠰᠬᠤᠨ ᠢ᠋ ᠪᠦᠬᠦ ᠲᠠᠯ᠎ᠠ ᠪᠡᠷ ᠬᠥᠭ᠌ᠵᠢᠭᠦᠯᠦᠨ ᠮᠠᠨᠳᠤᠭᠤᠯᠵᠤ᠂ ᠠᠷᠠᠳ ᠤ᠋ᠨ ᠠᠮᠢᠳᠤᠷᠠᠯ ᠢ᠋ ᠪᠠᠳᠤᠯᠠᠨ ᠰᠠᠢᠵᠢᠷᠠᠭᠤᠯᠬᠤ ᠶ᠋ᠢᠨ ᠵᠠᠩᠭᠢᠯᠠᠭ᠎ᠠ᠂ ᠮᠥᠨ ᠴᠦ᠍ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢᠨ ᠲᠤᠰᠤᠯᠳᠠ ᠶᠤᠮ᠃ ᠪᠢᠳᠡ ᠬᠡᠳᠤᠨ ᠡᠳᠤᠷ ᠤ᠋ᠨ ᠰᠤᠷᠪᠤᠯᠵᠢᠯᠠᠭ᠎ᠠ ᠳ᠋ᠠᠭᠠᠨ ᠬᠤᠰᠢᠭᠤ ᠰᠢᠶᠠᠨ᠂ ᠮᠠᠯᠵᠢᠬᠤ ᠡᠷᠦᠭᠡ᠂ ᠲᠤᠰᠬᠠᠢ ᠬᠤᠷᠰᠢᠢᠠ᠂ ᠲᠠᠵᠢᠬᠡᠪᠤᠷᠢ ᠵᠢᠨ ᠰᠠᠭᠤᠷᠢᠨ᠂ ᠠᠵᠤ ᠠᠬᠤᠢᠯᠠᠯ ᠬᠠᠮᠳᠤᠷᠠᠨ ᠠᠵᠤ ᠦᠢᠯᠡᠰ ᠤ᠋ᠨ ᠪᠦᠬᠦ ᠬᠡᠯᠬᠢᠶ᠎ᠠ ᠵᠢ ᠪᠠᠢᠭᠤᠯᠬᠤ᠂ ᠠᠰᠢᠭ ᠰᠢᠮ᠎ᠠ ᠵᠢᠨ ᠶᠠᠰᠤ ᠴᠢᠨᠠᠷ ᠢ᠋ ᠪᠠᠳᠤᠯᠠᠬᠤ᠂ ᠲᠦᠷᠦᠯ ᠲᠡᠮᠳᠡᠭ ᠢ᠋ ᠴᠤᠭᠴᠠᠯᠠᠨ ᠲᠠᠭᠤᠷᠢᠰᠤᠭᠤᠯᠬᠤ ᠪᠡᠷ ᠲᠠᠮᠵᠢᠨ ᠮᠠᠯᠴᠢᠳ ᠤ᠋ᠨ ᠤᠷᠤᠯᠭ᠎ᠠ ᠵᠢ ᠨᠡᠮᠡᠭᠳᠡᠬᠦᠯᠵᠤ᠂ ᠬᠠᠮᠳᠤ ᠪᠡᠷ ᠪᠠᠶᠠᠵᠢᠬᠤ ᠵᠠᠮ ᠵᠢᠡᠷ ᠵᠤᠤᠵᠠᠢ ᠬᠤᠯᠪᠤᠨ ᠲᠡᠮᠡᠤᠯᠵᠤ ᠪᠠᠢᠬᠤ ᠵᠢ ᠬᠠᠷᠠᠭᠠᠳ 《ᠤᠯᠠᠨ ᠤ᠋ ᠬᠦᠴᠦᠨ ᠳ᠋ᠤ ᠤᠪᠤᠭ᠎ᠠ ᠪᠤᠰᠤᠨ᠎ᠠ》 ᠬᠡᠭᠴᠢ ᠡᠨᠡ ᠪᠠᠢᠬ᠎ᠠ ᠬᠡᠮᠡᠨ ᠪᠤᠳᠤᠵᠤ ᠶᠠᠪᠤᠯ᠎ᠠ᠃