ᠡᠪᠡᠰᠤᠨ ᠤ᠋ ᠢᠷᠡᠯᠳᠡ᠄ 《ᠬᠦᠨᠡᠰᠤᠨ》 ᠤ᠋ ᠠᠰᠠᠭᠤᠳᠠᠯ ᠢ᠋ ᠬᠡᠷᠬᠢᠨ ᠱᠢᠶ᠋ᠳᠪᠦᠷᠢᠯᠡᠬᠦ᠌ ᠪᠣᠶ?
2025-12-02 10:01:15
ᠵᠣᠬᠢᠶᠠᠭ᠍ᠴᠢ᠄
ᠬᠡᠰᠢᠭᠪᠡᠶᠡᠷ ᠬᠦᠭᠵᠢᠯᠳᠦ ᠴᠤᠪᠤᠭᠤ ᠠᠷᠤᠤᠬᠠᠨ
ᠣᠩᠱᠢᠭ᠍ᠰᠠᠨ ᠣᠳᠠᠭ᠎ᠠ᠄
★★★☆☆

— ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠤᠭᠰᠠᠨ ᠦᠪᠦᠷ ᠮᠤᠩᠭᠤᠯ ᠤ᠋ᠨ ᠰᠢᠨ᠎ᠠ ᠦᠢᠯᠡᠳᠦᠯᠬᠡ ②

  

ᠡᠪᠦᠯ ᠤ᠋ᠨ ᠠᠭᠤᠷ ᠠᠩᠬᠠᠨ ᠤ᠋ ᠴᠠᠰᠤ ᠲᠠᠢ ᠬᠠᠮᠳᠦ ᠰᠠᠭᠠᠳᠠᠵᠦ᠂ ᠰᠢᠨ᠎ᠠ ᠪᠠᠷᠭᠤ ᠪᠠᠷᠠᠭᠤᠨ ᠬᠤᠰᠢᠭᠤᠨ ᠤ᠋ ᠮᠠᠯᠴᠢᠳ ᠡᠪᠡᠰᠦ ᠪᠤᠷᠳᠤᠭ᠎ᠠ ᠨᠦᠬᠡᠴᠡᠯᠡᠨ ᠡᠪᠦᠯᠵᠢᠶᠡᠨ ᠤ᠋ ᠪᠡᠯᠡᠳᠬᠡᠯ ᠵᠢᠡᠨ ᠬᠢᠵᠤ ᠶᠠᠭᠠᠷᠠᠯᠳᠤᠬᠤ ᠳ᠋ᠤ ᠵᠠᠷᠤᠳ ᠬᠣᠱᠢᠭᠤᠨ ᠤ᠋ ᠼᠤᠤ ᠶᠤᠸᠠᠨ ᠪᠦᠯᠦᠭᠯᠡᠯ ᠤ᠋ᠨ ᠭᠠᠮᠱᠢᠭ ᠢ᠋ ᠰᠡᠷᠭᠡᠢᠯᠡᠨ ᠭᠠᠮᠰᠢᠭ ᠢ᠋ ᠪᠠᠭᠠᠰᠭᠠᠬᠤ ᠡᠪᠡᠰᠦ ᠪᠣᠷᠳᠣᠭ᠎ᠠ ᠨᠦᠬᠡᠴᠡᠯᠡᠬᠦ ᠰᠠᠭᠤᠷᠢᠨ ᠳ᠋ᠤ ᠮᠠᠰᠢᠨ ᠮᠧᠬᠠᠨᠢᠭ ᠬᠦᠷᠴᠢᠬᠢᠨᠡᠨ ᠨᠠᠷᠢᠯᠢᠭ ᠪᠤᠷᠳᠤᠭ᠎ᠠ ᠨᠠᠢᠷᠠᠭᠤᠯᠵᠦ ᠶᠠᠭᠠᠷᠠᠯᠳᠤᠨ᠎ᠠ᠃

《ᠬᠦᠮᠦᠨ ᠬᠤᠭᠤᠯᠠ ᠪᠡᠷ᠂ ᠬᠦᠯᠦᠭ ᠡᠪᠡᠰᠦ ᠪᠠᠷ》 ᠬᠡᠳᠡᠭᠴᠢᠯᠡᠨ ᠡᠪᠡᠰᠤ ᠪᠤᠷᠳᠤᠭ᠎ᠠ ᠪᠤᠯ ᠮᠠᠯ ᠠᠵᠤ ᠠᠬᠤᠢ ᠵᠢᠨ ᠡᠷᠡᠬᠦᠯ ᠲᠤᠭᠳᠠᠭᠤᠨ ᠬᠦᠭᠵᠢᠯᠳᠡ ᠵᠢᠨ ᠰᠠᠭᠤᠷᠢ ᠶᠤᠮ᠃ ᠮᠠᠯ ᠪᠡᠯᠴᠢᠭᠡᠷ ᠢ᠋ ᠲᠡᠨᠭᠴᠡᠭᠦᠷᠢ ᠲᠠᠢ ᠪᠠᠢᠯᠭᠠᠬᠤ ᠪᠤᠶᠤ ᠪᠡᠯᠴᠢᠭᠡᠷᠯᠡᠭᠦᠯᠬᠦ ᠵᠢ ᠴᠠᠭᠠᠵᠠᠯᠠᠨ ᠪᠡᠯᠴᠢᠭᠡᠷ ᠢ᠋ ᠠᠮᠠᠷᠠᠭᠤᠯᠵᠤ᠂ ᠨᠤᠳᠤᠭ ᠪᠡᠯᠴᠢᠬᠡᠷ ᠤ᠋ᠨ ᠠᠮᠢ ᠠᠬᠤᠢ ᠵᠢ ᠬᠠᠮᠠᠭᠠᠯᠠᠬᠤ ᠵᠢᠨ ᠬᠠᠮᠳᠦ ᠮᠠᠯ ᠠᠵᠤ ᠠᠬᠤᠢ ᠵᠢᠨ ᠦᠷᠬᠦᠯᠵᠢᠯᠡᠬᠦ ᠬᠦᠭᠵᠢᠯᠳᠡ ᠵᠢ ᠪᠠᠳᠤᠯᠠᠬᠤ ᠳ᠋ᠤ ᠡᠪᠡᠰᠤ ᠪᠤᠷᠳᠤᠭ᠎ᠠ — ᠮᠠᠯ ᠰᠦᠷᠦᠭ ᠤ᠋ᠨ 《ᠬᠦᠨᠡᠰᠦᠨ》 ᠤ᠋ ᠠᠰᠠᠭᠤᠳᠠᠯ ᠢ᠋ ᠬᠡᠷᠬᠢᠨ ᠰᠢᠢᠳᠪᠦᠷᠢᠯᠡᠬᠦ ᠪᠤᠢ? ᠡᠨᠡ ᠨᠢ ᠮᠠᠯᠴᠢᠨ ᠲᠦᠮᠡᠨ ᠳ᠋ᠤ ᠲᠤᠯᠭᠠᠷᠠᠭᠰᠠᠨ ᠬᠠᠳᠠᠭᠤ ᠰᠢᠯᠭᠠᠯᠳᠠ ᠪᠤᠯᠵᠠᠢ᠃

11 ᠰᠠᠷ᠎ᠠ ᠵᠢᠨ ᠡᠬᠢ ᠪᠡᠷ ᠪᠢᠳᠡ ᠦᠪᠡᠷᠳᠡᠬᠡᠨ ᠵᠠᠰᠠᠬᠤ ᠤᠷᠤᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠤᠷᠠᠲᠠᠯ᠎ᠠ ᠪᠡᠯᠴᠢᠭᠡᠷᠯᠡᠭᠦᠯᠬᠦ ᠠᠰᠠᠭᠤᠳᠠᠯ ᠢ᠋ ᠱᠢᠶ᠋ᠳᠪᠦᠷᠢᠯᠡᠬᠦ᠌ ᠲᠤᠷᠱᠢᠯᠲᠠ ᠢ᠋ᠢᠨ ᠴᠡᠭ ᠤ᠋ᠨ ᠬᠤᠰᠢᠭᠤ ᠰᠢᠶᠠᠠ ᠪᠤᠯᠬᠤ ᠬᠦᠯᠦᠨ ᠪᠤᠢᠷ ᠬᠤᠳᠠ ᠵᠢᠨ ᠰᠢᠨ᠎ᠠ ᠪᠠᠷᠭᠤ ᠪᠠᠷᠠᠭᠤᠨ ᠬᠤᠰᠢᠭᠤ᠂ ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠡᠮᠦᠨᠠᠳᠤ ᠬᠤᠰᠢᠭᠤ᠂ ᠲᠦᠨᠭᠯᠢᠶᠤᠤ ᠬᠤᠳᠠ ᠵᠢᠨ ᠵᠠᠷᠤᠳ ᠬᠤᠰᠢᠭᠤ ᠪᠡᠷ ᠰᠤᠷᠪᠤᠯᠵᠢᠯᠠᠵᠦ ᠶᠠᠪᠤᠬᠤ ᠳ᠋ᠠᠭᠠᠨ᠂ ᠤᠯᠠᠨ ᠮᠠᠯᠵᠢᠬᠤ ᠲᠠᠷᠢᠶᠠᠯᠠᠬᠤ ᠡᠷᠦᠬᠡ᠂ ᠲᠤᠰᠬᠠᠢ ᠬᠤᠷᠰᠢᠶ᠎ᠠ ᠪᠠ ᠠᠵᠤ ᠠᠬᠤᠢᠯᠠᠯ ᠨᠢ 《ᠬᠠᠮᠳᠤᠷᠠᠯᠴᠠᠵᠤ ᠬᠠᠮᠳᠤ ᠪᠡᠷ ᠠᠰᠢᠭ ᠬᠦᠷᠳᠡᠬᠦ》 ᠰᠡᠳᠬᠢᠴᠡ ᠪᠡᠷ ᠮᠠᠯ ᠪᠡᠯᠴᠢᠬᠡᠷ ᠤ᠋ᠨ ᠳᠡᠩᠴᠡᠬᠦᠷᠢ ᠵᠢ ᠪᠠᠳᠤᠯᠠᠵᠦ᠂ ᠰᠦᠯ ᠰᠠᠢᠳᠠᠢ ᠡᠪᠡᠰᠦ ᠲᠠᠷᠢᠬᠤ ᠪᠤᠶᠤ ᠡᠯᠪᠡᠭ ᠪᠠᠶᠠᠯᠢᠭ ᠡᠰᠢ ᠰᠦᠷᠡᠯ ᠢ᠋ ᠠᠰᠢᠬᠯᠠᠨ ᠡᠪᠡᠰᠦᠨ ᠤ᠋ ᠠᠵᠤ ᠦᠶ᠋ᠯᠡᠰ ᠢ᠋ ᠬᠦᠭᠵᠢᠭᠦᠯᠵᠦ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠵᠤ ᠪᠠᠢᠬᠤ ᠵᠢ ᠬᠠᠷᠠᠯ᠎ᠠ᠃

ᠵᠠᠩᠬᠢᠯᠠᠭ᠎ᠠ ᠵᠢᠨ ᠦᠬᠡ᠄ ᠪᠡᠯᠴᠢᠬᠡᠷ ᠬᠠᠳᠤᠯᠠᠩ

ᠵᠡᠭᠡᠷ᠎ᠠ ᠵᠢᠨ ᠰᠦᠷᠦᠭ ᠰᠢᠭ ᠰᠢᠷᠭᠠᠯᠳᠤᠭᠰᠠᠨ ᠳᠠᠯ᠎ᠠ ᠵᠢᠨ ᠲᠤᠮᠳᠠᠭᠤᠷ ᠵᠢᠷᠢᠯᠵᠡᠬᠦᠯᠦᠨ ᠳᠠᠪᠬᠢᠭᠰᠠᠭᠠᠷ ᠰᠢᠷᠤᠢ ᠵᠢᠨ ᠵᠠᠮ ᠢ᠋ ᠡᠯᠬᠦᠪᠠ᠃ ᠵᠠᠮᠴᠢᠯᠠᠭᠴᠢ ᠮᠠᠨᠢ ᠮᠤᠯᠤᠷᠭᠠᠷᠪᠤ ᠲᠠᠢ ᠤᠳᠠᠰᠤ ᠪᠡᠷ ᠨᠡᠯᠢᠶᠡᠳ ᠶᠠᠷᠢᠭᠰᠠᠨ ᠵᠢᠡᠨ ᠵᠦᠭ ᠴᠢᠭ ᠢ᠋ᠶ᠋ᠡᠨ ᠤᠯᠵᠤ᠂ ᠪᠢᠳᠡᠨ ᠢ᠋ 200 ᠭᠠᠷᠤᠢ ᠺᠢᠯᠤᠮᠸᠲ᠋ᠷ ᠤ᠋ᠨ ᠴᠠᠭᠠᠨ᠎ᠠ ᠡᠪᠡᠰᠦ ᠲᠠᠬᠡᠬᠡᠨ ᠮᠤᠩᠭᠠᠨᠢᠵᠤ ᠪᠠᠢᠭ᠎ᠠ ᠮᠤᠯᠤᠷᠭᠠᠷᠪᠤ ᠵᠢᠨ ᠵᠠᠬ᠎ᠠ ᠳ᠋ᠤ ᠲᠠᠭᠠᠭᠤᠯᠵᠤ ᠬᠦᠷᠦᠯ᠎ᠠ᠃ ᠮᠤᠯᠤᠷᠭᠠᠷᠪᠤ ᠭᠡᠭᠴᠢ ᠬᠠᠷᠢ ᠬᠤᠰᠢᠭᠤᠨ ᠤ᠋ ᠵᠠᠮ ᠢ᠋ ᠬᠦᠷᠳᠡᠯ᠎ᠠ ᠠᠯᠠᠭᠠᠨ ᠤ᠋ ᠪᠠᠨ ᠵᠢᠷᠤᠭᠠᠰᠤ ᠮᠡᠳᠦ ᠰᠠᠢᠨ ᠮᠡᠳᠡᠳᠡᠭ ᠬᠠᠰᠢᠷ ᠮᠠᠯᠴᠢᠨ ᠶᠤᠮ᠃

ᠳᠠᠯ᠎ᠠ ᠲᠦᠬᠦᠷᠡᠩ ᠪᠤᠭᠤᠳᠠᠯ ᠪᠤᠭᠤᠳᠠᠯ ᠡᠪᠡᠰᠦ ᠲᠠᠢ ᠡᠨᠡ ᠭᠠᠵᠠᠷ ᠨᠢ ᠰᠢᠨ᠎ᠠ ᠪᠠᠷᠭᠤ ᠵᠡᠬᠦᠨ ᠬᠤᠰᠢᠭᠤᠨ ᠤ᠋ ᠵᠢᠪᠬᠤᠯᠠᠩᠳᠦ ᠰᠤᠮᠤ ᠵᠢᠨ ᠨᠤᠲᠤᠭ ᠪᠠᠢᠯ᠎ᠠ᠃ 《ᠮᠠᠨ ᠤ᠋ ᠨᠤᠲᠤᠭ ᠲᠦ᠍ ᠡᠨᠡ ᠵᠢᠯ ᠬᠤᠷ᠎ᠠ ᠤᠰᠤ ᠠᠨᠠᠢ᠂ ᠡᠪᠦᠯ ᠬᠠᠪᠤᠷ ᠤ᠋ᠨ ᠳᠡᠵᠢᠬᠡᠯ ᠡᠪᠡᠰᠦ ᠪᠠᠨ ᠨᠦᠬᠡᠴᠡᠯᠡᠬᠦ ᠪᠡᠷ ᠡᠨᠳᠡ ᠢᠷᠡᠭᠰᠡᠨ ᠶᠤᠮ》 ᠭᠡᠵᠤ ᠰᠢᠨ᠎ᠠ ᠪᠠᠷᠭᠤ ᠪᠠᠷᠠᠭᠤᠨ ᠬᠤᠰᠢᠭᠤᠨ ᠤ᠋ ᠳᠠᠯᠠᠢ ᠰᠤᠮᠤ ᠵᠢᠨ ᠪᠦᠷᠢᠳᠦ ᠭᠠᠴᠠᠭᠠᠨ ᠤ᠋ ᠮᠠᠯᠴᠢᠨ ᠮᠤᠯᠤᠷᠭᠠᠷᠪᠤ ᠲᠦᠩᠬᠦᠢᠭᠰᠡᠨ ᠲᠤᠮᠤ ᠪᠤᠭᠤᠳᠠᠯ ᠲᠠᠢ ᠡᠪᠡᠰᠦ ᠵᠢ ᠡᠷᠬᠦᠬᠦᠷ ᠮᠠᠰᠢᠨ ᠵᠢᠡᠷ ᠵᠡᠷᠭᠡᠯᠡᠬᠦ᠎ᠶᠢᠨ ᠳᠠᠭᠠᠤ ᠶᠠᠷᠢᠵᠦ ᠪᠠᠢᠯ᠎ᠠ᠃


e3cede9b-be13-4850-a903-22056b1ba134.png


ᠦᠪᠦᠷ ᠮᠤᠨᠭᠭᠤᠯ ᠤ᠋ᠨ ᠬᠡᠪᠴᠢᠶᠡᠨ ᠳ᠋ᠤ ᠬᠦᠯᠦᠨ ᠪᠤᠢᠷ ᠬᠤᠳᠠ ᠵᠢᠨ ᠨᠤᠲᠤᠭ ᠳᠡᠪᠢᠰᠬᠡᠷ ᠤ᠋ᠨ ᠳᠠᠯᠠᠪᠠᠢ ᠬᠤᠶᠠᠳᠤᠭᠠᠷ ᠲᠸ᠋ ᠤᠷᠤᠵᠦ᠂ ᠪᠡᠯᠴᠢᠬᠡᠷ ᠬᠠᠳᠤᠯᠠᠩ ᠤ᠋ᠨ ᠳᠠᠯᠠᠪᠠᠢ ᠨᠢ ᠶᠡᠬᠡ ᠪᠠᠢᠳᠠᠭ ᠵᠢᠡᠷ ᠵᠢᠡᠨ ᠪᠡᠯᠴᠢᠬᠡᠷ ᠤ᠋ᠨ ᠮᠠᠯ ᠠᠵᠤ ᠠᠬᠤᠢ ᠵᠢ ᠬᠦᠭᠵᠢᠬᠦᠯᠬᠦ ᠦᠪᠡᠷᠮᠢᠴᠡ ᠳᠠᠪᠠᠭᠤᠯᠢᠭ ᠲᠠᠢ ᠶᠤᠮ᠃ ᠪᠡᠯᠴᠢᠬᠡᠷ ᠬᠠᠳᠤᠯᠠᠩ ᠤ᠋ᠨ ᠠᠵᠢᠯ ᠤ᠋ᠨ ᠮᠠᠰᠢᠨᠴᠢᠯᠠᠯᠳᠠ ᠵᠢᠨ ᠲᠦᠪᠰᠢᠨ ᠢ᠋ ᠲᠠᠬᠡᠭᠰᠢᠯᠡᠬᠦᠯᠤᠨ᠂ ᠨᠡᠢᠬᠡᠮᠴᠢᠯᠡᠭᠰᠡᠨ ᠦᠢᠯᠡᠴᠢᠯᠡᠬᠡᠨ ᠤ᠋ ᠰᠢᠰᠲ᠋ᠧᠮ ᠢ᠋ ᠪᠦᠷᠢᠨᠰᠢᠬᠦᠯᠦᠭᠰᠡᠨ ᠨᠢ ᠠᠵᠢᠯ ᠤ᠋ᠨ ᠦᠷ᠎ᠠ ᠪᠦᠳᠦᠮᠵᠢ ᠵᠢ ᠶᠡᠬᠡ ᠪᠡᠷ ᠰᠠᠢᠵᠢᠷᠠᠭᠤᠯᠵᠤ᠂ ᠬᠠᠳᠤᠯᠠᠩ ᠬᠠᠳᠤᠵᠦ ᠬᠤᠷᠢᠶᠠᠬᠤ ᠡᠴᠡ ᠪᠤᠯᠤᠭᠰᠠᠨ ᠬᠦᠮᠦᠨ ᠤ᠋ ᠡᠪᠳᠡᠯᠡᠭᠡ ᠵᠢ ᠪᠠᠭᠠᠰᠬᠠᠬᠤ ᠵᠢᠨ ᠤᠯᠠᠮ ᠵᠢᠡᠷ ᠪᠠᠢᠭᠠᠯᠢ ᠵᠢᠨ ᠪᠡᠯᠴᠢᠬᠡᠷ ᠬᠠᠳᠤᠯᠠᠩ ᠢ᠋ ᠬᠠᠮᠠᠭᠠᠯᠠᠵᠦ ᠵᠤᠬᠢᠰᠳᠠᠢ ᠠᠰᠢᠭᠯᠠᠬᠤ ᠲᠤᠬᠢᠳᠠᠢ ᠠᠷᠭ᠎ᠠ ᠬᠢᠳᠠᠯ ᠤ᠋ᠨ ᠨᠢᠭᠡ ᠪᠤᠯᠵᠠᠢ᠃

ᠮᠤᠯᠤᠷᠭᠠᠷᠪᠤ ᠰᠠᠨᠠᠭ᠎ᠠ ᠵᠤᠷᠢᠯᠳᠠ ᠨᠡᠢᠯᠡᠭᠰᠡᠨ ᠬᠡᠳᠦᠬᠦᠯᠡ ᠲᠠᠢ ᠪᠠᠨ ᠬᠠᠮᠳᠤᠷᠠᠨ ᠲᠤᠮᠤ ᠠᠴᠢᠶᠠᠨ ᠤ᠋ ᠮᠠᠰᠢᠨ᠂ ᠬᠠᠳᠤᠵᠤ ᠬᠤᠷᠢᠶᠠᠬᠤ ᠮᠠᠰᠢᠨ ᠬᠤᠳᠠᠯᠳᠤᠨ ᠠᠪᠴᠤ᠂ ᠴᠢᠯᠦᠭᠡ ᠵᠠᠪ ᠵᠢᠠᠷ ᠵᠢᠡᠨ ᠮᠠᠯᠴᠢᠳ ᠤ᠋ᠨ ᠵᠠᠬᠢᠶᠠᠯᠠᠭ᠎ᠠ ᠪᠡᠷ ᠡᠪᠡᠰᠦ ᠬᠠᠳᠤᠵᠤ ᠲᠡᠭᠡᠭᠡᠪᠦᠷᠢᠯᠡᠬᠦ᠂ ᠡᠪᠡᠰᠦ ᠪᠤᠷᠤᠯᠠᠭᠤᠯᠬᠤ ᠠᠵᠢᠯ ᠬᠢᠵᠦ᠂ ᠤᠢᠷ᠎ᠠ ᠬᠠᠪᠢ ᠵᠢᠨ ᠬᠢᠨ ᠳ᠋ᠠᠭᠡᠨ ᠲᠤᠰᠠ ᠳᠡᠮ ᠪᠤᠯᠤᠭᠰᠠᠨ ᠮᠦᠷᠳᠡᠭᠡᠨ ᠦᠪᠡᠷ ᠤ᠋ᠨ ᠠᠮᠢᠳᠤᠷᠠᠯ ᠳ᠋ᠠᠭᠠᠨ ᠲᠤᠰᠠᠯᠠᠬᠤ ᠤᠷᠤᠯᠭ᠎ᠠ ᠲᠠᠢ ᠪᠤᠯᠵᠠᠢ᠃ ᠡᠨᠡ ᠵᠢᠯ ᠳᠡᠳᠡᠨᠦᠰ 40 ᠰᠢᠬᠠᠮ ᠲᠡᠷᠭᠡ ᠡᠪᠡᠰᠦ ᠪᠤᠷᠤᠯᠠᠭᠤᠯᠵᠦ᠂ ᠤᠯᠵᠠ ᠤᠮᠤᠭ ᠰᠠᠢᠳᠠᠢ ᠪᠠᠢᠯ᠎ᠠ᠃

ᠨᠢᠭᠡ ᠪᠤᠭᠤᠳᠠᠯ ᠡᠪᠡᠰᠦ ᠪᠠᠷᠤᠭ 500 ᠵᠢᠩ ᠤᠷᠴᠢᠮ ᠪᠠᠢᠳᠠᠭ ᠴᠦ᠍ ᠡᠪᠡᠰᠦᠨ ᠤ᠋ ᠲᠦᠷᠦᠯ᠂ ᠴᠢᠨᠠᠷ᠂ ᠵᠢᠴᠢ ᠵᠢᠯ ᠤ᠋ᠨ ᠦᠨᠭᠭᠡ ᠡᠴᠡ ᠰᠢᠯᠳᠠᠭᠠᠯᠠᠭᠠᠳ ᠦᠨ᠎ᠠ ᠬᠠᠨᠭᠰᠢ ᠨᠢ ᠠᠳᠠᠯᠢ ᠦᠭᠡᠢ ᠶᠤᠮ᠃ ᠮᠤᠯᠤᠷᠭᠠᠷᠪᠤ ᠡᠨᠡ ᠵᠢᠯ ᠨᠢᠬᠡ ᠪᠤᠭᠤᠳᠠᠯ ᠡᠪᠡᠰᠤ ᠵᠢ 160 ᠲᠦᠭᠦᠷᠢᠭ ᠵᠢᠡᠷ ᠬᠤᠳᠠᠯᠳᠤᠨ ᠠᠪᠴᠠᠢ᠃ 《ᠨᠢᠳᠦᠨᠤᠨ ᠪᠤᠭᠤᠳᠠᠯ ᠪᠦᠷᠢ ᠳ᠋ᠡᠭᠡᠨ 320 ᠲᠦᠭᠦᠷᠢᠭ ᠬᠦᠷᠴᠦ ᠪᠠᠢᠬᠰᠠᠨ᠂ ᠨᠠᠩ ᠴᠸ᠋ 2013 ᠤᠨ ᠳ᠋ᠤ ᠭᠠᠩ ᠬᠡᠴᠡᠭᠦᠳᠡᠵᠦ ᠪᠤᠭᠤᠳᠠᠯ ᠪᠦᠷᠢ ᠳ᠋ᠤ 500 ᠲᠦᠭᠦᠷᠢᠭ ᠬᠦᠷᠴᠦ ᠪᠠᠢᠭᠰᠠᠨ ᠤᠳᠠᠭ᠎ᠠ ᠲᠠᠢ》 ᠬᠡᠵᠤ ᠲᠡᠷᠡ ᠬᠡᠯᠡᠨ᠎ᠠ᠃

ᠡᠨᠡ ᠵᠢᠯ ᠮᠤᠯᠤᠷᠭᠠᠷᠪᠤ ᠦᠪᠠᠰᠤᠪᠠᠨ 800 — 1000 ᠪᠤᠭᠤᠳᠠᠯ ᠡᠪᠡᠰᠦ ᠬᠤᠳᠠᠯᠳᠤᠨ ᠠᠪᠬᠤ ᠲᠦᠯᠦᠪᠯᠡᠭᠡ ᠲᠠᠢ᠃ ᠨᠢᠭᠡ ᠲᠠᠯ᠎ᠠ ᠪᠠᠷ ᠪᠡᠯᠴᠢᠬᠡᠷ ᠪᠠᠷᠠᠭᠳᠠᠬᠤ ᠶᠤᠮ ᠤᠤ? ᠡᠰᠡᠬᠦᠯ᠎ᠠ ᠡᠪᠤᠯ ᠴᠠᠰᠤ ᠶᠡᠭᠡ ᠤᠷᠤᠵᠤ ᠪᠡᠯᠴᠢᠭᠡᠷ ᠲᠡᠷᠤᠭᠳᠠᠪᠠᠯ ᠮᠠᠯ ᠳ᠋ᠠᠭᠠᠨ ᠡᠪᠡᠰᠦ ᠢᠯᠡᠬᠦᠦ ᠲᠠᠯᠪᠢᠬᠤ ᠵᠢ ᠪᠤᠳᠤᠵᠦ᠂ ᠨᠦᠬᠦᠭᠡ ᠲᠠᠯ᠎ᠠ ᠪᠠᠷ ᠬᠠᠪᠤᠷ ᠤ᠋ᠨ ᠬᠠᠰᠢᠶᠠᠯᠠᠭ᠎ᠠ ᠳ᠋ᠤ ᠬᠡᠷᠡᠭᠰᠡᠬᠦ ᠮᠠᠯ ᠤ᠋ᠨ ᠲᠠᠵᠢᠬᠡᠯ ᠡᠪᠡᠰᠦ ᠪᠠᠨ ᠨᠦᠭᠡᠴᠡᠯᠡᠨ᠂ ᠨᠤᠳᠤᠭ ᠪᠡᠯᠴᠢᠭᠡᠷ ᠵᠢᠡᠨ ᠠᠮᠠᠷᠠᠭᠤᠯᠤᠨ ᠰᠡᠷᠭᠦᠭᠡᠬᠦ ᠳ᠋ᠤ ᠪᠡᠯᠡᠳᠬᠡᠯ ᠬᠢᠵᠦ ᠪᠠᠢᠯ᠎ᠠ᠃ ᠰᠢᠨ᠎ᠠ ᠪᠠᠷᠭᠤ ᠪᠠᠷᠠᠭᠤᠨ ᠬᠤᠰᠢᠭᠤ ᠵᠢᠯ ᠪᠤᠯᠭᠠᠨ 4 ᠰᠠᠷ᠎ᠠ ᠵᠢᠨ 10 ᠡᠴᠡ 5 ᠰᠠᠷ᠎ᠠ ᠵᠢᠨ 25 ᠤ᠋ ᠡᠳᠤᠷ ᠪᠤᠯᠳᠠᠯ᠎ᠠ ᠬᠠᠰᠢᠶᠠᠯᠠᠨ ᠮᠠᠯᠵᠢᠵᠦ ᠤᠯᠠᠷᠢᠯ ᠤ᠋ᠨ ᠴᠢᠨᠠᠷᠳᠠᠢ ᠪᠡᠯᠴᠢᠬᠡᠷ ᠰᠡᠷᠭᠦᠭᠡᠳᠡᠭ ᠪᠤᠯᠬᠤᠷ ᠶᠡᠭᠡ ᠬᠡᠮᠵᠢᠶᠠᠨ ᠤ᠋ ᠲᠠᠵᠢᠬᠡᠯ ᠡᠪᠡᠰᠦ ᠱᠠᠭᠠᠷᠳᠠᠳᠠᠭ᠃ ᠬᠠᠪᠤᠷ ᠤ᠋ᠨ ᠤᠯᠠᠷᠢᠯ ᠤ᠋ᠨ ᠪᠡᠯᠴᠢᠭᠡᠷ ᠰᠡᠷᠭᠦᠭᠡᠬᠦ᠌᠂ ᠪᠦᠬᠦ ᠵᠢᠯ ᠤ᠋ᠨ ᠴᠢᠨᠠᠷᠲᠠᠶ ᠪᠡᠯᠴᠢᠭᠡᠷᠯᠡᠭᠦᠯᠬᠦ᠌ ᠵᠢ ᠴᠠᠭᠠᠵᠠᠯᠠᠬᠤ ᠪᠤᠯ ᠪᠡᠯᠴᠢᠭᠡᠷ ᠡᠪᠡᠰᠦ ᠵᠢᠨ ᠤᠨᠠᠯᠳᠠ ᠵᠢ ᠨᠡᠮᠡᠭᠳᠡᠬᠦᠯᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠦᠷᠬᠦᠯᠵᠢᠯᠡᠬᠦ ᠬᠦᠭᠵᠢᠯᠳᠡ ᠵᠢ ᠡᠷᠢᠯᠬᠢᠯᠠᠵᠦ ᠪᠠᠢᠭ᠎ᠠ ᠠᠷᠭ᠎ᠠ ᠠᠪᠴᠠᠯ ᠪᠤᠯᠤᠨ᠎ᠠ᠃

《ᠬᠠᠰᠢᠯᠠ ᠮᠠᠯ ᠪᠡᠯᠴᠢᠭᠡᠷ ᠤ᠋ᠨ ᠲᠡᠨᠭᠴᠡᠭᠦᠷᠢ ᠵᠢ ᠪᠠᠳᠤᠯᠠᠵᠦ᠂ ᠡᠬᠦᠯᠳᠡᠷ᠎ᠰᠠᠢᠵᠢᠷᠠᠭᠤᠯᠵᠤ ᠴᠦᠭᠡᠨ ᠮᠠᠯᠵᠢᠬᠤ ᠨᠢ ᠪᠡᠯᠴᠢᠭᠡᠷ ᠲᠸ᠋ ᠭᠠᠮᠳᠠᠢ ᠮᠦᠷᠳᠡᠭᠡᠨ ᠤᠷᠤᠯᠭ᠎ᠠ ᠵᠢᠨ ᠳᠠᠯ᠎ᠠ ᠳ᠋ᠤ ᠴᠸ᠋ ᠶᠡᠬᠡ ᠵᠦᠬᠡᠷ ᠶᠤᠮ》 ᠭᠡᠵᠦ ᠮᠤᠯᠤᠷᠭᠠᠷᠪᠤ ᠤᠴᠢᠷᠯᠡᠨ᠎ᠠ᠃ ᠰᠢᠨ᠎ᠠ ᠪᠠᠷᠭᠤ ᠪᠠᠷᠠᠭᠤᠨ ᠬᠤᠰᠢᠭᠤᠨ ᠤ᠋ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠲᠤᠪᠴᠢᠶ᠎ᠠ ᠡᠴᠡ ᠬᠠᠩᠭᠠᠭᠰᠠᠨ ᠮᠠᠲ᠋ᠧᠷᠢᠶᠠᠯ ᠢ᠋ ᠦᠨᠳᠦᠰᠦᠯᠡᠪᠡᠯ᠂ ᠲᠤᠰ ᠬᠤᠰᠢᠭᠤ ᠮᠠᠯ ᠪᠡᠯᠴᠢᠭᠡᠷ ᠤ᠋ᠨ ᠳᠡᠩᠴᠡᠬᠦᠷᠢ ᠵᠢ ᠪᠠᠳᠤᠯᠠᠬᠤ ᠠᠵᠢᠯ ᠢ᠋ ᠴᠢᠩᠭ᠎ᠠ ᠠᠳᠬᠤᠨ᠂ 13.99 ᠮᠣ᠌ ᠪᠡᠯᠴᠢᠬᠡᠷ ᠲᠦ᠍ 1 ᠬᠤᠨᠢ᠂ 65 ᠮᠣ᠌ ᠪᠡᠯᠴᠢᠬᠡᠷ ᠲᠦ᠍ 1 ᠦᠬᠡᠷ᠂ 78 ᠮᠣ᠌ ᠪᠡᠯᠴᠢᠭᠡᠷ ᠲᠦ᠍ 1 ᠠᠳᠤᠭᠤ ᠮᠠᠯᠵᠢᠬᠤ ᠪᠠᠷᠢᠮᠵᠢᠶ᠎ᠠ ᠲᠤᠭᠳᠠᠭᠠᠵᠦ᠂ ᠮᠠᠯ ᠪᠡᠯᠴᠢᠬᠡᠷ ᠤ᠋ᠨ ᠲᠡᠩᠴᠡᠬᠦᠷᠢ ᠵᠢ ᠪᠠᠳᠤᠯᠠᠭᠰᠠᠨ ᠨᠦᠬᠦᠪᠦᠷᠢ ᠵᠢ ᠮᠣ᠌ ᠪᠦᠷᠢ ᠳ᠋ᠤ 4.8 ᠲᠦᠬᠦᠷᠢᠭ᠂ ᠪᠡᠯᠴᠢᠬᠡᠷ ᠰᠡᠷᠬᠦᠭᠡᠭᠰᠡᠨ ᠨᠦᠬᠦᠪᠦᠷᠢ ᠵᠢ ᠮᠣ᠌ ᠪᠦᠷᠢ ᠳ᠋ᠤ 0.74 ᠲᠦᠬᠦᠷᠢᠭ ᠤᠷᠴᠢᠮ ᠵᠢᠡᠷ ᠦᠭᠴᠦ ᠪᠠᠢᠨ᠎ᠠ᠃

ᠰᠢᠨ᠎ᠠ ᠪᠠᠷᠭᠤ ᠪᠠᠷᠠᠭᠤᠨ ᠬᠤᠰᠢᠭᠤᠨ ᠤ᠋ ᠪᠤᠢᠷ ᠰᠤᠮᠤ ᠵᠢᠨ ᠮᠸᠨᠡᠨᠭᠳᠡᠯ᠎ᠠ ᠭᠠᠴᠠᠭᠠᠨ ᠤ᠋ ᠮᠠᠯᠴᠢᠨ ᠰᠤᠭᠤᠷ ᠤ᠋ᠨ ᠬᠢᠨ 1.1 ᠲᠦᠮᠡ ᠭᠠᠷᠤᠢ ᠮᠣ᠌ ᠪᠡᠯᠴᠢᠬᠡᠷ᠂ 300 ᠰᠢᠬᠠᠮ ᠬᠤᠨᠢ᠂ 140 ᠭᠠᠷᠤᠢ ᠦᠬᠡᠷ ᠪᠤᠯᠤᠨ 60 ᠭᠠᠷᠤᠢ ᠠᠳᠤᠭᠤ ᠲᠠᠢ ᠶᠤᠮ᠃ ᠮᠠᠯ ᠪᠡᠯᠴᠢᠬᠡᠷ ᠤ᠋ᠨ ᠲᠡᠩᠴᠡᠬᠦᠷᠢ ᠵᠢ ᠪᠠᠳᠤᠯᠠᠬᠤ ᠭᠡᠵᠦ ᠲᠠᠷᠠ 300 ᠬᠤᠨᠢ ᠪᠠᠨ ᠠᠢᠯ ᠳ᠋ᠤ ᠰᠦᠷᠦᠭ ᠳᠠᠯᠪᠢᠵᠦ᠂ ᠬᠤᠨᠢ ᠪᠦᠷᠢ ᠡᠴᠡ ᠪᠠᠨ ᠵᠢᠯ ᠳ᠋ᠤ 170 ᠲᠦᠬᠦᠷᠢᠭ ᠤ᠋ᠨ ᠲᠤᠭᠳᠠᠮᠠᠯ ᠤᠷᠤᠯᠭ᠎ᠠ ᠤᠯᠵᠦ ᠪᠠᠢᠨ᠎ᠠ᠃ ᠡᠭᠦᠨ ᠤ᠋ ᠵᠡᠷᠭᠡ ᠪᠡᠷ ᠪᠤᠰᠤᠳ ᠡᠴᠡ 6000 ᠮᠣ᠌ ᠪᠡᠯᠴᠢᠬᠡᠷ ᠲᠦᠷᠢᠶᠠᠰᠤᠯᠠᠵᠦ᠂ ᠡᠪᠦᠯ ᠬᠠᠪᠤᠷ ᠲᠠᠭᠠᠨ ᠪᠡᠯᠴᠢᠬᠡᠷ ᠰᠡᠯᠬᠦᠨ ᠮᠠᠯᠵᠢᠵᠦ ᠪᠠᠢᠬᠤ ᠪᠦᠭᠡᠳ ᠦᠪᠡᠷ ᠤ᠋ᠨ ᠪᠡᠯᠴᠢᠬᠡᠷ ᠡᠴᠡ ᠪᠠᠨ 4000 ᠮᠣ᠌ ᠵᠢ ᠬᠠᠳᠤᠯᠠᠩ ᠪᠤᠯᠭᠠᠨ ᠠᠰᠢᠭᠯᠠᠵᠠᠢ᠃ ᠪᠠᠰᠠ ᠴᠦᠬᠡᠨ ᠮᠠᠯᠵᠢᠵᠦ᠂ ᠪᠡᠯᠴᠢᠬᠡᠷ ᠤ᠋ᠨ ᠲᠠᠷᠤᠭᠠᠰᠤ ᠵᠢ ᠬᠦᠩᠬᠡᠷᠡᠬᠦᠯᠬᠦ ᠪᠡᠷ ᠠᠥ᠋ᠰᠲ᠋ᠷᠡᠯᠢᠶ᠎ᠠ ᠵᠢᠨ ᠴᠡᠪᠡᠷ ᠡᠬᠦᠯᠳᠡᠷ ᠤ᠋ᠨ ᠰᠢᠮᠧᠨ᠋ᠳᠠᠷ ᠦᠬᠡᠷ ᠬᠤᠳᠠᠯᠳᠤᠨ ᠠᠪᠴᠤ᠂ ᠺᠠᠨᠠᠳᠠ ᠵᠢᠨ ᠰᠢᠮᠧᠨ᠋ᠳᠠᠷ ᠪᠤᠬ᠎ᠠ ᠵᠢᠨ ᠢᠴᠡᠬᠡᠯ ᠦᠷ᠎ᠠ ᠪᠡᠷ ᠭᠠᠷ ᠬᠡᠬᠡᠯᠳᠦᠬᠦᠯᠭᠡ ᠬᠢᠵᠦ ᠦᠭᠡᠷ᠎ᠤᠨ ᠰᠦᠷᠦᠭ᠎ᠤᠨ ᠡᠭᠦᠯᠳᠡᠷ ᠵᠢᠡᠨ ᠰᠡᠢᠵᠢᠷᠠᠭᠤᠯᠵᠤ᠂ ᠡᠨᠡ ᠵᠢᠯ ᠤ᠋ᠨ ᠬᠤᠳᠠᠯᠳᠤᠭᠰᠠᠨ ᠰᠢᠮᠧᠨ᠋ᠳᠠᠷ ᠲᠤᠭᠤᠯ ᠨᠢ ᠲᠤᠮᠳᠠᠴᠢ ᠪᠡᠷ 1.7 ᠲᠦᠮᠡᠨ ᠲᠦᠬᠦᠷᠢᠭ ᠲᠦ᠍ ᠬᠦᠷᠴᠠᠢ᠃ 《ᠤᠷᠤᠯᠭ᠎ᠠ ᠵᠢᠨ ᠬᠤᠪᠢ ᠳ᠋ᠤ ᠬᠠᠰᠢᠯᠠ ᠰᠢᠮᠧᠨ᠋ᠳᠠᠷ ᠦᠬᠡᠷ ᠳᠠᠪᠠᠭᠤᠯᠢᠭ ᠲᠠᠢ ᠶᠤᠮ》 ᠭᠡᠵᠦ ᠰᠤᠭᠤᠷ ᠤᠴᠢᠷᠯᠠᠨ᠎ᠠ᠃ ᠲᠡᠷᠡ ᠢᠩᠬᠢᠵᠤ ᠳᠡᠵᠢᠬᠡᠯ ᠡᠪᠡᠰᠦ ᠵᠢ 50% ᠪᠡᠷ ᠠᠷᠪᠢᠯᠠᠬᠤ ᠵᠢᠨ ᠬᠠᠮᠳᠤ ᠮᠠᠯ ᠪᠡᠯᠴᠢᠬᠡᠷ ᠤ᠋ᠨ ᠲᠡᠩᠴᠡᠬᠦᠷᠢ ᠵᠢ ᠪᠠᠳᠤᠯᠠᠵᠤ᠂ ᠠᠮᠢ ᠠᠬᠤᠢ ᠵᠢᠨ ᠬᠠᠮᠠᠭᠠᠯᠠᠯᠳᠠ ᠬᠢᠭᠡᠳ ᠠᠵᠤ ᠠᠬᠤᠢ ᠵᠢᠨ ᠦᠷ᠎ᠠ ᠠᠰᠢᠭ ᠢ᠋ ᠬᠦᠷᠳᠡᠭᠰᠡᠨ 《ᠰᠢᠨ᠎ᠠ ᠮᠠᠯᠴᠢᠨ》 ᠤ᠋ ᠨᠢᠭᠡ ᠪᠤᠯᠵᠠᠢ᠃

ᠪᠡᠯᠴᠢᠬᠡᠷ ᠤ᠋ᠨ ᠳᠠᠭᠠᠭᠠᠴᠠ ᠵᠢ ᠰᠢᠨᠵᠢᠯᠡᠬᠦ ᠤᠬᠠᠭᠠᠨᠴᠢ ᠪᠡᠷ ᠲᠤᠬᠢᠷᠠᠭᠤᠯᠬᠤ᠂ ᠮᠠᠯ ᠪᠡᠯᠴᠢᠬᠡᠷ ᠤ᠋ᠨ ᠲᠡᠩᠴᠡᠬᠦᠷᠢ ᠵᠢ ᠪᠠᠳᠤᠯᠠᠬᠤ ᠱᠠᠭᠠᠷᠳᠠᠯᠭ᠎ᠠ ᠨᠢ ᠮᠠᠯᠵᠢᠯ ᠡᠴᠡ ᠪᠤᠰᠤᠳ ᠠᠵᠢᠯ ᠲᠦᠷᠦᠯ ᠡᠷᠬᠢᠯᠡᠵᠦ ᠪᠠᠢᠭ᠎ᠠ ᠪᠤᠶᠤ ᠪᠡᠯᠴᠢᠭᠡᠷ ᠠᠭᠤᠵᠢᠭᠤ ᠴᠦᠬᠡᠨ ᠮᠠᠯ ᠲᠠᠢ ᠠᠢᠯ ᠳ᠋ᠤ ᠪᠡᠯᠴᠢᠬᠡᠷ ᠬᠠᠳᠤᠯᠠᠩ ᠵᠢᠡᠨ ᠠᠰᠢᠬᠯᠠᠨ ᠤᠷᠤᠯᠭ᠎ᠠ ᠪᠠᠨ ᠨᠡᠮᠡᠭᠳᠡᠬᠦᠯᠬᠦ ᠲᠤᠬᠢᠶᠠᠯ ᠤᠯᠭᠤᠪᠠ᠃ ᠰᠢᠨ᠎ᠠ ᠪᠠᠷᠭᠤ ᠪᠠᠷᠠᠭᠤᠨ ᠬᠤᠰᠢᠭᠤᠨ ᠤ᠋ ᠪᠤᠢᠷ ᠰᠤᠮᠤ ᠵᠢᠨ ᠮᠸᠨᠡᠨᠭᠳᠡᠯ᠎ᠠ ᠭᠠᠴᠠᠭᠠᠨ ᠤ᠋ ᠮᠠᠯᠴᠢᠨ ᠮᠠᠨᠳᠤᠬᠤ ᠨᠢᠳᠤᠨᠤᠨ ᠡᠴᠡ ᠦᠪᠡᠷ ᠤ᠋ᠨ ᠪᠡᠯᠴᠢᠬᠡᠷ ᠲᠡᠭᠡᠨ 200 ᠭᠠᠷᠤᠢ ᠬᠤᠨᠢ ᠳᠠᠭᠠᠭᠠᠴᠢᠯᠠᠨ ᠮᠠᠯᠵᠢᠵᠤ᠂ ᠡᠨᠡ ᠵᠢᠯ ᠨᠢᠭᠡ ᠬᠤᠨᠢ ᠡᠴᠡ 400 ᠭᠠᠷᠤᠢ ᠲᠦᠬᠦᠷᠢᠭ ᠤ᠋ᠨ ᠤᠷᠤᠯᠭ᠎ᠠ ᠤᠯᠤᠭᠰᠠᠨ ᠪᠠᠢᠯ᠎ᠠ; ᠰᠢᠨ᠎ᠠ ᠪᠠᠷᠭᠤ ᠪᠠᠷᠠᠭᠤᠨ ᠬᠤᠰᠢᠭᠤᠨ ᠤ᠋ ᠳᠠᠯᠠᠢ ᠰᠤᠮᠤ ᠵᠢᠨ ᠪᠦᠷᠢᠳᠦ ᠭᠠᠴᠠᠭᠠᠨ ᠤ᠋ ᠮᠠᠯᠴᠢᠨ ᠬᠤᠤᠰᠵᠢᠷᠭᠠᠯ ᠬᠤᠷ᠎ᠠ ᠪᠤᠷᠤᠭᠠᠨ ᠤ᠋ ᠪᠠᠢᠳᠠᠯ ᠢ᠋ ᠦᠨᠳᠦᠰᠦᠯᠡᠨ ᠦᠪᠡᠷ ᠤ᠋ᠨ 1.4 ᠲᠦᠮᠡᠨ ᠮᠣ᠌ ᠨᠤᠲᠤᠭ ᠪᠡᠯᠴᠢᠭᠡᠷ ᠵᠢᠡᠨ ᠪᠡᠯᠴᠢᠬᠡᠷ ᠪᠤᠶᠤ ᠬᠠᠳᠤᠯᠠᠩ ᠵᠢᠡᠷ ᠪᠤᠰᠤᠳ ᠲᠦ᠍ ᠲᠦᠷᠢᠶᠡᠰᠦᠯᠡᠬᠦᠯᠵᠤ᠂ ᠪᠡᠯᠴᠢᠬᠡᠷ ᠵᠢᠡᠷ ᠲᠦᠷᠢᠶᠠᠰᠤᠯᠡᠬᠦᠯᠦᠭᠰᠡᠨ ᠭᠠᠵᠠᠷ ᠡᠴᠡ ᠮᠣ᠌ ᠪᠦᠷᠢ ᠳ᠋ᠤ 17 ᠲᠦᠬᠦᠷᠢᠭ᠂ ᠬᠠᠳᠤᠯᠠᠩ ᠵᠢᠡᠷ ᠲᠦᠷᠢᠶᠠᠰᠤᠯᠡᠬᠦᠯᠦᠭᠰᠡᠨ ᠭᠠᠵᠠᠷ ᠡᠴᠡ ᠮᠦ᠍ ᠪᠦᠷᠢ ᠳ᠋ᠤ 25 ᠲᠦᠬᠦᠷᠢᠭ ᠤ᠋ᠨ ᠤᠷᠤᠯᠭ᠎ᠠ ᠤᠯᠵᠤ ᠪᠠᠢᠨ᠎ᠠ᠃

ᠰᠢᠨ᠎ᠠ ᠪᠠᠷᠭᠤ ᠪᠠᠷᠠᠭᠤᠨ ᠬᠤᠰᠢᠭᠤᠨ ᠤ᠋ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠲᠤᠪᠴᠢᠶ᠎ᠠ ᠡᠴᠡ ᠬᠠᠩᠭᠠᠭᠰᠠᠨ ᠮᠠᠲ᠋ᠧᠷᠢᠶᠠᠯ ᠢ᠋ ᠦᠨᠳᠦᠰᠦᠯᠡᠪᠡᠯ᠂ ᠡᠨᠡ ᠵᠢᠯ ᠲᠤᠰ ᠬᠣᠱᠢᠭᠤ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠭ᠌ᠰᠡᠨ 18.67 ᠲᠦᠮᠡᠨ ᠬᠣᠨᠢ ᠨᠢᠭᠡᠴᠢ ᠵᠢᠨ ᠠᠰᠠᠭᠤᠳᠠᠯ ᠢ᠋ ᠪᠦᠳᠦᠮᠵᠢᠳᠠᠢ ᠱᠢᠶ᠋ᠳᠪᠦᠷᠢᠯᠡᠪᠠ᠃ ᠡᠬᠦᠨ ᠳ᠋ᠤ ᠬᠠᠳᠤᠯᠠᠩ ᠪᠡᠯᠴᠢᠭᠡᠷ ᠲᠦᠷᠢᠶᠡᠰᠦᠯᠡᠬᠦ ᠪᠡᠷ ᠳᠠᠮᠵᠢᠨ 8.08 ᠲᠦᠮᠡᠨ ᠬᠣᠨᠢ ᠨᠢᠭᠡᠴᠢ ᠶ᠋ᠢ ᠱᠢᠶ᠋ᠳᠪᠦᠷᠢᠯᠡᠵᠦ᠂ ᠮᠠᠯ ᠤ᠋ᠨ ᠭᠠᠷᠭᠠᠯᠳᠠ ᠬᠢᠬᠦ ᠪᠡᠷ ᠳᠠᠮᠵᠢᠨ 2.62 ᠲᠦᠮᠡᠨ ᠬᠣᠨᠢ ᠨᠢᠭᠡᠴᠢ ᠶ᠋ᠢ ᠱᠢᠶ᠋ᠳᠪᠦᠷᠢᠯᠡᠨ᠂ 1.3 ᠲᠦᠮᠡᠨ ᠬᠣᠨᠢ ᠨᠢᠭᠡᠴᠢ ᠶ᠋ᠢ ᠬᠠᠱᠢᠶᠠᠯᠠᠨ ᠲᠡᠵᠢᠭᠡᠵᠤ᠂ ᠣᠨᠳᠣᠣ ᠭᠠᠵᠠᠷ ᠲᠦ᠍ ᠱᠢᠯᠵᠢᠭᠦᠯᠬᠦ᠌᠂ ᠰᠦᠷᠦᠭ ᠳᠠᠯᠪᠢᠬᠤ ᠪᠠ ᠬᠠᠭᠠᠰ ᠬᠠᠱᠢᠶᠠᠯᠠᠨ ᠲᠡᠵᠢᠭᠡᠬᠦ᠌ ᠵᠡᠷᠭᠡ ᠠᠷᠭ᠎ᠠ ᠬᠡᠯᠪᠡᠷᠢ ᠪᠡᠷ 6.67 ᠲᠦᠮᠡᠨ ᠬᠤᠨᠢ ᠨᠢᠭᠡᠴᠢ ᠵᠢ ᠱᠢᠢᠳᠪᠦᠷᠢᠯᠡᠵᠠᠢ᠃

ᠵᠠᠩᠬᠢᠯᠠᠭ᠎ᠠ ᠵᠢᠨ ᠦᠬᠡ᠄ ᠡᠪᠡᠰᠦ ᠰᠦᠷᠡᠯ

ᠨᠡᠯᠦᠬᠡᠷ ᠠᠭᠤᠳᠠᠮ ᠡᠪᠡᠰᠦᠨ ᠳᠠᠯᠠᠪᠠᠢ ᠳ᠋ᠡᠬᠢ ᠬᠦᠬᠡ ᠡᠪᠡᠰᠦ ᠨᠢ ᠨᠠᠮᠤᠷ ᠤ᠋ᠨ ᠰᠡᠬᠦᠯᠴᠢ ᠡᠪᠦᠯ ᠤ᠋ᠨ ᠡᠬᠢᠨ ᠤ᠋ ᠭᠤᠨᠳᠠᠵᠦ ᠪᠠᠭᠤᠷᠠᠭᠰᠠᠨ ᠰᠢᠷᠭᠠᠯ ᠡᠪᠡᠰᠦ ᠮᠤᠳᠤ ᠲᠠᠢ ᠦᠩᠭᠡ ᠵᠦᠷᠢᠬᠦᠯᠦᠨ᠂ ᠦᠪᠡᠷᠮᠢᠴᠡ ᠦᠩᠬᠡ ᠲᠦᠷᠬᠦ ᠪᠡᠷ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤ᠋ᠨ ᠤᠪᠠᠳᠢᠰ ᠢ᠋  ᠭᠠᠢᠬᠠᠭᠤᠯᠤᠨ᠎ᠠ᠃

ᠵᠠᠷᠤᠳ ᠬᠤᠰᠢᠭᠤᠨ ᠤ᠋ ᠴᠢᠨᠳᠠᠮᠤᠨᠢ ᠰᠤᠮᠤ ᠳ᠋ᠤ ᠪᠠᠢᠷᠢᠯᠠᠵᠤ ᠪᠠᠢᠭ᠎ᠠ ᠯᠠᠨ ᠱᠢ ᠡᠪᠡᠰᠦᠨ ᠤ᠋ ᠦᠢᠯᠡᠰ ᠤ᠋ᠨ ᠮᠡᠷᠭᠡᠵᠢᠯ ᠤ᠋ᠨ ᠦᠢᠯᠡᠴᠢᠯᠡᠬᠡᠨ ᠤ᠋ ᠺᠤᠮᠫᠠᠨᠢ ᠵᠢᠨ ᠡᠪᠡᠰᠦᠨ ᠳᠠᠯᠠᠪᠠᠢ ᠳ᠋ᠤ ᠪᠤᠷᠤ ᠴᠠᠷᠭᠠᠰᠤ ᠵᠢᠨ ᠲᠠᠷᠢᠶ᠎ᠠ ᠨᠢ ᠡᠨᠡ ᠵᠢᠯ ᠤ᠋ᠨ ᠲᠦᠷᠪᠡᠳᠡᠬᠢ ᠤᠳᠠᠭ᠎ᠠ ᠵᠢᠨ ᠬᠠᠳᠤᠵᠦ ᠬᠤᠷᠢᠶᠠᠬᠤ ᠠᠵᠢᠯ ᠳᠠᠭᠤᠰᠬᠤ ᠵᠢ ᠲᠠᠭᠠᠯᠳᠤᠨ ᠡᠪᠦᠯ ᠤ᠋ᠨ ᠢᠴᠡᠭᠡᠨ ᠳ᠋ᠡᠭᠡᠨ ᠤᠷᠤᠯ᠎ᠠ᠃

《ᠳᠡᠵᠢᠬᠡᠯ ᠡᠪᠡᠰᠦ ᠵᠢᠨ ᠤᠬᠢ》 ᠬᠡᠮᠡᠭᠳᠡᠭᠰᠡᠨ ᠪᠤᠷᠤ ᠴᠠᠷᠭᠠᠰᠤ ᠤᠯᠠᠠ ᠵᠦᠢᠯ ᠤ᠋ᠨ ᠠᠭᠤᠷ ᠠᠮᠢᠰᠬᠤᠯ ᠪᠤᠯᠤᠨ ᠬᠦᠷᠦᠰᠦ ᠰᠢᠷᠤᠢ ᠵᠢᠨ ᠨᠦᠬᠦᠴᠡᠯ ᠳ᠋ᠤ ᠵᠤᠬᠢᠴᠠᠵᠦ᠂ ᠮᠣ᠌ ᠨᠢᠭᠡᠴᠢ ᠵᠢᠨ ᠤᠨᠠᠯᠳᠠ ᠨᠢ 500 — 800 ᠺᠢᠯᠤᠭ᠌ᠷᠠᠮ ᠬᠦᠷᠳᠡᠭ᠃ ᠲᠡᠷᠡ ᠮᠦᠷᠳᠡᠭᠡᠨ ᠨᠢᠭᠡ ᠤᠳᠠᠭ᠎ᠠ ᠳᠠᠷᠢᠪᠠᠯ 5 — 7 ᠵᠢᠯ ᠤᠷᠭᠤᠵᠦ᠂ ᠵᠢᠯ ᠳ᠋ᠤ 4 ᠡᠴᠡ ᠳᠡᠭᠡᠭᠰᠢ ᠤᠳᠠᠭ᠎ᠠ ᠬᠠᠳᠤᠵᠦ ᠪᠤᠯᠬᠤ ᠪᠦᠭᠡᠳ ᠬᠦᠨ ᠦᠨᠳᠦᠰᠦ ᠬᠠᠳᠬᠤᠵᠦ᠂ ᠬᠦᠷᠦᠰᠦ ᠰᠢᠷᠤᠢ ᠵᠢ ᠲᠤᠭᠳᠠᠪᠤᠷᠢᠵᠢᠭᠤᠯᠬᠤ ᠴᠢᠳᠠᠮᠠᠭᠠᠢ ᠦᠢᠯᠡᠳᠤᠯ ᠲᠠᠢ ᠶᠤᠮ᠃


1852343d-cf57-407f-a810-ae07693fb6ac.png


ᠯᠠᠨ ᠱᠢ ᠡᠪᠡᠰᠦᠨ ᠤ᠋ ᠦᠢᠯᠡᠰ ᠤ᠋ᠨ ᠮᠡᠷᠭᠡᠵᠢᠯ ᠤ᠋ᠨ ᠦᠢᠯᠡᠴᠢᠯᠡᠬᠡᠨ ᠤ᠋ ᠺᠤᠮᠫᠠᠨᠢ 2013 ᠤᠨ ᠳ᠋ᠤ ᠮᠠᠯᠴᠢᠨ ᠲᠠᠷᠢᠶᠠᠴᠢᠳ ᠤ᠋ᠨ 2.3 ᠲᠦᠮᠡ ᠭᠠᠷᠤᠢ ᠮᠣ᠌ ᠡᠯᠡᠰᠦᠷᠬᠡᠭᠵᠢᠭᠰᠡᠨ ᠭᠠᠵᠠᠷ ᠢ᠋ ᠲᠦᠷᠢᠶᠡᠰᠤᠯᠠᠨ ᠪᠤᠷᠤ ᠴᠠᠷᠭᠠᠰᠤ ᠳᠠᠷᠢᠵᠤ᠂ ᠠᠷᠪᠠᠭᠠᠳ ᠵᠢᠯ ᠤ᠋ᠨ ᠬᠦᠭᠵᠢᠯᠳᠡ ᠪᠡᠷ ᠳᠠᠮᠵᠢᠨ ᠤᠳᠤ ᠵᠢᠯ ᠳ᠋ᠤ 2 ᠲᠦᠮᠡ ᠭᠠᠷᠤᠢ ᠲᠤᠨ ᠪᠤᠷᠤ ᠴᠠᠷᠭᠠᠰᠤ ᠬᠤᠳᠠᠯᠳᠤᠵᠤ᠂ ᠮᠠᠯ ᠠᠵᠤ ᠠᠬᠤᠢ ᠵᠢᠨ ᠬᠦᠭᠵᠢᠯᠳᠡ ᠳ᠋ᠤ ᠬᠦᠴᠦᠨ ᠨᠠᠮᠠᠷᠢᠯᠡᠬᠦ ᠵᠢᠨ ᠬᠠᠮᠳᠤ ᠦᠪᠡᠷ ᠤ᠋ᠨ ᠠᠰᠢᠭ ᠤᠷᠤᠯᠭ᠎ᠠ ᠪᠠᠨ ᠴᠦ᠍ ᠨᠡᠮᠡᠭᠳᠡᠬᠦᠯᠵᠤ ᠪᠠᠢᠨ᠎ᠠ᠃ 《ᠪᠢᠳᠡ ᠡᠷᠬᠢᠨ ᠲᠤᠭᠤᠷᠢᠨ ᠤ᠋ ᠮᠠᠯᠴᠢᠨ ᠲᠠᠷᠢᠶᠠᠴᠢᠳ ᠤ᠋ᠨ ᠡᠯᠡᠰᠦᠷᠬᠡᠭᠵᠢᠭᠰᠡᠨ ᠭᠠᠵᠠᠷ ᠢ᠋ ᠲᠦᠷᠢᠶᠠᠰᠤᠯᠡᠬᠦ ᠪᠠ ᠲᠠᠳᠠᠨ ᠳ᠋ᠤ ᠠᠵᠢᠯ ᠤ᠋ᠨ ᠪᠠᠢᠷᠢ ᠬᠠᠩᠭᠠᠨ ᠤᠷᠤᠯᠭ᠎ᠠ ᠵᠢ  ᠨᠢ ᠨᠡᠮᠡᠭᠳᠡᠬᠦᠯᠵᠤ᠂ ᠦᠩᠬᠡᠷᠡᠭᠰᠡᠨ ᠤ᠋ ᠡᠯᠡᠰᠦᠷᠭᠡᠭᠵᠢᠭᠰᠡᠨ ᠭᠠᠵᠠᠷ ᠢ᠋ ᠤᠳᠤ 〈ᠨᠤᠭᠤᠭᠠᠨ ᠪᠠᠩᠬᠢ〉 ᠪᠤᠯᠭᠠᠵᠦ᠂ ᠠᠮᠢ ᠠᠬᠤᠢ ᠪᠠ ᠠᠵᠤ ᠠᠬᠤᠢ ᠵᠢᠨ ᠬᠤᠤᠰ ᠦᠷ᠎ᠠ ᠠᠰᠢᠭ ᠬᠦᠷᠳᠡᠪᠠ》 ᠭᠡᠵᠦ ᠯᠠᠨ ᠱᠢ ᠺᠤᠮᠫᠠᠨᠢ ᠵᠢᠨ ᠬᠠᠷᠢᠭᠤᠴᠠᠯᠭᠠᠳᠠᠨ ᠮᠠ ᠶᠤᠧᠠᠨ ᠶᠤᠧᠠᠨ ᠬᠡᠯᠡᠨ᠎ᠠ᠃

《ᠰᠢᠷᠭᠡᠭ ᠡᠪᠡᠰᠦ ᠡᠴᠡ ᠴᠤᠮᠤ ᠰᠦ ᠬᠡᠰᠡᠭ ᠮᠢᠬ᠎ᠠ》 ᠬᠦᠷᠳᠡᠯᠡᠬᠢ ᠮᠠᠯ ᠠᠵᠤ ᠠᠬᠤᠢ ᠵᠢᠨ ᠪᠦᠬᠦ ᠠᠵᠤ ᠦᠢᠯᠡᠰ ᠤ᠋ᠨ ᠬᠡᠯᠬᠢᠶ᠎ᠠ ᠳ᠋ᠤ ᠮᠠᠯᠵᠢᠬᠤ ᠲᠠᠷᠢᠶᠠᠯᠠᠬᠤ ᠡᠷᠦᠬᠡ᠂ ᠲᠤᠰᠬᠠᠢ ᠬᠤᠷᠰᠢᠶ᠎ᠠ᠂ ᠠᠵᠤ ᠠᠬᠤᠢᠯᠠᠯ ᠵᠡᠷᠬᠡ ᠨᠢ ᠪᠦᠷ ᠵᠢᠭᠠᠰᠤ ᠤᠰᠤᠨ ᠤ᠋ ᠬᠠᠷᠢᠴᠠᠭ᠎ᠠ ᠲᠠᠢ ᠶᠤᠮ᠃ ᠡᠨᠡ ᠬᠦ᠌ ᠬᠡᠯᠬᠢᠶ᠎ᠠ ᠳ᠋ᠤ ᠡᠪᠡᠰᠤ ᠪᠤᠷᠳᠤᠭ᠎ᠠ ᠨᠢ ᠵᠦᠪᠬᠡᠨ ᠮᠠᠯᠵᠢᠬᠤ ᠡᠷᠦᠬᠡ ᠵᠢᠨ ᠶᠠᠪᠤᠳᠠᠯ ᠪᠢᠰᠢ ᠪᠤᠯᠵᠤ᠂ ᠡᠯ᠎ᠠ ᠭᠠᠵᠠᠷ ᠲᠦ᠍ ᠡᠪᠡᠰᠤᠨ ᠤ᠋  ᠦᠢᠯᠡᠰ ᠢ᠋ ᠬᠠᠮᠳᠤ ᠪᠡᠷ ᠬᠦᠭᠵᠢᠬᠦᠯᠦᠨ ᠬᠠᠮᠳᠤ ᠪᠡᠷ ᠠᠰᠢᠭ ᠬᠦᠷᠳᠡᠵᠤ᠂ ᠲᠡᠷᠡ ᠮᠦᠷᠳᠡᠬᠡᠨ《ᠳᠡᠵᠢᠬᠡᠬᠦ ᠵᠢᠨ ᠲᠦᠯᠦᠬᠡ ᠳᠠᠷᠢᠵᠤ᠂ ᠲᠠᠷᠢᠬᠤ ᠵᠢᠨ ᠲᠦᠯᠦᠭᠡ ᠲᠠᠵᠢᠭᠡᠬᠦ》 ᠰᠡᠳᠬᠢᠴᠡ ᠪᠡᠷ ᠳᠠᠷᠢᠵᠦ ᠳᠡᠵᠢᠬᠡᠬᠦ ᠵᠢ ᠤᠶᠠᠯᠳᠤᠭᠤᠯᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠬᠤ ᠬᠠᠮᠳᠦ ᠵᠢᠨ ᠳᠠᠨᠢᠯᠳᠠ ᠲᠠᠢ ᠪᠤᠯᠵᠤ ᠪᠠᠢᠨ᠎ᠠ᠃

ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠵᠢᠷᠦᠬᠡᠨ ᠪᠠᠯᠭᠠᠰᠤ ᠵᠢᠨ ᠮᠣ᠌ ᠰᠧᠨ ᠲᠡᠵᠢᠬᠡᠨ ᠦᠷᠡᠵᠢᠬᠦᠯᠬᠦ ᠰᠠᠭᠤᠷᠢᠨ ᠨᠢ 2.5 ᠲᠦᠮᠡ ᠰᠢᠬᠠᠮ ᠬᠤᠨᠢ᠂ 600 ᠭᠠᠷᠤᠢ ᠦᠬᠡᠷ ᠳᠡᠵᠢᠬᠡᠵᠦ᠂ ᠵᠢᠯ ᠪᠤᠯᠭᠠᠨ ᠪᠠᠷᠤᠭ 6200 ᠲᠤᠨ ᠬᠦᠬᠡ ᠳᠠᠷᠤᠰᠢ ᠪᠤᠯᠤᠨ 6000 ᠲᠤᠨ ᠬᠠᠭᠤᠷᠠᠢ ᠡᠪᠡᠰᠦ᠂ ᠡᠳᠦᠷ ᠪᠤᠯᠭᠠᠨ 20 ᠲᠤᠨ ᠡᠰᠢ ᠰᠦᠷᠡᠯ ᠬᠡᠷᠡᠭᠰᠡᠳᠡᠭ᠃ ᠲᠤᠰ ᠳᠡᠵᠢᠭᠡᠨ ᠦᠷᠡᠵᠢᠬᠦᠯᠬᠦ ᠰᠠᠭᠤᠷᠢᠨ ᠲᠠᠢ ᠬᠠᠮᠳᠤᠷᠠᠨ ᠠᠵᠢᠯᠯᠠᠵᠦ  ᠪᠠᠢᠭ᠎ᠠ ᠫᠧᠩ ᠭᠧ ᠳᠡᠵᠢᠬᠡᠨ ᠦᠷᠡᠵᠢᠬᠦᠯᠬᠦ ᠲᠤᠰᠬᠠᠢ ᠬᠤᠷᠰᠢᠶ᠎ᠠ ᠨᠢ ᠵᠢᠯ ᠪᠦᠷᠢ 1000 ᠲᠤᠨ ᠬᠦᠬᠡ ᠳᠠᠷᠤᠰᠢ᠂ 1000 ᠲᠤᠨ ᠡᠷᠳᠡᠨᠢ ᠰᠢᠰᠢ ᠵᠢᠨ ᠡᠰᠢ ᠰᠦᠷᠡᠯ ᠢ᠋ ᠵᠠᠬ᠎ᠠ ᠳᠡᠯᠬᠡᠬᠦᠷ ᠤ᠋ᠨ ᠦᠨ᠎ᠠ ᠪᠡᠷ ᠬᠠᠩᠭᠠᠵᠤ ᠪᠠᠢᠬᠤ ᠮᠦᠷᠳᠡᠭᠡᠨ ᠮᠣ᠌ ᠰᠧᠨ ᠲᠡᠵᠢᠬᠡᠨ ᠦᠷᠡᠵᠢᠬᠦᠯᠬᠦ ᠰᠠᠭᠤᠷᠢᠨ ᠤ᠋ ᠬᠤᠨᠢᠨ ᠤ᠋ ᠢᠯᠭᠠᠳᠠᠰᠤ ᠵᠢ ᠬᠤᠳᠠᠯᠳᠤᠨ ᠠᠪᠴᠤ ᠲᠠᠷᠢᠶᠠᠨ ᠳ᠋ᠠᠭᠠᠨ ᠤᠷᠤᠭᠤᠯᠵᠦ᠂ ᠬᠤᠶᠠᠷ ᠳᠠᠯ᠎ᠠ ᠪᠡᠷ ᠵᠢᠡᠨ ᠬᠠᠮᠳᠦ ᠪᠡᠷ ᠠᠰᠢᠭ ᠬᠦᠷᠳᠡᠨ᠂ ᠮᠠᠯ ᠠᠵᠤ ᠠᠬᠤᠢ ᠲᠠᠷᠢᠶᠠᠯᠠᠩ ᠤ᠋ᠨ ᠡᠷᠬᠢᠯᠳᠡᠳᠤ  ᠠᠵᠤ  ᠠᠬᠤᠢ ᠵᠢ  ᠪᠦᠷᠢᠯᠳᠦᠬᠦᠯᠦᠭᠰᠡᠨ ᠠᠮᠵᠢᠯᠳᠠ ᠲᠠᠢ  ᠵᠢᠱ᠌ᠢᠶ᠎ᠠ ᠪᠤᠯᠵᠠᠢ᠃

ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠳ᠋ᠤ ᠪᠠᠢᠷᠢᠯᠠᠵᠦ ᠪᠠᠢᠭ᠎ᠠ ᠠ᠋ᠠᠯᠳᠠᠷ ᠣᠲᠣ  ᠦᠶ᠎ᠡ ᠵᠢᠨ ᠡᠪᠡᠰᠦᠨ ᠤ᠋ ᠦᠶ᠋ᠯᠡᠰ ᠤ᠋ᠨ ᠡᠳ᠋ᠰᠢᠬᠦᠯᠬᠡ ᠡᠳ᠋ ᠪᠠᠷᠠᠭᠠᠨ ᠤ᠋ ᠭᠦᠶ᠋ᠯᠭᠡᠭᠡ ᠠᠷᠠᠯᠵᠢᠶᠠᠨ ᠤ᠋ ᠬᠦᠷᠢᠶᠡᠯᠡᠩ ᠲᠣᠭᠣᠷᠢᠭ ᠤ᠋ᠨ 《ᠡᠰᠢ ᠰᠦᠷᠡᠯ ᠢ᠋ ᠨᠢᠴᠠᠯᠤᠨ ᠲᠡᠵᠢᠭᠡᠯ ᠪᠣᠷᠳᠣᠭ᠎ᠠ ᠪᠣᠯᠭᠠᠨ ᠠᠱᠢᠭ᠍ᠯᠠᠬᠤ》 ᠮᠡᠷᠭᠡᠵᠢᠯ ᠤ᠋ᠨ ᠦᠷ᠎ᠠ ᠪᠦᠳᠦᠬᠡᠯ ᠨᠢ ᠠᠵᠢᠯ ᠲᠦᠷᠦᠯ ᠤ᠋ᠨ ᠬᠢᠨ ᠤ᠋ ᠬᠡᠪ ᠳᠠᠭᠤᠷᠢᠶᠠᠯ ᠪᠤᠯᠵᠦ ᠪᠠᠢᠨ᠎ᠠ᠃ ᠲᠤᠰ ᠬᠦᠷᠢᠶᠡᠯᠡᠩ ᠲᠣᠭᠣᠷᠢᠭ ᠨᠢ ᠰᠦᠯ ᠰᠠᠢᠳᠠᠢ ᠡᠪᠡᠰᠦ ᠲᠠᠷᠢᠬᠤ᠂ ᠬᠠᠳᠤᠵᠤ ᠬᠤᠷᠢᠶᠠᠬᠤ᠂ ᠬᠥᠮᠥᠷᠭᠡᠯᠡᠨ ᠬᠠᠳᠠᠭᠠᠯᠠᠬᠤ᠂ ᠬᠤᠳᠠᠯᠳᠤᠵᠤ ᠪᠤᠷᠤᠯᠠᠭᠤᠯᠬᠤ ᠪᠠ ᠡᠪᠡᠰᠦᠨ ᠤ᠋ ᠦᠷ᠎ᠠ ᠵᠢ ᠰᠤᠳᠤᠯᠤᠨ ᠪᠤᠢᠵᠢᠭᠤᠯᠵᠤ ᠦᠢᠯᠡᠳᠪᠦᠷᠢᠯᠡᠬᠦ ᠵᠡᠷᠭᠡ ᠣᠯᠠᠨ ᠠᠷᠪᠢᠨ ᠭᠣᠭ᠍ᠴᠣᠭ᠎ᠠ ᠵᠢ ᠬᠠᠮᠤᠷᠤᠭᠰᠠᠨ ᠵᠢᠡᠷ ᠲᠤᠬᠠᠶ ᠵᠢᠨ ᠭᠠᠵᠠᠷ ᠤ᠋ᠨ ᠡᠪᠡᠰᠦᠨ ᠤ᠋ ᠦᠶ᠋ᠯᠡᠰ ᠤ᠋ᠨ ᠬᠦᠭᠵᠢᠯ ᠴᠡᠴᠡᠭ᠌ᠯᠡᠯ ᠢ᠋ ᠬᠦᠴᠦᠲᠡᠶ ᠠᠬᠢᠭᠤᠯᠵᠤ᠂ ᠦᠪᠤᠷ ᠮᠤᠩᠭᠤᠯ ᠤ᠋ᠨ ᠴᠢᠳᠠᠮᠵᠢ ᠪᠡᠷ ᠬᠠᠮᠤᠭ ᠤ᠋ᠨ ᠪᠦᠷᠢᠨ᠂ ᠬᠡᠪᠴᠢᠶ᠎ᠠ ᠪᠡᠷ  ᠬᠠᠮᠤᠭ ᠤ᠋ᠨ ᠲᠤᠮᠤ  ᠡᠪᠡᠰᠦᠨ ᠤ᠋ ᠠᠵᠤ ᠦᠢᠯᠡᠰ ᠤ᠋ᠨ ᠬᠦᠷᠢᠶᠡᠯᠡᠩ ᠲᠤᠭᠤᠷᠢᠭ ᠪᠤᠯᠵᠠᠢ᠃

《ᠡᠰᠢ ᠰᠦᠷᠡᠯ ᠢ᠋ ᠨᠢᠴᠠᠯᠤᠨ ᠲᠡᠵᠢᠭᠡᠯ ᠪᠣᠷᠳᠣᠭ᠎ᠠ ᠪᠣᠯᠭᠠᠨ ᠠᠱᠢᠭ᠍ᠯᠠᠬᠤ》 ᠮᠡᠷᠭᠡᠵᠢᠯ  ᠵᠢᠡᠷ  ᠪᠤᠯᠪᠠᠰᠤᠷᠠᠭᠤᠯᠤᠭᠰᠠᠨ ᠡᠰᠢ ᠰᠦᠷᠡᠯ ᠤ᠋ᠨ ᠪᠣᠷᠳᠣᠭ᠎ᠠ ᠨᠢ ᠮᠢᠬᠠᠨ ᠤ᠋ ᠬᠤᠨᠢ ᠵᠢᠨ ᠬᠦᠨᠳᠤ ᠵᠢ ᠡᠳᠦᠷ ᠳᠤᠮᠳᠠᠴᠢ ᠪᠡᠷ 15% ᠪᠡᠷ ᠨᠡᠮᠡᠭᠳᠡᠬᠦᠯᠵᠦ᠂ ᠪᠣᠷᠳᠣᠭᠠᠨ ᠤ᠋ ᠵᠠᠷᠤᠳᠠᠯ ᠢ᠋ 20% ᠪᠡᠷ ᠪᠠᠭᠠᠰᠬᠠᠨ᠂ ᠢᠯᠭᠠᠳᠠᠰᠤ ᠵᠢᠨ ᠱᠢᠪᠲᠦᠷ ᠤ᠋ᠨ ᠬᠡᠢ ᠭᠠᠳᠠᠭ᠍ᠰᠢᠯᠠᠭᠤᠯᠬᠤ ᠬᠡᠮᠵᠢᠶ᠎ᠡ ᠵᠢ ᠴᠦ᠍ ᠶᠡᠬᠡ ᠪᠡᠷ ᠪᠠᠭᠤᠷᠠᠭᠤᠯᠤᠭᠰᠠᠨ ᠪᠦᠬᠡᠳ ᠡᠰᠢ ᠰᠦᠷᠡᠯ ᠢ᠋ ᠠᠱᠢᠭ᠍ᠯᠠᠬᠤ ᠨᠣᠷᠮ᠎ᠠ ᠵᠢ 98% ᠳ᠋ᠤ ᠬᠦᠷᠭᠡᠪᠡ᠃ ᠤᠳᠤ ᠲᠤᠰ ᠬᠦᠷᠢᠶᠡᠯᠡᠩ  ᠲᠤᠭᠤᠷᠢᠭ ᠵᠢᠯ  ᠳ᠋ᠤ 3 ᠲᠦᠮᠡᠨ ᠲᠣᠨ ᠨᠠᠷᠢᠯᠢᠭ ᠪᠤᠷᠳᠤᠭ᠎ᠠ ᠦᠢᠯᠡᠳᠪᠤᠷᠢᠯᠡᠵᠦ᠂ 5000 ᠦᠬᠡᠷ ᠪᠤᠯᠤᠨ 4 ᠲᠦᠮᠡᠨ ᠬᠣᠨᠢ ᠵᠢᠨ 1 ᠵᠢᠯ ᠤ᠋ᠨ 《ᠬᠦᠨᠠᠰᠤᠨ》 ᠤ᠋ ᠠᠰᠠᠭᠤᠳᠠᠯ ᠢ᠋ ᠰᠢᠢᠳᠪᠦᠷᠢᠯᠡᠵᠤ ᠲᠠᠢᠯᠬᠦ ᠪᠤᠯᠤᠭᠰᠠᠨ ᠮᠦᠷᠳᠡᠬᠡᠨ ᠲᠡᠵᠢᠭᠡᠯ ᠪᠣᠷᠳᠣᠭ᠎ᠠ ᠵᠢᠨ ᠪᠤᠭᠤᠳᠠᠯ ᠪᠤᠯᠭᠠᠨ ᠳ᠋ᠤ ᠢᠯᠭᠠᠨ ᠳᠠᠨᠢᠬᠤ  ᠺᠤᠳ᠋ ᠬᠠᠳᠠᠵᠦ᠂ ᠲᠠᠷᠢᠶᠠᠨ ᠭᠠᠵᠠᠷ ᠡᠴᠡ ᠮᠠᠯᠵᠢᠬᠤ ᠡᠷᠦᠬᠡ᠂ ᠮᠠᠯᠵᠢᠯ ᠤ᠋ᠨ ᠲᠠᠯᠠᠪᠠᠶ ᠬᠦᠷᠲᠡᠯᠡᠬᠢ ᠪᠥᠬᠥ᠌ ᠶᠠᠪᠤᠴᠠ ᠵᠢᠨ ᠶᠠᠰᠤ ᠴᠢᠨᠠᠷ ᠤ᠋ᠨ ᠮᠦᠷᠳᠡᠯᠳᠡ ᠵᠢ  ᠪᠠᠶᠡᠯᠡᠬᠦᠯᠪᠠ᠃

ᠲᠤᠰ ᠬᠦᠷᠢᠶᠡᠯᠡᠩ ᠲᠣᠭᠣᠷᠢᠭ ᠤ᠋ᠨ ᠠᠮᠵᠢᠯᠳᠠ ᠪᠦᠳᠦᠮᠵᠢ ᠨᠢ  ᠠᠮᠢ ᠠᠬᠤᠢ ᠪᠠ ᠠᠵᠤ ᠠᠬᠤᠢ ᠵᠢᠨ ᠦᠷ᠎ᠠ ᠠᠰᠢᠭ ᠢ᠋ ᠤᠯᠤᠭᠰᠠᠨ ᠳᠡᠳᠦᠢ ᠦᠬᠡᠢ ᠨᠡᠩ᠎ᠴᠤ ᠮᠠᠯᠴᠢᠨ ᠲᠠᠷᠢᠶᠠᠴᠢᠨ᠂ ᠲᠤᠰᠬᠠᠢ ᠬᠤᠷᠰᠢᠶ᠎ᠠ᠂ ᠲᠡᠵᠢᠬᠡᠪᠤᠷᠢ ᠵᠢᠨ ᠰᠠᠭᠤᠷᠢᠨ ᠵᠡᠷᠬᠡ ᠳ᠋ᠤ ᠵᠠᠷᠤᠳᠠᠯ ᠵᠢᠡᠨ ᠠᠷᠪᠢᠯᠠᠨ ᠤᠷᠤᠯᠭ᠎ᠠ ᠪᠠᠨ ᠨᠡᠮᠡᠭᠳᠡᠬᠦᠯᠬᠦ᠂ ᠠᠵᠤ ᠦᠢᠯᠡᠰ ᠤ᠋ᠨ ᠬᠡᠯᠬᠢᠶ᠎ᠡ ᠵᠢ ᠤᠷᠳᠤᠳᠬᠠᠨ ᠬᠦᠭᠵᠢᠬᠦᠯᠬᠦ ᠦᠵᠡᠯᠳᠡ ᠳᠠᠨᠢᠯᠳᠠ ᠵᠢ ᠪᠤᠢ ᠪᠤᠯᠭᠠᠨ ᠬᠦᠨᠵᠡᠬᠡᠢᠷᠡᠬᠦᠯᠬᠦ᠂ ᠮᠠᠯ ᠤ᠋ᠨ ᠠᠱᠢᠭ ᠱᠢᠮ᠎ᠡ ᠵᠢᠨ ᠭᠠᠷᠤᠯᠳᠠ᠂ ᠶᠠᠰᠤ ᠴᠢᠨᠠᠷ ᠤ᠋ᠨ ᠲᠦᠪᠰᠢᠨ ᠢ᠋ ᠲᠠᠬᠡᠭᠰᠢᠯᠡᠬᠦᠯᠬᠦ᠂ ᠵᠠᠬ᠎ᠠ ᠳᠡᠯᠭᠡᠭᠦᠷ ᠤ᠋ᠨ ᠥᠷᠢᠰᠥᠯᠳᠦᠬᠦ᠌  ᠬᠦᠴᠦᠨ ᠢ᠋ ᠴᠢᠩᠭᠠᠳᠬᠠᠬᠤ᠂ ᠮᠠᠯᠴᠢᠨ ᠲᠠᠷᠢᠶᠠᠴᠢᠨ ᠤ᠋ ᠣᠷᠣᠯᠭ᠎ᠠ ᠵᠢ  ᠨᠡᠮᠡᠭ᠌ᠳᠡᠭᠦᠯᠬᠦ᠌ ᠠᠷᠭ᠎ᠠ ᠵᠠᠮ ᠢ᠋ ᠥᠷᠭᠡᠳᠭᠡᠭᠰᠡᠨ ᠠᠵᠢ᠃

ᠵᠠᠩᠬᠢᠯᠠᠭ᠎ᠠ᠎ᠶᠢᠨ ᠦᠬᠡ᠄ ᠲᠡᠵᠢᠭᠡᠯ ᠪᠤᠷᠳᠤᠭ᠎ᠠ

ᠤᠯᠠᠮᠵᠢᠯᠠᠯᠳᠤ ᠪᠡᠯᠴᠢᠬᠡᠷ ᠤ᠋ᠨ ᠮᠠᠯ ᠠᠵᠤ ᠠᠬᠤᠢ ᠨᠢ  ᠪᠠᠢᠭᠠᠯᠢ  ᠵᠢ ᠬᠡᠳᠦ ᠲᠦᠰᠢᠭᠯᠡᠵᠤ᠂ ᠴᠠᠰᠤ ᠵᠤᠳ ᠭᠠᠩ ᠭᠠᠮᠰᠢᠭ ᠢ᠋  ᠡᠰᠡᠷᠬᠦᠴᠡᠬᠦ  ᠴᠢᠳᠠᠪᠤᠷᠢ  ᠪᠡᠷ ᠪᠠᠭᠤᠷᠠᠢ ᠪᠠᠢᠳᠠᠭ᠃ ᠡᠨᠡ ᠬᠦ᠌ ᠠᠰᠠᠭᠤᠳᠠᠯ ᠢ᠋ ᠦᠨᠳᠦᠰᠦᠨ ᠡᠴᠡ ᠨᠢ ᠰᠢᠢᠳᠪᠦᠷᠢᠯᠡᠬᠦ ᠪᠡᠷ ᠵᠠᠷᠤᠳ ᠬᠤᠰᠢᠭᠤ ᠬᠡᠪᠴᠢᠶᠡᠵᠢᠭᠰᠡᠨ᠂ ᠵᠠᠬ᠎ᠠ ᠲᠠᠯᠬᠡᠬᠦᠷᠴᠢᠯᠡᠭᠰᠡᠨ ᠡᠪᠡᠰᠦᠨ ᠤ᠋ ᠬᠦᠮᠦᠷᠭᠡ ᠪᠠᠢᠭᠤᠯᠵᠤ᠂ ᠲᠠᠵᠢᠬᠡᠯ ᠡᠪᠡᠰᠦ ᠨᠦᠬᠡᠴᠡᠯᠡᠬᠦ ᠠᠵᠢᠯ ᠢ᠋ ᠡᠷᠴᠢᠮᠳᠠᠢ ᠬᠢᠵᠦ ᠪᠠᠢᠨ᠎ᠠ᠃

ᠵᠠᠷᠤᠳ ᠬᠣᠱᠢᠭᠤᠨ ᠤ᠋ ᠼᠤᠦ ᠶᠤᠸᠠᠨ ᠲᠠᠷᠢᠶᠠᠯᠠᠩ ᠤ᠋ᠨ ᠪᠡᠯᠡ ᠣᠷᠣᠭᠤᠯᠤᠯᠲᠠ ᠵᠢᠨ ᠪᠦᠯᠦᠭᠯᠡᠯ ᠤ᠋ᠨ ᠭᠠᠮᠱᠢᠭ ᠢ᠋ ᠰᠡᠷᠭᠡᠢᠯᠡᠨ ᠭᠠᠮᠰᠢᠭ ᠢ᠋ ᠪᠠᠭᠠᠰᠭᠠᠬᠤ ᠡᠪᠡᠰᠦ ᠪᠣᠷᠳᠣᠭ᠎ᠠ ᠨᠦᠬᠡᠴᠡᠯᠡᠬᠦ ᠰᠠᠭᠤᠷᠢᠨ ᠨᠢ ᠮᠠᠯ ᠰᠦᠷᠦᠭ ᠤ᠋ᠨ 《ᠬᠦᠨᠡᠰᠤᠨ》 ᠤ᠋ ᠠᠰᠠᠭᠤᠳᠠᠯ ᠢ᠋ ᠰᠢᠢᠳᠪᠤᠷᠢᠯᠡᠬᠦ ᠲᠠᠯ᠎ᠠ ᠪᠡᠷ ᠲᠤᠯᠢᠳᠠᠵᠤ ᠪᠤᠯᠬᠤᠢᠴᠠ ᠲᠤᠷᠰᠢᠯᠭ᠎ᠠ ᠬᠠᠩᠭᠠᠪᠠ᠃ ᠲᠤᠰ ᠪᠦᠯᠦᠭᠯᠡᠯ ᠭᠤᠤᠯ ᠰᠠᠭᠤᠷᠢᠨ ᠳ᠋ᠠᠭᠠᠨ ᠬᠡᠳᠦᠨ ᠲᠤᠮᠤ ᠡᠪᠡᠰᠤᠨ ᠬᠦᠮᠦᠷᠭᠡ ᠪᠠᠢᠭᠤᠯᠬᠤ ᠵᠢᠨ ᠬᠠᠮᠳᠤ ᠪᠠᠰᠠ ᠬᠡᠨᠡᠳᠳᠡ ᠵᠢᠨ ᠴᠠᠰᠤ ᠵᠤᠳ ᠲᠸ᠋ ᠵᠠᠮ ᠬᠠᠭᠠᠭᠳᠠᠬᠤ ᠵᠢ ᠰᠡᠷᠬᠡᠢᠯᠡᠵᠤ ᠂ ᠵᠦᠬᠡᠬᠡᠪᠦᠷᠢ ᠵᠢᠨ ᠰᠦᠢᠳᠬᠡᠯ ᠢ᠋ ᠠᠷᠪᠢᠯᠠᠬᠤ ᠵᠢᠨ ᠲᠤᠯᠠᠳᠠ ᠬᠤᠰᠢᠭᠤᠨ ᠤ᠋ ᠪᠠᠨ ᠬᠤᠢᠳᠤ ᠬᠡᠰᠡᠭ ᠲᠸ᠋ 2᠂ ᠡᠮᠦᠨ᠎ᠠ ᠬᠡᠰᠡᠭ ᠲᠸ᠋ 1 ᠲᠡᠵᠢᠭᠡᠯ ᠡᠪᠡᠰᠦ ᠪᠣᠷᠳᠣᠭ᠎ᠠ ᠨᠥᠭᠡᠴᠡᠯᠡᠬᠦ   ᠬᠤᠪᠢᠶᠠᠷᠢ  ᠬᠦᠮᠦᠷᠭᠡ   ᠪᠠᠢᠭᠤᠯᠵᠠᠢ᠃ ᠲᠤᠰ ᠲᠦᠷᠦᠯ ᠵᠦᠢᠯ ᠨᠢ ᠪᠠᠢᠭᠠᠯᠢ ᠵᠢᠨ ᠭᠠᠮᠱᠢᠭ ᠲᠦ᠍ ᠲᠠᠭᠠᠷᠢᠭᠳᠠᠪᠠᠯ ᠲᠡᠵᠢᠭᠡᠯ ᠡᠪᠡᠰᠦ ᠪᠤᠷᠳᠤᠭ᠎ᠠ ᠵᠢᠨ ᠬᠠᠩᠭᠠᠯᠭ᠎ᠠ ᠵᠢ ᠪᠠᠲᠤᠯᠠᠵᠤ ᠂ ᠬᠣᠬᠢᠷᠠᠯ ᠰᠤᠢᠳᠤᠯ ᠢ᠋ ᠪᠦᠲᠦᠮᠵᠢᠲᠡᠢ ᠪᠠᠭᠠᠰᠭᠠᠵᠤ ᠴᠢᠳᠠᠬᠤ ᠮᠦᠷᠳᠡᠭᠡᠨ ᠬᠤᠰᠢᠭᠤᠨ ᠤ᠋ ᠪᠠᠨ ᠬᠠᠱᠢᠶᠠᠯᠠᠨ ᠲᠡᠵᠢᠭᠡᠬᠦ ᠪᠠ ᠪᠦᠲᠦᠭᠡᠨ ᠪᠠᠢᠭᠤᠯᠵᠤ ᠮᠠᠯ ᠮᠠᠯᠵᠢᠬᠤ ᠪᠠᠢᠯᠳᠤᠬᠤ ᠪᠣᠳᠣᠯᠭ᠎ᠠ ᠵᠢᠨ ᠬᠡᠷᠡᠭ᠌ᠵᠢᠭᠦᠯᠤᠯᠳᠠ ᠳ᠋ᠤ ᠡᠪᠡᠰᠦᠨ ᠤ᠋ ᠬᠠᠩᠭᠠᠯᠭ᠎ᠠ ᠵᠢ ᠪᠠᠲᠤᠯᠠᠵᠤ ᠂ ᠮᠠᠯ ᠪᠡᠯᠴᠢᠭᠡᠷ ᠤ᠋ᠨ ᠵᠥᠷᠢᠴᠡᠯ ᠢ᠋ ᠨᠠᠮᠳᠠᠭᠤᠯᠤᠨ᠂ ᠮᠠᠯ ᠠᠵᠤ ᠠᠬᠤᠢ ᠵᠢᠨ ᠦᠷᠭᠦᠯᠵᠢᠯᠡᠬᠦ ᠬᠥᠭ᠌ᠵᠢᠯᠳᠡ ᠳ᠋ᠤ ᠲᠤᠯᠭᠠᠭᠤᠷᠢᠯᠠᠯ ᠬᠠᠩᠭᠠᠵᠦ ᠪᠠᠢᠨ᠎ᠠ᠃

《ᠮᠠᠨ ᠤ᠋ ᠪᠦᠯᠦᠭᠯᠡᠯ ᠦᠪᠠᠷ ᠵᠢᠡᠨ 4000 ᠭᠠᠷᠤᠢ ᠮᠸ᠋ ᠰᠦᠯ ᠰᠠᠢᠳᠠᠢ ᠡᠪᠡᠰᠦ ᠲᠠᠷᠢᠵᠤ ᠪᠠᠢᠬᠤ ᠮᠦᠷᠳᠡᠭᠡᠨ ᠮᠠᠯᠴᠢᠨ ᠲᠠᠷᠢᠶᠠᠴᠢᠳ ᠡᠴᠡ ᠡᠰᠢ ᠰᠦᠷᠡᠯ᠂ ᠬᠦᠬᠡ ᠳᠠᠷᠤᠰᠢ ᠪᠠ ᠠᠯᠳᠠᠷᠭᠠᠨ᠎ᠠ᠂ ᠬᠠᠭᠤᠷᠠᠢ ᠡᠪᠡᠰᠦ ᠵᠢ ᠬᠤᠳᠠᠯᠳᠤᠨ ᠠᠪᠴᠤ᠂ ᠲᠡᠵᠢᠭᠡᠯ ᠡᠪᠡᠰᠦᠨ ᠤ᠋ ᠠᠷᠠᠯᠵᠢᠶ᠎ᠠ ᠬᠢᠳᠡᠭ᠃ ᠬᠡᠬᠦ ᠳ᠋ᠡᠭᠡᠨ ᠪᠢᠳᠠ ᠪᠠᠢᠨᠭᠭᠤ 5000 ᠲᠣᠨ ᠤ᠋ ᠡᠪᠡᠰᠦ ᠪᠣᠷᠳᠣᠭ᠎ᠠ ᠨᠥᠭᠡᠴᠡᠯᠡᠬᠦ ᠡᠭᠦᠷᠭᠡ ᠲᠠᠢ  ᠪᠠᠢᠵᠤ᠂ ᠬᠡᠨᠡᠳᠳᠡ ᠵᠢᠨ  ᠭᠠᠩ   ᠭᠠᠮᠱᠢᠭ  ᠡᠭᠦᠰᠪᠡᠯ ᠮᠠᠯᠴᠢᠳ ᠲᠦ᠍ ᠵᠠᠬ᠎ᠠ ᠳᠡᠯᠭᠡᠭᠦᠷ ᠤ᠋ᠨ ᠦᠨ᠎ᠠ ᠡᠴᠡ ᠬᠢᠮᠳᠠ ᠪᠡᠷ ᠬᠤᠳᠠᠯᠳᠤᠵᠦ ᠦᠭᠬᠦ ᠪᠦᠷᠢᠨ ᠪᠡᠯᠡᠳᠬᠡᠯ ᠲᠠᠢ ᠶᠤᠮ᠃ ᠡᠨᠡ ᠨᠢ ᠡᠷᠬᠢᠨ ᠲᠣᠭᠣᠷᠢᠨ ᠤ᠋ 4 ᠰᠤᠮᠤ ᠪᠠᠯᠭᠠᠰᠤ ᠵᠢᠨ 6 ᠲᠦᠮᠡ ᠭᠠᠷᠤᠢ ᠮᠠᠯ ᠤ᠋ᠨ 2 ᠰᠠᠷ᠎ᠠ ᠵᠢᠨ ᠡᠪᠡᠰᠦ ᠪᠣᠷᠳᠣᠭ᠎ᠠ ᠶ᠋ᠢ  ᠬᠠᠩᠭᠠᠵᠤ ᠴᠢᠳᠠᠨ᠎ᠠ》 ᠭᠡᠵᠦ ᠵᠠᠷᠤᠳ ᠬᠣᠱᠢᠭᠤᠨ ᠤ᠋ ᠼᠤᠦ ᠶᠤᠸᠠᠨ ᠪᠦᠯᠦᠭᠯᠡᠯ ᠤ᠋ᠨ ᠳᠡᠳ᠋ ᠵᠠᠬᠢᠷᠤᠯ ᠪᠠᠢᠭᠠᠯᠢ ᠬᠡᠯᠡᠨ᠎ᠠ᠃

《ᠪᠡᠯᠡᠳᠬᠡᠯ ᠲᠠᠢ ᠪᠤᠯ ᠪᠠᠯᠢᠳᠠᠬᠤ ᠦᠬᠡᠢ》 ᠭᠡᠳᠡᠭᠴᠢᠯᠡᠨ ᠡᠪᠡᠰᠦᠨ ᠤ᠋ ᠨᠦᠬᠡᠴᠠᠯᠡᠯᠳᠡ ᠲᠤᠢᠯ ᠤ᠋ᠨ ᠴᠢᠬᠤᠯᠠ ᠪᠠᠢᠳᠠᠭ᠃ ᠲᠡᠷᠡ ᠨᠢ ᠵᠤᠳ ᠭᠠᠮᠰᠢᠭ ᠪᠤᠯᠤᠨ ᠮᠠᠯ ᠤ᠋ᠨ ᠬᠠᠰᠢᠶᠠᠯᠠᠭ᠎ᠠ ᠵᠢᠨ ᠬᠤᠭᠤᠴᠠᠭᠠᠨ ᠤ᠋ ᠳᠡᠵᠢᠬᠡᠯ ᠡᠪᠡᠰᠦ ᠵᠢᠨ ᠬᠡᠷᠡᠭᠴᠡᠭᠡ ᠵᠢ ᠬᠠᠩᠭᠠᠬᠤ ᠪᠡᠷ ᠪᠠᠷᠠᠬᠤ ᠦᠬᠡᠢ ᠡᠪᠡᠰᠦᠨ ᠤ᠋ ᠴᠢᠨᠠᠷ ᠢ᠋ ᠪᠠᠳᠤᠯᠠᠨ ᠰᠦᠢᠳᠦᠯ ᠢ᠋ ᠪᠠᠭᠠᠰᠬᠠᠵᠦ᠂ ᠡᠳ᠋ᠰᠢᠬᠦᠯᠬᠡ ᠪᠤᠷᠤᠯᠠᠭᠤᠯᠭ᠎ᠠ ᠳ᠋ᠤ ᠴᠦ᠍ ᠴᠢᠬᠤᠯᠠ ᠦᠢᠯᠡᠳᠦᠯ ᠲᠠᠢ ᠶᠤᠮ᠃

ᠠ᠋ᠠᠯᠳᠠᠷ ᠣᠲᠣ ᠦᠶ᠎ᠡ ᠵᠢᠨ ᠡᠪᠡᠰᠦᠨ ᠤ᠋ ᠦᠶ᠋ᠯᠡᠰ ᠤ᠋ᠨ ᠡᠳ᠋ᠰᠢᠬᠦᠯᠬᠡ ᠡᠳ᠋ ᠪᠠᠷᠠᠭᠠᠨ ᠤ᠋ ᠭᠦᠶ᠋ᠯᠭᠡᠭᠡ ᠠᠷᠠᠯᠵᠢᠶᠠᠨ ᠤ᠋ ᠬᠦᠷᠢᠶᠡᠯᠡᠩ ᠲᠣᠭᠣᠷᠢᠭ ᠤ᠋ᠨ ᠬᠢᠨ ᠡᠨᠡ ᠵᠢᠯ ᠡᠰᠢ ᠰᠦᠷᠡᠯ ᠪᠠ ᠬᠠᠭᠤᠷᠠᠢ ᠡᠪᠡᠰᠦ ᠵᠢ 8000 ᠲᠤᠨ ᠨᠦᠬᠡᠴᠡᠯᠡᠵᠦ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠪᠤᠯᠤᠨ ᠡᠷᠬᠢᠨ ᠲᠤᠭᠤᠷᠢᠨ ᠤ᠋ ᠭᠠᠵᠠᠷ ᠤᠷᠤᠨ ᠤ᠋ ᠮᠠᠯ ᠰᠦᠷᠦᠭ ᠤ᠋ᠨ ᠡᠪᠦᠯ ᠤ᠋ᠨ ᠳᠡᠵᠢᠬᠡᠯ ᠤ᠋ᠨ ᠬᠡᠷᠡᠭᠴᠡᠭᠡ ᠵᠢ ᠬᠠᠩᠭᠠᠬᠤ ᠪᠡᠷ ᠪᠡᠯᠡᠳᠬᠡᠵᠠᠢ᠃ ᠤᠳᠤ ᠲᠤᠰ ᠬᠦᠷᠢᠶᠡᠯᠡᠩ ᠲᠤᠭᠤᠷᠢᠭ ᠲᠦ᠍ 8 ᠲᠤᠮᠤ ᠬᠦᠮᠦᠷᠭᠡ ᠲᠠᠢ ᠪᠠᠢᠵᠦ᠂ ᠶᠡᠷᠦᠩᠬᠡᠢ ᠳᠠᠯᠠᠪᠠᠢ ᠨᠢ 2 ᠲᠦᠮᠡᠨ ᠲᠡᠭᠰᠢ ᠲᠦᠷᠪᠡᠯᠵᠢᠨ ᠮᠸᠲᠷ ᠲᠦ᠍ ᠬᠦᠷᠴᠦ᠂ ᠵᠢᠯ᠎ᠳᠦ 2 ᠲᠦᠮᠡᠨ ᠲᠤᠨ ᠳᠡᠵᠢᠬᠡᠯ ᠡᠪᠡᠰᠦ ᠨᠦᠬᠡᠴᠡᠯᠡᠵᠤ ᠪᠠᠢᠨ᠎ᠠ᠃

ᠵᠠᠷᠤᠳ ᠬᠤᠰᠢᠭᠤᠨ ᠤ᠋ ᠴᠦᠨ ᠸᠧ ᠲᠠᠷᠢᠶᠠᠯᠠᠩ ᠤ᠋ᠨ ᠮᠠᠰᠢᠨ ᠤ᠋ ᠲᠤᠰᠬᠠᠢ ᠬᠤᠷᠰᠢᠶ᠎ᠠ 2019 ᠤᠨ ᠡᠴᠡ ᠡᠬᠢᠯᠡᠨ ᠡᠷᠳᠡᠨᠢ ᠰᠢᠰᠢ ᠵᠢᠨ ᠡᠰᠢ ᠰᠦᠷᠡᠯ ᠢ᠋ ᠪᠤᠭᠤᠳᠠᠯᠯᠠᠵᠦ ᠪᠤᠷᠤᠯᠠᠭᠤᠯᠬᠤ ᠲᠤᠬᠠᠢᠯᠠᠭᠰᠠᠨ ᠠᠵᠢᠯ ᠵᠢᠡᠨ ᠡᠬᠢᠯᠡᠬᠦᠯᠵᠦ᠂ ᠤᠳᠤ ᠡᠷᠬᠢᠨ ᠲᠤᠭᠤᠷᠢᠨ ᠤ᠋ 400 ᠰᠢᠬᠠᠮ ᠡᠷᠦᠬᠡ ᠵᠢᠨ ᠡᠰᠢ ᠰᠦᠷᠡᠯ ᠢ᠋ ᠬᠤᠷᠢᠶᠠᠨ ᠠᠪᠴᠤ ᠵᠢᠯ ᠪᠤᠯᠭᠠᠨ 5000 ᠲᠤᠨ ᠡᠰᠢ ᠰᠦᠷᠡᠯ ᠪᠤᠷᠤᠯᠠᠭᠤᠯᠵᠦ ᠪᠤᠢ᠃ ᠡᠨᠡ ᠵᠢᠯ ᠤᠷᠤᠨ ᠨᠤᠳᠤᠭ ᠤ᠋ᠨ ᠵᠢᠡᠨ ᠵᠠᠰᠠᠭ ᠤ᠋ᠨ ᠤᠷᠳᠤᠨ ᠤ᠋ 6 ᠲᠦᠮᠠᠨ ᠲᠦᠭᠦᠷᠢᠭ ᠤ᠋ᠨ ᠨᠦᠬᠦᠪᠤᠷᠢ ᠵᠢ ᠠᠰᠢᠬᠯᠠᠨ ᠨᠠᠢᠳᠠ 12 ᠲᠦᠮᠠᠨ ᠲᠦᠭᠦᠷᠢᠭ ᠤ᠋ᠨ ᠪᠡᠯᠡ ᠤᠷᠤᠭᠤᠯᠵᠤ᠂ 1000 ᠭᠠᠷᠤᠢ ᠲᠤᠨ ᠡᠰᠢ ᠰᠦᠷᠡᠯ ᠢ᠋ ᠨᠦᠬᠡᠴᠡᠯᠡᠵᠤ ᠲᠠᠢᠯᠬᠦ ᠡᠪᠡᠰᠦᠨ ᠬᠦᠮᠦᠷᠭᠡ ᠪᠠᠢᠭᠤᠯᠪᠠ᠃ ᠢᠩᠬᠢᠬᠡᠳ ᠡᠰᠢ ᠰᠦᠷᠡᠯ ᠤ᠋ᠨ ᠬᠤᠬᠢᠷᠠᠯ ᠰᠦᠢᠳᠤᠯ ᠢ᠋ ᠤᠤᠯ ᠤ᠋ᠨ 30 % ᠪᠠᠢᠭᠰᠠᠨ ᠡᠴᠡ 5% ᠲᠤᠳᠤᠷ᠎ᠠ ᠬᠢᠵᠠᠭᠠᠷᠯᠠᠨ᠂ ᠡᠰᠢ ᠰᠦᠷᠡᠯ ᠤ᠋ᠨ ᠠᠷᠠᠯᠵᠢᠶ᠎ᠠ ᠪᠠᠨ ᠪᠦᠬᠦ ᠵᠢᠯ  ᠵᠢᠡᠷ ᠬᠢᠵᠦ ᠴᠢᠳᠠᠬᠤ ᠪᠤᠯᠵᠤ᠂ ᠡᠷᠬᠢᠨ ᠲᠤᠭᠤᠷᠢᠨ ᠤ᠋ ᠮᠠᠯᠴᠢᠳ ᠤ᠋ᠨ ᠮᠠᠯ ᠤᠨᠤᠭ᠎ᠠ ᠲᠠᠵᠢᠬᠡᠬᠦ ᠡᠰᠢ ᠰᠦᠷᠡᠯ ᠤ᠋ᠨ ᠬᠡᠷᠡᠭᠴᠡᠬᠡ ᠵᠢ ᠵᠤᠬᠢᠬᠤ ᠬᠡᠮᠵᠢᠶ᠎ᠠ ᠪᠡᠷ ᠬᠠᠩᠭᠠᠵᠤ ᠪᠠᠢᠨ᠎ᠠ᠃

《ᠮᠠᠨ ᠤ᠋ ᠭᠠᠴᠠᠭ᠎ᠠ ᠨᠢᠬᠡᠨᠳᠡ ᠡᠪᠡᠰᠦᠨ ᠤ᠋ ᠬᠦᠮᠦᠷᠭᠡ ᠪᠠᠨ ᠪᠠᠢᠭᠤᠯᠵᠦ ᠡᠬᠢᠯᠡᠭᠰᠡᠨ᠂ ᠢᠷᠡᠬᠦ ᠵᠢᠯ ᠠᠰᠢᠭᠯᠠᠯᠳᠠ ᠳ᠋ᠤ ᠤᠷᠤᠭᠰᠠᠨ ᠤ᠋ ᠳᠠᠷᠠᠭ᠎ᠠ ᠡᠪᠡᠰᠦᠨ ᠤ᠋ ᠬᠠᠩᠭᠠᠯᠭ᠎ᠠ ᠵᠢ ᠪᠠᠳᠤᠯᠠᠵᠦ᠂ ᠮᠠᠯᠴᠢᠳ ᠤ᠋ᠨ ᠵᠠᠷᠤᠳᠠᠯ ᠢ᠋ ᠠᠷᠪᠢᠯᠠᠵᠦ ᠴᠢᠳᠠᠬᠤ ᠮᠦᠷᠳᠡᠭᠡᠨ ᠮᠦᠬᠦᠯᠢᠭᠳᠦ ᠪᠤᠷᠳᠤᠭ᠎ᠠ ᠨᠠᠢᠷᠠᠭᠤᠯᠬᠤ ᠮᠠᠰᠢᠨ ᠠᠪᠴᠤ ᠮᠠᠯᠴᠢᠳ ᠲᠠᠭᠠᠨ ᠲᠦᠬᠦᠮ ᠦᠵᠡᠬᠦᠯᠬᠦ ᠪᠡᠷ ᠪᠤᠢ》 ᠭᠡᠵᠦ ᠮᠤᠯᠤᠷᠭᠠᠷᠪᠤ ᠪᠠᠶᠠᠷᠳᠠᠢ ᠶᠠᠷᠢᠵᠦ ᠪᠠᠢᠯ᠎ᠠ᠃

ᠪᠢᠳᠡ ᠰᠤᠷᠪᠤᠯᠵᠢᠯᠠᠭ᠎ᠠ ᠵᠢᠨ ᠠᠶᠠᠨ ᠳ᠋ᠠᠭᠠᠨ ᠡᠯ᠎ᠠ ᠭᠠᠵᠠᠷ ᠤ᠋ᠨ ᠬᠢᠨ 《ᠬᠠᠮᠳᠤᠷᠠᠯᠴᠠᠵᠤ ᠬᠠᠮᠳᠤ ᠪᠡᠷ ᠠᠰᠢᠭ ᠬᠦᠷᠳᠡᠨ᠎ᠠ》 ᠬᠡᠮᠡᠨ ᠤᠴᠢᠷᠳᠠᠢ ᠶᠠᠷᠢᠬᠤ ᠵᠢ ᠤᠯᠨᠨᠳᠠ ᠰᠤᠨᠤᠰᠤᠯ᠎ᠠ᠃ 《ᠭᠠᠭᠴᠠ ᠬᠦᠮᠦᠨ ᠠᠢᠯ ᠪᠤᠯᠬᠤ ᠦᠬᠡᠢ᠂ ᠭᠠᠭᠴᠠ ᠮᠤᠳᠤ ᠭᠠᠯ ᠪᠤᠯᠬᠤ ᠦᠬᠡᠢ》 ᠬᠡᠳᠡᠭ᠂ ᠪᠡᠯᠴᠢᠬᠡᠷ ᠡᠪᠡᠰᠤ ᠵᠢᠨ ᠲᠤᠭᠤᠷᠢᠨ ᠳ᠋ᠤ ᠰᠢᠨ᠎ᠠ ᠵᠢ ᠰᠦᠪᠡᠭᠴᠢᠯᠡᠨ ᠤᠳᠤ ᠦᠶ᠎ᠠ ᠵᠢᠨ ᠮᠠᠯ ᠠᠵᠤ ᠠᠬᠤᠢ ᠵᠢᠨ ᠦᠢᠯᠡᠳᠪᠤᠷᠢᠯᠡᠯ ᠳ᠋ᠤ ᠬᠤᠰᠢᠭᠤᠴᠢᠯᠠᠵᠦ ᠶᠠᠪᠤᠭ᠎ᠠ ᠮᠠᠯᠴᠢᠨ ᠮᠤᠯᠤᠷᠭᠠᠷᠪᠤ᠂ ᠰᠤᠭᠤᠷ ᠨᠠᠷ ᠡᠴᠡ ᠠᠪᠤᠭᠠᠳ ᠮᠠᠯᠴᠢᠨ ᠲᠦᠮᠡᠨ ᠤ᠋ ᠬᠡᠷᠡᠭᠴᠡᠬᠡ ᠱᠠᠭᠠᠷᠳᠠᠯᠭ᠎ᠠ ᠪᠠ ᠵᠠᠬ᠎ᠠ ᠳᠡᠯᠬᠡᠬᠦᠷ ᠤ᠋ᠨ ᠬᠤᠪᠢᠷᠠᠯᠳᠠ ᠳ᠋ᠤ ᠵᠤᠬᠢᠴᠠᠭᠤᠯᠤᠨ ᠡᠪᠡᠰᠤᠨ ᠤ᠋ ᠦᠢᠯᠡᠰ ᠢ᠋ ᠬᠦᠭᠵᠢᠬᠦᠯᠦᠭᠰᠡᠨ ᠴᠦᠨ ᠸᠧ ᠲᠤᠰᠬᠠᠢ ᠬᠤᠷᠰᠢᠶ᠎ᠠ ᠪᠤᠯᠤᠨ ᠼᠤᠦ ᠶᠤᠸᠠᠨ ᠪᠦᠯᠦᠭᠯᠡᠯ ᠤ᠋ᠨ ᠡᠪᠡᠰᠤ ᠪᠤᠷᠳᠤᠭ᠎ᠠ ᠨᠦᠬᠡᠴᠡᠯᠡᠬᠦ ᠰᠠᠭᠤᠷᠢᠨ ᠬᠦᠷᠳᠡᠯ᠎ᠠ᠂ ᠲᠠᠬᠢᠭᠠᠳ ᠤᠷᠤᠨ ᠨᠤᠳᠤᠭ ᠤ᠋ᠨ ᠵᠠᠰᠠᠭ ᠤ᠋ᠨ ᠤᠷᠳᠤᠨ ᠡᠴᠡ ᠭᠤᠤᠯᠯᠠᠨ ᠪᠠᠢᠭᠤᠯᠤᠭᠰᠠᠨ ᠠ᠋ᠠᠯᠳᠠᠷ ᠬᠦᠷᠢᠶᠡᠯᠡᠩ ᠲᠣᠭᠣᠷᠢᠭ ᠬᠦᠷᠳᠡᠯ᠎ᠠ᠂ ᠡᠯ᠎ᠠ ᠲᠠᠯ᠎ᠠ ᠵᠢᠨ ᠬᠢᠨ ᠪᠦᠯᠬᠦᠮᠳᠡᠨ ᠬᠠᠮᠳᠤᠷᠠᠯᠴᠠᠵᠤ ᠮᠠᠯ ᠰᠦᠷᠦᠭ ᠤ᠋ᠨ 《ᠬᠦᠨᠡᠰᠤᠨ》 ᠤ᠋ ᠠᠰᠠᠭᠤᠳᠠᠯ ᠢ᠋ ᠰᠢᠢᠳᠪᠤᠷᠢᠯᠡᠨ᠂ ᠡᠪᠡᠰᠦᠨ ᠤ᠋ ᠠᠵᠤ ᠦᠶ᠋ᠯᠡᠰ ᠢ᠋ ᠴᠤᠭᠴᠠᠯᠠᠬᠤ ᠵᠢᠨ ᠤᠯᠠᠮ ᠵᠢᠡᠷ ᠪᠡᠯᠴᠢᠭᠡᠷ ᠤ᠋ᠨ ᠮᠠᠯ ᠠᠵᠤ ᠠᠬᠤᠢ ᠶ᠋ᠢᠨ ᠬᠡᠯᠪᠡᠷᠢ ᠶ᠋ᠢ ᠬᠤᠪᠢᠷᠠᠭᠤᠯᠵᠤ ᠳᠡᠰ ᠳᠡᠪᠰᠢᠭᠦᠯᠬᠦ ᠳ᠋ᠤ ᠰᠢᠨ᠎ᠠ ᠰᠡᠳᠬᠢᠮᠵᠢ ᠬᠠᠩᠭᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号