ᠵᠢᠯ᠎ᠦᠨ ᠡᠴᠦᠰ᠎ᠲᠦ ᠪᠠᠰᠠ ᠨᠢᠭᠡ ᠪᠦᠯᠦᠭ ᠨᠦᠬᠦᠪᠦᠷᠢ ᠢᠷᠡᠵᠡᠢ
2025-12-17 15:27:10
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠥᠬᠡᠬᠣᠲᠠ 2026 ᠤᠨ᠎ᠤ 《ᠰᠢᠨ᠎ᠡ ᠵᠢᠯ᠎ᠢᠶᠡᠨ ᠤᠭᠲᠤᠬᠤ》 ᠡᠪᠦᠯ᠎ᠦᠨ ᠤᠯᠠᠷᠢᠯ᠎ᠤᠨ ᠰᠢᠨ᠎ᠡ ᠲᠡᠷᠭᠡ ᠬᠤᠳᠠᠯᠳᠤᠨ ᠠᠪᠬᠤ ᠨᠥᠬᠥᠪᠦᠷᠢ ᠵᠢ 12 ᠰᠠᠷ᠎ᠠ᠎ᠶᠢᠨ 18᠎ᠤ ᠡᠳᠦᠷ᠎ᠡᠴᠡ ᠡᠬᠢᠯᠡᠨ ᠲᠠᠷᠬᠠᠭᠠᠨ᠎ᠠ᠃

01 ᠨᠥᠬᠥᠪᠦᠷᠢ ᠭᠤᠶᠤᠴᠢᠯᠠᠨ ᠠᠪᠬᠤ ᠨᠥᠬᠥᠴᠡᠯ

(ᠨᠢᠭᠡ) ᠬᠤᠪᠢ ᠬᠥᠮᠥᠨ ᠬᠡᠷᠡᠭᠯᠡᠭᠴᠢ ᠬᠥᠬᠡᠬᠣᠲᠠ ᠎ᠳᠤ ᠳᠠᠩᠰᠠᠯᠠᠭᠤᠯᠤᠭᠰᠠᠨ  ᠮᠠᠰᠢᠨ ᠲᠡᠷᠭᠡ ᠪᠣᠷᠣᠯᠠᠭᠤᠯᠬᠤ ᠠᠵᠤ ᠠᠬᠤᠢᠯᠠᠯ᠎ᠡᠴᠡ ᠰᠢᠨ᠎ᠡ ᠮᠠᠰᠢᠨ ᠲᠡᠷᠭᠡ ᠬᠤᠳᠠᠯᠳᠤᠨ ᠠᠪᠤᠪᠠᠯ ᠨᠥᠬᠥᠪᠦᠷᠢ ᠤᠯᠭᠤᠨ᠎ᠠ᠃ ᠬᠤᠪᠢ ᠬᠥᠮᠥᠨ ᠪᠤᠰᠤ  ᠵᠢᠨ ᠬᠤᠳᠠᠯᠳᠤᠨ ᠠᠪᠬᠤ ᠮᠠᠰᠢᠨ ᠲᠡᠷᠭᠡ᠂ ᠡᠵᠡᠩᠨᠡᠯᠲᠡ ᠵᠢᠨ ᠲᠡᠷᠭᠡ ᠂ ᠭᠠᠷ ᠳᠠᠮᠵᠢᠭ᠍ᠰᠠᠨ ᠲᠡᠷᠭᠡ ᠲᠤᠰ ᠤᠳᠠᠭᠠᠨ᠎ᠤ ᠨᠥᠬᠥᠪᠦᠷᠢ᠎ᠶᠢᠨ ᠬᠡᠪᠴᠢᠶᠡᠨ᠎ᠳᠦ ᠪᠠᠭᠲᠠᠬᠤ ᠦᠭᠡᠢ︔

(ᠬᠣᠶᠠᠷ) ᠲᠡᠷᠭᠡ ᠬᠤᠳᠠᠯᠳᠤᠨ ᠠᠪᠤᠬᠰᠠᠨ ᠴᠠᠭ ᠨᠢ 2025 ᠣᠨ᠎ᠤ 12 ᠰᠠᠷ᠎ᠠ᠎ᠶᠢᠨ 18᠎ᠤ ᠡᠳᠦᠷ᠎ᠡᠴᠡ 12 ᠰᠠᠷ᠎ᠠ᠎ᠶᠢᠨ 31᠎ᠦ ᠡᠳᠦᠷ (ᠮᠠᠰᠢᠨᠲᠤ ᠲᠡᠷᠭᠡ ᠪᠣᠷᠣᠯᠠᠭᠤᠯᠤᠭᠰᠠᠨ ᠨᠢᠭᠡᠳᠦᠯᠲᠡᠢ ᠪᠠᠷᠢᠮᠲᠠ᠎ᠪᠠᠷ ᠪᠠᠷᠢᠮᠵᠢᠶ᠎ᠠ ᠪᠣᠯᠭᠠᠨ᠎ᠠ) ᠪᠤᠯᠲᠠᠯ᠎ᠠ︔

(ᠭᠤᠷᠪᠠ) ᠬᠤᠪᠢ ᠬᠥᠮᠥᠨ᠎ᠬᠡᠷᠡᠭᠯᠡᠭᠴᠢ ᠤᠷᠢᠳ᠎ᠢᠶᠠᠷ ᠲᠡᠷᠭᠡ ᠪᠠᠨ ᠬᠤᠳᠠᠯᠳᠤᠨ ᠠᠪᠴᠤ᠂ ᠮᠠᠰᠢᠨᠲᠤ ᠲᠡᠷᠭᠡ ᠪᠣᠷᠣᠯᠠᠭᠤᠯᠤᠭᠰᠠᠨ ᠨᠢᠭᠡᠳᠦᠯᠲᠡᠢ ᠪᠠᠷᠢᠮᠲᠠ᠂ ᠮᠠᠰᠢᠨᠲᠤ ᠲᠡᠷᠭᠡᠨ᠎ᠤ ᠠᠶᠠᠯᠠᠯ᠎ᠤᠨ ᠵᠦᠪᠰᠢᠶᠡᠷᠡᠯ ᠵᠡᠷᠭᠡ ᠮᠠᠲᠧᠷᠢᠶᠠᠯ᠎ᠢ ᠣᠯᠣᠭᠰᠠᠨ᠎ᠤ ᠳᠠᠷᠠᠭ᠎ᠠ᠂ 2025 ᠣᠨ᠎ᠤ 12 ᠰᠠᠷ᠎ᠠ᠎ᠶᠢᠨ 20 ᠎ᠤ ᠡᠳᠦᠷ᠎ᠡᠴᠡ 2026 ᠣᠨ᠎ᠤ 1 ᠰᠠᠷ᠎ᠠ᠎ᠶᠢᠨ 5᠎ᠤ ᠡᠳᠦᠷ ᠪᠣᠯᠲᠠᠯ᠎ᠠ ᠴᠢᠩ ᠴᠧᠩ ᠬᠠᠮ ᠵᠠᠭᠤᠴᠢᠯᠠᠭᠤᠷ APP ᠵᠢᠡᠷ ᠳᠡᠮᠵᠢᠨ᠂ 《ᠰᠢᠨ᠎ᠡ ᠲᠡᠷᠭᠡ ᠬᠤᠳᠠᠯᠳᠤᠨ ᠠᠪᠤᠬᠰᠠᠨ ᠨᠥᠬᠥᠪᠦᠷᠢ》 ᠠᠵᠢᠯᠯᠠᠭ᠎ᠠ᠎ᠶᠢᠨ ᠲᠤᠰᠬᠠᠢ ᠪᠤᠯᠤᠩ᠎ᠳᠦ ᠤᠷᠤᠵᠤ ᠭᠤᠶᠤᠴᠢᠯᠠᠨ᠎ᠠ︔

(ᠳᠥᠷᠪᠡ) ᠲᠤᠰ ᠤᠳᠠᠭᠠᠨ᠎ᠤ ᠠᠵᠢᠯᠯᠠᠭ᠎ᠠ᠎ᠳᠤ ᠬᠡᠷᠡᠭᠯᠡᠭᠴᠢ ᠨᠢᠭᠡᠪᠦᠷᠢ ᠵᠥᠪᠬᠡᠨ 1 ᠤᠳᠠᠭᠠᠨ᠎ᠤ ᠰᠢᠨ᠎ᠡ ᠲᠡᠷᠭᠡ ᠬᠤᠳᠠᠯᠳᠤᠨ ᠠᠪᠤᠬᠰᠠᠨ ᠨᠥᠬᠥᠪᠦᠷᠢ᠎ᠶᠢ ᠬᠦᠷᠲᠡᠵᠦ ᠪᠣᠯᠣᠨ᠎ᠠ (ᠬᠣᠰᠢᠭᠤ ᠰᠢᠶᠠᠨ ᠲᠣᠭᠣᠷᠢᠭ᠋᠂ ᠨᠡᠭᠡᠭᠡᠯᠲᠡ᠎ᠶᠢᠨ ᠲᠣᠭᠣᠷᠢᠭ᠋᠎ᠤᠨ ᠮᠠᠰᠢᠨ ᠲᠡᠷᠭᠡᠨ᠎ᠦ ᠨᠥᠬᠥᠪᠦᠷᠢ ᠵᠢᠨ ᠠᠵᠢᠯᠯᠠᠭ᠎ᠠ ᠯᠤᠭ᠎ᠠ ᠳᠠᠪᠬᠤᠴᠠᠭᠤᠯᠤᠨ ᠨᠦᠬᠦᠪᠦᠷᠢ ᠠᠪᠴᠤ ᠪᠣᠯᠬᠤ ᠦᠭᠡᠢ)᠂ ᠭᠤᠶᠤᠴᠢᠯᠠᠭᠰᠠᠨ ᠳᠠᠷᠠᠭᠠᠯᠠᠯ ᠵᠢᠡᠷ ᠨᠢ ᠨᠦᠬᠦᠪᠦᠷᠢ ᠲᠠᠷᠬᠠᠭᠠᠵᠤ᠂ ᠨᠥᠬᠥᠪᠦᠷᠢ᠎ᠶᠢᠨ ᠮᠦᠩᠭᠦ ᠵᠢ ᠬᠡᠷᠡᠭᠯᠡᠵᠦ ᠳᠠᠭᠤᠰᠪᠠᠯ ᠵᠤᠭᠰᠤᠨ᠎ᠠ᠃

02 ᠨᠥᠬᠥᠪᠦᠷᠢ᠎ᠶᠢᠨ ᠪᠠᠷᠢᠮᠵᠢᠶ᠎ᠠ

ᠲᠡᠷᠭᠡ ᠬᠤᠳᠠᠯᠳᠤᠨ ᠠᠪᠤᠭᠰᠠᠨ ᠪᠠᠷᠢᠮᠲᠠ᠎ᠶᠢᠨ ᠵᠣᠭᠣᠰ᠎ᠤᠨ ᠲᠣᠭ᠎ᠠ (ᠭᠠᠢᠯᠢ᠎ᠶᠢᠨ ᠦᠨ᠎ᠡ ᠪᠠᠭᠲᠠᠨ᠎ᠠ) ᠵᠢ ᠦᠨᠳᠦᠰᠦᠯᠡᠨ ᠭᠤᠷᠪᠠᠨ ᠳᠡᠰ᠎ᠤᠨ ᠨᠦᠬᠦᠪᠦᠷᠢ ᠲᠤᠬᠢᠷᠠᠭᠤᠯᠪᠠ᠄

(ᠨᠢᠭᠡ) ᠲᠡᠷᠭᠡ ᠬᠤᠳᠠᠯᠳᠤᠨ ᠠᠪᠤᠭᠰᠠᠨ ᠪᠠᠷᠢᠮᠲᠠ᠎ᠶᠢᠨ ᠵᠣᠭᠣᠰ᠎ᠤᠨ ᠲᠣᠭ᠎ᠠ ᠨᠢ 5 ᠲᠦᠮᠡᠨ ᠲᠥᠭᠥᠷᠢᠭ (ᠪᠠᠭᠲᠠᠨ᠎ᠠ) ᠡᠴᠡ 10 ᠲᠦᠮᠡᠨ ᠲᠥᠭᠥᠷᠢᠭ (ᠪᠠᠭᠲᠠᠬᠤ ᠦᠭᠡᠢ)᠎ᠤᠨ ᠬᠤᠭᠤᠷᠤᠨᠳᠤ ᠪᠠᠢᠪᠠᠯ᠂ ᠲᠤᠰᠤ ᠰᠢᠲᠠᠭᠠᠯᠭ᠎ᠠ᠎ᠶᠢᠨ ᠰᠠᠭᠤᠳᠠᠯ᠎ᠤᠨ ᠮᠠᠰᠢᠨ ᠲᠡᠷᠭᠡ ᠪᠦᠷᠢ᠎ᠳᠦ 2000 ᠲᠥᠭᠥᠷᠢᠭ ᠨᠥᠬᠥᠪᠦᠷᠢᠯᠡᠵᠦ᠂ ᠰᠢᠨ᠎ᠡ ᠡᠨᠧᠷᠭᠢ᠎ᠶᠢᠨ ᠰᠠᠭᠤᠳᠠᠯ᠎ᠤᠨ ᠮᠠᠰᠢᠨ ᠲᠡᠷᠭᠡ ᠪᠦᠷᠢ᠎ᠳᠦ 3000 ᠲᠥᠭᠥᠷᠢᠭ ᠨᠥᠬᠥᠪᠦᠷᠢᠯᠡᠨ᠎ᠡ︔

(ᠬᠣᠶᠠᠷ) ᠲᠡᠷᠭᠡ ᠬᠤᠳᠠᠯᠳᠤᠨ ᠠᠪᠤᠭᠰᠠᠨ ᠪᠠᠷᠢᠮᠲᠠ᠎ᠶᠢᠨ ᠵᠣᠭᠣᠰ᠎ᠤᠨ ᠲᠣᠭ᠎ᠠ ᠨᠢ 10 ᠲᠦᠮᠡᠨ ᠲᠥᠭᠥᠷᠢᠭ (ᠪᠠᠭᠲᠠᠨ᠎ᠠ) ᠡᠴᠡ 20 ᠲᠦᠮᠡᠨ ᠲᠥᠭᠥᠷᠢᠭ (ᠪᠠᠭᠲᠠᠬᠤ ᠦᠭᠡᠢ)᠎ᠤᠨ ᠬᠤᠭᠤᠷᠤᠨᠳᠤ ᠪᠠᠢᠪᠠᠯ᠂ ᠲᠤᠰᠤ ᠰᠢᠲᠠᠭᠠᠯᠭ᠎ᠠ᠎ᠶᠢᠨ ᠰᠠᠭᠤᠳᠠᠯ᠎ᠤᠨ ᠮᠠᠰᠢᠨ ᠲᠡᠷᠭᠡ ᠨᠢᠭᠡᠪᠦᠷᠢ᠎ᠳᠦ 3000 ᠲᠥᠭᠥᠷᠢᠭ ᠨᠥᠬᠥᠪᠦᠷᠢᠯᠡᠵᠦ᠂ ᠰᠢᠨ᠎ᠡ ᠡᠨᠧᠷᠭᠢ᠎ᠶᠢᠨ ᠰᠠᠭᠤᠳᠠᠯ᠎ᠤᠨ ᠮᠠᠰᠢᠨ ᠲᠡᠷᠭᠡ ᠨᠢᠭᠡᠪᠦᠷᠢ᠎ᠳᠦ 4000 ᠲᠥᠭᠥᠷᠢᠭ ᠨᠥᠬᠥᠪᠦᠷᠢᠯᠡᠨ᠎ᠡ︔

(ᠭᠤᠷᠪᠠ) ᠲᠡᠷᠭᠡ ᠬᠤᠳᠠᠯᠳᠤᠨ ᠠᠪᠤᠭᠰᠠᠨ ᠪᠠᠷᠢᠮᠲᠠ᠎ᠶᠢᠨ ᠵᠣᠭᠣᠰ᠎ᠤᠨ ᠲᠣᠭ᠎ᠠ ᠨᠢ 20 ᠲᠦᠮᠡᠨ ᠲᠥᠭᠥᠷᠢᠭ (ᠪᠠᠭᠲᠠᠨ᠎ᠠ) ᠡᠴᠠ ᠳᠡᠭᠡᠭᠰᠢ ᠪᠠᠢᠪᠠᠯ᠂ ᠲᠤᠰᠤ ᠰᠢᠲᠠᠭᠠᠯᠭ᠎ᠠ᠎ᠶᠢᠨ ᠰᠠᠭᠤᠳᠠᠯ᠎ᠤᠨ ᠮᠠᠰᠢᠨ ᠲᠡᠷᠭᠡ ᠨᠢᠭᠡᠪᠦᠷᠢ᠎ᠳᠦ 4000 ᠲᠥᠭᠥᠷᠢᠭ ᠨᠥᠬᠥᠪᠦᠷᠢᠯᠡᠵᠦ᠂ ᠰᠢᠨ᠎ᠡ ᠡᠨᠧᠷᠭᠢ᠎ᠶᠢᠨ ᠰᠠᠭᠤᠳᠠᠯ᠎ᠤᠨ ᠮᠠᠰᠢᠨ ᠲᠡᠷᠭᠡ ᠨᠢᠭᠡᠪᠦᠷᠢ᠎ᠳᠦ 5000 ᠲᠥᠭᠥᠷᠢᠭ ᠨᠥᠬᠥᠪᠦᠷᠢᠯᠡᠨ᠎ᠡ᠃

03 ᠭᠤᠶᠤᠴᠢᠯᠠᠨ ᠠᠪᠬᠤ ᠠᠷᠭ᠎ᠠ ᠮᠠᠶᠢᠭ᠋

ᠴᠢᠩ ᠴᠧᠩ ᠬᠠᠮ ᠵᠠᠭᠤᠴᠢᠯᠠᠭᠤᠷ APP᠎ᠶᠢ ᠪᠠᠭᠤᠯᠭᠠᠵᠤ᠂ 《ᠰᠢᠨ᠎ᠡ ᠲᠡᠷᠭᠡ ᠬᠤᠳᠠᠯᠳᠤᠨ ᠠᠪᠤᠬᠰᠠᠨ ᠨᠥᠬᠥᠪᠦᠷᠢ》 ᠲᠤᠰᠬᠠᠢ ᠪᠤᠯᠤᠩ ᠎ᠳᠦ ᠤᠷᠤᠵᠤ ᠨᠦᠬᠦᠪᠦᠷᠢ ᠭᠤᠶᠤᠴᠢᠯᠠᠨ᠎ᠠ᠃  

ᠬᠥᠬᠡᠬᠣᠲᠠ᠎ᠶᠢᠨ 2026 ᠤᠨ᠎ᠤ 《ᠰᠢᠨ᠎ᠡ ᠵᠢᠯ᠎ᠢᠶᠡᠨ ᠤᠭᠲᠤᠬᠤ》 ᠡᠪᠦᠯ᠎ᠦᠨ ᠤᠯᠠᠷᠢᠯ᠎ᠤᠨ ᠰᠢᠨ᠎ᠡ ᠮᠠᠰᠢᠨ ᠲᠡᠷᠭᠡ ᠬᠤᠳᠠᠯᠳᠤᠨ ᠠᠪᠬᠤ ᠨᠥᠬᠥᠪᠦᠷᠢ ᠲᠠᠷᠬᠠᠭᠠᠬᠤ ᠠᠵᠢᠯᠯᠠᠭ᠎ᠠ᠎ᠶᠢᠨ ᠭᠤᠶᠤᠴᠢᠯᠠᠨ ᠠᠪᠬᠤ ᠬᠤᠯᠪᠤᠯᠲᠠ 2025 ᠣᠨ᠎ᠤ 12 ᠰᠠᠷ᠎ᠠ᠎ᠶᠢᠨ 20᠎ᠤ ᠡᠳᠦᠷ ᠨᠡᠪᠲᠡᠷᠡᠨ᠎ᠡ᠃

ᠠᠵᠢᠯ ᠲᠦᠷᠦᠯ᠎ᠤᠨ ᠠᠰᠠᠭᠤᠨ ᠯᠠᠪᠯᠠᠬᠤ ᠤᠲᠠᠰᠤ᠄ 0471— 6621002

ᠮᠡᠷᠭᠡᠵᠢᠯ᠎ᠦᠨ ᠠᠰᠠᠭᠤᠨ ᠯᠠᠪᠯᠠᠬᠤ ᠤᠲᠠᠰᠤ᠄ 0471—6246061     0471-6246174

ᠢᠷᠡᠯᠲᠡ᠄ ᠴᠢᠩ ᠴᠧᠩ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号