《ᠤᠳᠤᠨ》 ᠨᠤᠳᠤᠭ ᠲᠤ᠌ ᠪᠤᠯᠵᠦᠵᠦ ᠰᠤᠳᠤᠨ ᠮᠡᠳᠡᠷᠡᠮᠵᠢ ᠬᠦᠷᠳᠡᠨ᠎ᠠ
2025-12-19 12:10:08
ᠵᠣᠬᠢᠶᠠᠭ᠍ᠴᠢ᠄
ᠤᠳᠤᠨᠭᠭᠤᠸ᠎ᠠ ᠤᠷᠭᠤᠮᠠᠯ
ᠣᠩᠱᠢᠭ᠍ᠰᠠᠨ ᠣᠳᠠᠭ᠎ᠠ᠄
★★★☆☆

— ᠤᠳᠤᠨ ᠤᠭᠳᠠᠷᠭᠤᠢ᠎ᠵᠢᠴᠢ ᠲᠠᠯ᠎ᠠ ᠨᠤᠳᠤᠭ᠎ᠤᠨ ᠰᠣᠶᠣᠯ ᠵᠢᠭᠤᠯᠴᠢᠯᠠᠯ᠎ᠤᠨ ᠠᠭᠤᠰᠤᠯᠴᠡᠯ ᠬᠦᠭᠵᠢᠯ᠎ᠤᠨ ᠠᠷᠭ᠎ᠠ ᠵᠠᠮ ᠎ᠢ ᠳᠡᠮᠳᠡᠭᠯᠡᠪᠡ

ᠰᠢᠯᠤᠭᠤᠨ ᠬᠦᠪᠡᠭᠡᠳᠤ ᠴᠠᠭᠠᠨ ᠬᠤᠰᠢᠭᠤ ᠨᠢ 《ᠮᠢᠩᠭᠠᠳᠣ᠌ ᠤᠳᠤᠨ》 ᠬᠡᠮᠡᠬᠦ ᠲᠠᠪᠠᠭᠤᠯᠢᠭ ᠨᠦᠬᠦᠴᠡᠯ ᠵᠢᠡᠷ ᠵᠢᠡᠨ 《ᠤᠳᠤᠨ ᠬᠢᠯᠪᠠᠭᠠᠳᠤ ᠨᠤᠳᠤᠭ》 ᠭᠡᠰᠡᠨ ᠨᠡᠷ᠎ᠡ᠎ᠶᠢᠨ ᠬᠠᠭᠤᠳᠠᠰᠦ ᠲᠠᠢ ᠪᠤᠯᠵᠤ᠂ ᠤᠳᠤᠨ ᠤᠭᠳᠠᠷᠭᠤᠢ ᠵᠢᠴᠢ ᠳᠠᠯ᠎ᠠ ᠨᠤᠳᠤᠭ᠎ᠤᠨ ᠠᠭᠤᠰᠤᠯᠴᠠᠯ ᠪᠦᠬᠦᠢ ᠰᠤᠶᠤᠯ ᠵᠢᠭᠤᠯᠴᠢᠯᠠᠯ ᠎ᠤᠨ ᠨᠡᠷ᠎ᠠ ᠨᠦᠯᠦᠬᠡ ᠪᠡᠷ ᠵᠢᠡᠨ ᠤᠷᠤᠨ ᠨᠤᠳᠤᠭ᠎ᠤᠨ ᠠᠵᠦ ᠠᠬᠤᠢ ᠵᠢᠨ ᠬᠦᠭᠵᠢᠯᠳᠡ ᠴᠡᠴᠡᠭᠯᠡᠯᠳᠡ᠎ᠪᠡᠨ ᠠᠬᠢᠭᠤᠯᠤᠨ᠎ᠠ᠃  

ᠤᠮᠠᠷᠠᠲᠤ ᠥᠷᠭᠡᠷᠢᠭ ᠎ᠦᠨ 42 ᠭᠷᠡᠳᠦ᠋ᠰ ᠎ᠦᠨ ᠰᠥᠨᠢ ᠎ᠶᠢᠨ ᠬᠦᠰᠢᠬᠡ ᠢᠷᠠᠭᠳᠠᠬᠤ᠎ᠳᠤ᠂ ᠰᠢᠯᠤᠭᠤᠨ ᠬᠥᠪᠡᠭᠡᠲᠦ ᠴᠠᠭᠠᠨ ᠬᠣᠰᠢᠭᠤᠨ᠎ᠤ 《ᠣᠳᠣᠨ ᠤᠭᠳᠠᠷᠭᠤᠢ᠎ᠶᠢᠨ ᠰᠠᠭᠤᠷᠢᠨ》 ᠎ᠤ ᠤᠳᠤᠨ ᠮᠡᠴᠢᠳ ᠰᠣᠨᠢᠷᠬᠠᠬᠤ ᠲᠠᠢᠰᠠᠨ ᠳᠡᠭᠡᠷ᠎ᠡ ᠬᠦᠮᠦᠰ ᠠᠯᠢ ᠡᠷᠲᠡ ᠰᠡᠭᠦᠳᠡᠷᠯᠡᠬᠦ ᠮᠠᠰᠢᠨ ᠵᠢᠡᠨ ᠳᠤᠬᠢᠷᠠᠭᠤᠯᠤᠨ ᠤᠭᠰᠠᠷᠠᠵᠤ ᠡᠬᠢᠯᠡᠪᠡ᠃ ᠣᠳᠣᠨ ᠮᠡᠴᠢᠳ ᠰᠥᠨᠢ ᠎ᠶᠢᠨ ᠣᠭᠲᠠᠷᠭᠤᠢ ᠎ᠳᠦ ᠬᠢᠯᠠᠯᠵᠠᠬᠤ᠎ᠵᠢ ᠳᠠᠭᠠᠯᠳᠤᠨ᠂ ᠲᠡᠭᠷᠢ᠎ᠶᠢᠨ ᠣᠶᠣᠳᠠᠯ ᠮᠥᠩᠭᠥᠨ ᠭᠤᠯᠳᠤᠩ ᠬᠥᠭᠥᠷᠭᠡ ᠮᠡᠲᠦ ᠲᠡᠭᠷᠢ᠎ᠶᠢᠨ ᠬᠠᠶᠠᠭ᠎ᠠ᠎ᠶᠢ ᠰᠤᠨᠳᠠᠯᠠᠵᠤ᠂ ᠲᠠᠯ᠎ᠠ ᠨᠤᠲᠤᠭ᠎ᠤᠨ ᠢᠰᠡᠬᠡᠢ ᠭᠡᠷ᠎ᠲᠦ ᠳ᠋ᠧᠩ᠎ᠦᠨ ᠭᠡᠷᠡᠯ ᠪᠠ ᠤᠳᠤᠨ ᠬᠢᠯᠪᠠᠭ᠎ᠠ ᠰᠤᠯᠪᠢᠴᠡᠨ ᠬᠡᠷᠡᠯᠳᠦᠵᠦ᠂ 《ᠲᠠᠯ᠎ᠠ ᠨᠤᠲᠤᠭ᠎ᠤᠨ ᠣᠳᠣᠨ ᠮᠡᠴᠢᠳ + ᠤᠳᠤᠨ ᠣᠭᠲᠠᠷᠭᠤᠢ᠎ᠶᠢᠨ ᠲᠠᠯ᠎ᠠ ᠨᠤᠲᠤᠭ》 ᠎ᠤᠨ ᠭᠣᠢᠳᠠ ᠦᠵᠡᠮᠵᠢ᠎ᠶᠢ ᠪᠦᠷᠢᠳᠦᠭᠦᠯᠵᠡᠢ᠃ ᠣᠳᠣᠨ ᠮᠡᠴᠢᠳ᠎ᠲᠦ ᠢᠪᠡᠭᠡᠭᠳᠡᠭᠰᠡᠨ ᠡᠨᠡ ᠬᠦ᠌ ᠨᠤᠲᠤᠭ ᠨᠢ ᠣᠳᠣᠨ ᠣᠭᠲᠠᠷᠭᠤᠢ ᠎ᠪᠠᠷ ᠵᠠᠭᠤᠴᠢ ᠪᠣᠯᠭᠠᠵᠤ᠂ ᠲᠠᠷᠢᠶᠠᠯᠠᠩ ᠠᠵᠦ ᠠᠬᠤᠢ ᠰᠣᠶᠣᠯ ᠵᠢᠭᠤᠯᠴᠢᠯᠠᠯ ᠎ᠢ ᠠᠭᠤᠰᠤᠯᠴᠠᠭᠤᠯᠤᠨ ᠬᠦᠭᠵᠢᠬᠦᠯᠬᠦ ᠰᠢᠨ᠎ᠠ ᠬᠠᠭᠤᠳᠠᠰᠤ᠎ᠶᠢ ᠪᠢᠴᠢᠭᠯᠡᠵᠦ ᠪᠠᠢᠨ᠎ᠠ᠃

ᠰᠢᠯᠤᠭᠤᠨ ᠬᠥᠪᠡᠭᠡᠲᠦ ᠴᠠᠭᠠᠨ ᠬᠤᠰᠢᠭᠤᠨ᠎ᠤ ᠣᠳᠣᠨ ᠤᠭᠳᠠᠷᠭᠤᠢ ᠵᠢᠨ ᠳᠠᠪᠠᠭᠤᠯᠢᠭ᠋ ᠲᠠᠯ᠎ᠠ ᠪᠣᠯ ᠡᠬᠡ ᠪᠠᠢᠭᠠᠯᠢ ᠪᠠ ᠲᠡᠦᠬᠡ᠎ᠶᠢᠨ ᠴᠠᠭ ᠬᠤᠭᠤᠴᠠᠭ᠎ᠠ ᠡᠴᠡ ᠦᠭᠬᠦᠭᠰᠡᠨ ᠳᠠᠪᠬᠤᠷ ᠪᠡᠯᠡᠭ ᠮᠥᠨ᠃ ᠡᠨᠳᠡᠬᠢ ᠨᠢ ᠤᠳᠤᠨ ᠮᠡᠴᠢᠳ ᠎ᠢ ᠠᠵᠢᠭ᠍ᠯᠠᠬᠤ ᠰᠢᠵᠢᠷ ᠠᠯᠳᠡᠨ ᠪᠦᠰᠡᠨ᠎ᠳᠦ ᠪᠠᠢᠷᠢᠯᠠᠵᠤ᠂ ᠤᠳᠤᠨ ᠣᠭᠲᠠᠷᠭᠤᠢ ᠎ᠶᠢ ᠪᠡᠶᠡᠳᠡᠨ ᠤᠢᠯᠠᠭᠠᠬᠤ ᠬᠠᠮᠤᠭ᠎ᠤᠨ ᠭᠤᠶᠤ ᠦᠵᠡᠮᠵᠢ᠎ᠶᠢᠨ ᠤᠷᠤᠨ ᠪᠠᠢᠷᠢ ᠪᠣᠯᠵᠠᠢ᠃ ᠤᠳᠤᠨ ᠤᠷᠤᠨ᠎ᠤ ᠡᠷᠳᠡᠮᠳᠡᠨ ᠮᠢᠩᠭᠠᠲᠤ ᠵᠢᠨ ᠳᠦᠷᠦᠭᠰᠡᠨ ᠭᠠᠵᠠᠷ ᠳᠡᠳᠦᠢ ᠦᠬᠡᠢ᠂ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠤᠯᠤᠰ᠎ᠤᠨ ᠣᠳᠣᠨ ᠣᠷᠣᠨ᠎ᠤ ᠥᠷᠲᠡᠭᠡ᠎ᠶᠢᠨ ᠮᠢᠩᠭᠠᠲᠤ ᠠᠵᠢᠭ᠍ᠯᠠᠯᠲᠠ᠎ᠶᠢᠨ ᠥᠷᠲᠡᠭᠡ ᠡᠨᠳᠡ ᠰᠡᠬᠦᠢᠨ ᠰᠦᠨᠳᠡᠷᠯᠡᠵᠦ᠂ ᠳᠡᠯᠡᠬᠡᠢ ᠳᠡᠭᠡᠷᠡᠬᠢ ᠬᠠᠮᠤᠭ᠎ᠤᠨ ᠲᠣᠮᠣ᠌ ᠨᠡᠷᠡᠨ᠎ᠦ ᠷᠠᠳᠢᠣ᠋ ᠳᠤᠷᠠᠨ᠎ᠤ ᠵᠢᠭ᠍ᠰᠠᠭᠠᠯ ᠨᠢ ᠡᠳᠦᠷ ᠰᠥᠨᠢ ᠦᠭᠡᠢ ᠣᠷᠴᠢᠯᠠᠩ᠎ᠤᠨ ᠳᠣᠬᠢᠶ᠎ᠠ᠎ᠶᠢ ᠰᠡᠭᠦᠳᠡᠷᠯᠡᠨ᠂ ᠡᠷᠲᠡᠨ ᠡᠳᠦᠭᠡ ᠶ᠋ᠢᠨ ᠰᠢᠨᠵᠢᠯᠡᠬᠦ ᠤᠬᠠᠭᠠᠨ ᠨᠢ ᠬᠠᠴᠢᠨ ᠭᠠᠶ᠋ᠢᠬᠠᠯᠲᠠᠢ ᠬᠠᠮᠲᠤ ᠶ᠋ᠢᠨ ᠲᠠᠨᠢᠯᠲᠠ ᠶ᠋ᠢ ᠪᠤᠢ ᠪᠣᠯᠭᠠᠭᠰᠠᠨ ᠪᠠᠢᠳᠠᠭ ᠪᠢᠯᠡ᠃ 2012 ᠣᠨ ᠳ᠋ᠥ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠤ᠋ᠨ ᠤᠯᠤᠰ ᠎ᠤᠨ ᠣᠳᠣᠨ ᠣᠷᠣᠨ᠎ᠤ ᠥᠷᠲᠡᠭᠡ ᠎ᠡᠴᠡ ᠳᠡᠯᠡᠬᠡᠢ ᠎ᠶᠢᠨ ᠬᠣᠶᠠᠳᠤᠭᠠᠷ ᠲᠣᠮᠣ᠌ ᠨᠡᠷᠡᠨ᠎ᠦ ᠷᠠᠳᠢᠣ᠋ ᠳᠤᠷᠠᠨ᠎ᠤ ᠰᠠᠭᠤᠷᠢᠨ — ᠳ᠋ᠧᠼᠢᠮᠧᠲᠷ᠎ᠦᠨ ᠳᠠᠪᠲᠠᠮᠵᠢ᠎ᠶᠢᠨ ᠵᠢᠭ᠍ᠰᠠᠯ᠎ᠤᠨ ᠨᠡᠷᠡᠨ᠎ᠤ ᠳᠦᠷᠰᠦ᠎ᠶᠢᠨ ᠬᠡᠮᠵᠢᠭᠦᠷᠯᠢᠭ᠎ᠢ ᠰᠢᠯᠣᠭᠣᠨ ᠬᠦᠪᠡᠭᠡᠳᠣ᠌ ᠴᠠᠭᠠᠨ ᠬᠣᠰᠢᠭᠣᠨ ᠳ᠋ᠥ ᠪᠠᠢᠭᠤᠯᠵᠤ᠂ 2018 ᠣᠨ ᠎ᠳᠤ 《ᠦᠳᠡ ᠳᠣᠮᠳᠠ ᠶ᠋ᠢᠨ ᠬᠣᠶᠠᠳᠤᠭᠠᠷ ᠬᠤᠭᠤᠴᠠᠭ᠎ᠠ》 ᠎ᠶᠢᠨ ᠢᠨᠵᠧᠨᠧᠷᠢᠩ ᠎ᠢ  ᠮᠢᠩᠭᠠᠳᠣ᠌ ᠣᠳᠣᠨ ᠣᠷᠣᠨ ᠎ᠤ ᠠᠵᠢᠭ᠍ᠯᠠᠯᠲᠠ᠎ᠶᠢᠨ ᠥᠷᠲᠡᠭᠡ ᠎ᠳᠦ ᠣᠷᠣᠭᠣᠯᠵᠦ᠂ 《ᠤᠳᠤᠨ ᠤᠭᠳᠠᠷᠭᠤᠢ ᠵᠢᠨ ᠰᠠᠭᠤᠷᠢᠨ》 ᠴᠤ᠌ ᠵᠢᠨᠭᠬᠢᠨᠢ ᠪᠡᠷ ᠪᠠᠢᠭᠤᠯᠤᠭᠳᠠᠵᠠᠢ᠃

《ᠤᠳᠤᠨ ᠤᠭᠳᠠᠷᠭᠤᠢ ᠵᠢᠨ ᠰᠠᠭᠤᠷᠢᠨ》ᠵᠢᠴᠢ ᠣᠳᠣᠨ ᠣᠷᠣᠨ ᠤ᠋ ᠠᠵᠢᠭ᠍ᠯᠠᠯᠳᠠ ᠶ᠋ᠢᠨ ᠰᠠᠭᠣᠷᠢᠨ ᠨᠢ ᠰᠢᠯᠤᠭᠤᠨ ᠬᠥᠪᠡᠭᠡᠲᠦ ᠴᠠᠭᠠᠨ ᠬᠣᠰᠢᠭᠤᠨ᠎ᠤ ᠪᠤᠯᠠᠭᠠᠨᠳᠣᠬᠣᠢ ᠰᠤᠮᠤᠨ ᠳ᠋ᠥ ᠪᠠᠢᠷᠢᠯᠠᠵᠦ ᠪᠤᠢ᠃ ᠤᠯᠤᠰ᠎ᠤᠨ 《ᠦᠳᠡ ᠳᠤᠮᠳᠠ ᠎ᠶᠢᠨ ᠬᠣᠶᠠᠳᠤᠭᠠᠷ ᠬᠤᠭᠤᠴᠠᠭᠠᠨ᠎ᠤ  ᠢᠨᠵᠧᠨᠧᠷᠢᠩ᠎ᠤᠨ ᠣᠭᠲᠠᠷᠭᠤᠢ᠎ᠶᠢᠨ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠶᠢᠨ ᠦᠷᠳᠡᠭᠡ》 ᠬᠥᠰᠢᠶ᠎ᠡ ᠳᠤᠷᠠᠰᠬᠠᠯ ᠮᠡᠲᠦ ᠰᠦᠨᠳᠡᠷᠯᠡᠨ᠎ᠡ᠃ ᠤᠯᠤᠰ᠎ᠤᠨ 《ᠰᠠᠨᠰᠠᠷ᠎ᠤᠨ ᠴᠠᠭ ᠠᠭᠤᠷ᠎ᠤᠨ ᠤᠷᠢᠳᠴᠢᠯᠠᠭᠰᠠᠨ ᠮᠡᠳᠡᠭᠡ 》 ᠵᠢᠨ ᠰᠢᠰᠲ᠋ᠸᠮ᠎ᠤᠨ ᠵᠠᠩᠭᠢᠯᠠᠭ᠎ᠠ᠎ᠶᠢᠨ ᠬᠦᠢᠰᠦ ᠴᠡᠭ ᠪᠣᠯᠤᠭᠰᠠᠨ᠎ᠤ ᠬᠤᠪᠢ᠎ᠳᠤ᠂ ᠨᠡᠷᠡᠨ᠎ᠦ ᠬᠠᠷ᠎ᠠ ᠲᠣᠯᠪᠣ᠎ᠶᠢᠨ ᠳᠡᠯᠪᠡᠷᠡᠯᠲᠡ᠎ᠡᠴᠡ ᠰᠣᠷᠢᠨᠵᠢᠨ ᠰᠢᠭᠤᠷᠭ᠎ᠠ ᠡᠭᠦᠰᠬᠦ ᠦᠶᠡᠰ᠂ ᠥᠨᠳᠥᠷ ᠡᠨᠧᠷᠭᠢᠲᠦ ᠮᠥᠬᠥᠯᠢᠭ᠎ᠦᠨ ᠤᠷᠤᠰᠬᠠᠯ ᠳᠡᠯᠡᠬᠡᠢ᠎ᠶᠢᠨ ᠪᠥᠮᠪᠥᠷᠴᠡᠭ ᠲᠠᠢ ᠣᠢᠷᠠᠳᠬᠤ ᠦᠶᠡᠰ᠂ ᠠᠵᠢᠭ᠍ᠯᠠᠯᠳᠡ᠎ᠶᠢᠨ ᠦᠷᠳᠡᠭᠡ᠎ᠶᠢᠨ ᠨᠠᠷᠢᠯᠢᠭ᠋ ᠲᠥᠬᠦᠭᠡᠷᠦᠮᠵᠢ ᠨᠢ ᠲᠡᠷᠡ ᠳᠠᠷᠤᠢ ᠳ᠋ᠤᠨᠢ ᠢᠶᠤᠨᠵᠢᠭ᠍ᠰᠠᠨ ᠳᠠᠪᠬᠤᠷᠭ᠎ᠠ᠎ᠶᠢᠨ ᠬᠡᠯᠪᠡᠯᠵᠢᠯᠳᠡ᠎ᠶᠢᠨ ᠲᠣᠭ᠎ᠠ ᠪᠠᠷᠢᠮᠲᠠ᠎ᠶᠢ ᠲᠡᠮᠳᠡᠭᠯᠡᠵᠦ᠂ ᠡᠳᠡᠬᠡᠷ ᠲᠣᠭ᠎ᠠ ᠪᠠᠷᠢᠮᠲᠠ ᠨᠢ ᠶᠠᠭ ᠰᠠᠨᠰᠠᠷᠴᠢᠨ᠎ᠤ ᠥᠷᠥᠭᠡᠨ᠎ᠡᠴᠡ ᠭᠠᠷᠬᠤ ᠬᠥᠳᠡᠯᠭᠡᠭᠡᠨ᠂ ᠳᠠᠭᠠᠭᠤᠯᠢ ᠣᠳᠣᠨ᠎ᠤ ᠴᠢᠮᠡᠭᠡ ᠬᠣᠯᠪᠣᠭᠠᠨ᠎ᠤ ᠠᠮᠤᠷ ᠲᠦᠪᠰᠢᠨ᠎ᠦ 《ᠤᠷᠢᠳᠴᠢᠯᠠᠭᠰᠠᠨ ᠰᠡᠷᠡᠮᠵᠢᠯᠡᠭᠦᠯᠦᠯ 》 ᠪᠤᠯᠵᠦ ᠪᠠᠢᠳᠠᠭ᠃ 《ᠪᠢᠳᠡ ᠤᠳᠤᠨ ᠤᠷᠤᠨ᠎ᠤ ᠠᠵᠢᠭ᠍ᠯᠠᠯᠳᠡ᠎ᠶᠢᠨ ᠦᠷᠳᠡᠬᠡ ᠪᠠᠢᠭᠤᠯᠤᠭᠰᠠᠨ᠎ᠢᠶᠠᠷ ᠪᠠᠷᠠᠬᠤ ᠦᠭᠡᠢ᠂ ᠪᠠᠰᠠ ᠰᠢᠨᠵᠢᠯᠡᠬᠦ ᠤᠬᠠᠭᠠᠨ ᠎ᠤ ᠲᠦᠬᠡᠮᠡᠯᠵᠢᠬᠦᠯᠤᠯᠳᠡ᠂ ᠪᠡᠶᠡᠴᠢᠯᠡᠨ ᠤᠢᠯᠠᠭᠠᠯᠳᠡ᠂ ᠰᠡᠯᠡᠬᠦᠴᠡᠯ ᠵᠤᠭᠠᠴᠡᠯ᠎ᠢ ᠨᠢᠭᠡ ᠴᠣᠭᠴᠠᠵᠢᠭᠤᠯᠤᠭᠰᠠᠨ ᠰᠣᠶᠣᠯ ᠵᠢᠭᠤᠯᠴᠢᠯᠠᠯ᠎ᠤᠨ ᠠᠮᠢ ᠠᠬᠤᠢ᠎ᠶᠢᠨ ᠪᠥᠭᠡᠮ᠎ᠢ ᠴᠣᠭᠴᠠᠯᠠᠨ᠎ᠠ》 ᠬᠡᠵᠦ ᠰᠢᠯᠤᠭᠤᠨ ᠬᠦᠪᠡᠬᠡᠳᠦ ᠴᠠᠭᠠᠨ ᠬᠤᠰᠢᠭᠤᠨ᠎ᠤ 《ᠣᠳᠣᠨ ᠤᠭᠳᠠᠷᠭᠤᠢ᠎ᠶᠢᠨ ᠰᠠᠭᠤᠷᠢᠨ》  ᠎ᠤ ᠶᠡᠷᠦᠩᠬᠡᠢ ᠳᠠᠭᠠᠭᠠᠮᠠᠯ ᠯᠢᠶᠠᠩ ᠬᠤᠸᠠ ᠬᠥᠭᠵᠢᠯᠲᠡ᠎ᠶᠢᠨ ᠲᠦᠰᠦᠯ᠎ᠢᠶᠡᠨ ᠶᠠᠷᠢᠨ᠎ᠠ᠃

ᠤᠯᠤᠰ ᠎ᠤᠨ 3Aᠲᠠᠰ᠎ᠤᠨ ᠦᠵᠡᠮᠵᠢ᠎ᠶᠢᠨ ᠣᠷᠣᠨ ᠪᠠ 《ᠪᠥᠬᠥ ᠤᠯᠤᠰ᠎ᠤᠨ ᠣᠳᠣᠨ ᠣᠭᠲᠠᠷᠭᠤᠢ᠎ᠶᠢᠨ ᠶᠡᠬᠡ ᠬᠤᠷᠠᠯ》᠎ᠤᠨ ᠡᠭᠦᠷᠢᠳᠡ᠎ᠶᠢᠨ ᠴᠢᠨᠠᠷᠲᠠᠢ ᠬᠤᠷᠠᠯ᠎ᠤᠨ ᠭᠠᠵᠠᠷ ᠪᠣᠯᠤᠭᠰᠠᠨ᠎ᠤ ᠬᠤᠪᠢ᠎ᠳᠤ᠂ ᠲᠤᠰ ᠰᠠᠭᠤᠷᠢᠨ ᠨᠢ ᠠᠯᠢ ᠡᠷᠲᠡ ᠲᠠᠩ ᠭᠠᠭᠴᠠ ᠲᠣᠭᠣᠷᠢᠨ ᠦᠵᠡᠬᠦ ᠵᠠᠭᠪᠤᠷ ᠎ᠢᠶᠡᠨ ᠬᠤᠪᠢᠷᠠᠭᠤᠯᠵᠦ᠄ ᠪᠥᠬᠥ ᠦᠵᠡᠮᠵᠢ ᠎ᠶᠢᠨ ᠲᠤᠭᠤᠨᠤᠳᠤ ᠭᠡᠷ ᠨᠢ ᠵᠢᠭᠤᠯᠴᠢᠯᠠᠬᠰᠠᠳ ᠎ᠢ ᠬᠡᠪᠳᠡᠵᠦ ᠪᠠᠢᠭᠠᠳ ᠤᠳᠤᠨ ᠤᠭᠳᠠᠷᠭᠤᠢ ᠪᠡᠷ ᠵᠤᠭᠠᠴᠡᠭᠤᠯᠵᠤ᠂ ᠰᠠᠨᠰᠠᠷ᠎ᠤᠨ ᠥᠷᠥᠭᠡ ᠨᠢ ᠰᠢᠨᠵᠢᠯᠡᠬᠦ ᠤᠬᠠᠭᠠᠨ᠎ᠤ ᠬᠡᠢ ᠪᠣᠳᠣᠯ᠎ᠤᠨ ᠮᠡᠳᠡᠷᠡᠮᠵᠢ ᠲᠦᠷᠦᠭᠳᠡᠬᠦᠯᠵᠦ᠂ ᠠᠵᠢᠭ᠍ᠯᠠᠯᠲᠠ᠎ᠶᠢᠨ ᠥᠷᠲᠡᠭᠡ ᠎ᠶᠢᠨ ᠲᠣᠬᠢᠷᠠᠭᠤᠯᠤᠭᠰᠠᠨ ᠲᠤᠰᠬᠠᠢ ᠮᠡᠷᠭᠡᠵᠢᠯ ᠎ᠦᠨ ᠣᠳᠣᠨ ᠣᠷᠣᠨ᠎ᠤ ᠳᠤᠷᠠᠨ ᠨᠢ ᠣᠳᠣᠨ ᠮᠡᠴᠢᠳ᠎ᠤᠨ ᠨᠠᠷᠢᠨ ᠵᠦᠢᠯᠡᠰ ᠎ᠢ ᠲᠣᠳᠣᠷᠬᠠᠢ ᠤᠢᠯᠠᠭᠠᠭᠤᠯᠤᠨ᠎ᠠ; ᠰᠥᠨᠢ ᠪᠦᠷᠢ᠎ᠶᠢᠨ ᠣᠳᠣᠨ ᠣᠭᠲᠠᠷᠭᠤᠢ ᠎ᠶᠢᠨ ᠬᠢᠴᠢᠶᠡᠯ᠎ᠦᠨ ᠲᠠᠩᠬᠢᠮ᠎ᠳᠤ ᠣᠳᠣᠨ ᠣᠷᠣᠨ᠎ᠤ ᠵᠢᠯᠣᠭᠣᠳᠤᠭ᠍ᠴᠢ ᠡᠴᠡ ᠣᠳᠣᠨ ᠣᠷᠣᠨ᠎ᠤ ᠲᠥᠯᠥᠪ ᠎ᠢ ᠵᠢᠷᠤᠭᠯᠠᠨ᠂ ᠦᠬᠡᠷᠴᠢᠨ ᠬᠦᠪᠡᠬᠦᠨ ᠨᠡᠬᠡᠮᠡᠯᠴᠢᠨ ᠥᠬᠢᠨ ᠎ᠦ ᠦᠯᠢᠬᠡᠷ ᠲᠤᠮᠤᠭ ᠪᠠ ᠣᠳᠣ᠌ ᠦᠶ᠎ᠡ ᠎ᠶᠢᠨ ᠣᠳᠣᠨ ᠣᠷᠣᠨ᠎ᠤ ᠮᠡᠳᠡᠯᠭᠡ ᠎ᠶᠢ ᠵᠢᠭᠠᠳᠠᠭ; ᠪᠥᠮᠪᠥᠭᠡᠨ ᠬᠥᠰᠢᠭᠡᠲᠦ ᠺᠢᠨᠣ᠋᠎ᠶᠢᠨ ᠣᠷᠳᠣᠨ᠎ᠳᠤ᠂ 《ᠣᠳᠣᠨ ᠣᠭᠲᠠᠷᠭᠤᠢ᠎ᠶᠢᠨ ᠨᠢᠭᠤᠴᠠ》 ᠺᠢᠨᠣ᠋ ᠨᠢ ᠦᠵᠡᠭᠴᠢᠳ᠎ᠢ ᠣᠳᠣᠨ ᠣᠷᠣᠨ᠎ᠵᠢᠡᠷ ᠨᠢᠰᠦᠬᠡᠳ ᠢᠷᠡᠭᠰᠠᠨ ᠰᠢᠭ ᠰᠠᠨᠠᠭᠳᠠᠭᠤᠯᠳᠠᠭ᠃ 

2025 ᠣᠨ᠎ᠳᠤ ᠪᠥᠬᠥ ᠤᠯᠤᠰ᠎ᠤᠨ ᠰᠢᠨᠵᠢᠯᠡᠬᠦ ᠤᠬᠠᠭᠠᠨ ᠎ᠤ ᠪᠠᠭ᠍ᠰᠢ ᠨᠠᠷ᠎ᠤᠨ ᠣᠳᠣᠨ ᠣᠷᠣᠨ᠎ᠤ ᠪᠣᠯᠪᠠᠰᠤᠷᠠᠯ ᠡᠨᠳᠡ  ᠠᠮᠵᠢᠯᠳᠡ ᠲᠠᠢ ᠶᠠᠪᠤᠭᠳᠠᠵᠤ᠂ 200 ᠭᠠᠷᠤᠢ ᠪᠠᠭ᠍ᠰᠢ ᠪᠣᠯᠣᠨ 570 ᠭᠠᠷᠤᠢ ᠰᠣᠷᠣᠭ᠍ᠴᠢ ᠤᠷᠤᠯᠴᠡᠵᠦ᠂ ᠰᠠᠭᠤᠷᠢᠨ ᠨᠢ 《ᠤᠯᠤᠰ᠎ᠤᠨ ᠰᠢᠨᠵᠢᠯᠡᠬᠦ ᠤᠬᠠᠭᠠᠨ ᠎ᠢ ᠲᠦᠭᠡᠮᠡᠯᠵᠢᠭᠦᠯᠬᠦ ᠰᠤᠷᠭᠠᠨ ᠬᠥᠮᠦᠵᠢᠯ᠎ᠦᠨ ᠰᠠᠭᠤᠷᠢᠨ》 ᠎ᠤ ᠦᠢᠯᠡᠳᠦᠯ᠎ᠢᠶᠡᠨ ᠬᠦᠢᠴᠡᠳ ᠪᠠᠳᠠᠷᠠᠭᠤᠯᠪᠠ᠃

ᠰᠣᠶᠣᠯ᠎ᠤᠨ ᠴᠢᠳᠠᠮᠵᠢ ᠨᠢ ᠣᠳᠣᠨ ᠣᠭᠲᠠᠷᠭᠤᠢ ᠎ᠶᠢᠨ ᠵᠢᠭᠤᠯᠴᠢᠯᠠᠯ᠎ᠢ ᠨᠠᠩ ᠬᠦᠨ ᠲᠠᠪᠬᠤᠷᠭᠠᠵᠢᠭᠤᠯᠤᠨ᠎ᠠ᠃ ᠰᠠᠭᠤᠷᠢᠨ᠎ᠤ  ᠵᠠᠩ ᠦᠢᠯᠡ᠎ᠶᠢᠨ ᠪᠡᠶᠡᠳᠡᠨ ᠣᠢᠯᠠᠭᠠᠯᠳᠡ ᠎ᠶᠢᠨ ᠲᠣᠭᠣᠷᠢᠭ᠋ ᠎ᠲᠤ᠂ ᠴᠠᠬᠠᠷ ᠬᠡᠦᠬᠡᠨᠴᠦᠳ ᠮᠤᠩᠭᠤᠯ ᠬᠠᠳᠬᠤᠮᠠᠯ᠎ᠤᠨ ᠤᠷ᠎ᠠ ᠮᠡᠷᠭᠡᠵᠢᠯ ᠎ᠢᠶᠡᠨ ᠳᠡᠯᠭᠡᠨ ᠦᠵᠡᠭᠦᠯᠵᠦ᠂ ᠬᠤᠷᠤᠭᠤᠨ᠎ᠤ ᠤᠷ᠎ᠠ ᠪᠡᠷ ᠲᠠᠯ᠎ᠠ ᠨᠤᠲᠤᠭ ᠎ᠤᠨ ᠠᠮᠢᠵᠢᠷᠡᠯ ᠎ᠤᠨ ᠬᠦᠴᠦᠨ᠎ᠢ ᠵᠢᠷᠤᠭᠯᠠᠵᠤ ᠪᠠᠢᠯ᠎ᠠ᠃ ᠮᠣᠩᠭᠣᠯ ᠭᠡᠷ ᠲᠤᠳᠤᠷ᠎ᠠ ᠴᠠᠬᠠᠷ ᠬᠤᠨᠢᠨ ᠮᠢᠬᠠᠨ ᠎ᠤ ᠦᠨᠤᠷ ᠬᠠᠩᠬᠤᠯᠵᠤ᠂ 《ᠴᠠᠬᠠᠷ ᠬᠤᠨᠢᠨ》 ᠤ᠋ ᠲᠦᠷᠦᠯ ᠲᠡᠮᠳᠡᠭ᠎ᠢ ᠨᠡᠨᠭ ᠠᠯᠳᠡᠷᠰᠢᠭᠤᠯᠤᠨ᠎ᠠ; ᠰᠥᠨᠢ᠎ᠶᠢᠨ ᠬᠥᠰᠢᠭᠡ ᠪᠠᠭᠤᠬᠤ᠎ᠳᠤ ᠲᠦᠳᠡᠭ ᠭᠠᠯ ᠳᠦᠷᠡᠯᠵᠡᠵᠤ᠂ ᠮᠣᠷᠢᠨ ᠬᠤᠭᠤᠷ ᠎ᠤᠨ ᠢᠷᠠᠭᠤ ᠲᠠᠭᠤᠨ ᠳᠤᠮᠳᠠ ᠵᠢᠭᠤᠯᠴᠢᠯᠠᠬᠰᠡᠳ ᠮᠠᠯᠴᠢᠳ᠎ᠲᠠᠢ ᠭᠠᠷ ᠬᠣᠯᠪᠣᠨ ᠪᠦᠵᠢᠭ ᠪᠦᠵᠢᠭᠯᠡᠨ᠂ ᠬᠤᠸᠠᠷ ᠫᠤᠤᠵᠢᠩ ᠣᠭᠲᠠᠷᠭᠤᠢ ᠎ᠳᠤ ᠳᠡᠯᠭᠡᠭᠳᠡᠨ᠂ ᠲᠠᠯ᠎ᠠ ᠨᠤᠲᠤᠭ᠎ᠤᠨ ᠬᠦᠪᠡᠬᠦᠳ ᠦᠬᠢᠳ᠎ᠤᠨ ᠤᠷᠬᠢᠯᠤᠮ᠎ᠠ ᠬᠠᠯᠠᠭᠤᠨ ᠰᠡᠳᠬᠢᠯᠭᠡ ᠵᠢ ᠵᠢᠭᠤᠯᠴᠢᠯᠠᠭᠰᠠᠳ ᠶᠡᠬᠡ ᠪᠡᠷ ᠮᠡᠳᠡᠷᠡᠨ᠎ᠠ᠃ 《ᠤᠳᠤᠨ ᠣᠭᠲᠠᠷᠭᠤᠢ + ᠵᠠᠩ ᠦᠢᠯᠡ》 ᠵᠢᠨ ᠵᠠᠬᠪᠤᠷ ᠨᠢ ᠪᠡᠭᠡᠵᠢᠩ᠎ᠡᠴᠡ ᠢᠷᠡᠭᠰᠡᠨ ᠵᠢᠭᠤᠯᠴᠢᠯᠠᠬᠴᠢ ᠸᠠᠩ ᠠᠪᠠᠬᠠᠢ᠎ᠳᠤ ᠮᠠᠰᠢ ᠭᠦᠨ ᠲᠥᠷᠥᠭᠳᠡᠯ ᠦᠯᠡᠳᠡᠬᠡᠵᠦ᠄ 《ᠡᠨᠳᠡ ᠢᠷᠡᠬᠡᠳ ᠬᠠᠮᠤᠭ᠎ᠤᠨ ᠭᠤᠶᠤ ᠲᠡᠭᠷᠢ᠎ᠶᠢᠨ ᠣᠶᠣᠳᠠᠯ ᠎ᠢ ᠣᠯᠵᠤ ᠬᠠᠷᠠᠭᠰᠠᠨ᠎ᠢᠶᠠᠷ ᠪᠠᠷᠠᠬᠤ ᠦᠭᠡᠢ᠂ ᠲᠠᠯ᠎ᠠ ᠨᠤᠲᠤᠭ᠎ᠤᠨ ᠵᠠᠩ ᠦᠢᠯᠡ᠎ᠵᠢ  ᠴᠤ᠌ ᠬᠦᠨᠵᠡᠬᠡᠢ ᠤᠢᠯᠠᠭᠠᠯ᠎ᠠ》 ᠬᠡᠵᠦ ᠪᠠᠶᠠᠷᠳᠠᠢᠠᠬᠨ ᠶᠠᠷᠢᠨ᠎ᠠ᠃

ᠨᠠᠷᠢᠯᠢᠭ᠋ ᠣᠨᠣᠪᠴᠢᠲᠠᠶ ᠲᠦᠷᠦᠯ ᠲᠡᠮᠳᠡᠭ ᠎ᠤᠨ ᠡᠵᠡᠩᠨᠡᠯᠲᠡ ᠨᠢ 《ᠣᠳᠣᠨ ᠣᠭᠲᠠᠷᠭᠤᠢ ᠎ᠶᠢᠨ ᠲᠠᠯ᠎ᠠ ᠨᠤᠲᠤᠭ》᠎ᠤᠨ IP ᠨᠡᠷ᠎ᠡ ᠠᠯᠳᠠᠷ᠎ᠢ ᠬᠣᠯᠠ᠎ᠶᠢᠨ ᠬᠤᠯᠠ ᠠᠯᠳᠠᠷᠰᠢᠭᠤᠯᠤᠨ᠎ᠠ᠃ ᠪᠡᠭᠡᠵᠢᠩ᠎ᠡᠴᠡ 380 ᠺᠢᠯᠣᠮᠧᠲᠷ ᠵᠠᠢᠲᠠᠢ ᠣᠷᠣᠨ ᠪᠠᠢᠷᠢ᠎ᠶᠢᠨ ᠳᠠᠪᠠᠭᠤᠯᠢᠭ᠋᠎ᠲᠠᠭᠠᠨ ᠲᠦᠰᠢᠭᠯᠡᠨ᠂ ᠰᠠᠭᠤᠷᠢᠨ᠎ᠳᠤ 《4 ᠴᠠᠭ᠎ᠤᠨ ᠬᠣᠲᠠ᠎ᠶᠢᠨ ᠠᠮᠠᠷᠠᠯᠲᠠ᠎ᠶᠢᠨ ᠲᠣᠭᠣᠷᠢᠭ᠋》᠎ᠢ ᠪᠠᠢᠭᠤᠯᠵᠤ᠂ ᠭᠠᠷᠠᠭ᠎ᠤᠨ ᠰᠡᠭᠦᠯᠴᠢ᠎ᠶᠢᠨ ᠣᠢᠷ᠎ᠠ ᠵᠠᠮ᠎ᠤᠨ ᠵᠢᠭᠤᠯᠴᠢᠯᠠᠯ ᠎ᠳᠦ ᠣᠳᠣᠨ ᠮᠡᠴᠢᠳ ᠰᠣᠨᠢᠷᠬᠠᠬᠤ ᠪᠣᠯᠣᠮᠵᠢ᠎ᠶᠢ ᠡᠬᠦᠳᠴᠡᠢ᠃ ᠳᠡᠯᠡᠬᠡᠢ ᠎ᠶᠢᠨ ᠲᠦᠷᠦᠯ ᠲᠡᠮᠳᠡᠭ᠎ᠦᠨ ᠶᠡᠬᠡ ᠬᠤᠷᠠᠯ ᠪᠠ ᠪᠡᠭᠡᠵᠢᠩ ᠎ᠦᠨ ᠰᠣᠶᠣᠯ ᠵᠢᠭᠤᠯᠴᠢᠯᠠᠯ᠎ᠤᠨ ᠲᠠᠨᠢᠯᠴᠠᠭᠤᠯᠭ᠎ᠠ ᠎ᠶᠢᠨ ᠬᠤᠷᠠᠯ᠂ 《ᠲᠠᠯ᠎ᠠ ᠨᠤᠲᠤᠭ᠎ᠤᠨ ᠲᠡᠭᠷᠢ᠎ᠶᠢᠨ ᠣᠶᠣᠳᠠᠯ》ᠭᠡᠷᠡᠯ ᠵᠢᠷᠤᠭ᠎ᠤᠨ ᠦᠵᠡᠭᠦᠯᠭᠡ᠂ ᠲᠠᠯ᠎ᠠ ᠨᠤᠲᠤᠭ᠎ᠤᠨ ᠤᠳᠤᠨ ᠣᠭᠲᠠᠷᠭᠤᠢ᠎ᠶᠢᠨ ᠳᠠᠭᠤᠤ ᠬᠥᠭᠵᠢᠮ᠎ᠦᠨ ᠨᠠᠢᠷ ᠁ ᠠᠯᠢ ᠤᠯᠠᠨ ᠠᠵᠢᠯᠯᠠᠭ᠎ᠠ ᠨᠢ ᠲᠦᠷᠦᠯ ᠲᠡᠮᠳᠡᠭ ᠎ᠦᠨ ᠨᠥᠯᠥᠭᠡᠯᠡᠬᠦ ᠬᠦᠴᠦᠨ ᠎ᠢ ᠦᠷᠭᠦᠯᠵᠢᠯᠡᠨ ᠳᠡᠭᠡᠭᠰᠢᠯᠡᠭᠦᠯᠵᠡᠢ᠃ 2025 ᠣᠨ ᠎ᠤ ᠰᠣᠯᠢᠷ᠎ᠤᠨ ᠪᠣᠷᠣᠭᠠᠨ᠎ᠤ ᠬᠤᠭᠤᠴᠠᠭᠠᠨ᠎ᠳᠤ᠂ 10 ᠲᠤᠰᠬᠠᠢ ᠮᠡᠷᠭᠡᠵᠢᠯ᠎ᠦᠨ ᠰᠡᠬᠦᠳᠡᠷᠯᠡᠭᠴᠢ ᠡᠨᠳᠡ ᠎ᠡᠴᠡ 《ᠤᠯᠠᠭᠠᠨ ᠲᠣᠯᠣᠭᠠᠢᠲᠤ ᠨᠣᠭᠣᠭᠠᠨ ᠰᠡᠭᠦᠯᠲᠦ》 ᠥᠩᠭᠡᠲᠦ ᠭᠠᠯᠲᠤ ᠰᠣᠯᠢᠷ ᠎ᠤᠨ ᠬᠣᠪᠣᠷ ᠨᠠᠨᠳᠢᠨ ᠵᠢᠷᠤᠭ ᠳᠦᠷᠰᠦ᠎ᠶᠢ ᠣᠯᠵᠤ ᠰᠡᠬᠦᠳᠡᠷᠯᠡᠨ᠂ ᠵᠢᠷᠤᠭ ᠳᠦᠷᠰᠦ ᠨᠢ ᠵᠠᠭᠤᠴᠢᠯᠠᠭᠤᠷ ᠎ᠢᠶᠠᠷ ᠳᠠᠮᠵᠢᠭ᠍ᠳᠠᠬᠰᠠᠨ᠎ᠤ ᠳᠠᠷᠠᠭ᠎ᠠ᠂ ᠨᠠᠩ ᠣᠯᠠᠨ ᠬᠥᠮᠥᠨ᠎ᠳᠦ ᠡᠨᠡ ᠬᠦ᠌ ᠣᠳᠣᠨ ᠮᠡᠴᠢᠳ ᠰᠣᠨᠢᠷᠬᠠᠬᠤ ᠠᠷᠢᠭᠤᠨ ᠣᠷᠣᠨ᠎ᠢ ᠲᠠᠨᠢᠭᠤᠯᠵᠦ ᠪᠢᠯᠡ᠃ 

ᠤᠳᠤᠬᠠᠨ ᠪᠣᠯᠲᠠᠯ᠎ᠠ᠂ ᠰᠠᠭᠤᠷᠢᠨ ᠨᠢ ᠨᠢᠭᠡᠨᠲᠡ 10 ᠲᠦᠮᠡᠨ ᠬᠥᠮᠥᠨ ᠤᠳᠠᠭ᠎ᠠ᠎ᠶᠢᠨ ᠵᠢᠭᠤᠯᠴᠢᠯᠠᠬᠰᠠᠳ᠎ᠢ ᠬᠦᠯᠢᠶᠡᠨ ᠠᠪᠴᠤ᠂ ᠨᠡᠨᠭ ᠴᠤ᠌ ᠪᠡᠭᠡᠵᠢᠩ ᠲᠢᠶᠠᠨᠵᠢᠨ ᠾᠸᠪᠸᠢ ᠵᠢᠨ ᠵᠢᠭᠤᠯᠴᠢᠯᠠᠬᠰᠠᠳ᠎ᠤᠨ ᠵᠢᠭᠤᠯᠴᠢᠯᠠᠯ᠎ᠤᠨ ᠵᠤᠷᠢᠯᠳᠠᠳᠤ ᠤᠷᠤᠨ ᠪᠣᠯᠪᠠ᠃

ᠰᠣᠶᠣᠯ ᠵᠢᠭᠤᠯᠴᠢᠯᠠᠯ ᠎ᠤᠨ ᠠᠵᠤ ᠦᠢᠯᠡᠰ ᠎ᠦᠨ ᠬᠥᠭᠵᠢᠯᠲᠡ ᠨᠢ ᠬᠥᠳᠡᠭᠡ ᠲᠣᠰᠬᠣᠨ ᠎ᠢ ᠬᠥᠭᠵᠢᠭᠦᠯᠦᠨ ᠮᠠᠨᠳᠤᠭᠤᠯᠬᠤ ᠬᠤᠷᠳᠤᠴᠠ᠎ᠶᠢ ᠲᠦᠷᠬᠡᠳᠬᠡᠨ᠎ᠠ᠃ 100 ᠮᠦ᠍ ᠤᠳᠪᠠᠯᠠ ᠴᠡᠴᠡᠭ᠎ᠦᠨ ᠳᠠᠯᠠᠢ ᠨᠢ 《ᠤᠳᠤᠨ ᠤᠭᠳᠠᠷᠭᠤᠢ ᠵᠢᠨ ᠰᠠᠭᠤᠷᠢᠨ》᠎ᠤ ᠦᠪᠡᠷᠮᠢᠴᠡ ᠦᠵᠡᠮᠵᠢ ᠪᠣᠯᠵᠤ᠂ ᠳᠤᠬᠠᠢ ᠵᠢᠨ ᠭᠠᠵᠠᠷ᠎ᠤᠨ ᠠᠷᠠᠳ᠎ᠤᠨ ᠡᠵᠡᠩᠨᠡᠵᠦ ᠪᠠᠢᠭ᠎ᠠ ᠤᠳᠪᠠᠯᠠ ᠴᠠᠢ ᠵᠢᠨ ᠪᠦᠳᠦᠬᠡᠭᠳᠡᠬᠦᠨ᠂ ᠴᠠᠭᠠᠨ ᠢᠳᠡᠭᠡᠨ ᠨᠢ ᠵᠢᠭᠤᠯᠴᠢᠯᠠᠬᠰᠡᠳ᠎ᠤᠨ ᠭᠠᠷ᠎ᠤᠨ ᠪᠡᠯᠡᠭ ᠪᠣᠯᠤᠭᠰᠠᠨ ᠪᠠᠢᠨ᠎ᠠ᠃ ᠵᠠᠰᠠᠭ᠎ᠤᠨ ᠤᠷᠳᠤᠨ ᠪᠠ ᠠᠵᠤ ᠠᠬᠤᠢᠯᠠᠯ᠎ᠤᠨ ᠬᠠᠮᠲᠤ ᠎ᠪᠠᠷ ᠪᠠᠢᠭᠤᠯᠤᠭᠰᠠᠨ ᠨᠡᠷᠡᠰᠦ (ᠵᠢᠮᠢᠰ᠎ᠤᠨ ᠨᠢᠬᠡ ᠳᠦᠷᠦᠯ) ᠎ᠶᠢᠨ ᠠᠵᠤ ᠦᠢᠯᠡᠰ᠎ᠦᠨ ᠬᠦᠷᠢᠶᠡᠯᠡᠩ ᠲᠤᠭᠤᠷᠢᠭ ᠨᠢ ᠣᠶᠤᠨᠴᠢ ᠲᠠᠷᠢᠶᠠᠯᠠᠩ ᠬᠢᠭᠡᠳ ᠲᠣᠭᠣᠷᠢᠨ ᠦᠵᠡᠵᠦ ᠵᠢᠮᠢᠰ ᠲᠡᠭᠦᠬᠦ ᠠᠵᠢᠯᠯᠠᠭ᠎ᠠ ᠎ᠶᠢ ᠤᠶᠠᠯᠳᠤᠭᠤᠯᠵᠤ᠂ ᠰᠤᠳᠤᠯᠤᠨ ᠰᠤᠷᠤᠯᠴᠠᠬᠤ ᠵᠢᠭᠤᠯᠴᠢᠯᠠᠯ᠎ᠳᠦ ᠪᠣᠷᠣ᠌ ᠮᠠᠲᠧᠷᠢᠶᠠᠯ ᠬᠠᠩᠭᠠᠭᠰᠠᠨ᠎ᠢᠶᠠᠷ ᠪᠠᠷᠠᠬᠤ ᠦᠭᠡᠢ᠂ ᠪᠠᠰᠠ 《ᠣᠳᠣᠨ ᠬᠢᠯᠪᠠᠭᠠᠳᠤ ᠨᠤᠳᠤᠭ᠎ᠤᠨ ᠪᠡᠯᠡᠭ》 ᠎ᠵᠢᠵᠢᠭ ᠫᠷᠣᠭ᠌ᠷᠠᠮ᠎ᠢᠶᠠᠷ ᠪᠥᠬᠥ ᠤᠯᠤᠰ᠎ᠤᠨ ᠡᠯ᠎ᠠ ᠭᠠᠵᠠᠷ ᠲᠤ᠌ ᠪᠣᠷᠣᠯᠠᠭᠤᠯᠵᠤ ᠪᠠᠢᠨ᠎ᠠ᠃ ᠲᠤᠬᠠᠢ᠎ᠶᠢᠨ ᠭᠠᠵᠠᠷ᠎ᠤᠨ ᠬᠡᠷᠡᠭᠵᠢᠭᠦᠯᠵᠦ ᠪᠠᠢᠭ᠎ᠠ 《ᠮᠠᠯ ᠪᠡᠯᠴᠢᠭᠡᠷ ᠎ᠢ ᠲᠡᠩᠴᠡᠭᠦᠷᠢ᠎ᠲᠠᠢ ᠪᠠᠢᠯᠭᠠᠬᠤ》 ᠲᠥᠷᠥ᠎ᠶᠢᠨ ᠪᠣᠳᠣᠯᠭ᠎ᠠ ᠨᠢ 874.6 ᠲᠦᠮᠡᠨ ᠮᠦ᠍ ᠨᠤᠲᠤᠭ ᠪᠡᠯᠴᠢᠭᠡᠷ ᠎ᠢ ᠪᠦᠲᠦᠮᠵᠢᠲᠡᠶ ᠬᠠᠮᠠᠭᠠᠯᠠᠵᠤ᠂ 《ᠴᠠᠬᠠᠷ ᠬᠣᠨᠢ》 ᠵᠡᠷᠭᠡ ᠠᠮᠢ ᠠᠬᠤᠢ ᠎ᠶᠢᠨ ᠲᠠᠷᠢᠶᠠᠯᠠᠩ ᠎ᠤᠨ ᠪᠦᠳᠦᠬᠡᠭᠳᠡᠬᠦᠨ ᠨᠢ ᠰᠣᠶᠣᠯ ᠵᠢᠭᠤᠯᠴᠢᠯᠠᠯ ᠎ᠳᠦ ᠲᠦᠰᠢᠭᠯᠡᠵᠦ ᠦᠨ᠎ᠡ ᠨᠢ ᠥᠰᠴᠤ ᠥᠷᠲᠡᠭ ᠨᠢ ᠨᠡᠮᠡᠭᠳᠡᠨ᠂ 《ᠠᠮᠢ ᠠᠬᠤᠢ ᠎ᠶᠢᠨ ᠬᠠᠮᠠᠭᠠᠯᠠᠯᠲᠠ᠂ ᠠᠵᠤ ᠦᠢᠯᠡᠰ᠎ᠦᠨ ᠬᠥᠭᠵᠢᠯᠲᠡ᠂ ᠠᠷᠠᠳ᠎ᠤᠨ ᠣᠷᠣᠯᠭ᠎ᠠ᠎ᠶᠢᠨ ᠨᠡᠮᠡᠭᠳᠡᠯ 》 ᠎ᠤᠨ ᠰᠠᠢᠨ ᠣᠷᠴᠢᠯ᠎ᠢ ᠪᠣᠶ ᠪᠣᠯᠭᠠᠪᠠ᠃

ᠰᠥᠨᠢ᠎ᠶᠢᠨ ᠬᠥᠰᠢᠭᠡ ᠠᠶᠠᠷ ᠪᠠᠭᠤᠬᠤ ᠪᠡᠷ᠂ ᠣᠳᠣᠨ ᠮᠡᠴᠢᠳ ᠰᠣᠨᠢᠷᠬᠠᠬᠤ ᠲᠠᠢᠰᠠᠨ ᠎ᠤ ᠬᠦᠯ ᠬᠦᠭᠵᠢᠶᠡᠨ ᠠᠭᠠᠵᠢᠮ᠎ᠢᠶᠠᠷ ᠨᠠᠮᠳᠠᠵᠤ ᠡᠬᠢᠯᠡᠪᠡ᠂ ᠬᠡᠪᠡᠴᠦ ᠭᠡᠷᠡᠯ ᠵᠢᠷᠤᠭ᠎ᠤᠨ ᠬᠡᠳᠦᠨ ᠪᠠᠬᠠᠲᠠᠳ ᠮᠥᠨ ᠯᠡ  ᠤᠷᠤᠨ᠎ᠢᠶᠡᠨ  ᠰᠠᠬᠢᠵᠦ ᠭᠤᠶᠤ ᠦᠵᠡᠮᠵᠢ ᠤᠯᠵᠦ ᠰᠡᠬᠦᠳᠡᠷᠯᠡᠬᠦ ᠪᠡᠷ ᠲᠡᠰᠪᠤᠷᠢᠳᠡᠢ ᠬᠦᠯᠢᠶᠡᠵᠦ ᠪᠠᠢᠯ᠎ᠠ᠃ ᠡᠢᠨ ᠬᠦ᠌᠂ ᠮᠢᠩᠭᠠᠨᠲᠤ ᠤᠳᠤᠨ ᠡᠴᠡ ᠥᠨᠥᠳᠥᠷ᠎ᠦᠨ ᠤᠳᠤᠨ ᠣᠷᠣᠨ᠎ᠤ ᠰᠤᠳᠤᠯᠤᠯ ᠬᠦᠷᠲᠡᠯ᠎ᠠ᠂ ᠲᠠᠩ ᠴᠤᠯᠭᠤᠢ ᠮᠠᠯ ᠠᠵᠤ ᠠᠬᠤᠢ᠎ᠠᠴᠠ 《ᠤᠳᠤᠨ ᠮᠡᠴᠢᠳ᠎ᠤᠨ ᠰᠤᠳᠤᠯᠤᠨ ᠰᠤᠷᠤᠯᠴᠠᠬᠤ  ᠵᠢᠭᠤᠯᠴᠢᠯᠠᠯ + ᠰᠣᠶᠣᠯ᠎ᠤᠨ ᠪᠡᠶᠡᠳᠡᠨ ᠣᠢᠯᠠᠭᠠᠯᠳᠡ + ᠠᠮᠢ ᠠᠬᠤᠢ᠎ᠶᠢᠨ ᠰᠡᠯᠡᠬᠦᠴᠡᠯ ᠵᠤᠭᠠᠴᠡᠯ》 ᠬᠦᠷᠳᠡᠯ᠎ᠠ᠂ ᠪᠦᠬᠦ ᠠᠵᠤ ᠦᠢᠯᠡᠰ᠎ᠦᠨ ᠬᠡᠯᠬᠢᠶ᠎ᠡ᠎ᠶᠢᠨ ᠰᠢᠯᠤᠭᠤᠨ ᠬᠥᠪᠡᠭᠡᠲᠦ ᠴᠠᠭᠠᠨ ᠬᠣᠰᠢᠭᠤᠨ᠎ᠤ ᠤᠳᠤᠨ ᠣᠭᠲᠠᠷᠭᠤᠢ ᠎ᠶᠢᠨ ᠲᠠᠯ᠎ᠠ ᠨᠤᠲᠤᠭ᠎ᠤᠨ ᠰᠣᠶᠣᠯ ᠵᠢᠭᠤᠯᠴᠢᠯᠠᠯ᠎ᠤᠨ ᠬᠥᠭᠵᠢᠯᠲᠡ᠎ᠶᠢᠨ ᠦᠢᠯᠡᠳᠦᠯᠭᠡ ᠨᠢ ᠬᠢᠵᠠᠭᠠᠷ᠎ᠦᠬᠡᠢ ᠵᠢᠨ ᠭᠠᠢᠬᠠᠮᠰᠢᠭ ᠎ᠢ ᠪᠢᠴᠢᠭᠯᠡᠭᠰᠡᠬᠡᠷ ᠪᠠᠢᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号