— ᠥᠪᠥᠷ ᠮᠣᠩᠭᠣᠯ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠬᠦᠢᠴᠡᠳᠬᠡᠬᠦ》 ᠥᠭᠡᠷᠡᠴᠢᠯᠡᠯᠲᠡ ᠵᠢ ᠦᠷᠭᠦᠯᠵᠢᠯᠡᠨ ᠭᠦᠨᠵᠡᠭᠡᠢᠷᠡᠭᠦᠯᠵᠦ ᠪᠤᠢ
ᠥᠪᠥᠷ ᠮᠣᠩᠭᠣᠯ ᠳ᠋ᠦ ᠨᠢᠭᠡ ᠤᠳᠠᠭ᠎ᠠ ᠵᠢᠨ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠬᠤᠪᠢᠰᠤᠯᠲᠠ ᠨᠢ ᠬᠥᠮᠦᠰ ᠤ᠋ᠨ ᠠᠮᠢᠳᠤᠷᠠᠯ ᠢ᠋ ᠬᠤᠪᠢᠷᠠᠭᠤᠯᠵᠦ ᠡᠬᠢᠯᠡᠪᠡ᠄ ᠠᠵᠤ ᠠᠬᠤᠢᠯᠠᠯ ᠤ᠋ᠨ ᠮᠡᠳᠡᠭᠡ ᠵᠠᠩᠭᠢ ᠵᠢ ᠬᠤᠪᠢᠷᠠᠭᠤᠯᠬᠤ ᠨᠢᠭᠡ ᠶᠠᠪᠤᠳᠠᠯ᠂ ᠢᠲᠡᠭᠡᠮᠵᠢ ᠵᠢ ᠰᠡᠷᠭᠦᠭᠡᠬᠦ᠌ ᠨᠢᠭᠡ ᠶᠠᠪᠤᠳᠠᠯ᠂ ᠬᠦᠩᠭᠡᠵᠢᠬᠦ ᠨᠢᠭᠡ ᠶᠠᠪᠤᠳᠠᠯ᠂ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠰᠤᠷᠭᠠᠭᠤᠯᠢ ᠳ᠋ᠦ ᠤᠷᠤᠬᠤ ᠨᠢᠭᠡ ᠶᠠᠪᠤᠳᠠᠯ᠂ ᠠᠵᠢᠯ ᠡᠴᠡ ᠪᠠᠨ ᠠᠮᠠᠷᠠᠬᠤ ᠨᠢᠭᠡ ᠶᠠᠪᠤᠳᠠᠯ ᠁ ᠠᠵᠤ ᠠᠬᠤᠢᠯᠠᠯ ᠪᠠ ᠣᠯᠠᠨ ᠲᠦᠮᠡᠨ ᠤ᠋ ᠠᠮᠢ ᠪᠡᠶ᠎ᠡ ᠵᠢᠨ ᠠᠱᠢᠭ ᠲᠤᠰᠠ ᠳ᠋ᠦ ᠬᠣᠯᠪᠣᠭ᠍ᠳᠠᠬᠤ 《ᠵᠠᠩᠭᠢᠯᠠᠭ᠎ᠠ ᠵᠢᠨ ᠪᠠᠭ᠎ᠠ ᠶᠠᠪᠤᠳᠠᠯ》 ᠤ᠋ᠳ 《ᠣᠯᠠᠨ ᠰᠠᠯᠠᠭ᠎ᠠ ᠮᠥᠴᠢᠷ ᠵᠢᠡᠷ ᠨᠠᠭᠠᠰᠢ ᠴᠠᠭᠠᠰᠢ ᠭᠦᠶᠦᠬᠦ᠌》 ᠡᠴᠡ 《 ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌ 》 ᠵᠢ ᠪᠡᠶᠡᠯᠡᠬᠦᠯᠵᠠᠢ᠃
ᠡᠨᠡ ᠤᠳᠠᠭ᠎ᠠ ᠵᠢᠨ ᠬᠤᠪᠢᠰᠤᠯᠲᠠᠨᠢ ᠥᠪᠥᠷ ᠮᠣᠩᠭᠣᠯ ᠤ᠋ᠨ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠲᠦᠭ᠌ᠵᠢᠷᠡᠯᠳᠦ ᠴᠢᠭ᠌ᠯᠡᠭᠦᠯᠦᠨ ᠬᠡᠷᠡᠭ᠌ᠵᠢᠭᠦᠯᠦᠭ᠌ᠰᠡᠨ ᠠᠯᠢ ᠣᠯᠠᠨ ᠱᠢᠨ᠎ᠡ ᠵᠢ ᠡᠭᠦᠳᠬᠦ᠌ ᠠᠷᠭ᠎ᠠ ᠬᠡᠮᠵᠢᠶᠡᠡᠴᠡ ᠢᠷᠡᠯᠲᠡᠲᠡᠶ ᠄ 2024 ᠣᠨ ᠡᠴᠡ ᠨᠠᠭᠠᠰᠢ ᠥᠪᠥᠷ ᠮᠣᠩᠭᠣᠯ 《ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡ ᠵᠢ ᠴᠢᠨᠠᠭᠰᠢᠳᠠ ᠱᠢᠯᠢᠳᠡᠭ᠌ᠵᠢᠭᠦᠯᠵᠦ᠍ ᠵᠠᠰᠠᠭ ᠵᠠᠬᠢᠷᠭᠠᠨ ᠤ᠋ ᠦᠷ᠎ᠡ ᠪᠦᠲᠦᠮᠵᠢ ᠵᠢ ᠳᠡᠭᠡᠭ᠌ᠰᠢᠯᠡᠭᠦᠯᠦᠨ 〈ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌〉 ᠵᠢ ᠠᠬᠢᠭᠤᠯᠬᠤ ᠲᠤᠬᠠᠶ ᠲᠥᠷᠥ ᠵᠢᠨ ᠶᠠᠪᠤᠳᠠᠯ ᠤ᠋ᠨ ᠬᠣᠷᠢᠶᠠᠨ ᠤ᠋ ᠵᠢᠯᠣᠭᠣᠳᠭᠤ ᠰᠠᠨᠠᠯ》 ᠵᠢᠡᠷ ᠵᠢᠯᠣᠭᠣᠳᠣᠯᠭ᠎ᠠ ᠪᠣᠯᠭᠠᠵᠤ᠂ ᠵᠣᠷᠢᠭ᠍ᠲᠠᠶ ᠪᠡᠷ ᠬᠠᠢᠨ ᠰᠦᠪᠡᠭ᠌ᠴᠢᠯᠡᠬᠦ ᠵᠢ ᠪᠠᠷᠢᠮᠳᠠᠯᠠᠨ᠂ ᠲᠣᠭᠠᠴᠢᠯᠠᠯᠳᠠ ᠪᠡᠷ ᠬᠦᠴᠦᠨ ᠴᠢᠳᠠᠪᠤᠷᠢ ᠤᠯᠭᠤᠬᠤ ᠵᠢ ᠰᠠᠢᠲᠤᠷ ᠬᠡᠷᠡᠭ᠌ᠯᠡᠵᠦ ᠂ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨᠢ ᠲᠠᠰ ᠳᠡᠪᠱᠢᠭᠦᠯᠬᠦ᠌᠂ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌ ᠵᠢ ᠲᠠᠰᠤᠷᠠᠯᠲᠠ ᠥᠬᠡᠶ ᠠᠬᠢᠭᠤᠯᠤᠨ᠂ 《ᠨᠢᠭᠡ ᠶᠠᠪᠤᠳᠠᠯ ᠢ᠋ ᠬᠤᠷᠠᠮᠳᠤᠭᠤᠯᠵᠤ᠂ ᠥᠨᠳᠥᠷ ᠪᠦᠲᠦᠮᠵᠢᠲᠡᠶ ᠪᠡᠷ ᠭᠦᠶ᠋ᠴᠡᠳᠭᠡᠵᠦ᠍ ᠳᠠᠭᠤᠰᠭᠠᠬᠤ》 ᠦᠶ᠋ᠯᠡᠴᠢᠯᠡᠭᠡᠨ ᠤ᠋ ᠱᠢᠨ᠎ᠡ ᠵᠠᠭ᠍ᠪᠤᠷ ᠢ᠋ ᠡᠭᠦᠳᠪᠡ᠃
ᠠᠯᠪᠠᠨ ᠵᠢᠷᠤᠮᠤᠨ ᠰᠤᠷᠭᠠᠨ ᠬᠦᠮᠦᠵᠢᠯᠤᠨ ᠰᠤᠷᠭᠠᠭᠤᠯᠢ ᠳ᠋ᠦ ᠤᠷᠤᠬᠤ ᠵᠢ ᠭᠦᠶ᠋ᠴᠡᠳᠭᠡᠬᠦ᠌ᠡᠴᠡ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡ ᠵᠢ ᠱᠢᠯᠢᠳᠡᠭ᠌ᠵᠢᠭᠦᠯᠬᠦ᠌ ᠵᠢ ᠬᠠᠷᠠᠬᠤᠢ
ᠲᠦᠷᠦᠭᠦᠬᠡᠨ ᠬᠥᠬᠡᠬᠣᠲᠠ ᠵᠢᠨ ᠰᠤᠷᠭᠠᠨ ᠬᠥᠮᠦᠵᠢᠯ ᠤ᠋ᠨ ᠲᠣᠪᠴᠢᠶ᠎ᠠ 2025 ᠣᠨ ᠤ᠋ ᠠᠯᠪᠠᠨ ᠵᠢᠷᠤᠮ ᠤ᠋ᠨ ᠰᠤᠷᠭᠠᠨ ᠬᠥᠮᠦᠵᠢᠯ ᠤ᠋ᠨ ᠱᠠᠲᠤᠨ ᠤ᠋ ᠰᠣᠷᠣᠭ᠍ᠴᠢ ᠡᠯᠰᠡᠵᠦ᠍ ᠰᠤᠷᠭᠠᠭᠤᠯᠢ ᠳ᠋ᠦ ᠣᠷᠣᠬᠤ ᠲᠤᠬᠠᠢ ᠬᠣᠯᠪᠣᠭ᠍ᠳᠠᠯ ᠪᠥᠬᠥᠶ ᠮᠡᠳᠡᠭ᠌ᠳᠡᠯ ᠢ᠋ ᠨᠡᠢᠲᠡᠯᠡᠪᠡ᠃ ᠬᠡᠷ ᠤ᠋ᠨ ᠠᠬᠠᠮᠠᠳ ᠡᠨᠡ ᠵᠢᠯ ᠤ᠋ᠨ ᠬᠡᠦᠭᠡᠳ ᠤ᠋ᠨ ᠴᠡᠴᠡᠷᠯᠢᠭ ᠡᠴᠡ ᠪᠠᠭ᠎ᠠ ᠰᠤᠷᠭᠠᠭᠤᠯᠢ ᠳ᠋ᠦ ᠤᠷᠤᠬᠤ᠂ ᠪᠠᠭ᠎ᠠ ᠰᠤᠷᠭᠠᠭᠤᠯᠢ ᠡᠴᠡ ᠠᠩᠬ᠎ᠠ ᠵᠡᠷᠭᠡ ᠵᠢᠨ ᠳᠤᠮᠳᠠᠳᠤ ᠰᠤᠷᠭᠠᠭᠤᠯᠢ ᠳ᠋ᠦ ᠤᠷᠤᠬᠤ ᠪᠡᠷ ᠨᠡᠷ᠎ᠡ ᠮᠡᠳᠡᠭᠦᠯᠬᠦ᠌ ᠳ᠋ᠦ 《ᠮᠥᠩᠬᠡ ᠰᠤᠪᠠᠭ》 APP ᠵᠢᠨ 《ᠰᠤᠷᠭᠠᠨ ᠬᠥᠮᠦᠵᠢᠯ ᠤ᠋ᠨ ᠰᠤᠷᠭᠠᠭᠤᠯᠢ ᠳ᠋ᠦ ᠣᠷᠣᠬᠤ ᠨᠢᠭᠡ ᠶᠠᠪᠤᠳᠠᠯ》 ᠲᠤᠰᠭᠠᠶ ᠪᠤᠯᠤᠩᠳᠦ ᠤᠷᠤᠵᠦ᠂ ᠰᠦᠯᠵᠢᠶᠡᠨ ᠳᠡᠭᠡᠷ᠎ᠡ ᠬᠠᠮᠢᠶ᠎ᠠ ᠪᠥᠬᠥᠶ ᠮᠡᠳᠡᠭᠡ ᠵᠠᠩᠭᠢ ᠪᠡᠨ ᠲᠤᠱᠢᠶᠠᠪᠠᠯ ᠳᠠᠷᠤᠢ ᠰᠦᠯᠵᠢᠶᠡᠨ ᠳᠡᠭᠡᠷ᠎ᠡ ᠨᠡᠷ᠎ᠡ ᠮᠡᠳᠡᠭᠦᠯᠵᠦ᠍ ᠪᠣᠯᠤᠨ᠎ᠠ ᠭᠡᠵᠦ᠍ ᠮᠡᠳᠡᠭ᠌ᠳᠡᠯ ᠳ᠋ᠦ ᠱᠠᠭᠠᠷᠳᠠᠭᠰᠠᠨ ᠪᠠᠢᠬᠤ ᠵᠢ ᠤᠯᠵᠦ ᠮᠡᠳᠡᠵᠠᠢ᠃
5 ᠰᠠᠷ᠎ᠠ ᠵᠢᠨ 12 ᠤ᠋ᠨ ᠥᠷᠯᠥᠭᠡ ᠡᠷᠲᠡ ᠬᠥᠬᠡᠬᠣᠲᠠ ᠳ᠋ᠦ ᠰᠠᠭᠤᠭ᠎ᠠ ᠸᠠᠩ ᠠᠪᠠᠬᠠᠶ ᠭᠠᠷ ᠤᠲᠠᠰᠤᠨ ᠳᠡᠭᠡᠷᠡᠬᠢ 《ᠮᠥᠩᠬᠡ ᠰᠤᠪᠠᠭ》 APP ᠳ᠋ᠤ ᠣᠷᠣᠵᠤ᠂ 《ᠠᠯᠪᠠᠨ ᠵᠢᠷᠤᠮᠤᠨ ᠰᠤᠷᠭᠠᠨ ᠬᠦᠮᠦᠵᠢᠯᠤᠨ ᠰᠤᠷᠭᠠᠭᠤᠯᠢ ᠳ᠋ᠦ ᠣᠷᠣᠬᠤ ᠨᠢᠭᠡ ᠶᠠᠪᠤᠳᠠᠯ ᠤ᠋ᠨ ᠲᠤᠰᠭᠠᠶ ᠪᠤᠯᠤᠩ》 ᠳ᠋ᠦ ᠣᠷᠣᠵᠤ᠂ ᠵᠥᠪᠬᠡᠨ ᠬᠡᠦᠬᠡᠳ ᠤ᠋ᠨ ᠪᠡᠶ᠎ᠡ ᠵᠢᠨ ᠦᠨᠡᠮᠯᠡᠯ ᠤ᠋ᠨ ᠨᠣᠮᠧᠷ ᠪᠠ ᠳᠠᠩᠰᠠᠯᠠᠬᠤ ᠨᠣᠮᠧᠷ ᠢ᠋ ᠲᠠᠭ᠍ᠯᠠᠭᠠᠳ ᠠᠩᠬ᠎ᠠ ᠵᠡᠷᠭᠡ ᠵᠢᠨ ᠳᠤᠮᠳᠠᠳᠤ ᠰᠤᠷᠭᠠᠭᠤᠯᠢ ᠳ᠋ᠦ ᠣᠷᠣᠬᠤ ᠮᠡᠳᠡᠭᠡ ᠵᠠᠩᠭᠢ ᠵᠢ ᠴᠤᠭ᠍ᠯᠠᠭᠤᠯᠵᠤ ᠳᠠᠭᠤᠰᠭᠠᠵᠠᠢ᠃
ᠡᠨᠡ ᠵᠢᠯ ᠤ᠋ᠨ 9 ᠰᠠᠷ᠎ᠠ ᠳ᠋ᠦ ᠳᠡᠳᠡᠨ ᠤ᠋ ᠬᠤᠶᠠᠳᠤᠭᠠᠷ ᠭᠡᠦᠬᠡᠳ ᠨᠢ ᠴᠣ᠌ ᠤᠳᠠᠯ ᠥᠬᠡᠶ ᠪᠠᠭ᠎ᠠ ᠰᠤᠷᠭᠠᠭᠤᠯᠢ ᠳ᠋ᠦ ᠤᠷᠤᠬᠤ ᠭᠡᠵᠦ ᠪᠤᠢ᠃ 《ᠬᠡᠳᠦᠨ ᠵᠢᠯ ᠤ᠋ᠨ ᠡᠮᠦᠨ᠎ᠡ ᠮᠠᠨ ᠤ᠋ ᠶᠡᠬᠡ ᠬᠡᠦᠬᠡᠳ ᠰᠤᠷᠭᠠᠭᠤᠯᠢ ᠳ᠋ᠦ ᠣᠷᠣᠬᠤ ᠦᠶᠡᠳᠦ ᠪᠢᠳᠡ ᠬᠡᠷ ᠪᠠᠢᠱᠢᠩ ᠤ᠋ᠨ ᠳᠡᠪᠲᠡᠷ᠂ ᠡᠷᠦᠬᠡ ᠠᠮᠠ ᠵᠢᠨ ᠳᠡᠪᠲᠡᠷ ᠵᠡᠷᠭᠡ ᠬᠠᠮᠢᠶ᠎ᠠ ᠪᠥᠬᠥᠶ ᠭᠡᠷᠡᠴᠢ ᠮᠠᠲ᠋ᠧᠷᠢᠶᠠᠯ ᠵᠢᠡᠨ ᠠᠪᠴᠤ᠌᠂ ᠰᠤᠷᠭᠠᠭᠤᠯᠢ ᠳ᠋ᠦ ᠬᠦᠷᠴᠦ᠍ ᠬᠢᠨᠠᠨ ᠬᠠᠷᠭᠤᠭᠤᠯᠤᠯᠲᠠ ᠬᠢᠯᠭᠡᠪᠠ᠃ ᠡᠨᠡ ᠵᠢᠯ ᠬᠤᠶᠠᠳᠤᠭᠠᠷ ᠬᠡᠦᠬᠡᠳ ᠮᠢᠨᠢ ᠰᠤᠷᠭᠠᠭᠤᠯᠢ ᠳ᠋ᠦ ᠣᠷᠣᠬᠤ ᠳ᠋ᠦ ᠳᠠᠭᠢᠵᠤ ᠮᠠᠲ᠋ᠧᠷᠢᠶᠠᠯ ᠵᠢᠡᠨ ᠠᠪᠴᠤ᠌ ᠰᠤᠷᠭᠠᠭᠤᠯᠢ ᠳ᠋ᠦ ᠬᠦᠷᠴᠦ ᠮᠥᠷᠯᠡᠬᠦ᠌ ᠴᠢᠬᠤᠯᠠ ᠥᠬᠡᠶ ᠪᠣᠯᠵᠠᠶ》 ᠭᠡᠵᠦ ᠸᠠᠩ ᠠᠪᠠᠬᠠᠶ ᠪᠠᠶᠠᠷᠲᠠᠢᠬᠠᠨ ᠬᠡᠯᠡᠪᠡ᠃
ᠡᠨᠡ ᠵᠢᠯ ᠬᠡᠷ ᠤ᠋ᠨ ᠠᠬᠠᠮᠠᠳᠰᠦᠯᠵᠢᠶᠡᠨ ᠳᠡᠭᠡᠷ᠎ᠡ ᠬᠦᠰᠦᠨᠦᠭ ᠲᠠᠭ᠍ᠯᠠᠪᠠᠯ ᠳᠠᠷᠤᠶ ᠰᠦᠯᠵᠢᠶᠡᠨ ᠳᠡᠭᠡᠷ᠎ᠡ ᠥᠪᠡᠰᠦᠪᠡᠨ ᠭᠤᠶᠤᠴᠢᠯᠠᠨ ᠮᠡᠳᠡᠭᠦᠯᠬᠦ᠌ ᠵᠢ ᠪᠡᠶᠡᠯᠡᠭᠦᠯᠵᠦ᠍᠂ ᠬᠢᠨᠠᠨ ᠬᠠᠷᠭᠤᠭᠤᠯᠤᠭ᠍ᠰᠠᠨ ᠦᠷ᠎ᠡ ᠳ᠋ᠦᠩ᠂ ᠬᠡᠰᠡᠭ ᠬᠤᠪᠢᠶᠠᠨ ᠬᠤᠪᠢᠶᠠᠷᠢᠯᠠᠭ᠍ᠰᠠᠨ ᠦᠷ᠎ᠡ ᠳ᠋ᠦᠩ ᠵᠡᠷᠭᠡ ᠵᠢ ᠴᠦ᠍ ᠵᠥᠪᠬᠡᠨ ᠭᠠᠷ ᠤᠳᠠᠰᠤ ᠪᠡᠷᠵᠢᠡᠨ ᠰᠦᠯᠵᠢᠶᠡᠨ ᠳᠡᠭᠡᠷᠡᠬᠢ ᠱᠢᠰᠲ᠋ᠧᠮᠳᠦ ᠣᠷᠣᠪᠠᠯ ᠳᠠᠷᠤᠶ ᠪᠠᠢᠴᠠᠭᠠᠨ ᠯᠠᠪᠯᠠᠵᠤ ᠪᠣᠯᠤᠨ᠎ᠠ᠃
《 ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌ 》 ᠥᠭᠡᠷᠡᠴᠢᠯᠡᠯᠲᠡ ᠵᠢ ᠭᠦᠨᠵᠡᠭᠡᠢᠷᠡᠭᠦᠯᠦᠨ ᠨᠠᠢᠳᠠᠪᠤᠷᠢᠵᠢᠭᠤᠯᠬᠤ ᠵᠢᠨ ᠲᠤᠰᠠᠳᠠ ᠥᠪᠡᠷᠲᠡᠭᠡᠨ ᠵᠠᠰᠠᠬᠤ ᠣᠷᠣᠨ ᠤ᠋ ᠰᠤᠷᠭᠠᠨ ᠬᠥᠮᠦᠵᠢᠯ ᠤ᠋ᠨ ᠲᠢᠩᠬᠢᠮ᠂ ᠳᠣᠲᠣᠭᠠᠳᠤ ᠵᠢ ᠬᠠᠮᠠᠭᠠᠯᠠᠬᠤ ᠲᠢᠩᠬᠢᠮ᠂ ᠠᠷᠠᠳ ᠤ᠋ᠨ ᠶᠠᠪᠤᠳᠠᠯ ᠤ᠋ᠨ ᠲᠢᠩᠬᠢᠮ᠂ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠵᠢᠨ ᠲᠢᠩᠬᠢᠮ ᠵᠡᠷᠭᠡ ᠰᠠᠯᠠᠭ᠎ᠠ ᠮᠥᠴᠢᠷ ᠤ᠋ᠳ ᠮᠡᠳᠡᠭᠡ ᠵᠠᠩᠭᠢ ᠵᠢ ᠬᠠᠮᠲᠤ ᠪᠠᠷ ᠡᠳ᠋ᠯᠡᠬᠦ ᠵᠢ ᠴᠢᠩᠭᠠᠳᠭᠠᠵᠤ᠂ ᠡᠷᠦᠬᠡ ᠠᠮᠠ ᠵᠢᠨ ᠬᠠᠷᠢᠶ᠎ᠠ ᠵᠢᠨ ᠮᠡᠳᠡᠭᠡ ᠵᠠᠩᠭᠢ᠂ ᠥᠯᠥ᠍ ᠬᠥᠳᠡᠯᠬᠦ᠌ ᠬᠥᠷᠥᠩᠭᠡ ᠵᠢᠨ ᠡᠷᠬᠡ ᠵᠢᠨ ᠦᠨᠡᠮᠯᠡᠯ᠂ ᠣᠷᠣᠱᠢᠨ ᠰᠠᠭᠤᠬᠤ ᠦᠨᠡᠮᠯᠡᠯ ᠵᠡᠷᠭᠡ ᠵᠦᠶ᠋ᠯᠡᠰ ᠲᠣ᠌ ᠬᠣᠯᠪᠣᠭ᠍ᠳᠠᠭ᠍ᠰᠠᠨ ᠲᠤᠭ᠎ᠠ ᠪᠠᠷᠢᠮᠳᠠ ᠵᠢ ᠬᠠᠮᠲᠤ ᠪᠠᠷ ᠡᠳ᠋ᠯᠡᠵᠦ ᠳᠣᠭᠢᠷᠠᠭᠤᠯᠤᠨ ᠬᠡᠷᠡᠭ᠌ᠯᠡᠬᠦ᠌ ᠵᠢ ᠪᠡᠶᠡᠯᠡᠭᠦᠯᠵᠦ᠍᠂ ᠰᠤᠷᠭᠠᠭᠤᠯᠢ ᠳ᠋ᠦ ᠣᠷᠣᠬᠤ ᠬᠠᠮᠢᠶ᠎ᠠ ᠪᠥᠬᠥᠶ ᠮᠡᠳᠡᠭᠡ ᠵᠠᠩᠭᠢ ᠵᠢ ᠴᠢᠯᠥᠭᠡᠲᠡᠶ ᠪᠣᠯᠭᠠᠵᠤ ᠬᠠᠮᠲᠤ ᠪᠠᠷ ᠡᠳ᠋ᠯᠡᠬᠦ ᠵᠢ ᠦᠨᠡᠨ ᠬᠦ᠌ ᠪᠠᠲᠤᠯᠠᠪᠠ᠃ ᠡᠭᠦᠨᠡᠴᠡ ᠭᠠᠳᠠᠨ᠎ᠠ ᠪᠠᠰᠠ ᠳᠡᠰ ᠳᠠᠷᠠᠭᠠᠯᠠᠯ ᠢ᠋ ᠲᠠᠰᠤᠷᠠᠯᠲᠠ ᠥᠬᠡᠶ ᠴᠤᠮᠬᠠᠳᠬᠠᠵᠦ᠂ ᠡᠯ᠎ᠡ ᠠᠢᠮᠠᠭ ᠬᠣᠲᠠ ᠵᠢᠨ ᠰᠣᠷᠣᠭ᠍ᠴᠢ ᠡᠯᠰᠡᠵᠦ᠍ ᠰᠤᠷᠭᠠᠭᠤᠯᠢ ᠳ᠋ᠦ ᠣᠷᠣᠬᠤ ᠪᠣᠳᠠᠲᠤ ᠪᠠᠢᠳᠠᠯ ᠲᠠᠢ ᠤᠶᠠᠯᠳᠤᠭᠤᠯᠤᠨ ᠠᠳᠠᠯᠢ ᠪᠤᠰᠤ ᠲᠥᠷᠥᠯ ᠬᠡᠯᠪᠡᠷᠢ ᠵᠢᠨ ᠰᠤᠷᠭᠠᠭᠤᠯᠢ ᠳ᠋ᠦ ᠣᠷᠣᠬᠤ ᠬᠡᠦᠭᠡᠳ ᠤ᠋ᠨ ᠬᠡᠷ ᠤ᠋ᠨ ᠠᠬᠠᠮᠠᠳ ᠤ᠋ᠨ ᠰᠤᠷᠭᠠᠭᠤᠯᠢ ᠳ᠋ᠦ ᠣᠷᠣᠬᠤ ᠲᠤᠬᠠᠢᠯᠠᠭ᠍ᠰᠠᠨ ᠠᠵᠢᠯ ᠢ᠋ ᠭᠦᠶ᠋ᠴᠡᠳᠭᠡᠬᠦ᠌ ᠳᠡᠰ ᠳᠠᠷᠠᠭᠠᠯᠠᠯ ᠪᠠ ᠲᠤᠱᠢᠶᠠᠬᠤ ᠴᠢᠬᠤᠯᠠᠲᠠᠶ ᠮᠠᠲ᠋ᠧᠷᠢᠶᠠᠯ ᠤ᠋ᠨ ᠨᠠᠷᠢᠨ ᠬᠠᠭᠤᠳᠠᠰᠦ ᠵᠢ ᠲᠣᠰ ᠲᠣᠰ ᠲᠣᠭ᠍ᠲᠠᠭᠠᠵᠤ᠂ ᠲᠤᠱᠢᠶᠠᠬᠤ ᠮᠠᠲ᠋ᠧᠷᠢᠶᠠᠯ ᠤ᠋ᠨ ᠲᠣᠭ᠎ᠠ ᠬᠡᠮᠵᠢᠶ᠎ᠡ ᠵᠢ ᠶᠡᠬᠡ ᠪᠡᠷ ᠪᠠᠭᠠᠰᠭᠠᠵᠠᠶ᠃
《ᠠᠯᠪᠠᠨ ᠵᠢᠷᠤᠮᠤᠨ ᠰᠤᠷᠭᠠᠨ ᠬᠦᠮᠦᠵᠢᠯᠤᠨ ᠰᠤᠷᠭᠠᠭᠤᠯᠢ ᠳ᠋ᠦ ᠣᠷᠣᠬᠤ ᠨᠢᠭᠡ ᠶᠠᠪᠤᠳᠠᠯ》 ᠪᠣᠯ ᠥᠪᠥᠷ ᠮᠣᠩᠭᠣᠯ ᠤ᠋ᠨ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠢ ᠪᠡᠷ ᠬᠦᠢᠴᠡᠳᠬᠡᠬᠦ》 ᠥᠭᠡᠷᠡᠴᠢᠯᠡᠯᠲᠡ ᠵᠢᠨ ᠨᠢᠭᠡᠨ ᠬᠤᠷᠢᠶᠠᠩᠭᠤᠢ ᠳᠦᠷᠰᠦ ᠲᠡᠳᠦᠢ ᠶᠤᠮ᠃ 2024 ᠣᠨ ᠳ᠋ᠦ ᠤᠯᠤᠰ ᠡᠴᠡ ᠬᠣᠶᠠᠷ ᠪᠦᠯᠦᠭ ᠬᠤᠪᠢᠶᠠᠨ ᠪᠠᠢᠷᠢᠯᠠᠭᠤᠯᠤᠭ᠍ᠰᠠᠨ 21《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌》 ᠭᠤᠤᠯᠳᠠᠯᠭ᠎ᠠ ᠲᠠᠢ ᠵᠦᠶ᠋ᠯᠡᠰ ᠢ᠋ ᠴᠥᠮ ᠠᠰᠢᠬᠯᠠᠯᠳᠠᠳᠦ ᠣᠷᠣᠭᠤᠯᠤᠨ ᠠᠵᠢᠯᠯᠠᠭᠤᠯᠪᠠ᠂ ᠣᠲᠣ ᠨᠢᠭᠡᠨᠲᠡ ᠨᠡᠢᠲᠡ 784 ᠲᠦᠮᠡᠨ ᠬᠤᠪᠢ (ᠤᠳᠠᠭ᠎ᠠ) ᠭᠦᠶ᠋ᠴᠡᠳᠭᠡᠵᠠᠢ ᠃ 2025 ᠣᠨ ᠳ᠋ᠦ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌》 ᠨᠢᠭᠡᠳᠦᠭᠡᠷ ᠪᠦᠯᠦᠭ ᠤ᠋ᠨ ᠭᠤᠤᠯᠳᠠᠯᠭ᠎ᠠ ᠲᠠᠢ ᠵᠦᠶ᠋ᠯᠡᠰ ᠢ᠋ ᠨᠢᠭᠡᠨᠲᠡ 5 ᠵᠢ ᠠᠰᠢᠬᠯᠠᠯᠳᠠ ᠳ᠋ᠦ ᠤᠷᠤᠭᠤᠯᠤᠨ ᠠᠵᠢᠯᠯᠠᠭᠤᠯᠵᠤ᠂ 《ᠱᠢᠨ᠎ᠡ ᠮᠠᠱᠢᠨ ᠲᠡᠷᠭᠡᠨᠳᠦ ᠫᠠᠢᠰᠠ ᠤᠯᠭᠤᠬᠤ》᠂ 《ᠮᠠᠱᠢᠨ ᠲᠡᠷᠭᠡ ᠵᠢᠨ ᠬᠠᠭᠤᠴᠢᠨ ᠵᠢᠡᠷ ᠱᠢᠨ᠎ᠡ ᠵᠢ ᠰᠣᠯᠢᠬᠤ ᠨᠥᠬᠥᠪᠥᠷᠢ ᠭᠤᠶᠤᠴᠢᠯᠠᠬᠤ》᠂ 《ᠬᠤᠪᠢ ᠵᠢᠨ ᠦᠶ᠋ᠯᠡᠳᠪᠦᠷᠢ ᠬᠤᠳᠠᠯᠳᠤᠭᠠᠨ ᠤ᠋ ᠡᠷᠦᠬᠡ ᠵᠢ ᠠᠵᠤ ᠠᠬᠤᠢᠯᠠᠯ ᠪᠣᠯᠭᠠᠨ ᠬᠤᠪᠢᠷᠠᠭᠤᠯᠬᠤ》᠂ 《ᠤᠷᠤᠭ᠍ᠯᠠᠵᠤ ᠡᠷᠦᠬᠡ ᠠᠮᠠ ᠵᠢᠨ ᠲᠠᠩᠰᠠ ᠣᠷᠣᠭᠤᠯᠬᠤ》᠂ 《ᠬᠡᠷ ᠤ᠋ᠨ ᠴᠠᠬᠢᠯᠭᠠᠨ ᠬᠡᠷᠡᠭ᠌ᠰᠡᠯ ᠤ᠋ᠨ ᠬᠠᠭᠤᠴᠢᠨ ᠵᠢᠡᠷ ᠱᠢᠨ᠎ᠡ ᠵᠢ ᠰᠣᠯᠢᠬᠤ ᠪᠠ ᠭᠠᠷ ᠤᠲᠠᠰᠤ ᠱᠢᠨ᠎ᠡ ᠵᠢ ᠬᠤᠳᠠᠯᠳᠤᠨ ᠠᠪᠬᠤ ᠨᠥᠬᠥᠪᠥᠷᠢ ᠭᠤᠶᠤᠴᠢᠯᠠᠬᠤ》 ᠵᠡᠷᠭᠡ ᠵᠢ ᠬᠠᠮᠤᠷᠴᠠᠶ᠃
《ᠡᠳᠡᠭᠡᠷ ᠨᠢ ᠴᠥᠮ ᠤᠯᠠᠨ ᠳᠠᠪᠲᠠᠮᠵᠢ ᠲᠠᠢ᠂ ᠦᠷᠭᠡᠨ ᠬᠡᠪᠴᠢᠢ᠎ᠡ ᠲᠠᠢ᠂ ᠠᠵᠤ ᠠᠬᠤᠢᠯᠠᠯ ᠪᠠ ᠤᠯᠠᠨ ᠲᠦᠮᠡᠨ ᠤ᠋ ᠲᠤᠰᠭᠠᠭᠰᠠᠨ ᠠᠰᠠᠭᠤᠳᠠᠯ ᠤᠯᠠᠨ ᠪᠠᠢᠭ᠎ᠠ ᠶᠠᠪᠤᠳᠠᠯ ᠳ᠋ᠦ ᠬᠠᠷᠢᠶᠠᠯᠠᠭ᠍ᠳᠠᠨᠠ᠃ 〈ᠨᠢᠭᠡ ᠶᠠᠪᠤᠳᠠᠯ〉 ᠤ᠋ᠨ ᠥᠭᠡᠷᠡᠴᠢᠯᠡᠯᠲᠡ ᠨᠢ ᠤᠴᠢᠷ ᠶᠠᠪᠤᠳᠠᠯ ᠬᠦᠢᠴᠡᠳᠬᠡᠬᠦ ᠵᠢᠨ ᠲᠦᠭᠵᠢᠷᠡᠯ ᠢ᠋ ᠰᠢᠢᠳᠪᠦᠷᠢᠯᠡᠬᠦ ᠪᠡᠷ ᠬᠦᠴᠦᠯᠡᠬᠦ᠌ ᠴᠡᠭ ᠪᠣᠯᠭᠠᠨ᠂ ᠬᠠᠮᠤᠭ ᠤ᠋ᠨ ᠵᠠᠩᠭᠢᠯᠠᠭ᠎ᠠ ᠵᠢᠨ ᠠᠰᠠᠭᠤᠳᠠᠯ ᠡᠴᠡ ᠡᠬᠢᠯᠡᠨ ᠠᠳᠭᠤᠵᠤ ᠂ ᠬᠠᠮᠤᠭ ᠤ᠋ᠨ ᠰᠠᠭᠤᠷᠢ ᠭᠣᠭ᠍ᠴᠣᠭᠠ ᠡᠴᠡ ᠡᠬᠢᠯᠡᠨ ᠬᠢᠵᠦ᠍᠂ ᠬᠠᠮᠤᠭ ᠤ᠋ᠨ ᠢᠯᠡᠷᠬᠡᠢ ᠳᠤᠲᠠᠭᠤᠳᠠᠯ ᠡᠴᠡ ᠡᠬᠢᠯᠡᠨ ᠨᠥᠬᠥᠪᠥᠷᠢᠯᠡᠵᠦ᠍᠂ ᠠᠷᠠᠳ ᠤᠯᠠᠨ ᠤ᠋ ᠪᠠᠴᠢᠮ ᠬᠦᠴᠢᠷ ᠵᠣᠪᠠᠨᠢᠯ ᠬᠦᠰᠡᠯ ᠡᠴᠡ ᠡᠬᠢᠯᠡᠨ ᠬᠢᠬᠦ᠌ ᠨᠢ ᠠᠷᠠᠳ ᠤᠯᠠᠨ ᠤ᠋ ᠬᠦᠷᠲᠡᠮᠵᠢ ᠵᠢᠨ ᠲᠦᠷᠦᠭ᠌ᠳᠡᠯ ᠢ᠋ ᠨᠡᠮᠡᠭ᠌ᠳᠡᠭᠦᠯᠬᠦ᠌ᠳᠦ ᠠᠱᠢᠭ᠍ᠲᠠᠢ ᠶᠤᠮ 》 ᠭᠡᠵᠦ᠍ ᠥᠪᠥᠷ ᠮᠣᠩᠭᠣᠯ ᠤ᠋ᠨ ᠪᠠᠭ᠍ᠰᠢ ᠵᠢᠨ ᠶᠡᠬᠡ ᠰᠤᠷᠭᠠᠭᠤᠯᠢ ᠵᠢᠨ ᠤᠯᠤᠰ ᠤ᠋ᠨ ᠵᠠᠰᠠᠯᠲᠠ ᠵᠢᠨ ᠳᠡᠭᠡᠳᠦ ᠰᠤᠷᠭᠠᠭᠤᠯᠢ ᠵᠢᠨ ᠫᠷᠤᠹᠸᠰᠰᠤᠷ᠂ ᠵᠠᠰᠠᠭ ᠵᠠᠬᠢᠷᠭᠠᠨ ᠤ᠋ ᠬᠠᠮᠢᠶᠠᠷᠤᠯᠲᠠ ᠵᠢᠨ ᠰᠠᠯᠪᠤᠷᠢ ᠵᠢᠨ ᠡᠷᠬᠢᠯᠡᠭ᠌ᠴᠢ ᠸᠠᠩ ᠬᠠᠢ ᠵᠢᠤᠸᠠᠨ ᠬᠡᠯᠡᠪᠡ᠃
ᠠᠵᠤ ᠠᠬᠤᠢᠯᠠᠯ ᠤ᠋ᠨ ᠮᠡᠳᠡᠭᠡ ᠵᠠᠩᠭᠢ ᠵᠢ ᠬᠤᠪᠢᠷᠠᠭᠤᠯᠬᠤ᠂ ᠱᠢᠯᠵᠢᠭᠦᠯᠬᠦ ᠳᠠᠩᠰᠠᠯᠠᠯᠳᠠ ᠡᠴᠡ ᠵᠠᠰᠠᠭ ᠤ᠋ᠨ ᠶᠠᠪᠤᠳᠠᠯ ᠤ᠋ᠨ ᠲᠣᠭᠠᠴᠢᠯᠠᠯᠳᠡ ᠪᠡᠷ ᠬᠦᠴᠦᠨ ᠴᠢᠳᠠᠪᠤᠷᠢ ᠤᠯᠭᠤᠬᠤ ᠵᠢ ᠬᠠᠷᠠᠬᠤᠢ
《ᠪᠢ ᠤᠤᠯ ᠨᠢ ᠠᠵᠤ ᠠᠬᠤᠢᠯᠠᠯ ᠤ᠋ᠨ ᠣᠷᠣᠨ ᠪᠦᠰᠡ ᠠᠯᠤᠰᠯᠠᠨ ᠲᠤᠬᠠᠢᠯᠠᠭ᠍ᠰᠠᠨ ᠠᠵᠢᠯ ᠵᠢᠡᠨ ᠰᠢᠯᠵᠢᠬᠦᠯᠤᠨ ᠳᠠᠩᠰᠠᠯᠠᠭᠤᠯᠬᠤ ᠨᠢ ᠬᠣᠶᠠᠷ ᠭᠠᠵᠠᠷ ᠤ᠋ᠨ ᠳᠡᠩᠰᠡᠯᠡᠯᠲᠡ ᠵᠢᠨ ᠰᠠᠯᠠᠭ᠎ᠠ ᠮᠥᠴᠢᠷ ᠲᠣ᠌ ᠬᠣᠯᠪᠣᠭ᠍ᠳᠠᠬᠤ ᠪᠥᠭᠡᠳ ᠰᠠᠯᠠᠭ᠎ᠠ ᠮᠥᠴᠢᠷ ᠣᠯᠠᠨ᠂ ᠮᠠᠲ᠋ᠧᠷᠢᠶᠠᠯ ᠶᠠᠷᠱᠢᠭ᠍ᠲᠠᠶ ᠪᠣᠯᠬᠣᠷ ᠦᠬᠠᠶ ᠬᠣᠲᠠ᠂ ᠣᠷᠳᠣᠰ ᠬᠣᠲᠠ ᠪᠡᠷ ᠨᠠᠭᠠᠰᠢ ᠴᠠᠭᠠᠰᠢ ᠤᠯᠠᠨ ᠤᠳᠠᠭ᠎ᠠ ᠵᠠᠮᠨᠠᠬᠤ ᠴᠢᠬᠤᠯᠠᠲᠠᠶ ᠭᠡᠵᠦ᠍ ᠪᠤᠳᠤᠵᠤ ᠪᠠᠢᠭ᠍ᠰᠠᠨ ᠶᠤᠮ᠂ ᠬᠠᠷᠢᠨ ᠰᠠᠨᠠᠭᠠᠨ ᠡᠴᠡ ᠭᠠᠳᠠᠭᠤᠷ ᠭᠤᠶᠤᠴᠢᠯᠠᠯ ᠳᠡᠪᠱᠢᠭᠦᠯᠬᠦ᠌ᠡᠴᠡ ᠰᠢᠯᠵᠢᠬᠦᠯᠤᠨ ᠳᠠᠩᠰᠠᠯᠠᠭᠤᠯᠬᠤ ᠵᠢ ᠪᠡᠶᠡᠯᠡᠭᠦᠯᠬᠦ᠌ ᠬᠦᠷᠳᠡᠯᠡᠬᠢ ᠪᠦᠬᠦ᠌ ᠶᠠᠪᠤᠴᠠ ᠵᠢ ᠰᠦᠯᠵᠢᠶᠡᠨ ᠳᠡᠭᠡᠷ᠎ᠡ ᠬᠦᠢᠴᠡᠳᠬᠡᠵᠦ᠂ ᠨᠢᠭᠡ ᠴᠠᠭ ᠴᠣ᠌ ᠪᠤᠯᠤᠯ ᠦᠭᠡᠢ ᠪᠡᠷ ᠬᠦᠢᠴᠡᠳᠬᠡᠵᠦ ᠳᠠᠭᠤᠰᠬᠠᠵᠠᠢ》 ᠭᠡᠵᠦ ᠥᠪᠥᠷ ᠮᠣᠩᠭᠣᠯ ᠤ᠋ᠨ ᠵᠢᠶᠦ᠋ᠨ ᠲᠢᠶᠠᠨ ᠡᠨᠧᠷᠭᠢ ᠵᠢᠨ ᠠᠵᠤ ᠦᠶ᠋ᠯᠡᠰ ᠤ᠋ᠨ ᠪᠦᠯᠦᠭ᠌ᠯᠡᠯ ᠤ᠋ᠨ ᠬᠢᠵᠠᠭᠠᠷᠲᠤ ᠺᠣᠮᠫᠠᠨᠢ ᠵᠢᠨ ᠬᠠᠷᠢᠭᠤᠴᠠᠯᠭᠠᠲᠠᠨ ᠮᠤᠤ ᠲᠦᠩ ᠲᠦᠩ ᠪᠠᠶᠠᠷᠳᠠᠢᠬᠠᠨ ᠬᠡᠯᠡᠪᠡ᠃ ᠣᠢᠷ᠎ᠠ ᠳ᠋ᠦ ᠲᠡᠷᠡ ᠰᠦᠯᠵᠢᠶᠡᠨ ᠳᠡᠭᠡᠷ᠎ᠡ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ》 ᠲᠤᠰᠭᠠᠶ ᠪᠤᠯᠤᠩ ᠵᠢᠡᠷ ᠳᠠᠮᠵᠢᠭᠤᠯᠤᠨ᠂ ᠪᠥᠬᠥ᠌ ᠶᠠᠪᠤᠴᠠ ᠵᠢ ᠡᠯᠧᠺᠲ᠋ᠷᠣᠨ ᠵᠢᠡᠷ ᠳᠠᠩᠰᠠᠯᠠᠬᠤ ᠠᠷᠭ᠎ᠠ ᠬᠡᠯᠪᠡᠷᠢ ᠵᠢ ᠬᠡᠷᠡᠭ᠌ᠯᠡᠵᠦ᠍᠂ ᠰᠦᠯᠵᠢᠶᠡᠨ ᠳᠡᠭᠡᠷ᠎ᠡ 《ᠠᠵᠤ ᠠᠬᠤᠢᠯᠠᠯ ᠤ᠋ᠨ ᠱᠢᠯᠵᠢᠬᠦᠯᠬᠦ ᠳᠡᠩᠰᠡᠯᠡᠯᠲᠡ ᠵᠢᠨ ᠨᠢᠭᠡ ᠶᠠᠪᠤᠳᠠᠯ》 ᠢ᠋ ᠬᠠᠮᠲᠤᠷᠠᠨ ᠭᠦᠶ᠋ᠴᠡᠳᠭᠡᠬᠦ᠌ ᠪᠡᠷ ᠭᠤᠶᠤᠴᠢᠯᠠᠨ᠂ ᠵᠥᠪᠬᠡᠨ ᠬᠠᠭᠠᠰ ᠠᠵᠢᠯᠯᠠᠬᠤ ᠡᠳᠦᠷ ᠤ᠋ᠨ ᠳᠣᠲᠣᠷ᠎ᠠ᠂ ᠺᠣᠮᠫᠠᠨᠢ ᠨᠢ ᠠᠵᠤ ᠠᠬᠤᠢᠯᠠᠯ ᠤ᠋ᠨ ᠬᠠᠶᠢᠭ ᠵᠢᠡᠨ ᠬᠤᠪᠢᠷᠠᠭᠤᠯᠬᠤ ᠪᠠ ᠱᠢᠯᠵᠢᠬᠦᠯᠦᠨ ᠳᠠᠩᠰᠠᠯᠠᠭᠤᠯᠬᠤ ᠭᠤᠶᠤᠴᠢᠯᠠᠯ ᠭᠠᠷᠭᠠᠬᠤ᠂ ᠲᠠᠩᠰᠠ ᠡᠪᠬᠡᠮᠡᠯ ᠵᠢᠡᠨ ᠱᠢᠯᠵᠢᠭᠦᠯᠦᠨ ᠲᠤᠱᠢᠶᠠᠬᠤ ᠵᠡᠷᠭᠡ 7 ᠵᠦᠶ᠋ᠯ ᠤ᠋ᠨ ᠱᠢᠯᠵᠢᠬᠦᠯᠬᠦ ᠳᠠᠩᠰᠠᠯᠠᠯᠳᠠ ᠵᠢᠨ ᠲᠤᠬᠠᠢᠯᠠᠭ᠍ᠰᠠᠨ ᠠᠵᠢᠯ ᠢ᠋ ᠪᠡᠶᠡᠯᠡᠭᠦᠯᠵᠦ᠍᠂ ᠭᠦᠶ᠋ᠴᠡᠳᠭᠡᠬᠦ᠌ ᠴᠠᠭ ᠢ᠋ 60% ᠡᠴᠡ ᠳᠡᠭᠡᠭ᠌ᠰᠢ ᠪᠣᠭᠣᠨᠢᠰᠭᠠᠵᠤ᠂ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ》 ᠵᠢᠨ ᠦᠶ᠋ᠯᠡᠴᠢᠯᠡᠭᠡᠨ ᠤ᠋ ᠠᠱᠢᠭ ᠢ᠋ ᠭᠦᠶ᠋ᠴᠡᠳ ᠭᠥᠷᠳᠡᠪᠡ᠃
ᠥᠭᠡᠷᠡᠴᠢᠯᠡᠯᠲᠡ ᠬᠢᠬᠦ᠌ᠡᠴᠡ ᠡᠮᠦᠨ᠎ᠡ᠂ ᠠᠵᠤ ᠠᠬᠤᠢᠯᠠᠯ ᠨᠡᠷᠡᠢᠳᠦᠯ ᠵᠢᠡᠨ ᠬᠤᠪᠢᠷᠠᠭᠤᠯᠬᠤ᠂ ᠬᠠᠤᠯᠢ ᠪᠡᠷ ᠲᠣᠭ᠍ᠲᠠᠭᠠᠭ᠍ᠰᠠᠨ ᠲᠥᠯᠥᠭᠡᠯᠡᠭ᠌ᠴᠢ᠂ ᠣᠷᠣᠨ ᠰᠠᠭᠤᠴᠠ ᠵᠡᠷᠭᠡ ᠮᠡᠳᠡᠭᠡ ᠵᠠᠩᠭᠢ ᠪᠡᠨ ᠬᠤᠪᠢᠷᠠᠭᠤᠯᠬᠤ ᠪᠡᠷ ᠭᠤᠶᠤᠴᠢᠯᠠᠬᠤ ᠳ᠋ᠦ ᠣᠯᠠᠨ ᠰᠠᠯᠠᠭ᠎ᠠ ᠮᠥᠴᠢᠷ ᠲᠣ᠌ ᠭᠤᠶᠤᠴᠢᠯᠠᠯ ᠭᠠᠷᠭᠠᠵᠤ᠂ ᠣᠯᠠᠨ ᠲᠤᠬᠠᠢᠯᠠᠭ᠍ᠰᠠᠨ ᠠᠵᠢᠯ ᠤ᠋ᠨ ᠱᠢᠰᠲ᠋ᠧᠮᠳᠦ ᠭᠠᠷᠴᠤ᠌᠂ ᠲᠠᠭ᠍ᠯᠠᠨ ᠮᠡᠳᠡᠭᠦᠯᠬᠦ᠌ ᠮᠠᠲ᠋ᠧᠷᠢᠶᠠᠯ ᠵᠢᠡᠨ ᠬᠠᠮᠤᠭ ᠤ᠋ᠨ ᠣᠯᠠᠨᠳᠠᠭᠠᠨ 26 ᠬᠤᠪᠢ ᠲᠤᠱᠢᠶᠠᠵᠤ ᠂ ᠭᠦᠶᠦᠬᠦ᠌ ᠤᠳᠠᠭ᠎ᠠ ᠨᠢ ᠡᠩ ᠤ᠋ᠨ ᠪᠠᠢᠳᠠᠯ ᠳ᠋ᠦ 6 ᠤᠳᠠᠭ᠎ᠠ ᠪᠠᠢᠵᠤ᠂ ᠬᠠᠮᠤᠭ ᠤ᠋ᠨ ᠴᠦᠬᠡᠨ ᠳ᠋ᠡᠭᠡᠨ 6 ᠠᠵᠢᠯᠯᠠᠬᠤ ᠡᠳᠦᠷ ᠲᠣ᠌ ᠰᠠᠶᠢ ᠪᠡᠶᠡᠯᠡᠭᠦᠯᠵᠦ᠍᠂ ᠣᠯᠠᠨ ᠲᠠᠯ᠎ᠠ ᠡᠴᠡ ᠭᠤᠶᠤᠴᠢᠯᠠᠬᠤ᠂ ᠣᠯᠠᠨ ᠤᠳᠠᠭ᠎ᠠ ᠭᠦᠶᠦᠬᠦ᠌᠂ ᠮᠠᠲ᠋ᠧᠷᠢᠶᠠᠯ ᠢ᠋ ᠳᠠᠪᠬᠤᠷᠳᠠᠭᠤᠯᠤᠨ ᠲᠤᠱᠢᠶᠠᠬᠤ ᠵᠡᠷᠭᠡ ᠠᠰᠠᠭᠤᠳᠠᠯ ᠣᠷᠣᠱᠢᠵᠤ ᠪᠠᠢᠪᠠ᠃ ᠥᠭᠡᠷᠡᠴᠢᠯᠡᠯᠲᠡ ᠬᠢᠭ᠌ᠰᠡᠨ ᠤ᠋ ᠳᠠᠷᠠᠭ᠎ᠠ ᠠᠵᠤ ᠠᠬᠤᠢᠯᠠᠯᠨᠢ ᠵᠥᠪᠬᠡᠨ ᠠᠵᠤ ᠠᠬᠤᠢᠯᠠᠯ ᠤ᠋ᠨ ᠮᠡᠳᠡᠭᠡ ᠵᠠᠩᠭᠢ ᠵᠢ ᠬᠤᠪᠢᠷᠠᠭᠤᠯᠬᠤ 《ᠨᠢᠭᠡ ᠶᠠᠪᠤᠳᠠᠯ》 ᠤ᠋ᠨ ᠱᠢᠰᠲ᠋ᠧᠮᠳᠦ ᠭᠠᠷᠴᠤ᠌᠂ ᠬᠠᠮᠤᠭ ᠣᠯᠠᠨᠳᠠᠭᠠᠨ 6 ᠬᠤᠪᠢ ᠮᠠᠲ᠋ᠧᠷᠢᠶᠠᠯ ᠢ᠋ ᠲᠠᠭ᠍ᠯᠠᠨ ᠮᠡᠳᠡᠭᠦᠯᠪᠡᠯ᠂ 1 ᠠᠵᠢᠯᠯᠠᠬᠤ ᠡᠳᠦᠷ ᠤ᠋ᠨ ᠳᠣᠲᠣᠷ᠎ᠠ ᠳᠠᠷᠤᠶ 6 ᠵᠦᠶ᠋ᠯᠡᠰ ᠢ᠋ ᠬᠤᠪᠢᠷᠠᠭᠤᠯᠵᠤ ᠪᠣᠯᠤᠨ᠎ᠠ᠂ ᠬᠡᠷᠪᠡ ᠢᠯᠡᠬᠡᠨ ᠬᠦᠷᠭᠡᠬᠦ᠌ ᠠᠷᠭ᠎ᠠ ᠬᠡᠯᠪᠡᠷᠢ ᠪᠡᠷ ᠬᠠᠮᠢᠶ᠎ᠠ ᠪᠥᠬᠥᠶ ᠭᠠᠷ ᠭᠦᠶ᠋ᠴᠡᠳᠭᠡᠯ ᠢ᠋ ᠠᠪᠬᠤ ᠳ᠋ᠦ ᠬᠦᠷᠪᠡᠯ ᠨᠢᠭᠡ ᠤᠳᠠᠭ᠎ᠠ ᠴᠣ᠌ ᠬᠦᠶᠦᠬᠦ ᠴᠢᠬᠤᠯᠠ ᠥᠬᠡᠶ ᠪᠤᠯᠪᠠ᠃
《ᠨᠢᠭᠡ ᠭᠠᠵᠠᠷ ᠬᠤᠪᠢᠷᠠᠭᠤᠯᠪᠠᠯ᠂ ᠣᠯᠠᠨ ᠭᠠᠵᠠᠷ ᠬᠣᠯᠪᠣᠭᠠᠯᠠᠨ ᠬᠥᠳᠡᠯᠦᠯᠴᠡᠨ᠎ᠡ》᠃ ᠳᠥᠭᠥᠮ ᠳᠥᠲᠡ ᠥᠨᠳᠥᠷ ᠪᠦᠲᠦᠮᠵᠢᠲᠡᠶ ᠦᠶ᠋ᠯᠡᠴᠢᠯᠡᠭᠡᠨ ᠤ᠋ ᠠᠷᠤ ᠳ᠋ᠦ ᠠᠷᠤ ᠲᠠᠯ᠎ᠠᠵᠢᠨ ᠲᠠᠪᠴᠠᠩ ᠤ᠋ᠨ ᠲᠣᠭ᠎ᠠ ᠪᠠᠷᠢᠮᠲᠠ ᠵᠢ ᠨᠡᠪᠲᠡᠷᠡᠭᠦᠯᠦᠭ᠌ᠰᠡᠨ ᠶᠠᠪᠤᠳᠠᠯ ᠪᠤᠢ᠃ ᠨᠠᠩ ᠴᠤ᠌ 《ᠨᠢᠭᠡ ᠶᠠᠪᠤᠳᠠᠯ》 ᠵᠢᠡᠷ ᠬᠥᠲᠥᠯᠦᠮᠵᠢ ᠪᠣᠯᠭᠠᠨ ᠪᠣᠶ ᠪᠣᠯᠤᠭ᠍ᠰᠠᠨ ᠰᠠᠯᠠᠭ᠎ᠠ ᠮᠥᠴᠢᠷ ᠠᠯᠤᠰᠯᠠᠭ᠍ᠰᠠᠨ᠂ ᠲᠠᠰ ᠳᠠᠪᠬᠤᠷᠭ᠎ᠠ ᠠᠯᠤᠰᠯᠠᠭ᠍ᠰᠠᠨ᠂ ᠣᠷᠣᠨ ᠪᠦᠰᠡ ᠠᠯᠤᠰᠯᠠᠭ᠍ᠰᠠᠨ ᠠᠵᠢᠯ ᠶᠠᠪᠤᠳᠠᠯ ᠭᠦᠶ᠋ᠴᠡᠳᠭᠡᠬᠦ᠌ ᠳᠠᠰ ᠳᠠᠷᠠᠭᠠᠯᠠᠯ ᠤ᠋ᠨ ᠱᠢᠰᠲ᠋ᠧᠮ ᠤ᠋ᠨ ᠴᠢᠨᠠᠷᠲᠠᠶ ᠳᠠᠬᠢᠨ ᠴᠣᠭ᠍ᠴᠠᠯᠠᠯᠲᠠ ᠪᠤᠢ᠃ ᠣᠢᠷ᠎ᠠ ᠵᠢᠨ ᠵᠢᠯ ᠳ᠋ᠦ᠂ ᠥᠪᠥᠷ ᠮᠣᠩᠭᠣᠯ ᠳ᠋ᠠᠢᠲ᠋ᠠ ᠪᠡᠷ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡ ᠳ᠋ᠦ ᠬᠦᠴᠦᠨ ᠨᠡᠮᠡᠷᠢᠯᠡᠬᠦ ᠵᠢ ᠯᠠᠪᠳᠠᠭᠤᠨ ᠪᠠᠲᠤᠲᠠᠶ ᠠᠬᠢᠭᠤᠯᠵᠤ᠂ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌》 ᠥᠭᠡᠷᠡᠴᠢᠯᠡᠯᠲᠡ ᠵᠢᠨ ᠳᠤᠮᠳᠠ᠂ ᠨᠢᠭᠡ ᠴᠣᠭ᠍ᠴᠠᠵᠢᠭᠤᠯᠤᠭ᠍ᠰᠠᠨ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠲᠠᠪᠴᠠᠩ ᠳ᠋ᠦ ᠲᠦᠱᠢᠭ᠌ᠯᠡᠨ ᠨᠢᠭᠡᠳᠦᠯᠲᠡᠶ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌》 ᠲᠤᠬᠠᠢᠯᠠᠭ᠍ᠰᠠᠨ ᠠᠵᠢᠯ ᠤ᠋ᠨ ᠱᠢᠰᠲ᠋ᠧᠮ ᠢ᠋ ᠨᠢᠭᠡᠳᠦᠯᠲᠡᠶ ᠲᠦᠯᠦᠪᠵᠢᠬᠦᠯᠦᠨ ᠪᠠᠢᠭᠤᠯᠵᠤ᠂ ᠬᠦᠰᠦᠨᠦᠭ᠌ᠲᠦ᠍ ᠳ᠋ᠡᠬᠢ ᠳᠠᠪᠬᠤᠷᠳᠠᠭᠰᠠᠨ ᠠᠭᠤᠯᠭᠠᠵᠢ ᠬᠠᠰᠤᠬᠤ᠂ ᠨᠥᠬᠥᠴᠡᠯ ᠢ᠋ ᠬᠢᠨᠠᠨ ᠱᠢᠯᠭᠠᠬᠤ᠂ ᠲᠣᠭ᠎ᠠ ᠪᠠᠷᠢᠮᠲᠠ ᠵᠢ ᠤᠷᠢᠳᠴᠢᠯᠠᠨ ᠲᠠᠭ᠍ᠯᠠᠬᠤ ᠵᠡᠷᠭᠡ ᠠᠷᠭ᠎ᠠ ᠬᠡᠯᠪᠡᠷᠢ ᠵᠢ ᠠᠪᠴᠤ᠌᠂ 120 ᠭᠠᠷᠤᠶ ᠵᠦᠶ᠋ᠯ ᠤ᠋ᠨ ᠲᠣᠭ᠎ᠠ ᠪᠠᠷᠢᠮᠲᠠ ᠵᠢᠨ ᠬᠠᠮᠲᠤ ᠪᠡᠷ ᠡᠳ᠋ᠯᠡᠬᠦ ᠠᠭᠤᠯᠭ᠎ᠠ ᠵᠢ ᠡᠮᠬᠢᠯᠡᠨ ᠲᠣᠭ᠍ᠲᠠᠭᠠᠵᠦ᠂ 48 ᠰᠠᠯᠠᠭ᠎ᠠ ᠮᠥᠴᠢᠷ ᠤ᠋ᠨ ᠲᠤᠬᠠᠢᠯᠠᠭ᠍ᠰᠠᠨ ᠠᠵᠢᠯ ᠤ᠋ᠨ ᠱᠢᠰᠲ᠋ᠧᠮ ᠢ᠋ ᠨᠡᠪᠲᠡᠷᠡᠭᠦᠯᠵᠦ᠍᠂ ᠠᠵᠤ ᠠᠬᠤᠢᠯᠠᠯ ᠪᠠ ᠣᠯᠠᠨ ᠲᠦᠮᠡᠨ ᠤ᠋ ᠬᠠᠮᠤᠭ ᠤ᠋ᠨ ᠴᠦᠬᠡᠨ ᠮᠡᠳᠡᠭᠡ ᠵᠠᠩᠭᠢ ᠵᠢ ᠲᠠᠭ᠍ᠯᠠᠨ ᠵᠤᠬᠢᠶᠠᠬᠤ᠂ ᠰᠠᠭᠤᠷᠢ ᠲᠣᠭ᠎ᠠ ᠪᠠᠷᠢᠮᠲᠠ ᠵᠢ ᠠᠦ᠋ᠲ᠋ᠣ᠋ ᠪᠡᠷ ᠬᠦᠰᠦᠨᠦᠭ᠌ᠲᠦ᠍ᠳᠦ ᠭᠠᠷᠭᠠᠬᠤ ᠬᠠᠷᠠᠯᠲᠠ ᠵᠢ ᠪᠡᠶᠡᠯᠡᠭᠦᠯᠤᠨ᠂ 《ᠲᠣᠭ᠎ᠠ ᠪᠠᠷᠢᠮᠲᠠ ᠵᠢ ᠢᠯᠡᠭᠦᠦ ᠬᠡᠷᠡᠭ᠌ᠯᠡᠨ᠂ ᠣᠯᠠᠨ ᠲᠦᠮᠡᠨ ᠢ᠋ ᠳᠤᠲᠠᠭᠤ ᠭᠦᠶᠦᠯᠭᠡᠬᠦ᠌》 ᠵᠢ ᠦᠨᠡᠨ ᠬᠦ᠌ ᠪᠡᠶᠡᠯᠡᠭᠦᠯᠪᠡ ᠃
《ᠣᠳᠣᠬᠠᠨ ᠳ᠋ᠦ 〈ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌〉 ᠥᠭᠡᠷᠡᠴᠢᠯᠡᠯᠲᠡ ᠵᠢᠨ ᠠᠵᠢᠯ ᠨᠢᠭᠡᠨᠲᠡ ᠢᠯᠡᠳᠲᠡ ᠦᠷ᠎ᠡ ᠪᠦᠲᠦᠮᠵᠢ ᠣᠯᠵᠤ᠂ ᠭᠦᠶ᠋ᠴᠡᠳᠭᠡᠬᠦ᠌ ᠭᠣᠭ᠍ᠴᠣᠭᠠ ᠵᠢ 83% ᠪᠡᠷ ᠴᠣᠮᠬᠠᠳᠭᠠᠨ᠂ ᠭᠤᠶᠤᠴᠢᠯᠠᠬᠤ ᠮᠠᠲ᠋ᠧᠷᠢᠶᠠᠯ ᠢ᠋ 64% ᠪᠡᠷ ᠪᠠᠭᠠᠰᠭᠠᠵᠤ ᠂ ᠭᠦᠶᠦᠬᠦ᠌ ᠤᠳᠠᠭ᠎ᠠ ᠵᠢ 83% ᠪᠡᠷ ᠪᠠᠭᠤᠷᠠᠭᠤᠯᠵᠤ᠂ ᠭᠦᠶ᠋ᠴᠡᠳᠭᠡᠬᠦ᠌ ᠴᠠᠭ ᠤ᠋ᠨ ᠬᠢᠵᠠᠭᠠᠷ ᠢ᠋ 70% ᠪᠡᠷ ᠪᠣᠭᠣᠨᠢᠰᠭᠠᠪᠠ᠃ ᠲᠠᠷᠠᠭᠠᠴᠢ ᠵᠢᠨ ᠠᠯᠬᠤᠮ ᠳ᠋ᠦ ᠪᠢᠳᠡ ᠡᠯ᠎ᠡ ᠲᠦᠷᠦᠭᠦᠯᠡᠨ ᠬᠢᠬᠦ᠌ ᠰᠠᠯᠠᠭ᠎ᠠ ᠮᠥᠴᠢᠷ ᠪᠣᠯᠤᠨ ᠬᠠᠮᠵᠢᠯᠴᠠᠬᠤ ᠰᠠᠯᠠᠭ᠎ᠠ ᠮᠥᠴᠢᠷᠲᠡᠶ ᠬᠠᠮᠵᠢᠯᠴᠠᠨ ᠪᠣᠭᠣᠮᠲᠠ ᠱᠢᠪᠲᠤᠯᠵᠤ᠂ ᠡᠨᠡ ᠵᠢᠯ ᠤ᠋ᠨ ᠰᠢᠨ᠎ᠡ ᠪᠡᠷ ᠨᠡᠮᠡᠭᠳᠡᠭᠰᠡᠨ 〈ᠨᠢᠭᠡ ᠶᠠᠪᠤᠳᠠᠯ〉 ᠤ᠋ᠨ ᠪᠠᠢᠭᠤᠯᠤᠯᠲᠠ ᠵᠢ ᠠᠬᠢᠭᠤᠯᠬᠤ ᠵᠢᠨ ᠬᠠᠮᠲᠤ ᠨᠢᠭᠡᠨᠲᠡ ᠠᠰᠢᠬᠯᠠᠯᠳᠠ ᠳ᠋ᠦ ᠤᠷᠤᠭᠤᠯᠤᠭᠰᠠᠨ〈ᠨᠢᠭᠡ ᠶᠠᠪᠤᠳᠠᠯ〉 ᠢ᠋ ᠦᠷᠭᠦᠯᠵᠢᠯᠡᠨ ᠱᠢᠯᠢᠳᠡᠭ᠌ᠵᠢᠭᠦᠯᠦᠨ ᠳᠡᠭᠡᠭ᠌ᠰᠢᠯᠡᠭᠦᠯᠵᠦ᠍᠂ ᠠᠵᠤ ᠠᠬᠤᠢᠯᠠᠯ ᠣᠯᠠᠨ ᠲᠦᠮᠡᠨ ᠢ᠋ ᠥᠨᠳᠥᠷ ᠪᠦᠲᠦᠮᠵᠢᠲᠡᠶ ᠪᠡᠷ ᠠᠵᠢᠯ ᠶᠠᠪᠤᠳᠠᠯ ᠭᠦᠶ᠋ᠴᠡᠳᠭᠡᠬᠦ᠌ ᠳᠤᠮᠳᠠ ᠨᠠᠩ ᠣᠯᠠᠨ ᠬᠦᠷᠲᠡᠮᠵᠢ ᠵᠢᠨ ᠲᠥᠷᠥᠭ᠌ᠳᠡᠯᠲᠡᠶ ᠪᠣᠯᠭᠠᠨ᠎ᠠ》 ᠭᠡᠵᠦ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡ ᠬᠢᠭᠡᠳ ᠲᠣᠭ᠎ᠠ ᠪᠠᠷᠢᠮᠲᠠ ᠵᠢᠨ ᠬᠠᠮᠢᠶᠠᠷᠤᠯᠲᠠ ᠵᠢᠨ ᠲᠣᠪᠴᠢᠶ᠎ᠠ ᠵᠢᠨ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠭᠠᠵᠠᠷ ᠤ᠋ᠨ ᠳᠠᠷᠤᠭ᠎ᠠ ᠵᠤᠸᠠᠩ ᠸᠠᠨ ᠷᠦ ᠢᠯᠡᠳᠭᠡᠪᠡ ᠃
ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠥᠭᠡᠷᠡᠴᠢᠯᠡᠯᠲᠡ ᠵᠢᠨ ᠲᠠᠰᠤᠷᠠᠯᠲᠠ ᠥᠬᠡᠶ ᠭᠦᠨᠵᠡᠭᠡᠢᠷᠡᠭ᠌ᠰᠡᠨᠨᠢ ᠠᠷᠠᠳ ᠲᠦᠮᠡᠨᠳᠦ ᠦᠶ᠋ᠯᠡᠴᠢᠯᠡᠬᠦ᠌ ᠣᠭ ᠰᠠᠨᠠᠭ᠎ᠠ ᠵᠢ ᠲᠤᠰᠭᠠᠵᠤ ᠪᠠᠢᠨ᠎ᠠ᠃ ᠣᠯᠠᠨ ᠲᠦᠮᠡᠨ ᠤ᠋ ᠳᠡᠷᠭᠡᠳᠡᠬᠢ 《ᠠᠷᠠᠳ ᠤ᠋ᠨ ᠠᠮᠢᠳᠤᠷᠠᠯ ᠤ᠋ᠨ ᠪᠣᠳᠠᠲᠤ ᠶᠠᠪᠤᠳᠠᠯ》 ᠢ᠋ ᠱᠢᠶ᠋ᠳᠪᠦᠷᠢᠯᠡᠬᠦ᠌ᠡᠴᠡ ᠠᠵᠤ ᠠᠬᠤᠢᠯᠠᠯ ᠤ᠋ᠨ ᠬᠥᠭ᠌ᠵᠢᠯᠲᠡ ᠵᠢᠨ ᠬᠦᠴᠢᠷᠳᠡᠯ ᠪᠠ ᠲᠦᠭ᠌ᠵᠢᠷᠡᠯ ᠢ᠋ ᠨᠡᠪᠲᠡᠷᠡᠭᠦᠯᠬᠦ᠌ ᠬᠦᠷᠲᠡᠯ᠎ᠡ᠂ ᠥᠪᠥᠷ ᠮᠣᠩᠭᠣᠯ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠥᠭᠡᠷᠡᠴᠢᠯᠡᠯᠲᠡ ᠵᠢ ᠦᠷᠭᠦᠯᠵᠢᠯᠡᠨ ᠭᠦᠨᠵᠡᠭᠡᠢᠷᠡᠭᠦᠯᠵᠦ᠍᠂ ᠲᠠᠰᠤᠷᠠᠯᠲᠠ ᠥᠬᠡᠶ ᠬᠠᠢᠨ ᠰᠦᠪᠡᠭ᠌ᠴᠢᠯᠡᠵᠦ᠍ ᠱᠢᠨ᠎ᠡ ᠵᠢ ᠡᠭᠦᠳᠴᠦ᠍᠂ ᠨᠠᠩ ᠣᠯᠠᠨ ᠬᠦᠷᠢᠶ᠎ᠡ᠂ ᠨᠠᠩ ᠶᠡᠬᠡ ᠬᠡᠪᠴᠢᠶᠡᠨᠳᠦ 《ᠨᠢᠭᠡ ᠶᠠᠪᠤᠳᠠᠯ ᠢ᠋ ᠥᠨᠳᠥᠷ ᠪᠦᠲᠦᠮᠵᠢᠲᠡᠶ ᠪᠡᠷ ᠭᠦᠶ᠋ᠴᠡᠳᠭᠡᠬᠦ᠌》 ᠵᠢ ᠦᠷᠭᠦᠯᠵᠢᠯᠡᠨ ᠠᠬᠢᠭᠤᠯᠤᠨ᠂ ᠡᠨᠡ ᠬᠦ᠌ ᠵᠠᠰᠠᠭ ᠤ᠋ᠨ ᠶᠠᠪᠤᠳᠠᠯ ᠤ᠋ᠨ ᠦᠶ᠋ᠯᠡᠴᠢᠯᠡᠭᠡᠨ ᠤ᠋ ᠬᠤᠪᠢᠰᠤᠯᠲᠠ ᠵᠢ ᠨᠠᠩ ᠣᠯᠠᠨ ᠬᠦᠷᠢᠶ᠎ᠡ ᠵᠢ ᠪᠦᠷᠬᠦᠭᠦᠯᠵᠦ᠍᠂ ᠨᠠᠩ ᠣᠯᠠᠨ ᠠᠵᠤ ᠠᠬᠤᠢᠯᠠᠯ ᠣᠯᠠᠨ ᠲᠦᠮᠡᠨᠳᠦ ᠠᠱᠢᠭ ᠬᠦᠷᠲᠡᠭᠡᠬᠦ ᠪᠤᠯᠭᠠᠨ᠎ᠠ᠃