ᠪᠦᠷᠬᠦᠴᠡ ᠵᠢᠨ ᠨᠤᠷᠮ᠎ᠠ 38.07% ᠪᠠᠢᠭᠰᠠᠨ ᠡᠴᠨ ᠪᠦᠬᠦ ᠤᠷᠤᠨ ᠳ᠋ᠸ᠋ ᠲᠦᠷᠦᠬᠦᠯᠡᠬᠦ ᠵᠢ ᠪᠡᠶᠡᠯᠡᠬᠦᠯᠵᠦ ᠤᠯᠠᠭᠠᠠᠬᠠᠳᠠ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ 《 ᠬᠤᠶᠠᠷ ᠎ᠢ ᠪᠦᠷᠬᠦᠬᠦᠯᠬᠦ 》 ᠠᠵᠢᠯ ᠪᠤᠳᠠᠳᠤ ᠦᠷ᠎ᠡ ᠠᠰᠢᠭ ᠤᠯᠪᠠ
2025-09-08 09:06:13
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

《38.07%》 —  ᠤᠯᠠᠭᠠᠠᠬᠠᠳᠠ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ ᠨᠠᠮ ᠤ᠋ᠨ ᠪᠠᠢᠭᠤᠯᠤᠯᠳᠠ ᠵᠢᠨ ᠠᠵᠢᠯ ᠳ᠋ᠸ᠋ ᠶᠡᠭᠡ ᠲᠠᠷᠤᠯᠳᠠ ᠦᠵᠡᠬᠦᠯᠵᠦ ᠪᠠᠢᠬᠰᠠᠨ ᠡᠨᠡ ᠬᠦ᠌ ᠲᠤᠭ᠎ᠠ ᠪᠠᠷᠢᠮᠳᠠ ᠨᠢ  ᠪᠦᠬᠦ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ 《ᠬᠤᠶᠠᠷ ᠎ᠢ ᠪᠦᠷᠬᠦᠬᠦᠯᠬᠦ》  ᠪᠤᠭᠤᠮᠳᠠ ᠰᠢᠪᠳᠤᠯᠬᠤ ᠠᠵᠢᠯᠯᠠᠭ᠎ᠠ ᠵᠢᠨ ᠪᠦᠬᠦ ᠲᠠᠯ᠎ᠠ ᠪᠡᠷ ᠠᠬᠢᠬᠤ ᠵᠢ ᠲᠠᠭᠠᠯᠳᠤᠨ  ᠲᠦᠷᠬᠡᠨ  ᠵᠠᠰᠠᠷᠠᠵᠤ᠂ ᠰᠢᠪᠳᠤᠯᠤᠯᠳᠠ ᠵᠢᠨ ᠴᠢᠨᠠᠷᠳᠠᠢ ᠠᠬᠢᠴᠠ ᠵᠢ ᠪᠡᠶᠡᠯᠡᠬᠦᠯᠵᠡᠢ᠃ ᠪᠦᠬᠦ ᠬᠤᠳᠠ ᠵᠢᠨ ᠨᠡᠢᠳᠡ ᠵᠢᠨ ᠦᠮᠴᠢᠯᠡᠯ᠎ᠤᠨ ᠪᠤᠰᠤ ᠠᠵᠤ ᠠᠬᠤᠢᠯᠠᠯ ᠤ᠋ᠨ ᠨᠠᠮ ᠤ᠋ᠨ ᠵᠤᠬᠢᠶᠠᠨ ᠪᠠᠢᠭᠤᠯᠤᠯᠳᠠ ᠵᠢᠨ ᠪᠦᠷᠬᠦᠴᠡ ᠵᠢᠨ ᠨᠤᠷᠮ᠎ᠠ 66.78% ᠳ᠋ᠸ᠋ ᠬᠦᠷᠴᠦ᠂ ᠦᠪᠦᠷ ᠮᠤᠩᠭᠤᠯ ᠤ᠋ᠨ ᠲᠡᠷᠢᠬᠦᠨ ᠳ᠋ᠸ᠋ ᠵᠢᠭᠰᠠᠭᠠᠭᠳᠠᠪᠠ; ᠨᠡᠢᠬᠡᠮ ᠤ᠋ᠨ ᠵᠤᠬᠢᠶᠠᠨ ᠪᠠᠢᠭᠤᠯᠤᠯᠳᠠ ᠵᠢᠨ ᠨᠠᠮ ᠤ᠋ᠨ ᠵᠤᠬᠢᠶᠠᠨ ᠪᠠᠢᠭᠤᠯᠤᠯᠳᠠ ᠵᠢᠨ ᠪᠦᠷᠬᠦᠴᠡ ᠵᠢᠨ ᠨᠤᠷᠮ᠎ᠠ 60.52%  ᠲᠦ᠍  ᠬᠦᠷᠴᠦ᠂ ᠦᠪᠦᠷ ᠮᠤᠩᠭᠤᠯ ᠤ᠋ᠨ ᠬᠤᠶᠠᠳᠤᠭᠠᠷ ᠲᠦ᠍ ᠤᠷᠤᠪᠠ᠃

ᠬᠦᠮᠦᠰ᠎ᠤᠨ ᠠᠩᠬᠠᠷᠤᠯ ᠎ᠢ ᠲᠠᠳᠠᠮ᠎ᠠ ᠡᠳᠡᠭᠡᠷ ᠲᠤᠭ᠎ᠠ ᠪᠠᠷᠢᠮᠳᠠ ᠵᠢᠨ ᠠᠷᠤ ᠳ᠋ᠸ᠋ ᠶᠠᠮᠠᠷᠰᠢᠤ ᠬᠠᠳᠠᠭᠤ ᠠᠷᠭ᠎ᠠ ᠬᠡᠮᠵᠢᠶ᠎ᠡ ᠪᠠᠢᠬᠤ ᠪᠤᠢ ?

ᠰᠠᠭᠤᠷᠢ ᠪᠠᠭᠤᠷᠠᠢ ᠪᠠᠢᠭᠰᠠᠨ ᠪᠤᠯ ᠤᠯᠠᠭᠠᠠᠬᠠᠳᠠ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ ᠨᠠᠮ ᠤ᠋ᠨ ᠪᠠᠢᠭᠤᠯᠤᠯᠳᠠ ᠵᠢᠨ ᠠᠵᠢᠯ ᠤ᠋ᠨ ᠲᠤᠪᠤᠢᠮ᠎ᠠ ᠬᠦᠴᠢᠷᠳᠡᠯ ᠪᠤᠯᠵᠤ ᠪᠠᠢᠵᠠᠢ᠃ 2025 ᠤᠨ ᠤ᠋ ᠵᠢᠯ ᠤ᠋ᠨ ᠡᠬᠢᠨ ᠵᠢᠡᠷ᠂  ᠪᠦᠷᠢᠳᠬᠡᠯ ᠤ᠋ᠨ ᠲᠤᠭ᠎ᠠ ᠪᠠᠷᠢᠮᠳᠠ ᠳ᠋ᠸ᠋ ᠢᠯᠡᠷᠡᠬᠦᠯᠦᠭᠰᠡᠨ ᠵᠢᠡᠷ᠂ ᠪᠦᠬᠦ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ ᠨᠠᠮ ᠤ᠋ᠨ ᠵᠤᠬᠢᠶᠠᠨ ᠪᠠᠢᠭᠤᠯᠤᠯᠳᠠ ᠵᠢᠨ ᠪᠦᠷᠬᠦᠴᠡ ᠵᠢᠨ ᠨᠤᠷᠮ᠎ᠠ ᠵᠦᠪᠬᠡᠨ 38.07% ᠪᠠᠢᠪᠠ᠃ ᠬᠡᠰᠡᠭ ᠰᠢᠨ᠎ᠡ ᠠᠵᠤ ᠠᠬᠤᠢ ᠵᠢᠨ ᠵᠤᠬᠢᠶᠠᠨ ᠪᠠᠢᠭᠤᠯᠤᠯᠳᠠ ᠨᠢ 《ᠪᠠᠢᠭᠤᠯᠬᠤ ᠰᠠᠨᠠᠭ᠎ᠠ ᠦᠬᠡᠢ》᠂ ᠰᠢᠨ᠎ᠡ ᠨᠡᠢᠬᠡᠮ ᠤ᠋ᠨ ᠵᠤᠬᠢᠶᠠᠨ ᠪᠠᠢᠭᠤᠯᠤᠯᠳᠠ ᠵᠢ 《ᠬᠠᠮᠢᠶᠠᠷᠬᠤ ᠬᠦᠮᠦᠨ ᠦᠬᠡᠢ》᠂ ᠰᠢᠨ᠎ᠡ ᠠᠵᠢᠯ ᠤᠯᠭᠤᠯᠳᠠ ᠵᠢᠨ ᠪᠦᠯᠬᠦᠮ ᠨᠡᠢᠳᠡ ᠵᠢᠨ ᠨᠠᠮ ᠤ᠋ᠨ ᠬᠡᠰᠢᠬᠦᠨ ᠪᠡᠶ᠎ᠡ ᠵᠢᠨ ᠭᠠᠷᠤᠯ ᠵᠢᠡᠨ 《ᠢᠯᠡ ᠪᠤᠯᠭᠠᠬᠤ ᠲᠤᠷ᠎ᠠ ᠦᠬᠡᠢ》 ᠵᠡᠷᠬᠡ ᠠᠰᠠᠭᠤᠳᠠᠯ ᠰᠤᠯᠪᠢᠴᠠᠵᠤ᠂ ᠪᠦᠬᠦ ᠬᠤᠳᠠ ᠵᠢᠨ ᠰᠢᠨ᠎ᠡ ᠪᠡᠷ ᠮᠠᠨᠳᠤᠬᠰᠠᠨ ᠬᠦᠷᠢᠶᠡᠨ ᠤ᠋ ᠨᠠᠮ ᠤ᠋ᠨ ᠪᠠᠢᠭᠤᠯᠤᠯᠳᠠ ᠵᠢᠨ ᠠᠵᠢᠯ ᠎ᠢ ᠪᠦᠳᠦᠮᠵᠢᠳᠡᠢ ᠪᠦᠷᠬᠦᠬᠦᠯᠬᠦ ᠵᠢ ᠬᠢᠵᠠᠭᠠᠷᠯᠠᠵᠤ ᠪᠠᠢᠪᠠ᠃

ᠡᠨᠡ ᠵᠢᠯ ᠤ᠋ᠨ 5 ᠰᠠᠷ᠎ᠠ ᠳ᠋ᠸ᠋᠂ ᠦᠪᠦᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋  ᠪᠠᠢᠴᠠᠭᠠᠨ ᠰᠤᠳᠤᠯᠬᠤ ᠲᠤᠭᠤᠢᠯᠠᠩ ᠤᠯᠠᠭᠠᠨᠬᠠᠳᠠ ᠬᠤᠳᠠ ᠳ᠋ᠸ᠋ ᠬᠦᠷᠴᠦ ᠠᠵᠢᠯ ᠎ᠢ  ᠪᠠᠢᠴᠠᠭᠠᠨ ᠰᠤᠳᠤᠯᠵᠤ ᠵᠢᠭᠠᠨ ᠵᠢᠯᠤᠭᠤᠳᠴᠤ᠂ ᠰᠢᠨ᠎ᠡ ᠪᠡᠷ ᠮᠠᠨᠳᠤᠬᠰᠠᠨ ᠬᠦᠷᠢᠶᠡᠨ ᠤ᠋ ᠨᠠᠮ ᠤ᠋ᠨ ᠪᠠᠢᠭᠤᠯᠤᠯᠳᠠ ᠵᠢᠨ ᠠᠵᠢᠯ ᠳ᠋ᠸ᠋ 《ᠰᠤᠳᠠᠯ ᠪᠠᠷᠢᠵᠤ ᠵᠤᠷ ᠪᠢᠴᠢᠨ ᠦᠭᠴᠦ 》 ᠂ 《 ᠬᠤᠶᠠᠷ ᠎ᠢ ᠪᠦᠷᠬᠦᠬᠦᠯᠬᠦ》 ᠲᠦᠪᠯᠡᠷᠡᠩᠬᠦᠢ ᠪᠤᠭᠤᠮᠳᠠ ᠰᠢᠪᠳᠤᠯᠬᠤ ᠠᠵᠢᠯ ᠎ᠢ ᠲᠤᠪᠤᠢᠮ᠎ᠠ ᠰᠠᠢᠳᠤᠷ ᠠᠳᠬᠤᠬᠤ ᠬᠡᠷᠡᠭᠳᠡᠢ ᠬᠡᠵᠦ ᠲᠤᠳᠤᠷᠬᠠᠢ ᠲᠤᠷᠠᠳᠤᠨ ᠭᠠᠷᠭᠠᠪᠠ᠃  ᠤᠯᠠᠭᠠᠠᠬᠠᠳᠠ ᠬᠤᠳᠠ ᠵᠢᠨ ᠨᠠᠮ ᠤ᠋ᠨ ᠬᠤᠷᠢᠶ᠎ᠠ ᠵᠢᠨ ᠨᠡᠢᠬᠡᠮ ᠤ᠋ᠨ ᠠᠵᠢᠯ ᠤ᠋ᠨ ᠬᠡᠯᠳᠡᠰ ᠦᠳᠳᠡᠷ ᠲᠦᠷᠬᠡᠨ ᠬᠦᠳᠡᠯᠦᠯᠴᠡᠵᠦ᠂ ᠠᠰᠠᠭᠤᠳᠠᠯ ᠵᠢᠡᠷ ᠤᠳᠤᠷᠢᠳᠤᠮᠵᠢ ᠪᠤᠯᠭᠠᠬᠤ ᠵᠢ ᠪᠠᠷᠢᠮᠳᠠᠯᠠᠨ᠂ ᠲᠡᠭᠡᠳᠦ ᠬᠡᠮᠵᠢᠶ᠎ᠡ ᠪᠡᠷ ᠠᠬᠢᠭᠤᠯᠤᠨ᠂ ᠲᠤᠰᠬᠠᠢ ᠪᠠᠢᠷᠢᠯᠠᠭᠤᠯᠤᠨ ᠠᠬᠢᠭᠤᠯᠬᠤ ᠬᠤᠷᠠᠯ ᠬᠤᠷᠠᠯᠳᠤᠭᠤᠯᠵᠤ᠂ ᠬᠤᠳᠠ᠂ ᠬᠤᠰᠢᠭᠤ ᠬᠤᠶᠠᠷ ᠱᠠᠳᠤᠨ ᠤ᠋ ᠨᠠᠮ ᠤ᠋ᠨ ᠬᠤᠷᠢᠶ᠎ᠠ ᠵᠢᠨ ᠲᠡᠳ᠋ ᠱᠦᠵᠢ ᠪᠡᠷ ᠲᠤᠯᠤᠭᠠᠢᠯᠠᠭᠤᠯᠤᠬᠰᠠᠨ᠂ ᠵᠤᠬᠢᠶᠠᠨ ᠪᠠᠢᠭᠤᠯᠬᠤ ᠬᠡᠯᠳᠡᠰ ᠪᠠ ᠨᠡᠢᠬᠡᠮ ᠤ᠋ᠨ ᠠᠵᠢᠯ ᠤ᠋ᠨ ᠬᠡᠯᠳᠡᠰ ᠡᠴᠨ ᠨᠢᠬᠡᠳᠦᠯᠳᠡᠢ ᠲᠦᠯᠦᠪᠵᠢᠬᠦᠯᠦᠨ ᠵᠢᠯᠤᠭᠤᠳᠤᠬᠰᠠᠨ᠂ ᠠᠵᠢᠯ ᠲᠦᠷᠦᠯ ᠤ᠋ᠨ ᠰᠠᠯᠠᠭ᠎ᠠ ᠮᠦᠴᠢᠷ ᠡᠴᠨ ᠬᠠᠮᠵᠢᠯᠴᠠᠨ ᠬᠤᠯᠪᠤᠭᠠᠯᠠᠨ ᠬᠦᠳᠡᠯᠦᠯᠴᠡᠭᠰᠡᠨ ᠠᠵᠢᠯ ᠤ᠋ᠨ ᠲᠤᠬᠳᠠᠴᠠ ᠵᠢ ᠪᠠᠢᠭᠤᠯᠵᠤ᠂ ᠰᠢᠨ᠎ᠡ ᠪᠡᠷ ᠮᠠᠨᠳᠤᠬᠰᠠᠨ ᠬᠦᠷᠢᠶᠡᠨ ᠤ᠋ 《ᠬᠤᠶᠠᠷ ᠎ᠢ ᠪᠦᠷᠬᠦᠬᠦᠯᠬᠦ 》 ᠲᠦᠪᠯᠡᠷᠡᠩᠬᠦᠢ ᠪᠤᠭᠤᠮᠳᠠ ᠰᠢᠪᠳᠤᠯᠬᠤ ᠠᠵᠢᠯᠯᠠᠭ᠎ᠠ ᠵᠢ ᠪᠦᠬᠦ ᠬᠦᠴᠦᠨ ᠵᠢᠡᠷ  ᠠᠬᠢᠭᠤᠯᠪᠠ᠃

ᠪᠤᠭᠤᠮᠳᠠ ᠰᠢᠪᠳᠤᠯᠬᠤ ᠠᠵᠢᠯ ᠤ᠋ᠨ ᠠᠩᠬᠠᠨ ᠤ᠋ ᠠᠯᠬᠤᠮ ᠪᠤᠯ ᠰᠠᠭᠤᠷᠢ ᠲᠤᠭ᠎ᠠ ᠵᠢ ᠤᠢᠯᠠᠭᠠᠬᠤ ᠪᠤᠯᠤᠨ᠎ᠠ᠃ ᠤᠯᠠᠭᠠᠠᠬᠠᠳᠠ ᠬᠤᠳᠠ ᠵᠢᠨ ᠨᠠᠮ ᠤ᠋ᠨ ᠬᠤᠷᠢᠶ᠎ᠠ ᠵᠢᠨ ᠨᠡᠢᠬᠡᠮ ᠤ᠋ᠨ ᠠᠵᠢᠯ ᠤ᠋ᠨ ᠬᠡᠯᠳᠡᠰ ᠵᠤᠬᠢᠶᠠᠨ ᠪᠠᠢᠭᠤᠯᠬᠤ᠂  ᠵᠠᠬ᠎ᠠ ᠲᠡᠯᠬᠡᠬᠦᠷ ᠤ᠋ᠨ ᠬᠢᠨᠠᠯᠳᠠ ᠬᠠᠮᠢᠶᠠᠷᠤᠯᠳᠠ᠂ ᠭᠠᠢᠯᠢ ᠵᠢᠨ ᠶᠠᠪᠤᠳᠠᠯ᠂ ᠠᠷᠠᠳ ᠤ᠋ᠨ ᠶᠠᠪᠤᠳᠠᠯ᠂ ᠬᠦᠮᠦᠨ ᠤ᠋ ᠬᠦᠴᠦᠨ ᠤ᠋ ᠡᠬᠢ ᠪᠠᠶᠠᠯᠢᠬ ᠪᠠ ᠨᠡᠢᠬᠡᠮ ᠤ᠋ᠨ ᠪᠠᠳᠤᠯᠠᠭ᠎ᠠ ᠵᠡᠷᠬᠡ ᠤᠯᠠᠨ ᠰᠠᠯᠠᠭ᠎ᠠ ᠮᠦᠴᠢᠷ ᠎ᠢ ᠵᠤᠬᠢᠴᠠᠭᠤᠯᠤᠨ ᠲᠤᠭ᠎ᠠ ᠪᠠᠷᠢᠮᠳᠠ ᠵᠢ ᠬᠠᠷᠢᠴᠠᠭᠤᠯᠬᠤ ᠠᠵᠢᠯ ᠬᠢᠵᠦ᠂ ᠵᠡᠷᠬᠡ ᠪᠡᠷ ᠬᠤᠰᠢᠭᠤ ᠰᠢᠶᠠᠨ ᠲᠤᠭᠤᠷᠢᠬ ᠤ᠋ᠨ ᠠᠵᠢᠯᠳᠠᠨ ᠎ᠢ ᠲᠠᠢᠴᠢᠯᠠᠨ ᠲᠤᠬᠠᠢ ᠵᠢᠨ ᠭᠠᠵᠠᠷ ᠲᠤᠨᠢ ᠵᠢᠬᠰᠠᠭᠠᠨ ᠪᠠᠢᠴᠠᠭᠠᠯᠳᠠ ᠦᠷᠨᠢᠬᠦᠯᠵᠦ᠂ ᠠᠢᠯ ᠡᠷᠦᠬᠡ ᠲᠠᠷᠠᠭᠠᠯᠠᠨ ᠨᠡᠢᠳᠡ ᠵᠢᠨ ᠦᠮᠴᠢᠯᠡᠯ᠎ᠤᠨ ᠪᠤᠰᠤ ᠠᠵᠤ ᠠᠬᠤᠢᠯᠠᠯ ᠪᠠ ᠨᠡᠢᠬᠡᠮ ᠤ᠋ᠨ ᠵᠤᠬᠢᠶᠠᠨ ᠪᠠᠢᠭᠤᠯᠤᠯᠳᠠ ᠵᠢ ᠠᠰᠠᠭᠤᠨ ᠰᠤᠷᠪᠤᠯᠵᠢᠯᠠᠪᠠ᠃  ᠭᠤᠯᠳᠤ ᠴᠢᠭ᠌ᠯᠡᠯ᠎ᠢᠶᠡᠷ ᠪᠠᠢᠴᠠᠭᠠᠨ ᠵᠢᠭ᠍ᠰᠠᠭᠠᠬᠤ ᠪᠠ ᠬᠥᠨᠳᠡᠯᠡᠨ᠎ᠢᠶᠡᠷ ᠬᠠᠮᠲᠤᠷᠠᠨ ᠬᠥᠳᠡᠯᠦᠯᠴᠡᠬᠦ᠌ ᠎ᠪᠡᠷ ᠳᠠᠮᠵᠢᠨ ᠨᠡᠢᠲᠡ᠎ᠶ᠋ᠢᠨ ᠥᠮᠴᠢᠯᠡᠯ᠎ᠦᠨ ᠪᠤᠰᠤ ᠠᠵᠤ ᠠᠬᠤᠢᠯᠠᠯ᠂ ᠨᠡᠢᠭᠡᠮ᠎ᠦᠨ ᠵᠣᠬᠢᠶᠠᠨ ᠪᠠᠢᠭᠤᠯᠤᠯᠲᠠ᠂ ᠱᠢᠨ᠎ᠡ᠎ᠪᠡᠷ ᠠᠵᠢᠯ ᠣᠯᠤᠭ᠍ᠰᠠᠨ ᠬᠠᠮᠲᠤᠯᠢᠭ᠎ᠤᠨ ᠨᠠᠮ᠎ᠤᠨ ᠭᠡᠱᠢᠭᠦᠨ ᠎ᠦ 《ᠬᠣᠶᠠᠷ ᠡᠬᠡ ᠲᠠᠩᠰᠠ ᠨᠢᠭᠡ ᠳᠡᠪᠲᠡᠷ》 ᠎ᠢ᠋ ᠪᠠᠢᠭᠤᠯᠵᠤ᠂ 《ᠭᠤᠷᠪᠠ  ᠪᠠᠢᠬᠤ》 ᠪᠠᠷᠢᠮᠵᠢᠶ᠎ᠠ᠎ᠳᠤ ᠨᠡᠢᠴᠡᠭ᠌ᠰᠡᠨ ᠨᠡᠢᠲᠡ᠎ᠶ᠋ᠢᠨ ᠥᠮᠴᠢᠯᠡᠯ᠎ᠦᠨ ᠪᠤᠰᠤ ᠠᠵᠤ ᠠᠬᠤᠢᠯᠠᠯ ᠎ᠢ 2607᠂ ᠬᠡᠪ᠎ᠦᠨ ᠠᠵᠢᠯᠯᠠᠭᠠᠨ ᠲᠠᠢ ᠨᠡᠢᠭᠡᠮ᠎ᠦᠨ ᠵᠣᠬᠢᠶᠠᠨ ᠪᠠᠢᠭᠤᠯᠤᠯᠲᠠ ᠵᠢ 1193 ᠵᠢ ᠵᠢᠭᠰᠠᠭᠠᠨ ᠭᠠᠷᠭᠠᠵᠤ᠂ ᠰᠠᠭᠤᠷᠢ ᠲᠣᠭ᠎ᠠ ᠲᠣᠳᠣᠷᠬᠠᠶ᠂ ᠪᠠᠢᠳᠠᠯ ᠲᠣᠳᠣᠷᠬᠠᠶ》 ᠪᠠᠢᠬᠤ᠎ᠶ᠋ᠢ ᠦᠨᠡᠨ ᠬᠦ᠌ ᠪᠡᠶᠡᠯᠡᠭᠦᠯᠪᠡ᠃

ᠰᠠᠭᠤᠷᠢ ᠲᠣᠭ᠎ᠠ᠎ᠶ᠋ᠢ ᠲᠣᠳᠣᠷᠬᠠᠶ ᠣᠢᠯᠠᠭᠠᠬᠤ ᠪᠣᠯ ᠵᠥᠪᠬᠡᠨ ᠡᠬᠢᠯᠡᠯᠲᠡ᠎ᠶ᠋ᠢᠨ ᠴᠡᠭ ᠮᠥᠨ᠂ ᠵᠣᠬᠢᠶᠠᠨ ᠪᠠᠢᠭᠤᠯᠤᠯᠲᠠ᠎ᠶ᠋ᠢᠨ ᠪᠦᠷᠬᠦᠴᠡ᠎ᠶ᠋ᠢ ᠪᠡᠶᠡᠯᠡᠭᠦᠯᠬᠦ᠌ ᠪᠣᠯ ᠰᠠᠶᠢ ᠵᠠᠩᠭᠢᠯᠠᠭ᠎ᠠ ᠮᠥᠨ᠃ ᠤᠯᠠᠭᠠᠨᠬᠠᠳᠠ ᠬᠣᠲᠠ᠎ᠶ᠋ᠢᠨ ᠨᠠᠮ᠎ᠤᠨ ᠬᠣᠷᠢᠶᠠᠨ᠎ᠤ ᠨᠡᠢᠭᠡᠮ᠎ᠦᠨ ᠠᠵᠢᠯ᠎ᠤᠨ ᠬᠡᠯᠲᠡᠰ《ᠣᠢᠯᠠᠭᠠᠬᠤ᠎ᠶ᠋ᠢᠨ ᠳᠠᠭᠠᠤ ᠵᠣᠬᠢᠶᠠᠨ ᠪᠠᠢᠭᠤᠯᠵᠤ 》᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠲᠦᠷᠭᠡᠨ ᠪᠥᠷᠬᠥᠭᠦᠯᠬᠦ᠌᠎ᠶ᠋ᠢ ᠠᠬᠢᠭᠤᠯᠪᠠ᠃ ᠠᠰᠠᠷ ᠲᠠᠭ᠍ᠳᠤ᠂ ᠬᠤᠳᠠᠯᠳᠤᠭᠠᠨ ᠎ᠤ ᠲᠣᠭᠣᠷᠢᠭ᠂ ᠵᠠᠬ᠎ᠠ ᠳᠡᠯᠭᠡᠭᠦᠷ᠂ ᠬᠦᠷᠢᠶᠡᠯᠡᠩ ᠲᠣᠭᠣᠷᠢᠭ ᠪᠣᠯᠤᠨ ᠠᠵᠢᠯ ᠲᠦᠷᠦᠯ ᠎ᠦᠨ ᠨᠡᠢᠭᠡᠮᠯᠢᠭ᠎ᠲᠡᠬᠢ ᠨᠢᠭᠡ ᠪᠦᠯᠦᠭ ᠲᠤᠰᠠᠭᠠᠷ ᠪᠠᠢᠭᠤᠯᠤᠭ᠍ᠰᠠᠨ᠂ ᠬᠠᠮᠲᠤᠷᠠᠨ ᠪᠠᠢᠭᠤᠯᠤᠭ᠍ᠰᠠᠨ ᠪᠠ ᠲᠦᠷ ᠴᠠᠭ ᠪᠠᠢᠭᠤᠯᠤᠭ᠍ᠰᠠᠨ ᠨᠠᠮ᠎ᠤᠨ ᠵᠣᠬᠢᠶᠠᠨ ᠪᠠᠢᠭᠤᠯᠤᠯᠲᠠ ᠦᠳᠲᠡᠷ ᠲᠦᠷᠭᠡᠨ ᠪᠠᠢᠭᠤᠯᠤᠭ᠍ᠳᠠᠪᠠ; ᠨᠠᠮ᠎ᠤᠨ ᠵᠣᠬᠢᠶᠠᠨ ᠪᠠᠢᠭᠤᠯᠤᠯᠲᠠ ᠪᠠᠢᠭᠤᠯᠬᠤ ᠨᠥᠬᠥᠴᠡᠯ ᠎ᠢ ᠲᠦᠷ ᠪᠦᠷᠢᠯᠳᠦᠭᠦᠯᠦᠭᠡᠳᠦᠶ ᠪᠠᠢᠪᠠᠯ᠂ ᠣᠯᠠᠨ ᠲᠦᠮᠡᠨ ᠎ᠦ ᠪᠦᠯᠬᠦᠮ᠎ᠦᠨ ᠵᠣᠬᠢᠶᠠᠨ ᠪᠠᠢᠭᠤᠯᠤᠯᠲᠠ ᠵᠢ ᠪᠠᠢᠭᠤᠯᠵᠤ᠂ ᠨᠠᠮ᠎ᠤᠨ ᠪᠠᠢᠭᠤᠯᠤᠯᠲᠠ᠎ᠶ᠋ᠢᠨ ᠵᠢᠭᠠᠨ ᠵᠢᠯᠣᠭᠣᠳᠣᠭ᠍ᠴᠢ ᠣᠷᠣᠵᠤ ᠰᠠᠭᠤᠬᠤ᠎ᠪᠠᠷ ᠳᠠᠮᠵᠢᠨ᠂ ᠨᠠᠮ᠎ᠤᠨ ᠠᠵᠢᠯ᠎ᠤᠨ ᠪᠦᠷᠬᠦᠴᠡ《ᠪᠦᠬᠦᠨ ᠎ᠢ  ᠬᠠᠮᠤᠷᠬᠤ 》 ᠎ᠶ᠋ᠢ ᠪᠡᠶᠡᠯᠡᠭᠦᠯᠦᠨ᠎ᠡ᠃ ᠣᠳᠣᠬᠠᠨ ᠪᠣᠯᠲᠠᠯ᠎ᠠ᠂ ᠤᠯᠠᠭᠠᠨᠬᠠᠳᠠ ᠬᠣᠲᠠ᠎ᠳᠤ ᠨᠢᠭᠡᠨᠲᠡ 1741 ᠨᠡᠢᠲᠡ᠎ᠶ᠋ᠢᠨ ᠥᠮᠴᠢᠯᠡᠯ ᠎ᠦᠨ ᠪᠤᠰᠤ ᠠᠵᠤ ᠠᠬᠤᠢᠯᠠᠯ᠎ᠳᠤ ᠨᠠᠮ᠎ᠤᠨ ᠵᠣᠬᠢᠶᠠᠨ ᠪᠠᠢᠭᠤᠯᠤᠯᠲᠠ ᠵᠢ  ᠪᠠᠢᠭᠤᠯᠵᠤ᠂ 722  ᠨᠡᠢᠭᠡᠮ᠎ᠦᠨ ᠵᠣᠬᠢᠶᠠᠨ ᠪᠠᠢᠭᠤᠯᠤᠯᠲᠠ᠎ᠳᠤ ᠨᠠᠮ᠎ᠤᠨ ᠵᠣᠬᠢᠶᠠᠨ ᠪᠠᠢᠭᠤᠯᠤᠯᠲᠠ ᠵᠢ ᠪᠠᠢᠭᠤᠯᠪᠠ; 65 ᠣᠯᠠᠨ ᠲᠦᠮᠡᠨ᠎ᠦ ᠪᠦᠯᠬᠦᠮ᠎ᠦᠨ ᠵᠣᠬᠢᠶᠠᠨ ᠪᠠᠢᠭᠤᠯᠤᠯᠲᠠ ᠎ᠶ᠋ᠢ ᠱᠢᠨ᠎ᠡ᠎ᠪᠡᠷ ᠪᠠᠢᠭᠤᠯᠵᠤ᠂ ᠨᠠᠮ᠎ᠤᠨ ᠪᠠᠢᠭᠤᠯᠤᠯᠲᠠ᠎ᠶ᠋ᠢᠨ ᠵᠢᠭᠠᠨ ᠵᠢᠯᠣᠭᠣᠳᠤᠭ᠍ᠴᠢ ᠎ᠶ᠋ᠢ 335 ᠨᠡᠷ᠎ᠡ ᠲᠣᠮᠢᠯᠠᠨ ᠰᠠᠭᠤᠯᠭᠠᠵᠤ᠂ ᠨᠠᠮ ᠎ᠤᠨ ᠠᠵᠢᠯ ᠎ᠢ 100% ᠎ᠪᠡᠷ ᠪᠦᠷᠬᠦᠭᠦᠯᠪᠡ᠃

ᠡᠯ᠎ᠡ ᠵᠦᠶ᠋ᠯ᠎ᠦᠨ ᠠᠵᠢᠯ ᠎ᠢ ᠪᠣᠳᠠᠲᠠᠶ᠎ᠳᠤ ᠨᠠᠢᠳᠠᠪᠤᠷᠢᠵᠢᠭᠤᠯᠬᠤ᠎ᠶ᠋ᠢ ᠪᠠᠲᠤᠯᠠᠬᠤ᠎ᠶ᠋ᠢᠨ ᠲᠥᠯᠥᠭᠡ ᠤᠯᠠᠭᠠᠨᠬᠠᠳᠠ ᠬᠣᠲᠠ᠎ᠶ᠋ᠢᠨ ᠨᠠᠮ ᠎ᠤᠨ ᠬᠣᠷᠢᠶᠠᠨ ᠎ᠤ ᠨᠡᠢᠭᠡᠮ᠎ᠦᠨ ᠠᠵᠢᠯ᠎ᠤᠨ ᠬᠡᠯᠲᠡᠰ ᠬᠣᠲᠠ᠂ ᠬᠣᠱᠢᠭᠤ ᠬᠣᠶᠠᠷ ᠱᠠᠲᠤᠨ ᠎ᠤ ᠬᠣᠯᠪᠣᠭᠠᠯᠠᠨ ᠬᠥᠳᠡᠯᠦᠯᠴᠡᠵᠦ᠍ ᠬᠢᠨᠠᠨ ᠵᠢᠯᠣᠭᠣᠳᠭᠤ ᠲᠣᠭ᠍ᠲᠠᠴᠠ᠎ᠶ᠋ᠢ ᠪᠠᠢᠭᠤᠯᠵᠤ᠂ ᠤᠳᠤᠷᠢᠳᠭᠤ ᠺᠠᠳ᠋ᠷ ᠠᠰᠠᠭᠤᠳᠠᠯ ᠎ᠤᠨ ᠨᠠᠷᠢᠨ ᠲᠠᠩᠰᠠ᠎ᠶ᠋ᠢ ᠠᠪᠴᠤ᠌ ᠲᠤᠬᠠᠶ᠎ᠶ᠋ᠢᠨ ᠭᠠᠵᠠᠷ ᠎ᠲᠤᠨᠢ ᠬᠦᠷᠴᠦ᠍ ᠰᠤᠷᠪᠤᠯᠵᠢᠯᠠᠨ᠂ ᠡᠬᠡ ᠲᠠᠩᠰᠠ᠎ᠶ᠋ᠢ ᠪᠠᠢᠴᠠᠭᠠᠵᠤ᠂ 《ᠳᠥᠷᠪᠡᠨ ᠥᠬᠡᠶ ᠬᠣᠶᠠᠷ ᠱᠢᠭᠤᠳ ᠪᠠᠢᠬᠤ 》 ᠠᠷᠭ᠎ᠠ ᠬᠡᠯᠪᠡᠷᠢ᠎ᠪᠡᠷ ᠲᠤᠬᠠᠶ᠎ᠶ᠋ᠢᠨ ᠭᠠᠵᠠᠷ᠎ᠲᠤᠨᠢ ᠪᠠᠢᠴᠠᠭᠠᠯᠲᠠ ᠬᠢᠵᠦ᠍᠂ ᠨᠠᠮ᠎ᠤᠨ ᠪᠠᠢᠭᠤᠯᠤᠯᠲᠠ᠎ᠶ᠋ᠢᠨ ᠪᠣᠳᠠᠲᠤ ᠦᠷ᠎ᠡ ᠪᠦᠲᠦᠮᠵᠢ᠎ᠶ᠋ᠢ ᠦᠵᠡᠬᠦ᠌᠎ᠪᠡᠷ ᠪᠠᠷᠠᠬᠤ ᠥᠬᠡᠶ᠂ ᠪᠠᠰᠠ ᠠᠵᠢᠯ ᠲᠥᠷᠥᠯ᠎ᠦᠨ ᠡᠭᠦᠷᠭᠡ ᠬᠠᠷᠢᠭᠤᠴᠠᠯᠭ᠎ᠠ᠎ᠪᠠᠨ ᠭᠦᠶ᠋ᠴᠡᠳᠭᠡᠭ᠌ᠰᠡᠨ ᠪᠠᠢᠳᠠᠯ᠎ᠢ ᠪᠠᠢᠴᠠᠭᠠᠵᠤ᠂ 《ᠬᠣᠶᠠᠷ ᠎ᠢ ᠪᠦᠷᠬᠦᠭᠦᠯᠬᠦ᠌》 ᠠᠵᠢᠯ᠎ᠤᠨ ᠪᠠᠲᠤᠲᠠᠢ ᠶᠠᠪᠤᠭ᠍ᠳᠠᠬᠤ᠎ᠶ᠋ᠢ ᠠᠬᠢᠭᠤᠯᠪᠠ᠃

ᠣᠬᠣᠷᠬᠠᠨ 3 ᠰᠠᠷ᠎ᠠ᠎ᠶ᠋ᠢᠨ ᠳᠣᠲᠣᠷ᠎ᠠ ᠤᠯᠠᠭᠠᠨᠬᠠᠳᠠ ᠬᠣᠲᠠ᠎ᠶ᠋ᠢᠨ ᠱᠢᠨ᠎ᠡ᠎ᠪᠡᠷ ᠮᠠᠨᠳᠤᠭ᠍ᠰᠠᠨ ᠬᠦᠷᠢᠶᠡᠨ᠎ᠳᠡᠬᠢ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠪᠦᠷᠬᠦᠴᠡ᠎ᠶ᠋ᠢᠨ ᠨᠣᠷᠮ᠎ᠠ 38.07% ᠪᠠᠢᠭ᠍ᠰᠠᠨ᠎ᠠᠴᠠ  ᠨᠡᠢᠲᠡ᠎ᠶ᠋ᠢᠨ ᠥᠮᠴᠢᠯᠡᠯ᠎ᠦᠨ ᠪᠤᠰᠤ ᠠᠵᠤ ᠠᠬᠤᠢᠯᠠᠯ᠎ᠤᠨ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠪᠦᠷᠬᠦᠴᠡ᠎ᠶ᠋ᠢᠨ ᠨᠣᠷᠮ᠎ᠠ 66.78% ᠎ᠳ᠋ᠤ ᠬᠦᠷᠴᠦ᠍᠂ ᠨᠡᠢᠭᠡᠮ᠎ᠦᠨ ᠵᠣᠬᠢᠶᠠᠨ ᠪᠠᠢᠭᠤᠯᠤᠯᠲᠠ᠎ᠶ᠋ᠢᠨ ᠨᠠᠮ ᠎ᠤᠨ ᠵᠣᠬᠢᠶᠠᠨ ᠪᠠᠢᠭᠤᠯᠤᠯᠲᠠ᠎ᠶ᠋ᠢᠨ ᠪᠦᠷᠬᠦᠴᠡ᠎ᠶ᠋ᠢᠨ ᠨᠣᠷᠮ᠎ᠠ  60.52 % ᠎ᠲᠸ᠋ ᠬᠦᠷᠴᠦ᠍᠂ ᠱᠢᠪᠲᠤᠯᠤᠯᠲᠠ᠎ᠶ᠋ᠢᠨ ᠴᠢᠨᠠᠷᠲᠠᠶ ᠠᠬᠢᠴᠠ᠎ᠶ᠋ᠢ ᠪᠡᠶᠡᠯᠡᠭᠦᠯᠪᠡ᠃

ᠬᠥᠭᠡᠭᠡᠵᠦ᠍ ᠭᠦᠢᠴᠡᠬᠦ᠌᠎ᠡᠴᠡ ᠡᠮᠦᠨ᠎ᠡ ᠡᠩᠨᠡᠭᠡᠨ ᠳ᠋ᠤ ᠤᠷᠤᠬᠤ ᠪᠡᠷ ᠴᠢᠷᠮᠠᠢᠬᠤ ᠬᠦᠷᠲᠡᠯ᠎ᠡ᠂ ᠰᠠᠭᠤᠷᠢ᠎ᠶ᠋ᠢ ᠪᠡᠬᠢᠵᠢᠭᠦᠯᠬᠦ᠌᠎ᠡᠴᠡ ᠶᠠᠰᠤ ᠴᠢᠨᠠᠷ ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌ ᠬᠦᠷᠲᠡᠯ᠎ᠡ ᠂ ᠤᠯᠠᠭᠠᠨᠬᠠᠳᠠ ᠬᠤᠳᠠ ᠪᠣᠭᠣᠮᠲᠠ ᠱᠢᠪᠲᠤᠯᠬᠤ  ᠤᠪᠤᠷ ᠪᠠᠢᠳᠠᠯ ᠵᠢᠡᠷ ᠨᠠᠮ᠎ᠤᠨ ᠪᠠᠢᠭᠤᠯᠤᠯᠲᠠ᠎ᠶ᠋ᠢᠨ ᠠᠵᠢᠯ᠎ᠤᠨ ᠱᠢᠨ᠎ᠡ ᠳᠠᠪᠠᠯᠲᠠ ᠎ᠶ᠋ᠢ ᠪᠡᠶᠡᠯᠡᠬᠦᠯᠪᠡ᠃ ᠡᠨᠡ ᠤᠳᠠᠭᠠᠨ ᠎ᠤ ᠬᠠᠲᠠᠭᠤ ᠳᠠᠢᠯᠠᠯᠳᠤᠭᠠᠨ᠎ᠨᠢ ᠨᠠᠮ᠎ᠤᠨ ᠲᠣᠭ᠎ᠢ ᠱᠢᠨ᠎ᠡ᠎ᠪᠡᠷ ᠮᠠᠨᠳᠤᠭ᠍ᠰᠠᠨ ᠬᠦᠷᠢᠶᠡᠨ᠎ᠳᠦ ᠥᠨᠳᠥᠷ ᠨᠠᠮᠢᠷᠠᠭᠤᠯᠤᠭ᠍ᠰᠠᠨ᠎ᠢᠶᠠᠷ ᠪᠠᠷᠠᠬᠤ ᠥᠬᠡᠶ ᠪᠠᠰᠠ ᠤᠯᠠᠭᠠᠨᠬᠠᠳᠠ ᠬᠣᠲᠠ᠎ᠶ᠋ᠢᠨ ᠴᠢᠨᠠᠷ ᠰᠠᠢᠲᠠᠶ ᠬᠥᠭ᠌ᠵᠢᠯᠲᠡ᠎ᠳᠦ ᠴᠣᠭ ᠪᠠᠳᠠᠷᠠᠩᠭᠤᠶ 《ᠬᠤᠪᠢᠰᠭᠠᠯᠲᠤ ᠬᠥᠳᠡᠯᠭᠡᠬᠦ᠌ ᠬᠦᠴᠤᠨ》 ᠨᠡᠮᠡᠷᠢᠯᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号