ᠬᠢᠵᠠᠭᠠᠷ ᠲᠠᠶ ᠲᠡᠲᠡᠵᠤ ᠬᠡᠮᠵᠢᠶ᠎ᠠ ᠲᠠᠢ ᠬᠡᠷᠡᠭᠯᠡᠵᠤ ᠬᠥᠬᠡᠬᠣᠲᠠ ᠢ᠋ᠢᠨ ᠱᠢᠨ᠎ᠡ ᠬᠣᠲᠠ ᠲᠣᠭᠣᠷᠢᠭ 《ᠤᠰᠤᠨ》 ᠤ᠋ ᠠᠵᠢᠯ ᠢ᠋ ᠰᠠᠢᠲᠤᠷ ᠬᠢᠵᠤ ᠪᠠᠢᠨ᠎ᠠ
2025-08-22 09:26:57
ᠵᠣᠬᠢᠶᠠᠭ᠍ᠴᠢ᠄
ᠵᠧᠩ ᠱᠢᠤᠸᠠᠢ ᠯᠢᠶᠠᠩ
ᠣᠩᠱᠢᠭ᠍ᠰᠠᠨ ᠣᠳᠠᠭ᠎ᠠ᠄
★★★☆☆

《ᠥᠩᠭᠡᠷᠡᠭ᠌ᠰᠡᠨ ᠳ᠋ᠤ ᠪᠦᠷ ᠬᠤᠳᠳᠤᠭ ᠢ᠋ᠢᠡᠨ ᠰᠠᠯᠤᠯ ᠦᠬᠡᠢ ᠰᠠᠬᠢᠵᠤ᠎ᠲᠠᠷᠢᠶ᠎ᠠ ᠪᠡᠨ ᠤᠰᠤᠯᠠᠳᠠᠭ ᠪᠠᠢᠭᠰᠠᠨ᠂ ᠤᠳᠤ ᠲᠤᠰᠤᠯᠭᠠᠨ ᠤᠰᠤᠯᠠᠬᠤ ᠮᠡᠷᠭᠡᠵᠢᠯ ᠢ᠋ ᠬᠡᠷᠡᠭ᠌ᠯᠡᠭᠰᠡᠨ ᠡᠴᠡ ᠴᠠᠭ ᠪᠠ ᠬᠥᠮᠤᠨ ᠎ᠤ  ᠬᠦᠴᠦ᠍ ᠵᠢ ᠶᠡᠬᠡ ᠪᠡᠷ ᠠᠷᠪᠢᠯᠠᠬᠰᠠᠨ ᠵᠢᠡᠷ ᠪᠠᠷᠠᠬᠤ ᠦᠭᠡᠢ ᠨᠠᠷᠢᠯᠢᠭ ᠤᠨᠤᠴᠠᠲᠠᠢ ᠤᠰᠤᠯᠠᠵᠤ ᠲᠠᠢᠯᠬᠦ ᠪᠤᠯᠵᠠᠢ》 ᠬᠡᠵᠤ 8 ᠰᠠᠷ᠎ᠠ ᠢ᠋ᠢᠨ 5 ᠤ᠋ ᠡᠳᠦᠷ᠂ ᠬᠥᠬᠡᠬᠣᠲᠠ ᠢ᠋ᠢᠨ ᠱᠢᠨ᠎ᠡ ᠬᠤᠳᠠ ᠲᠣᠭᠣᠷᠢᠭ ᠤ᠋ᠨ ᠪᠣᠷᠣᠬᠤᠱᠢᠭᠤ ᠪᠠᠯᠭᠠᠰᠤ ᠢ᠋ᠢᠨ ᠱᠦᠢ ᠴᠢᠤᠸᠠᠨ ᠲᠣᠰᠭᠣᠨ ᠤ᠋ ᠲᠠᠷᠢᠶᠠᠴᠢᠨ ᠭᠦᠸᠧ ᠯᠢᠤ ᠱᠢ ᠪᠠ ᠡᠯᠪᠡᠭ ᠬᠤᠷᠢᠶᠠᠯᠲᠠ ᠢ᠋ᠢ ᠬᠤᠷᠤᠢᠯᠠᠭᠰᠠᠨ 750 ᠭᠠᠷᠤᠢ ᠮᠦ᠍ ᠲᠠᠷᠢᠶ᠎ᠠ ᠲᠦᠮᠦᠰᠤ ᠪᠠᠨ ᠪᠠᠷᠠᠯᠠᠨ ᠤᠷᠮᠠᠳᠠᠢ ᠶᠠᠷᠢᠨ᠎ᠠ᠃

ᠱᠦᠶ ᠴᠢᠤᠸᠠᠨ ᠲᠣᠰᠭᠣᠨ ᠲᠠᠷᠢᠶᠠᠨ ᠭᠠᠵᠠᠷ ᠤ᠋ᠨ ᠤᠰᠤᠯᠠᠯᠲᠠ ᠢ᠋ᠢᠨ ᠤᠰᠤᠨ ᠤ᠋ ᠠᠱᠢᠭ᠍ᠯᠠᠮᠵᠢ ᠢ᠋ᠢᠨ ᠢᠯᠡᠳᠭᠡᠮᠵᠢ ᠢ᠋ᠢ ᠣᠨᠣᠪᠴᠢᠲᠠᠶ ᠪᠤᠳᠤᠵᠤ᠂ ᠤᠯᠠᠮᠵᠢᠯᠠᠯᠲᠤ ᠰᠤᠪᠠᠭ ᠤ᠋ᠨ ᠤᠰᠤᠯᠠᠯᠲᠠ ᠢ᠋ᠢ ᠳᠤᠰᠤᠯᠭᠠᠨ ᠤᠰᠤᠯᠠᠬᠤ᠂ ᠪᠢᠴᠢᠯ ᠬᠡᠮᠵᠢᠶ᠎ᠠ ᠪᠡᠷ ᠤᠰᠤᠯᠠᠬᠤ ᠱᠢᠰᠲ᠋ᠧᠮ ᠪᠣᠯᠭᠠᠨ ᠲᠠᠰ ᠳᠡᠪᠱᠢᠭᠦᠯᠵᠦ᠍᠂ ᠭᠠᠩ ᠬᠠᠭ᠍ᠰᠠᠷᠠᠭᠠᠨ ᠳ᠋ᠤ ᠲᠡᠰᠪᠦᠷᠢᠲᠡᠶ ᠲᠠᠷᠢᠮᠠᠯ ᠲᠠᠷᠢᠬᠤ ᠪᠦᠲᠦᠴᠡ ᠢ᠋ᠢᠨ ᠲᠣᠬᠢᠷᠠᠭᠤᠯᠤᠯᠲᠠ ᠲᠠᠶ ᠪᠠᠨ ᠤᠶᠠᠯᠳᠤᠭᠤᠯᠤᠨ᠂ ᠲᠠᠷᠢᠶᠠᠨ ᠭᠠᠵᠠᠷ ᠤ᠋ᠨ ᠤᠰᠤᠯᠠᠯᠲᠠ ᠢ᠋ᠢᠨ ᠤᠰᠤᠨ ᠤ᠋ ᠪᠦᠲᠦᠮᠵᠢᠲᠡᠶ ᠠᠱᠢᠭ᠍ᠯᠠᠯᠲᠠ ᠢ᠋ᠢᠨ ᠢᠯᠡᠳᠭᠡᠮᠵᠢ ᠢ᠋ᠢ 0.65᠎ᠡᠴᠡ ᠳᠡᠭᠡᠭ᠌ᠰᠢ ᠪᠠᠢᠯᠭᠠᠬᠤ ᠢ᠋ᠢ ᠪᠠᠲᠤᠯᠠᠪᠠ᠃

ᠱᠦᠶ ᠴᠢᠤᠸᠠᠨ ᠲᠣᠰᠭᠣᠨ ᠲᠠᠢ ᠤᠢᠷ᠎ᠠ ᠵᠡᠷᠬᠡᠯᠡᠳᠡᠬᠡ ᠪᠠᠢᠷᠢᠯᠠᠭ᠎ᠠ ᠲᠤᠰᠬᠤ ᠭᠡᠷ ᠲᠣᠰᠭᠣᠨ ᠤ᠋ ᠵᠢᠶᠠ ᠱ᠌ᠢ ᠨᠡᠷᠰᠤ ᠢ᠋ᠢᠨ ᠤᠶᠤᠨᠲᠤ ᠬᠦᠷᠢᠶᠡᠯᠡᠩ ᠲᠣᠭᠣᠷᠢᠭ ᠪᠣᠯ ᠮᠦᠨ ᠴᠦ᠍ ᠥᠨᠳᠥᠷ ᠪᠦᠲᠦᠮᠵᠢᠲᠡᠶ ᠪᠡᠷ ᠤᠰᠤ ᠠᠷᠪᠢᠯᠠᠬᠤ ᠨᠡᠢᠲᠡᠯᠢᠭ ᠵᠢᠱ᠌ᠢᠶ᠎ᠡ ᠵᠢᠨ ᠨᠢᠬᠡ ᠮᠦᠨ᠃ ᠲᠤᠰ ᠬᠦᠷᠢᠶᠡᠯᠡᠩ ᠲᠣᠭᠣᠷᠢᠭ ᠤ᠋ᠨ ᠤᠰᠤ ᠪᠣᠷᠲᠣᠭᠣᠷ ᠢ᠋ ᠨᠢᠭᠡ ᠴᠣᠭ᠍ᠴᠠᠵᠢᠭᠤᠯᠤᠭ᠍ᠰᠠᠨ ᠮᠡᠷᠭᠡᠵᠢᠯ ᠨᠢ ᠨᠡᠷᠰᠤ ᠶ᠋ᠢᠨ ᠤᠷᠭᠤᠯᠲᠠ ᠢ᠋ᠢᠨ ᠣᠷᠴᠢᠨ ᠲᠣᠭᠣᠷᠢᠨ ᠢ᠋ ᠨᠠᠷᠢᠯᠢᠭ ᠣᠨᠣᠴᠠᠲᠠᠶ ᠲᠣᠬᠢᠷᠠᠭᠤᠯᠤᠨ ᠡᠵᠡᠮᠳᠡᠵᠤ᠂ ᠤᠰᠤ ᠪᠣᠷᠲᠣᠭᠣᠷ ᠤ᠋ᠨ ᠠᠱᠢᠭ᠍ᠯᠠᠯᠲᠠ ᠢ᠋ᠢᠨ ᠨᠣᠷᠮ᠎ᠠ ᠢ᠋ᠢ 60% ᠪᠠᠢᠭᠰᠠᠨ ᠡᠴᠡ 90% ᠪᠤᠯᠭᠠᠨ ᠶᠡᠬᠡ ᠪᠡᠷ ᠳᠡᠭᠡᠭᠰᠢᠯᠡᠭᠦᠯᠦᠭᠰᠡᠨ ᠪᠠᠢᠨ᠎ᠠ᠃

ᠬᠥᠬᠡᠬᠣᠲᠠ ᠢ᠋ᠢᠨ ᠱᠢᠨ᠎ᠡ ᠬᠤᠳᠠ ᠲᠣᠭᠣᠷᠢᠭ 《ᠤᠰᠤ ᠠᠷᠪᠢᠯᠠᠬᠤ 》 ᠪᠡᠷ ᠭᠤᠤᠯᠳᠠᠯᠭ᠎ᠠ ᠪᠣᠯᠭᠠᠨ ᠲᠠᠷᠢᠶᠠᠯᠠᠡᠭ᠂ ᠠᠵᠤ ᠦᠢᠯᠡᠳᠪᠦᠷᠢ᠂ ᠬᠤᠳᠠ ᠬᠥᠳᠡᠭᠡ ᠪᠣᠯᠤᠨ ᠠᠮᠢ ᠠᠬᠤᠢ ᠢ᠋ᠢᠨ ᠬᠦᠷᠢᠶᠡᠨ ᠳ᠋ᠤ ᠤᠨᠤᠪᠴᠢᠲᠠᠢ ᠬᠦᠴᠦᠯᠡᠵᠦ᠍᠂ ᠤᠰᠤ ᠪᠡᠷ ᠬᠥᠭ᠌ᠵᠢᠯᠲᠡ ᠢ᠋ᠢ ᠠᠬᠢᠭᠤᠯᠬᠤ ᠠᠮᠢᠳᠤᠯᠢᠭ ᠬᠠᠷᠢᠭᠤᠯᠲᠠ ᠢ᠋ᠢᠨ ᠬᠠᠭᠤᠳᠠᠰᠤ ᠢ᠋ᠢ ᠲᠤᠱᠢᠶᠠᠵᠠᠢ᠃

ᠠᠵᠤ ᠦᠶ᠋ᠯᠡᠳᠪᠦᠷᠢ ᠢ᠋ᠢᠨ ᠲᠣᠭᠣᠷᠢᠭ ᠤ᠋ᠨ ᠬᠤᠪᠢᠷᠠᠯᠲᠠ ᠴᠤ᠌ ᠢᠯᠡᠷᠬᠡᠶ ᠶᠤᠮ᠃ ᠥᠪᠥᠷ ᠮᠣᠩᠭᠣᠯ ᠤ᠋ᠨ ᠳ᠋ᠸ ᠱᠸᠡᠭ ᠨᠤᠤᠰᠤ ᠨᠣᠤᠯᠤᠭᠤᠷ ᠤ᠋ᠨ ᠪᠦᠲᠦᠭᠡᠭ᠌ᠳᠡᠬᠦᠨ ᠤ᠋ ᠬᠢᠵᠠᠭᠠᠷᠲᠤ ᠺᠣᠮᠫᠠᠨᠢ ᠢ᠋ᠢᠨ ᠦᠶ᠋ᠯᠡᠳᠪᠦᠷᠢ ᠢ᠋ᠢᠨ ᠲᠠᠰᠤᠭ ᠲᠤ᠌ ᠲᠣᠨᠣᠭ ᠲᠥᠬᠥᠭᠡᠷᠦᠮᠵᠢ ᠢ᠋ᠢ ᠲᠠᠰ ᠳᠡᠪᠱᠢᠭᠦᠯᠦᠭ᠌ᠰᠡᠨ ᠤ᠋ ᠳᠠᠷᠠᠭ᠎ᠠ ᠪᠣᠬᠢᠷ ᠤᠰᠤ ᠢ᠋ᠢ ᠱᠢᠶ᠋ᠳᠪᠦᠷᠢᠯᠡᠭᠡᠳ ᠦᠶ᠋ᠯᠡᠳᠪᠦᠷᠢ ᠢ᠋ᠢᠨ ᠲᠣᠭᠣᠷᠢᠭ ᠤ᠋ᠨ ᠨᠣᠭᠣᠭᠠᠷᠠᠭᠤᠯᠤᠯᠲᠠ ᠵᠡᠷᠭᠡ ᠲᠠᠯ᠎ᠠ ᠳ᠋ᠤ ᠳᠠᠬᠢᠨ ᠠᠰᠢᠭᠯᠠᠵᠤ᠂ ᠵᠢᠯ ᠪᠦᠷᠢ 320 ᠲᠣᠨ ᠤᠰᠤ ᠵᠢ ᠠᠷᠪᠢᠯᠠᠵᠤ ᠪᠠᠢᠨ᠎ᠠ᠃ 《ᠤᠯᠠᠮᠵᠢᠯᠠᠯᠲᠤ ᠪᠤᠳᠤᠭ ᠤ᠋ᠨ ᠭᠠᠩ ᠢ᠋ ᠠᠦ᠋ᠲ᠋ᠣᠴᠢᠯᠠᠭ᠍ᠰᠠᠨ ᠪᠤᠳᠤᠭᠯᠠᠯ ᠪᠤᠯᠭᠠᠨ ᠳᠡᠰ ᠳᠡᠪᠰᠢᠭᠦᠯᠦᠭᠰᠡᠨ ᠤ᠋ ᠳᠠᠷᠠᠭ᠎ᠠ᠂ ᠺᠣᠮᠫᠠᠨᠢ ᠢ᠋ᠢᠨ ᠤᠰᠤ ᠬᠡᠷᠡᠭ᠌ᠯᠡᠬᠦ᠌ ᠶᠡᠷᠦᠩᠬᠡᠶ ᠬᠡᠮᠵᠢᠶ᠎ᠡ 20% ᠪᠡᠷ ᠪᠠᠭᠠᠰᠤᠨ᠂ ᠪᠣᠬᠢᠷ ᠤᠰᠤ ᠭᠠᠳᠠᠭ᠍ᠰᠢᠯᠠᠭᠤᠯᠬᠤ ᠬᠡᠮᠵᠢᠶ᠎ᠡ 50% ᠪᠡᠷ ᠪᠠᠭᠠᠰᠴᠤ᠌᠂ ᠪᠢᠳᠡᠨ ᠤ᠋ ᠠᠵᠤ ᠠᠬᠤᠢᠯᠠᠯ ᠬᠣᠲᠠ ᠢ᠋ᠢᠨ ᠲᠠᠰ ᠤ᠋ᠨ ᠤᠰᠤ ᠠᠷᠪᠢᠯᠠᠬᠤ ᠬᠡᠯᠪᠡᠷᠢ ᠢ᠋ᠢᠨ ᠠᠵᠤ ᠠᠬᠤᠢᠯᠠᠯ ᠢ᠋ᠢᠡᠷ ᠦᠨᠡᠯᠡᠭ᠌ᠳᠡᠪᠠ》 ᠭᠡᠵᠤ  ᠳ᠋ᠸ ᠱᠸᠡᠭ ᠺᠤᠮᠫᠠᠨᠢ  ᠵᠢᠨ ᠦᠶ᠋ᠯᠡᠳᠪᠦᠷᠢ ᠢ᠋ᠢᠨ ᠳᠠᠷᠤᠭ᠎ᠠ ᠼᠧᠨ ᠵᠢᠶᠠᠨ ᠴᠢᠶᠠᠩ ᠤᠰᠤ ᠠᠷᠪᠢᠯᠠᠬᠤ ᠦᠭᠡᠷᠡᠴᠢᠯᠡᠯᠲᠡ ᠢ᠋ᠢᠨ ᠲᠡᠯ᠎ᠠ ᠪᠡᠷ ᠬᠢ ᠠᠮᠵᠢᠯᠳᠠ ᠪᠦᠳᠦᠮᠵᠢ ᠪᠠᠨ ᠲᠠᠨᠢᠯᠴᠠᠭᠤᠯᠤᠨ᠎ᠠ᠃

ᠤᠰᠤ ᠠᠷᠪᠢᠯᠠᠬᠤ ᠥᠭᠡᠷᠡᠴᠢᠯᠡᠯᠲᠡ ᠨᠢ ᠱᠢᠨ᠎ᠡ ᠬᠣᠲᠠ ᠲᠣᠭᠣᠷᠢᠭ ᠤ᠋ᠨ ᠠᠵᠤ ᠠᠬᠤᠢᠯᠠᠯ ᠤ᠋ᠨ ᠥᠪᠡᠷ ᠤ᠋ᠨ ᠥᠷᠲᠡᠭ ᠢ᠋ ᠪᠠᠭᠤᠷᠠᠭᠤᠯᠤᠭ᠍ᠰᠠᠨ ᠵᠢᠡᠷ ᠪᠠᠷᠠᠬᠤ ᠦᠭᠡᠶ ᠣᠷᠴᠢᠨ ᠲᠣᠭᠣᠷᠢᠨ ᠤ᠋ ᠳᠠᠷᠤᠭᠠᠰᠤ ᠢ᠋ᠢ ᠬᠦᠩᠬᠡᠯᠡᠨ᠂ ᠠᠵᠤ ᠠᠬᠤᠶ ᠢ᠋ᠢᠨ ᠦᠷ᠎ᠡ ᠠᠱᠢᠭ ᠪᠣᠯᠤᠨ ᠠᠮᠢ ᠠᠬᠤᠶ ᠢ᠋ᠢᠨ ᠦᠷ᠎ᠡ ᠠᠱᠢᠭ ᠤ᠋ᠨ ᠬᠣᠣᠰ ᠳᠡᠭᠡᠭ᠌ᠰᠢᠯᠡᠯᠲᠡ ᠢ᠋ᠢ ᠪᠠᠶᠠᠯᠠᠭᠦᠯᠦᠭᠰᠡᠨ ᠪᠠᠢᠨ᠎ᠠ᠃ ᠲᠤᠰ ᠲᠣᠭᠣᠷᠢᠭ ᠤ᠋ᠨ ᠬᠢᠨ ᠤᠰᠤ ᠠᠷᠪᠢᠯᠠᠬᠤ ᠤᠬᠠᠭᠤᠯᠭ᠎ᠠ ᠢ᠋ᠢ ᠵᠢᠵᠢᠭ ᠰᠠᠵᠢᠭ ᠵᠦᠶ᠋ᠯ ᠳ᠋ᠤ ᠠᠭᠤᠰᠬᠠᠵᠤ᠂ ᠤᠢᠯᠠᠭᠠᠬᠳᠠᠬᠤᠨ ᠤ᠋ ᠨᠡᠪᠴᠢᠯᠲᠡ ᠶ᠋ᠢ ᠲᠤᠢᠯ ᠵᠢᠡᠷ ᠴᠢᠬᠤᠯᠠᠴᠢᠯᠠᠪᠠ᠃ ᠨᠠᠮ ᠵᠠᠰᠠᠭ ᠤ᠋ᠨ ᠪᠠᠢᠭᠤᠯᠭ᠎ᠠ ᠲᠦᠷᠦᠭᠦᠯᠡᠨ ᠵᠢᠱ᠌ᠢᠶ᠎ᠡ ᠦᠵᠡᠭᠦᠯᠵᠦ᠍᠂ ᠤᠰᠤ ᠠᠷᠪᠢᠯᠠᠬᠤ ᠥᠭᠡᠷᠡᠴᠢᠯᠡᠯᠲᠡ ᠪᠠ ᠨᠡᠭᠦᠷᠡᠰᠦᠲᠥ᠋ᠷᠥᠭ᠌ᠴᠢ ᠦᠯᠦ ᠭᠠᠳᠠᠭᠰᠢᠯᠠᠭᠤᠯᠬᠤ ᠲᠥᠷᠥᠯ ᠵᠦᠶ᠋ᠯ ᠢ᠋ ᠬᠡᠷᠡᠭ᠌ᠵᠢᠭᠦᠯᠤᠨ᠂ ᠬᠠᠶᠠᠭ᠍ᠳᠠᠮᠠᠯ ᠤᠰᠤ ᠢ᠋ᠢ ᠡᠭᠡᠭᠦᠯᠦᠨ ᠬᠤᠷᠢᠶᠠᠬᠤ ᠱᠢᠰᠲ᠋ᠧᠮ ᠢ᠋ ᠣᠷᠣᠭᠤᠯᠤᠨ ᠠᠪᠴᠢᠷᠠᠵᠤ᠂ ᠤᠬᠢᠶᠠᠨ ᠴᠡᠪᠡᠷᠯᠡᠬᠦ ᠳ᠋ᠤ ᠬᠡᠷᠡᠭᠯᠡᠭᠰᠡᠨ ᠤ᠋ ᠲᠠᠷᠠᠭᠠᠬᠢ ᠬᠠᠶᠠᠭ᠍ᠳᠠᠮᠠᠯ ᠤᠰᠤ᠂ ᠤᠰᠤ ᠤᠮᠳᠠ ᠢ᠋ᠢᠨ ᠦᠯᠡᠳᠡᠭᠳᠡᠯ ᠤᠰᠤ ᠢ᠋ᠢ ᠵᠣᠷᠯᠣᠩ ᠤᠬᠢᠶᠠᠬᠤ᠂ ᠲᠡᠷᠭᠡ ᠤᠬᠢᠶᠠᠬᠤ ᠵᠡᠷᠭᠡ ᠭᠣᠭ᠍ᠴᠣᠭ᠎ᠠ ᠳ᠋ᠤ ᠴᠤᠭ᠍ᠯᠠᠭᠤᠯᠤᠨ ᠠᠱᠢᠭ᠍ᠯᠠᠵᠤ᠂ ᠰᠠᠢᠨ ᠣᠷᠴᠢᠯ ᠲᠠᠶ ᠪᠠᠢᠯᠭᠠᠬᠤ ᠢ᠋ᠢ ᠪᠡᠶᠡᠯᠡᠭᠦᠯᠪᠡ᠃

ᠡᠨᠡ ᠵᠢᠯ ᠤ᠋ᠨ ᠳᠡᠭᠡᠷ᠎ᠠ ᠬᠠᠭᠠᠰ ᠵᠢᠯ ᠳ᠋ᠤ ᠱᠢᠨ᠎ᠡ ᠬᠣᠲᠠ ᠲᠣᠭᠣᠷᠢᠭ ᠤ᠋ᠨ ᠬᠢᠨ ᠨᠡᠢᠭᠡᠮ ᠲᠣᠭᠣᠷᠢᠭ ᠤ᠋ᠨ ᠤᠰᠤ ᠠᠷᠪᠢᠯᠠᠬᠤ ᠤᠬᠠᠭᠤᠯᠭ᠎ᠠ ᠢ᠋ᠢᠨ ᠠᠵᠢᠯᠯᠠᠭ᠎ᠠ ᠢ᠋ᠢ ᠨᠡᠢᠳᠡ 12 ᠤᠳᠠᠭ᠎ᠠ ᠦᠷᠨᠢᠭᠦᠯᠤᠨ᠂ 2.3 ᠲᠦᠮᠡᠨ ᠰᠠᠭᠤᠭᠠᠯᠢ ᠠᠷᠠᠳ ᠢ᠋ ᠬᠠᠮᠤᠷᠴᠤ᠌᠂ 1.5 ᠲᠦᠮᠡᠨ ᠬᠤᠪᠢ ᠮᠠᠲ᠋ᠧᠷᠢᠶᠠᠯ ᠲᠠᠷᠬᠠᠭᠠᠵᠤ᠂ 《ᠳᠤᠰᠤᠯ ᠤᠰᠤ ᠢ᠋ᠢ ᠴᠤ᠌ ᠠᠷᠪᠢᠯᠠᠨ ᠭᠠᠮᠨᠠᠬᠤ》 ᠢ᠋ᠢ ᠰᠠᠭᠤᠭᠠᠯᠢ ᠠᠷᠠᠳ ᠤ᠋ᠨ ᠠᠮᠢᠳᠤᠷᠠᠯ ᠤ᠋ᠨ ᠱᠢᠨ᠎ᠡ ᠬᠡᠪ ᠰᠤᠷᠲᠠᠯ ᠪᠤᠯᠭᠠᠵᠡᠢ᠃

《ᠪᠢᠳᠡ ᠤᠰᠤ ᠠᠷᠪᠢᠯᠠᠬᠤ ᠠᠵᠢᠯᠯᠠᠭ᠎ᠠ ᠪᠡᠷ ᠭᠠᠷᠳᠠᠴᠠ ᠪᠣᠯᠭᠠᠨ ᠱᠢᠨ᠎ᠡ ᠬᠣᠲᠠ ᠲᠣᠭᠣᠷᠢᠭ ᠤ᠋ᠨ ᠤᠰᠤ ᠠᠷᠪᠢᠯᠠᠬᠤ ᠠᠵᠢᠯᠯᠠᠭ᠎ᠠ ᠢ᠋ᠢᠨ ᠨᠠᠷᠢᠨ ᠬᠠᠭᠤᠳᠠᠰᠤ ᠢ᠋ᠢ ᠲᠣᠭ᠍ᠲᠠᠭᠠᠵᠤ᠂ ᠬᠥᠳᠡᠭᠡ ᠲᠣᠰᠭᠣᠨ ᠳ᠋ᠤ ᠤᠰᠤ ᠬᠠᠩᠭᠠᠬᠤ ᠵᠢ ᠱᠢᠶᠠᠨ ᠤ᠋ ᠬᠡᠪᠴᠢᠶ᠎ᠡ ᠡᠴᠡ ᠨᠢᠭᠡᠳᠦᠯᠲᠡᠶ ᠬᠠᠮᠢᠶᠠᠷᠴᠤ ᠬᠡᠷᠡᠭ᠌ᠵᠢᠭᠦᠯᠬᠦ᠌ ᠲᠥᠰᠦᠯ ᠳᠠᠷᠤᠮᠠᠯᠯᠠᠨ ᠲᠠᠷᠬᠠᠭᠠᠵᠤ᠂ ᠤᠨᠤᠪᠴᠢᠲᠠᠢ ᠪᠡᠷ ᠨᠥᠬᠥᠪᠥᠷᠢ ᠤᠯᠭᠤᠬᠤ᠂ ᠤᠰᠤ ᠠᠷᠪᠢᠯᠠᠬᠰᠠᠳ ᠢ᠋ ᠱᠠᠩᠨᠠᠬᠤ᠂ ᠲᠥᠯᠥᠪᠯᠡᠭᠡ ᠲᠠᠢ ᠤᠰᠤ ᠬᠡᠷᠡᠭ᠌ᠯᠡᠬᠦ᠌ ᠬᠠᠮᠢᠶᠠᠷᠤᠯᠲᠠ ᠢ᠋ᠢ ᠴᠢᠩᠭ᠎ᠠ ᠨᠠᠢᠳᠠᠪᠤᠷᠢᠵᠢᠭᠤᠯᠵᠤ᠂ ᠬᠠᠷᠢᠶ᠎ᠠ ᠣᠷᠣᠨ ᠳ᠋ᠤ ᠰᠠᠢᠨ ᠰᠠᠢᠬᠠᠨ ᠨᠡᠢᠭᠡᠮ ᠤ᠋ᠨ ᠬᠡᠪ ᠰᠤᠷᠲᠠᠯ ᠢ᠋ ᠪᠣᠶ ᠪᠣᠯᠭᠠᠪᠠ》 ᠬᠡᠵᠤ ᠱᠢᠨ᠎ᠡ ᠬᠤᠳᠠ ᠲᠣᠭᠣᠷᠢᠭ ᠤ᠋ᠨ ᠮᠠᠯ ᠠᠵᠤ ᠠᠬᠤᠢ ᠲᠠᠷᠢᠶᠠᠯᠠᠩ ᠤᠰᠤᠨ ᠠᠱᠢᠭ᠍ᠯᠠᠯᠲᠠ ᠢ᠋ᠢᠨ ᠲᠤᠪᠴᠢᠶ᠎ᠠ ᠵᠢᠨ ᠳᠡᠳ᠋ ᠳᠠᠷᠤᠭ᠎ᠠ ᠱᠢᠤᠸᠠᠢ ᠵᠢᠶᠦ᠋ᠨ ᠫᠢᠩ ᠲᠠᠨᠢᠯᠴᠠᠭᠤᠯᠤᠨ᠎ᠠ᠃ ᠪᠢᠳᠡ ᠦᠷᠭᠦᠯᠵᠢᠯᠡᠨ ᠡᠯ᠎ᠡ ᠬᠦᠷᠢᠶᠡᠨ ᠳ᠋ᠤ 《ᠬᠢᠵᠠᠭᠠᠷ ᠲᠠᠢ ᠲᠠᠲᠠᠵᠤ ᠬᠡᠮᠵᠢᠶ᠎ᠠ ᠲᠠᠢ ᠬᠡᠷᠡᠭᠯᠡᠬᠦ》ᠤᠳᠤ ᠦᠶ᠎ᠡ ᠢ᠋ᠢᠨ ᠤᠰᠤᠨ ᠤ᠋ ᠡᠬᠢ ᠪᠠᠶᠠᠯᠢᠭ ᠤ᠋ᠨ ᠬᠠᠮᠢᠶᠠᠷᠤᠯᠲᠠ ᠢ᠋ᠢᠨ ᠱᠢᠰᠲ᠋ᠧᠮ ᠢ᠋ ᠪᠠᠢᠭᠤᠯᠵᠤ᠂ ᠣᠷᠣᠨ ᠤ᠋ ᠲᠥᠪ ᠤ᠋ᠨ ᠴᠢᠨᠠᠷ ᠰᠠᠢᠲᠠᠢ ᠬᠥᠭ᠌ᠵᠢᠯᠲᠡ ᠳ᠋ᠤ ᠬᠦᠴᠦᠷᠬᠡᠭ ᠶᠡᠬᠡ 《ᠤᠰᠤᠨ ᠤ᠋ ᠬᠥᠳᠡᠯᠭᠡᠬᠦ᠌ ᠬᠦᠴᠦᠨ》 ᠨᠡᠮᠡᠷᠢᠯᠡᠨ᠎ᠡ ᠬᠡᠵᠤ ᠲᠡᠷᠡ ᠢᠯᠡᠷᠬᠡᠢᠯᠡᠵᠤ ᠪᠠᠢᠯ᠎ᠠ᠃

ᠲᠠᠷᠢᠶᠠᠨ ᠭᠠᠵᠠᠷ ᠤ᠋ᠨ ᠨᠠᠷᠢᠯᠢᠭ ᠤᠰᠤᠯᠠᠯᠲᠠ ᠡᠴᠡ ᠦᠶ᠋ᠯᠡᠳᠪᠦᠷᠢ ᠢ᠋ᠢᠨ ᠡᠭᠡᠭᠦᠯᠦᠨ ᠬᠡᠷᠡᠭᠯᠡᠵᠤ ᠳᠠᠬᠢᠨ ᠠᠰᠢᠭᠯᠠᠬᠤ ᠬᠦᠷᠲᠡᠯ᠎ᠡ᠂ ᠪᠠᠢᠭᠤᠯᠭ᠎ᠠ ᠨᠢᠬᠡᠴᠢ ᠲᠦᠷᠦᠭᠦᠯᠡᠨ ᠵᠢᠱ᠌ᠢᠶ᠎ᠡ ᠦᠵᠡᠭᠦᠯᠬᠦ᠌ ᠡᠴᠡ ᠨᠡᠢᠭᠡᠮ ᠲᠣᠭᠣᠷᠢᠭ ᠭᠡᠷ ᠪᠦᠯᠢ ᠢ᠋ᠢᠨ ᠤᠬᠠᠮᠰᠠᠷᠲᠤ ᠠᠵᠢᠯᠯᠠᠭ᠎ᠠ ᠬᠦᠷᠲᠡᠯ᠎ᠡ᠂ ᠱᠢᠨ᠎ᠡ ᠬᠣᠲᠠ ᠲᠣᠭᠣᠷᠢᠭ ᠱᠢᠰᠲ᠋ᠧᠮᠲᠤ ᠰᠡᠳᠭᠢᠬᠦᠶ ᠪᠡᠷ 《ᠤᠰᠤ ᠢ᠋ᠢ ᠠᠷᠪᠢᠯᠠᠨ ᠬᠡᠷᠡᠭ᠌ᠯᠡᠵᠦ᠍ ᠪᠣᠬᠢᠷᠲᠤᠯ ᠦᠭᠡᠢ ᠬᠥᠭ᠌ᠵᠢᠭᠦᠯᠬᠦ᠌》 ᠱᠢᠨ᠎ᠡ ᠠᠮᠢ ᠠᠬᠤᠶ ᠢ᠋ᠢ ᠪᠠᠢᠭᠤᠯᠤᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号