ᠳᠤᠮᠳᠠᠳᠤ ᠤᠯᠤᠰ ᠤ᠋ᠨ ᠳᠠᠭᠤᠷᠢᠯᠢᠭ᠍ᠴᠢᠳ ᠤ᠋ᠨ ᠨᠡᠢᠭᠡᠮᠯᠢᠭ ᠤ᠋ᠨ ᠤᠷᠢᠯᠭ᠎ᠠ ᠪᠠᠷ᠂ ᠬᠥᠬᠡᠬᠣᠲᠠ ᠶ᠋ᠢᠨ ᠤᠯᠠᠭᠠᠨᠮᠥ᠋ᠴᠢᠷ ᠤ᠋ᠨ ᠴᠡᠯᠡᠭᠡᠷ ᠬᠠᠮᠳᠤᠯᠢᠭ ᠲᠦᠷᠦᠬᠦᠬᠡᠨ ᠳᠤᠮᠳᠠᠳᠤ ᠤᠯᠤᠰ ᠤ᠋ᠨ ᠳᠠᠭᠤᠷᠢᠯᠢᠭ ᠤ᠋ᠨ ᠨᠡᠢᠭᠡᠮᠯᠢᠭᠤᠨ 《ᠪᠠᠶᠠᠷ ᠪᠠᠶᠠᠰᠤᠯ ᠬᠦᠷᠭᠡᠬᠰᠡᠨ》 ᠬᠣᠷᠢᠨ ᠵᠢᠯ ᠤ᠋ᠨ ᠣᠶ ᠶ᠋ᠢᠨ ᠱᠢᠷᠢᠰ ᠠᠵᠢᠯᠯᠠᠭ᠎ᠠ ᠶ᠋ᠢᠨ ᠲᠤᠰᠭᠠᠶ ᠲᠣᠭ᠍ᠯᠠᠯᠲᠠ ᠳ᠋ᠦ ᠣᠷᠣᠯᠴᠠᠵᠦ᠂ ᠦᠪᠦᠷ ᠮᠤᠨᠭᠭᠤᠯ ᠤ᠋ᠨ ᠳᠠᠭᠤᠷᠢᠯᠢᠭ ᠤᠷᠠᠯᠢᠭ ᠤ᠋ᠨ ᠰᠤᠳᠤᠨ ᠰᠠᠢᠬᠠᠨ ᠢ᠋ ᠭᠠᠢᠬᠠᠭᠤᠯᠪᠠ᠃
ᠱᠢᠷᠢᠰ ᠠᠵᠢᠯᠯᠠᠭ᠎ᠠ ᠶ᠋ᠢᠨ ᠲᠤᠰᠭᠠᠶ ᠲᠣᠭ᠍ᠯᠠᠯᠲᠠ ᠳ᠋ᠦ ᠴᠡᠯᠡᠭᠡᠷ ᠬᠠᠮᠲᠤᠯᠢᠭ ᠤ᠋ᠨ ᠬᠢᠨ 《ᠠᠷᠢᠬᠢᠨ ᠳᠠᠭᠤᠤ》 ᠪᠠ ᠤᠤᠭᠠᠯ ᠪᠦᠲᠦᠭᠡᠯ 《ᠮᠣᠩᠭᠣᠯ ᠮᠣᠷᠢᠨ ᠤ᠋ ᠮᠠᠭ᠍ᠲᠠᠭᠤ》 ᠶ᠋ᠢ ᠲᠣᠭ᠍ᠯᠠᠵᠤ᠂ ᠥᠪᠡᠷᠮᠢᠴᠡ ᠦᠨᠳᠦᠰᠦᠲᠡᠨ ᠤ᠋ ᠵᠠᠩ ᠦᠶ᠋ᠯᠡ ᠪᠠ ᠤᠷᠠᠯᠢᠭ ᠤ᠋ᠨ ᠴᠣᠭ ᠵᠢᠪᠬᠤᠭ᠎ᠠ ᠪᠠᠷ ᠢ᠋ᠶ᠋ᠠᠨ ᠲᠤᠬᠠᠶ ᠶ᠋ᠢᠨ ᠲᠠᠯᠠᠪᠠᠶ ᠶ᠋ᠢᠨ ᠦᠵᠡᠭ᠌ᠴᠢᠳ ᠤ᠋ᠨ ᠬᠠᠯᠠᠭᠤᠨ ᠬᠦᠷᠢᠶᠡᠯᠡᠯ ᠪᠠ ᠮᠠᠭ᠍ᠲᠠᠭᠠᠯ ᠰᠠᠢᠱᠢᠶᠠᠯ ᠢ᠋ ᠣᠯᠵᠤ᠂ ᠤᠯᠠᠭᠠᠨᠮᠥ᠋ᠴᠢᠷ ᠤ᠋ᠨ ᠬᠢᠨ ᠤ᠋ ᠥᠪᠥᠷ ᠮᠣᠩᠭᠣᠯ ᠤ᠋ᠨ ᠡᠬᠡ ᠭᠠᠵᠠᠷ ᠲᠦ᠍ ᠱᠢᠯᠢᠳᠡᠭ ᠰᠣᠶᠣᠯ ᠢ᠋ ᠤᠯᠠᠮᠵᠢᠯᠠᠨ ᠪᠠᠳᠠᠷᠠᠭᠤᠯᠤᠭ᠍ᠰᠠᠨ ᠠᠮᠢᠳᠤᠯᠢᠭ ᠦᠶ᠋ᠯᠡᠳᠦᠯᠭᠡ ᠵᠢ ᠳᠡᠯᠭᠡᠨ ᠦᠵᠡᠭᠦᠯᠵᠡᠶ᠃ ᠲᠣᠰ ᠤᠳᠠᠭ᠎ᠠ ᠶ᠋ᠢᠨ ᠲᠣᠭ᠍ᠯᠠᠯᠲᠠ ᠨᠢ ᠨᠢᠭᠡ ᠤᠳᠠᠭ᠎ᠠ ᠶ᠋ᠢᠨ ᠤᠷᠠᠯᠢᠭ ᠤ᠋ᠨ ᠰᠣᠯᠢᠯᠴᠠᠭ᠎ᠠ ᠪᠣᠯᠬᠤᠪᠠᠷ ᠪᠠᠷᠠᠬᠤ ᠥᠬᠡᠶ ᠪᠠᠰᠠ 《ᠲᠠᠯ᠎ᠠ ᠨᠤᠲᠤᠭ ᠤ᠋ᠨ ᠬᠤᠪᠢᠰᠭᠠᠯᠲᠤ ᠤᠳᠭ᠎ᠠ ᠤᠷᠠᠯᠢᠭ ᠤ᠋ᠨ ᠬᠥᠩᠭᠡᠨ ᠮᠣᠷᠢᠲᠤ ᠴᠡᠷᠢᠭ》 ᠤ᠋ᠨ ᠤᠷᠠᠯᠢᠭ ᠤ᠋ᠨ ᠴᠣᠭ ᠵᠢᠪᠬᠤᠭ᠎ᠠ ᠵᠢ ᠬᠠᠷᠠᠭᠤᠯᠵᠦ᠂ ᠤᠯᠠᠭᠠᠨᠮᠥ᠋ᠴᠢᠷ ᠤ᠋ᠨ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠢ᠋ ᠤᠯᠠᠮᠵᠢᠯᠠᠨ ᠵᠠᠯᠭᠠᠮᠵᠢᠯᠠᠵᠤ ᠬᠥᠭ᠌ᠵᠢᠭᠦᠯᠬᠦ᠌ ᠵᠢ ᠠᠬᠢᠭᠤᠯᠬᠤ ᠴᠢᠬᠤᠯᠠ ᠦᠶ᠋ᠯᠡᠳᠦᠯ ᠢ᠋ ᠪᠦᠲᠦᠮᠵᠢᠲᠡᠶ ᠪᠠᠳᠠᠷᠠᠭᠤᠯᠵᠤ᠂ ᠪᠡᠭᠡᠵᠢᠩ ᠥᠪᠥᠷ ᠮᠣᠩᠭᠣᠯ ᠬᠣᠶᠠᠷ ᠭᠠᠵᠠᠷ ᠤ᠋ᠨ ᠬᠤᠭᠤᠷᠤᠨᠳᠤᠬᠢ ᠦᠨᠳᠦᠰᠦᠲᠡᠨ ᠨᠤᠭᠦᠳ ᠤ᠋ᠨ ᠰᠣᠶᠣᠯ ᠤ᠋ᠨ ᠰᠣᠯᠢᠯᠴᠠᠭ᠎ᠠ ᠪᠠ ᠬᠠᠷᠢᠯᠴᠠᠨ ᠲᠣᠯᠢᠯᠠᠬᠤ ᠬᠥᠭᠥᠷᠭᠡ ᠵᠢ ᠪᠠᠳᠤ ᠴᠤᠭᠴᠠᠯᠠᠬᠤ ᠳ᠋ᠤ ᠬᠦᠴᠦᠨ ᠨᠡᠮᠡᠷᠢᠯᠡᠭᠰᠡᠨ ᠪᠠᠢᠨ᠎ᠠ᠃
ᠤᠢᠯᠠᠭᠠᠭᠰᠠᠨ ᠵᠢᠡᠷ᠂ ᠳᠤᠮᠳᠠᠳᠤ ᠤᠯᠤᠰ ᠤ᠋ᠨ ᠳᠠᠭᠤᠷᠢᠯᠢᠭ ᠤ᠋ᠨ ᠨᠡᠢᠭᠡᠮᠯᠢᠭᠤᠨ《ᠪᠠᠶᠠᠷ ᠪᠠᠶᠠᠰᠤᠯ ᠬᠦᠷᠭᠡᠬᠰᠡᠨ》 ᠬᠣᠷᠢᠨ ᠵᠢᠯ ᠤ᠋ᠨ ᠣᠶ ᠶ᠋ᠢᠨ ᠱᠢᠷᠢᠰ ᠠᠵᠢᠯᠯᠠᠭ᠎ᠠ ᠶ᠋ᠢᠨ ᠲᠤᠰᠭᠠᠶ ᠲᠣᠭ᠍ᠯᠠᠯᠲᠠ ᠭᠣᠢᠳᠠ ᠰᠠᠢᠬᠠᠨ ᠶᠠᠪᠤᠭᠳᠠᠵᠦ᠂ ᠣᠯᠠᠨ ᠵᠦᠶ᠋ᠯ ᠤ᠋ᠨ ᠳᠠᠭᠤᠷᠢᠯᠢᠭ ᠵᠢᠡᠷ ᠦᠵᠡᠭᠴᠢᠳ ᠢ᠋ᠶ᠋ᠡᠨ ᠪᠠᠶᠠᠰᠬᠠᠵᠠᠢ᠃ ᠨᠡᠩ ᠴᠸ᠋ ᠠᠯᠳᠠᠷᠲᠤ ᠶᠠᠪᠠᠭᠠᠨ ᠥᠯᠢᠭᠡᠷ ᠤ᠋ᠨ ᠲᠣᠭ᠍ᠯᠠᠭᠴᠢ ᠯᠢᠦ ᠯᠠᠨ ᠹᠠᠩ ᠂ ᠠᠯᠳᠠᠷᠲᠤ ᠱᠣᠭᠴᠢᠨ ᠯᠢ ᠵᠢᠩ᠂ ᠱᠣᠭ ᠶᠠᠷᠢᠶ᠎ᠠ ᠵᠢᠨ ᠤᠷᠠᠯᠢᠭ᠍ᠴᠢᠨ ᠯᠢ ᠶ᠋ᠢᠨ ᠳ᠋ᠧᠦ᠂ ᠱ᠌ᠢ ᠹᠦ᠋ ᠺᠤᠸᠠᠨ᠂ ᠴᠠᠷᠭᠢᠯ ᠬᠣᠯᠪᠣᠭ᠎ᠠ ᠶ᠋ᠢᠨ ᠨᠠᠷᠠᠲᠤ ᠵᠣᠬᠢᠶᠠᠯᠴᠢ ᠯᠢ ᠱ᠌ᠢ ᠷᠦ᠋ ᠵᠡᠷᠭᠡ ᠳᠠᠭᠤᠷᠢᠯᠢᠭ ᠤ᠋ᠨ ᠨᠠᠷᠠᠲᠤ ᠬᠥᠮᠦᠰ ᠬᠠᠮᠲᠤᠳᠠᠭᠠᠨ ᠲᠣᠭ᠍ᠯᠠᠯᠲᠠ ᠭᠠᠷᠭᠠᠵᠤ᠂ ᠲᠤᠭᠯᠠᠯᠳᠠ ᠨᠢ ᠬᠦᠷ ᠪᠠᠶᠠᠷ ᠢ᠋ᠶ᠋ᠡᠷ ᠪᠢᠯᠬᠠᠪᠠ᠃ 《20 ᠵᠢᠯ ᠤ᠋ᠨ ᠡᠮᠦᠨ᠎ᠡ᠂ ᠪᠡᠭᠡᠵᠢᠩ ᠤ᠋ᠨ ᠴᠤᠤᠶᠠᠩ ᠲᠣᠭᠣᠷᠢᠭ ᠤ᠋ᠨ ᠮᠠᠢ ᠽᠢ ᠳ᠋ᠢᠶᠠᠨ ᠨᠡᠢᠭᠡᠮ ᠲᠣᠭᠣᠷᠢᠭ ᠤ᠋ᠨ ᠤᠯᠠᠨ ᠲᠦᠮᠡᠨ ᠢ᠋ ᠲᠣᠬᠣᠨᠢᠭᠤᠯᠬᠤ ᠲᠣᠭ᠍ᠯᠠᠯᠲᠠ ᠡᠴᠡ 〈ᠦᠨᠳᠦᠰᠦᠨ ᠱᠠᠲᠤᠨ ᠳ᠋ᠦ ᠪᠠᠶᠠᠷ ᠪᠠᠶᠠᠰᠤᠯ ᠬᠦᠷᠭᠡᠬᠦ᠌〉 ᠠᠵᠢᠯᠯᠠᠭᠠᠡᠬᠢᠯᠡᠵᠦ᠂ ᠥᠨᠥᠳᠦᠷ ᠳᠠᠬᠢᠨ ᠡᠬᠢᠯᠡᠯᠲᠡ ᠶ᠋ᠢᠨ ᠴᠡᠭ ᠲᠡᠬᠡᠨ ᠪᠤᠴᠠᠪᠠ᠃ ᠡᠨᠡ ᠬᠦ᠌ ᠶᠡᠷᠦ᠍ ᠪᠤᠰᠤ ᠶ᠋ᠢᠨ ᠤᠳᠭ᠎ᠠ ᠠᠭᠤᠯᠭ᠎ᠠ ᠲᠠᠶ ᠲᠣᠭ᠍ᠯᠠᠯᠲᠠ ᠨᠢ ᠤᠷᠠᠯᠢᠭ ᠤ᠋ᠨ ᠦᠪᠡᠳᠡᠭ᠌ᠰᠢ ᠴᠤᠭᠯᠠᠭᠠᠨ ᠪᠣᠯᠤᠭᠰᠠᠨ ᠵᠢᠡᠷ ᠪᠠᠷᠠᠬᠤ ᠥᠬᠡᠶ᠂ ᠨᠠᠩ ᠴᠤ᠌ 〈ᠪᠠᠶᠠᠷ ᠪᠠᠶᠠᠰᠤᠯ ᠬᠦᠷᠭᠡᠬᠦ᠌〉 ᠠᠵᠢᠯᠯᠠᠭ᠎ᠠ ᠶ᠋ᠢᠨ ᠣᠭ ᠵᠣᠷᠢᠯᠲᠠ ᠳ᠋ᠠᠭᠠᠨ ᠬᠦᠷᠦᠭᠰᠡᠨ ᠬᠠᠯᠠᠭᠤᠨ ᠳᠤᠯᠠᠭᠠᠨ ᠠᠶᠠᠯᠠᠯ ᠪᠣᠯᠤᠨ᠎ᠠ᠃ ᠪᠢᠳᠡ ᠵᠠᠪᠰᠢᠶᠠᠨ ᠵᠢᠡᠷ ᠲᠤᠰ ᠠᠶᠠᠯᠠᠯ ᠳ᠋ᠤ ᠤᠷᠤᠯᠴᠠᠭᠰᠠᠨ ᠳ᠋ᠠᠭᠠᠨ ᠮᠠᠰᠢ ᠪᠠᠶᠠᠷᠳᠠᠢ ᠪᠠᠢᠨ᠎ᠠ!》 ᠬᠡᠵᠤ ᠴᠡᠯᠡᠭᠡᠷ ᠬᠠᠮᠳᠤᠯᠢᠭ ᠤ᠋ᠨ ᠬᠢᠨ ᠲᠠᠭᠤ ᠨᠢᠬᠡᠳᠠᠢ ᠶᠠᠷᠢᠵᠠᠭᠠᠨ᠎ᠠ ᠃