ᠬᠣᠢᠲᠤ ᠬᠣᠰᠢᠭᠤᠨ᠎ᠤ ᠤᠯᠠᠭᠠᠨ ᠦᠬᠡᠷ᠂ ᠵᠠᠷᠤᠳ ᠤ᠋ᠨ ᠰᠦ ᠰᠠᠭᠠᠯᠢ᠂ ᠺᠠᠢᠯᠤ᠎ᠶᠢᠨ ᠤᠯᠠᠭᠠᠨ ᠯᠠᠵᠤᠤ᠂ ᠬᠦᠷᠢᠶ᠎ᠡ ᠵᠢᠨ ᠰᠠᠭᠠᠭ ᠁ ᠠᠵᠢᠯᠴᠢ ᠭᠦᠳᠡᠯᠮᠤᠷᠢᠴᠢ ᠲᠦᠩᠯᠢᠶᠣᠣᠴᠤᠳ ᠡᠯᠪᠡᠭ ᠪᠠᠶᠠᠯᠢᠭ᠋ ᠥᠪᠡᠷᠮᠢᠴᠡ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠲᠦᠭᠡᠭᠳᠡᠬᠦᠨ ᠵᠢᠡᠷ ᠵᠢᠡᠨ ᠳᠠᠶᠠᠭᠠᠷ ᠲᠦᠮᠡᠨ ᠤ᠋ ᠪᠠᠬᠠᠷᠤᠯᠢ ᠲᠠᠲᠠᠵᠤ᠂ ᠡᠬᠡ ᠤᠯᠤᠰ ᠤ᠋ᠨ ᠤᠮᠠᠷᠠᠲᠤ ᠬᠢᠯᠢ ᠵᠢᠨ 《ᠠᠮᠤ ᠵᠢᠨ ᠰᠠᠩ》᠂ 《ᠮᠢᠬᠠᠨ ᠤ᠋ ᠬᠥᠮᠥᠷᠭᠡ》 ᠵᠢᠨ ᠬᠡᠷᠡᠯ ᠭᠢᠯᠪᠠᠭ᠎ᠠ᠎ᠪᠠᠨ ᠰᠠᠴᠤᠷᠠᠭᠤᠯᠤᠨ᠎ᠠ᠃
ᠲᠦᠩᠯᠢᠶᠣᠣ ᠬᠤᠳᠡ ᠵᠢᠨ ᠤᠯᠠᠭᠠᠨ ᠦᠬᠡᠷ᠎ᠦᠨ ᠮᠢᠬ᠎ᠠ ᠰᠢᠨ᠎ᠡ ᠰᠣᠷᠭᠣᠭ ᠰᠢᠭᠦᠰᠦᠯᠢᠭ ᠪᠥᠭᠡᠳ ᠠᠮᠲᠠ ᠰᠢᠮᠲᠡ ᠰᠠᠢᠲᠠᠢ ᠪᠠᠢᠳᠠᠭ᠎ᠢᠶᠠᠷ᠎ᠢᠶᠠᠨ ᠤᠯᠡᠨ ᠤ᠋ ᠲᠠᠭᠠᠰᠢᠶᠠᠯ᠎ᠢ ᠬᠦᠷᠲᠡᠵᠦ᠂ 《ᠤᠯᠠᠭᠠᠨ ᠦᠬᠡᠷ ᠤ᠋ᠨ ᠨᠤᠲᠤᠭ》 ᠬᠡᠮᠡᠨ ᠠᠯᠳᠠᠷᠰᠢᠭ᠍ᠰᠠᠨ ᠪᠠᠢᠨ᠎ᠠ᠃ ᠣᠳᠣᠬᠠᠨ ᠳ᠋ᠤ᠌᠂ ᠠᠯᠠᠰᠢᠨ ᠦᠬᠡᠷ᠎ᠦᠨ ᠡᠭᠦᠯᠳᠡᠷ᠎ᠦᠨ ᠡᠬᠢ ᠪᠠᠶᠠᠯᠢᠭ᠋᠂ ᠡᠭᠦᠯᠳᠡᠷ ᠰᠠᠢᠵᠢᠷᠠᠭᠤᠯᠬᠤ᠂ ᠲᠡᠵᠢᠭᠡᠨ ᠦᠷᠡᠵᠢᠭᠦᠯᠬᠦ ᠬᠡᠪᠴᠢᠶ᠎ᠡ᠂ ᠠᠷᠠᠯᠵᠢᠶᠠᠨ᠎ᠤ ᠲᠣᠭ᠎ᠠ ᠬᠡᠮᠵᠢᠶ᠎ᠡ᠂ ᠲᠦᠷᠦᠯ ᠲᠡᠮᠳᠡᠭ᠎ᠦᠨ ᠦᠷᠳᠡᠭ᠂ ᠦᠢᠯᠡᠴᠢᠯᠡᠭᠡᠨ᠎ᠦ ᠰᠢᠰᠲᠸᠮ ᠵᠡᠷᠭᠡ 6 ᠵᠦᠢᠯ᠎ᠦᠨ ᠭᠦᠢᠴᠡᠳᠬᠡᠯ ᠲᠣᠭ᠎ᠠ ᠪᠦᠷ ᠪᠦᠭᠦ ᠤᠯᠤᠰ᠎ᠤᠨ ᠭᠠᠵᠠᠷ ᠤ᠋ᠨ ᠲᠡᠰ᠎ᠤᠨ ᠬᠤᠳᠠ᠎ᠶᠢᠨ ᠡᠮᠦᠨ᠎ᠡ ᠡᠩᠨᠡᠭᠡᠨ᠎ᠳᠦ ᠣᠷᠣᠵᠤ᠂ ᠨᠢᠭᠡᠳᠦᠭᠡᠷ ᠬᠣᠶᠠᠳᠤᠭᠠᠷ ᠭᠤᠷᠪᠠᠳᠤᠭᠠᠷ ᠠᠵᠤ ᠦᠢᠯᠡᠰ᠎ᠲᠦ ᠨᠡᠪᠲᠡᠷᠡᠪᠡ᠃
ᠲᠦᠩᠯᠢᠶᠣᠣ᠎ᠶᠢᠨ ᠠᠯᠠᠰᠢᠨ ᠦᠬᠡᠷ᠎ᠦᠨ ᠠᠵᠤ ᠦᠢᠯᠡᠰ᠎ᠦᠨ ᠬᠦᠷᠢᠶᠡᠯᠡᠩ ᠲᠣᠭᠣᠷᠢᠭ᠋ ᠲᠸ᠋ ᠨᠢᠭᠡᠨᠲᠡ ᠵᠢᠦ ᠵᠢᠶᠠᠩ ᠦᠬᠡᠷ᠎ᠤᠨ ᠮᠢᠬᠠᠨ᠎ᠤ ᠢᠳᠡᠭᠡᠨ᠎ᠤ ᠬᠢᠵᠠᠭᠠᠷᠲᠤ ᠺᠤᠮᠫᠠᠨᠢ᠂ ᠶᠠ ᠯᠦ᠍ ᠮᠠᠯᠵᠢᠯ᠎ᠤᠨ ᠲᠠᠯᠠᠪᠠᠶ ᠵᠡᠷᠭᠡ 30 ᠦᠬᠡᠷ᠎ᠦᠨ ᠮᠢᠬᠠᠨ᠎ᠤ ᠢᠳᠡᠭᠡᠨ ᠡᠳ᠋ᠰᠢᠭᠦᠯᠬᠦ ᠠᠵᠤ ᠠᠬᠤᠢᠯᠠᠯ ᠨᠤᠲᠤᠭᠰᠢᠪᠠ᠃ ᠳᠤᠰ ᠬᠦᠷᠢᠶᠡᠯᠡᠩ ᠲᠣᠭᠣᠷᠢᠭ᠋ ᠤ᠋ᠨ ᠭᠢᠨ ᠰᠠᠭᠤᠷᠢ ᠮᠥᠩᠭᠥ᠎ᠪᠡᠷ ᠬᠤᠳᠠᠯᠳᠤᠭᠠᠴᠢᠨ ᠤᠷᠢᠬᠤ ᠵᠠᠭᠪᠤᠷ᠎ᠢᠶᠠᠷ ᠦᠬᠡᠷ᠎ᠦᠨ ᠠᠵᠤ ᠦᠢᠯᠡᠰ᠎ᠦᠨ ᠬᠥᠭᠵᠢᠯᠲᠡ᠎ᠶᠢ ᠢᠳᠡᠪᠬᠢᠲᠡᠢ ᠠᠬᠢᠭᠤᠯᠵᠤ᠂ ᠠᠯᠠᠰᠢᠨ ᠦᠬᠡᠷ᠎ᠦᠨ ᠠᠵᠤ ᠦᠢᠯᠡᠰ᠎ᠦᠨ ᠬᠡᠯᠬᠢᠶ᠎ᠡ᠎ᠶᠢ ᠪᠦᠭᠦ ᠲᠠᠯ᠎ᠠ᠎ᠪᠠᠷ ᠤᠷᠲᠤᠳᠬᠠᠨ᠂ 《ᠲᠦᠩᠯᠢᠶᠣᠣ᠎ᠶᠢᠨ ᠦᠬᠡᠷ᠎ᠦᠨ ᠮᠢᠬ᠎ᠠ》 ᠵᠢᠨ ᠨᠠᠷᠠᠲᠤ ᠲᠡᠮᠳᠡᠭᠲᠦ᠎ᠶᠢᠨ ᠦᠨ᠎ᠡ ᠥᠷᠲᠡᠭ᠎ᠢ ᠬᠠᠮᠤᠭ᠎ᠤᠨ ᠶᠡᠬᠡᠪᠡᠷ ᠪᠡᠶᠡᠯᠡᠭᠦᠯᠵᠦ᠂ ᠤᠯᠤᠰ᠎ᠤᠨ ᠳᠣᠲᠣᠭᠠᠳᠤ᠎ᠶᠢᠨ ᠬᠠᠮᠤᠭ᠎ᠤᠨ ᠲᠣᠮᠣ᠌ ᠦᠬᠡᠷ᠎ᠦᠨ ᠮᠢᠬᠠᠨ᠎ᠤ ᠪᠦᠲᠦᠭᠡᠭᠳᠡᠬᠦᠨ᠎ᠢ ᠲᠥᠪᠯᠡᠷᠡᠭᠦᠯᠦᠨ ᠲᠠᠷᠬᠠᠭᠠᠬᠤ ᠲᠥᠪ᠎ᠢ ᠪᠦᠭᠦ ᠬᠦᠴᠦᠨ᠎ᠢᠶᠡᠷ᠎ᠢᠶᠡᠨ ᠴᠣᠭᠴᠠᠯᠠᠵᠤ ᠪᠠᠢᠨ᠎ᠠ᠃
ᠵᠠᠷᠤᠳ ᠬᠣᠰᠢᠭᠤᠨ᠎ᠤ ᠵᠢᠶᠠ ᠮᠢᠶᠣᠣ ᠺᠧ ᠴᠠᠭᠠᠨ ᠢᠳᠡᠭᠡᠨ ᠡᠳ᠋ᠰᠢᠭᠦᠯᠬᠦ ᠦᠢᠯᠡᠳᠬᠡᠯ᠎ᠤᠨ ᠭᠠᠵᠠᠷ᠎ᠲᠤ ᠬᠦᠷᠬᠦᠶ᠎ᠡ᠂ ᠶᠠᠭᠤᠨ ᠤ᠋ ᠡᠮᠦᠨ᠎ᠡ᠂ᠲᠡᠷᠢ ᠲᠡᠭᠰᠢ ᠵᠢᠭᠳᠡᠷᠡᠭᠰᠡᠨ ᠰᠠᠭᠤᠯᠠᠭ᠎ᠠ ᠰᠠᠭᠤᠯᠠᠭ᠎ᠠ ᠳᠦᠬᠦᠬᠡᠢ ᠰᠦ ᠪᠣᠯᠣᠨ ᠬᠠᠪᠲᠠᠰᠤ ᠬᠠᠪᠲᠠᠰᠤ ᠭᠢᠯᠡᠢᠳᠡᠯᠠ ᠵᠦᠯᠭᠦᠭᠰᠡᠨ ᠴᠡᠪᠡᠷ ᠴᠡᠮᠴᠡᠭᠡᠷ ᠴᠠᠭᠠᠨ ᠢᠳᠡᠭᠡᠨ ᠪᠤᠯᠪᠠᠰᠤᠷᠠᠭᠤᠯᠬᠤ ᠰᠠᠪᠠ ᠨᠢᠳᠦᠨ ᠳ᠋ᠤ᠌ ᠥᠷᠲᠥᠭᠳᠡᠨᠡ᠃ ᠦᠢᠯᠡᠳᠪᠦᠷᠢ᠎ᠶᠢᠨ ᠲᠠᠰᠤᠭ᠎ᠲᠤ᠂ ᠠᠵᠢᠯᠴᠢᠳ ᠶᠠᠭ ᠴᠠᠭ᠎ᠢ ᠠᠮᠵᠢᠨ ᠴᠠᠭᠠᠨ ᠢᠳᠡᠭᠡᠡ ᠵᠢᠡᠨ ᠡᠳ᠋ᠰᠢᠭᠦᠯᠦᠨ ᠶᠠᠭᠠᠷᠠᠯᠳᠤᠵᠤ᠂ ᠰᠢᠨ᠎ᠡ ᠰᠣᠷᠭᠣᠭ ᠰᠦ ᠵᠢᠨ ᠦᠨᠦᠷ ᠨᠢ ᠪᠦᠬᠦᠢ ᠯᠡ ᠦᠢᠯᠡᠳᠪᠦᠷᠢ ᠵᠢᠨ ᠳᠡᠰᠤᠬᠢᠶᠠᠷ ᠬᠠᠩᠬᠤᠯᠵᠤ ᠪᠠᠢᠯ᠎ᠠ᠃ ᠣᠳᠣᠬᠠᠨ ᠳ᠋ᠤ᠌᠂ ᠳᠤᠰ ᠦᠢᠯᠡᠳᠬᠡᠯ ᠤ᠋ᠨ ᠭᠠᠵᠠᠷ ᠨᠢᠭᠡᠨᠲᠡ ᠰᠦ ᠵᠢᠨ ᠲᠠᠯᠬ᠎ᠠ᠎ᠶᠢᠨ ᠦᠢᠯᠡᠳᠪᠦᠷᠢᠯᠡᠯ᠎ᠤᠨ ᠲᠠᠰᠤᠭ᠂ ᠬᠤᠷᠤᠳ ᠬᠢᠬᠦ ᠲᠠᠰᠤᠭ᠂ ᠬᠥᠯᠳᠡᠭᠡᠨ ᠬᠠᠳᠠᠭᠠᠯᠠᠬᠤ ᠬᠥᠮᠥᠷᠭᠡ᠂ ᠰᠢᠨ᠎ᠡ ᠰᠣᠷᠭᠣᠭ ᠵᠢᠡᠷ ᠬᠠᠳᠠᠭᠠᠯᠠᠬᠤ ᠬᠥᠮᠥᠷᠭᠡ ᠵᠡᠷᠭᠡ᠎ᠶᠢ ᠪᠠᠢᠭᠤᠯᠤᠭᠰᠠᠨ ᠪᠥᠭᠡᠳ ᠴᠤᠯ ᠭᠠᠷ ᠤᠷᠠᠯᠠᠯ᠎ᠤᠨ ᠪᠦᠲᠦᠭᠡᠭᠳᠡᠬᠦᠨ᠂ ᠨᠡᠮᠡᠯᠲᠡ ᠡᠳ᠋ ᠦᠭᠡᠢ ᠴᠠᠭᠠᠨ ᠢᠳᠡᠭᠡᠡ ᠨᠢ ᠵᠠᠬ᠎ᠠ ᠳᠡᠯᠭᠡᠭᠦᠷ᠎ᠲᠦ ᠭᠠᠷᠤᠮᠠᠭᠴᠠ ᠬᠡᠷᠡᠭᠯᠡᠭᠴᠢᠳ᠎ᠤᠨ ᠲᠠᠭᠠᠰᠢᠶᠠᠯ᠎ᠢ ᠣᠯᠵᠤ᠂ ᠵᠢᠯ᠎ᠤᠨ ᠡᠵᠡᠩᠨᠡᠯᠲᠡ᠎ᠶᠢᠨ ᠤᠷᠤᠯᠭ᠎ᠠ ᠨᠢ 160 ᠲᠦᠮᠡᠨ ᠲᠥᠭᠥᠷᠢᠭ᠎ᠲᠦ ᠬᠦᠷᠴᠦ᠂ ᠴᠡᠪᠡᠷ ᠠᠰᠢᠭ᠋ ᠤᠷᠤᠯᠭ᠎ᠠ 40 ᠭᠠᠷᠤᠢ ᠲᠦᠮᠡᠨ ᠲᠥᠭᠥᠷᠢᠭ᠎ᠲᠦ ᠬᠦᠷᠴᠦ ᠪᠤᠢ᠃ 《ᠪᠢᠳᠡᠨ ᠤ᠋ ᠦᠢᠯᠡᠳᠬᠡᠯ ᠤ᠋ᠨ ᠭᠠᠵᠠᠷ ᠤ᠋ᠨ ᠰᠦ ᠭᠣᠣᠯᠳᠠᠭᠤ ᠲᠣᠰ ᠣᠷᠣᠨ ᠤ᠋ ᠬᠣᠷᠰᠢᠶᠠᠵᠢᠯ᠂ ᠮᠠᠯᠴᠢᠨ ᠠᠢᠯ ᠪᠣᠯᠣᠨ ᠣᠢᠷ᠎ᠠ ᠬᠠᠪᠢ ᠵᠢᠨ ᠠᠢᠯ ᠲᠣᠰᠬᠣᠨ᠎ᠠᠴᠠ ᠢᠷᠡᠯᠲᠡ᠎ᠲᠠᠢ᠂ ᠪᠢᠳᠡ ᠵᠠᠬ᠎ᠠ ᠳᠡᠯᠭᠡᠭᠦᠷ᠎ᠤᠨ ᠦᠨ᠎ᠡ᠎ᠡᠴᠡ ᠥᠨᠳᠥᠷ ᠬᠠᠩᠰᠢ᠎ᠪᠡᠷ ᠦᠨᠢᠶᠡᠨ ᠰᠦ ᠬᠤᠳᠠᠯᠳᠤᠨ ᠠᠪᠬᠤ᠎ᠶᠢᠨ ᠬᠠᠮᠲᠤ᠂ ᠨᠠᠷᠢᠯᠢᠭ᠋ ᠭᠦᠨ ᠡᠳ᠋ᠰᠢᠭᠦᠯᠵᠦ ᠪᠠᠢᠨ᠎ᠠ》 ᠭᠡᠵᠦ ᠵᠢᠶᠠ ᠮᠢᠶᠣᠣ ᠺᠧ ᠴᠠᠭᠠᠨ ᠢᠳᠡᠭᠡᠨ ᠡᠳ᠋ᠰᠢᠭᠦᠯᠬᠦ ᠦᠢᠯᠡᠳᠬᠡᠯ᠎ᠤᠨ ᠭᠠᠵᠠᠷ᠎ᠤᠨ ᠬᠠᠷᠢᠭᠤᠴᠠᠯᠭᠠᠲᠠᠨ ᠶᠠᠩ ᠵᠢᠶᠠ ᠶᠢᠩ ᠲᠠᠨᠢᠯᠴᠠᠭᠤᠯᠤᠨ᠎ᠠ᠃
ᠣᠢᠷ᠎ᠠ ᠵᠢᠨ ᠵᠢᠯ᠂ ᠲᠦᠩᠯᠢᠶᠣᠣ ᠬᠤᠳᠡ ᠵᠢᠨ ᠭᠢᠨ ᠰᠦ ᠰᠠᠭᠠᠯᠢ ᠵᠢᠨ ᠦᠢᠯᠡᠰ᠎ᠢ ᠶᠡᠬᠡ ᠬᠦᠴᠦᠨ ᠵᠢᠡᠷ ᠳᠡᠮᠵᠢᠨ ᠬᠥᠭᠵᠢᠭᠦᠯᠵᠦ᠂ ᠤᠯᠠᠮᠵᠢᠯᠠᠯᠲᠤ ᠭᠠᠷ ᠤᠷᠠᠯᠠᠯ᠎ᠢ ᠣᠲᠣ᠌ ᠦᠶ᠎ᠡ᠎ᠶᠢᠨ ᠮᠡᠷᠭᠡᠵᠢᠯ᠎ᠲᠠᠢ ᠤᠶᠠᠯᠳᠤᠭᠤᠯᠵᠤ᠂ ᠦᠢᠯᠡᠳᠪᠦᠷᠢᠯᠡᠭᠰᠡᠨ ᠬᠤᠷᠤᠳ᠂ ᠥᠷᠥᠮ᠎ᠡ᠂ ᠰᠢᠷ᠎ᠠ ᠲᠣᠰᠣ᠌ ᠵᠡᠷᠭᠡ ᠪᠦᠲᠦᠭᠡᠭᠳᠡᠬᠦᠨ ᠨᠢ ᠰᠢᠮ᠎ᠡ ᠲᠡᠵᠢᠭᠡᠯ᠎ᠢᠶᠡᠷ ᠪᠠᠶᠠᠯᠢᠭ᠋᠂ ᠠᠮᠲᠠ ᠰᠢᠮᠲᠡ ᠨᠠᠷᠢᠯᠢᠭ᠋ ᠰᠠᠢᠨ ᠪᠠᠢᠳᠠᠭ ᠵᠢᠡᠷ ᠬᠡᠷᠡᠭᠯᠡᠭᠴᠢᠳ ᠤ᠋ᠨ ᠲᠠᠭᠠᠰᠢᠶᠠᠯ᠎ᠢ ᠣᠯᠵᠤ᠂ ᠮᠠᠯᠴᠢᠳ ᠤ᠋ᠨ ᠤᠷᠤᠯᠭ᠎ᠠ ᠵᠢᠨ ᠨᠡᠮᠡᠭᠳᠡᠯ᠎ᠢ ᠪᠡᠶᠡᠯᠡᠭᠦᠯᠪᠡ᠃ 2023 ᠣᠨ᠎ᠡᠴᠡ ᠨᠠᠭᠠᠰᠢ᠂ ᠰᠦ ᠰᠠᠭᠠᠯᠢ ᠵᠢᠨ ᠭᠠᠷᠤᠯᠲᠠ 45.3 ᠲᠦᠮᠡᠨ ᠲᠣᠨ᠎ᠳᠤ ᠬᠦᠷᠴᠦ ᠂ ᠠᠳᠠᠯᠢ ᠬᠤᠭᠤᠴᠠᠭᠠᠨ᠎ᠤ ᠭᠢ᠎ᠡᠴᠡ 30.9% ᠪᠡᠷ ᠨᠡᠮᠡᠭᠳᠡᠭᠰᠡᠨ ᠪᠠᠢᠨ᠎ᠠ᠃
(ᠳᠦᠩᠯᠢᠶᠤᠤ ᠬᠤᠳᠠ᠎ᠶ᠋ᠢᠨ ᠬᠠᠮ ᠵᠠᠭᠤᠴᠢᠯᠠᠭᠤᠷ᠎ᠤᠨ ᠳᠦᠪ ᠳᠠᠢ ᠬᠠᠮᠳᠤᠷᠡᠨ ᠤᠬᠠᠭᠠᠯᠠᠪᠠ)