《ᠴᠧᠨ ᠬᠡᠦᠭᠡᠨ ᠡ᠂ ᠡᠨᠡ ᠥᠷᠯᠥᠭᠡ ᠪᠢ ᠨᠢᠭᠡᠨ ᠴᠠᠬᠢᠮ ᠮᠡᠳᠡᠭᠡ ᠣᠯᠵᠠᠢ᠂ ᠪᠠᠷᠤᠭ ᠵᠡᠮᠳᠡᠭ ᠬᠥᠮᠦᠨ᠎ᠦ᠌ ᠨᠥᠬᠥᠪᠥᠷᠢ᠎ᠶᠢᠨ ᠤᠴᠢᠷᠢ᠋ ᠬᠡᠯᠡᠵᠦ ᠪᠠᠢᠭ᠎ᠠ ᠪᠤᠯᠤᠯᠳᠠᠢ᠂ ᠮᠢᠨᠤ ᠨᠢᠳᠦ ᠡᠷᠢᠶᠡᠯᠵᠡᠭᠡᠳ ᠲᠣᠳᠣᠷᠬᠠᠢ ᠣᠯᠵᠤ ᠦᠵᠡᠬᠦ ᠦᠭᠡᠢ ᠪᠠᠢᠨ᠎ᠠ᠂ ᠴᠢ ᠨᠠᠳᠠ᠎ᠳᠤ ᠦᠵᠡᠭᠡᠳ ᠦᠭᠭᠦᠨᠡᠤᠤ?》 ᠭᠡᠵᠦ 72 ᠨᠠᠰᠤᠲᠠᠢ ᠸᠠᠩ ᠴᠢᠩ ᠯᠢᠶᠠᠨ ᠨᠠᠰᠤᠲᠠᠨ 6 ᠰᠠᠷ᠎ᠠ᠎ᠶ᠋ᠢᠨ 4᠎ᠦ᠌ ᠦᠳᠡ᠎ᠶ᠋ᠢᠨ ᠬᠣᠢᠨ᠎ᠠ ᠲᠠᠶᠠᠭ᠎ᠢᠶᠡᠨ ᠲᠤᠯᠤᠨ ᠪᠠᠶᠠᠨᠨᠠᠭᠤᠷ ᠬᠣᠲᠠ᠎ᠶ᠋ᠢᠨ ᠯᠢᠨ ᠾᠧ ᠲᠣᠭᠣᠷᠢᠭ᠎ᠤ᠋ᠨ᠎ᠵᠢᠨ ᠴᠤᠸᠠᠨ ᠵᠡᠭᠡᠯᠢ ᠭᠤᠳᠤᠮᠵᠢ᠎ᠶ᠋ᠢᠨ ᠵᠢᠶᠠᠩ ᠯᠢᠨ ᠨᠡᠢᠭᠡᠮ ᠲᠣᠭᠣᠷᠢᠭ᠎ᠤ᠋ᠨ ᠦᠢᠯᠡᠴᠢᠯᠡᠭᠡᠨ᠎ᠦ᠌ ᠲᠢᠩᠬᠢᠮᠳ᠋ᠦ᠍ ᠬᠦᠷᠴᠦ᠂ ᠲᠤᠤᠷᠵᠢᠯ᠎ᠤᠨ ᠠᠵᠢᠯᠲᠠᠨ ᠴᠧᠨ ᠰᠢᠶᠠᠨ ᠬᠤᠸᠠᠠ᠋ᠴᠠ ᠲᠤᠰᠠᠯᠠᠮᠵᠢ ᠭᠤᠶᠤᠵᠠᠢ᠃
《ᠸᠠᠩ ᠠᠨᠢᠶ᠎ᠠ᠂ ᠲᠠ ᠪᠢᠲᠡᠭᠡᠢ ᠰᠠᠨᠳᠤᠷ ᠡ᠂ ᠭᠠᠷ ᠤᠲᠠᠰᠤ᠎ᠪᠠᠨ ᠨᠠᠳᠠ᠎ᠳᠤ ᠥᠭᠭᠦᠭᠡᠴᠢ᠂ ᠪᠢ ᠲᠠᠨᠳ᠋ᠤ᠌ ᠦᠵᠡᠵᠦ ᠦᠭᠭᠦᠶ᠎ᠡ》 ᠭᠡᠳ ᠴᠧᠨ ᠰᠢᠶᠠᠨ ᠬᠤᠸᠠ ᠭᠠᠷ ᠤᠲᠠᠰᠤ᠎ᠶ᠋ᠢ ᠨᠢ ᠲᠣᠰᠴᠤ ᠠᠪᠤᠭᠠᠳ 《ᠲᠡᠢᠮᠦ ᠪᠠᠢᠨ᠎ᠠ᠂ ᠲᠠᠨ᠎ᠢ ᠵᠡᠮᠳᠡᠭ ᠬᠦᠮᠦᠨ᠎ᠤ ᠨᠥᠬᠥᠪᠥᠷᠢ ᠪᠠᠨ ᠠᠪᠤᠭᠠᠷᠠᠢ ᠭᠡᠵᠦ ᠮᠡᠳᠡᠭᠳᠡᠵᠦ ᠪᠠᠢᠨ᠎ᠠ᠃ ᠲᠠ ᠭᠡᠷᠡᠴᠢ ᠪᠢᠴᠢᠭ᠎ᠢᠶᠡᠨ ᠦᠷ᠎ᠡ ᠬᠡᠦᠬᠡᠳ᠎ᠲᠡᠭᠡᠨ ᠦᠭᠭᠦᠭᠡᠳ᠂ ᠵᠡᠮᠳᠡᠭᠴᠦᠳᠦ᠋ᠨ ᠶᠡᠷᠦᠩᠬᠡᠢᠯᠡᠭᠰᠡᠨ ᠦᠢᠯᠡᠴᠢᠯᠡᠭᠡᠨ᠎ᠦ᠌ ᠲᠥᠪ᠎ᠲᠦ᠍ ᠣᠴᠢᠵᠤ ᠭᠠᠷ ᠭᠦᠢᠴᠡᠳᠬᠡᠯ ᠬᠢᠯᠭᠡᠪᠡᠯ ᠪᠣᠯᠴᠢᠬᠠᠨ᠎ᠠ 》 ᠭᠡᠵᠦ ᠢᠨᠢᠶᠡᠮᠰᠦᠭᠯᠡᠨ ᠬᠠᠷᠢᠭᠤᠯᠤᠯ᠎ᠠ᠃
ᠵᠢᠶᠠᠩ ᠯᠢᠨ ᠨᠡᠢᠭᠡᠮ ᠲᠤᠭᠤᠷᠢᠭ᠎ᠲᠤ᠂ ᠲᠤᠤᠷᠵᠢᠯ᠎ᠤᠨ ᠠᠵᠢᠯᠲᠠᠨ ᠪᠣᠯ ᠲᠠᠷᠤᠢ ᠠᠷᠠᠳ ᠤᠯᠠᠨ᠎ᠤ 《ᠳᠣᠲᠣᠨᠣ ᠬᠠᠮᠢᠶᠠᠷᠤᠭᠴᠢ》 ᠪᠣᠯᠤᠨ᠎ᠠ᠃ ᠲᠡᠳᠡ ᠬᠠᠷᠢᠶ᠎ᠠ ᠲᠤᠭᠤᠷᠢᠭ᠎ᠲᠠᠬᠢ ᠭᠠᠭᠴᠠᠭᠠᠷ ᠰᠠᠭᠤᠭ᠎ᠠ ᠪᠤᠶᠤ ᠵᠡᠮᠳᠡᠭ ᠥᠨᠳᠥᠷ ᠨᠠᠰᠤᠲᠠᠳᠲᠤ᠌ ᠪᠦᠭᠦᠳᠡ《 ᠡᠷᠡᠭᠦᠯ ᠮᠡᠨᠳᠦ᠎ᠶ᠋ᠢᠨ ᠲᠠᠩᠰᠠ》 ᠪᠠᠢᠭᠤᠯᠵᠤ᠂ ᠬᠡᠨ ᠨᠢ ᠠᠷᠬᠠᠭ ᠡᠪᠡᠳᠴᠢᠨ᠎ᠲᠡᠢ᠂ ᠬᠡᠨ ᠨᠢ ᠬᠣᠭᠣᠯᠠ ᠬᠦᠷᠭᠡᠬᠦ ᠱᠠᠭᠠᠷᠳᠠᠯᠭ᠎ᠠ᠎ᠲᠠᠢ᠂ ᠬᠡᠨ᠎ᠳᠤ ᠨᠢ ᠲᠣᠭᠲᠠᠮᠠᠯ ᠬᠤᠭᠤᠴᠠᠭ᠎ᠠ᠎ᠪᠠᠷ ᠡᠮ ᠬᠦᠷᠭᠡᠬᠦ ᠴᠢᠬᠤᠯᠠ ᠲᠠᠢ ᠵᠡᠷᠭᠡ᠎ᠵᠢ ᠲᠤᠤᠷᠵᠢᠯ᠎ᠤᠨ ᠠᠵᠢᠯᠳᠠᠨ ᠪᠦᠷ ᠲᠤᠳᠤᠷᠬᠠᠢ ᠤᠢᠯᠠᠭᠠᠳᠠᠭ᠃ ᠨᠡᠢᠭᠡᠮ ᠲᠣᠭᠣᠷᠢᠭ ᠨᠢ ᠪᠠᠰᠠ ᠠᠳᠠᠯ ᠠᠬᠤᠢ᠎ᠶ᠋ᠢᠨ ᠺᠣᠮᠫᠠᠨᠢ᠎ᠲᠠᠢ ᠬᠣᠯᠪᠣᠭᠠᠯᠠᠨ᠂ ᠭᠠᠭᠴᠠᠭᠠᠷ ᠰᠠᠭᠤᠭ᠎ᠠ ᠨᠠᠰᠤᠲᠠᠳᠲᠤ᠌ ᠭᠡᠷ᠎ᠲᠤ ᠨᠢ ᠬᠦᠷᠭᠡᠬᠦ ᠦᠢᠯᠡᠴᠢᠯᠡᠭᠡ ᠬᠠᠩᠭᠠᠵᠤ᠂ ᠬᠠᠢᠷ᠎ᠠ ᠬᠠᠯᠠᠮᠵᠢ᠎ᠵᠢ ᠵᠢᠩᠬᠢᠨᠢ᠎ᠪᠡᠷ ᠠᠷᠠᠳ ᠤᠯᠠᠨ᠎ᠤ ᠡᠭᠦᠳᠡᠨ᠎ᠳᠤᠨᠢ ᠬᠦᠷᠭᠡᠭᠰᠡᠨ ᠪᠠᠢᠨ᠎ᠠ᠃ 《ᠨᠢᠳᠤᠨᠤᠨ ᠡᠪᠦᠯ ᠪᠢ ᠨᠢᠭᠡ ᠪᠠᠭ᠎ᠠ ᠮᠡᠰᠡ ᠵᠠᠰᠠᠯ ᠬᠢᠪᠡ᠂ ᠲᠤᠤᠷᠵᠢᠯ᠎ᠤᠨ ᠠᠵᠢᠯᠳᠠᠨ ᠹᠠᠨ ᠮᠢᠨ ᠬᠣᠶᠠᠷ ᠡᠳᠦᠷ ᠨᠠᠳᠠ᠎ᠶ᠋ᠢ ᠣᠯᠵᠤ ᠬᠠᠷᠠᠭᠰᠠᠨ ᠦᠭᠡᠢ ᠪᠤᠯᠤᠭᠰᠠᠨ᠎ᠳᠤ ᠳᠠᠷᠤᠢ ᠤᠲᠠᠰᠤ᠎ᠪᠠᠷ ᠶᠠᠷᠢᠨ ᠪᠠᠢᠳᠠᠯ᠎ᠢ᠋ ᠠᠰᠠᠭᠤᠪᠠ᠃ ᠲᠡᠳᠡ ᠨᠠᠳᠠᠳ᠋ᠤ᠌ ᠣᠯᠠᠨ ᠠᠰᠠᠭᠤᠳᠠᠯ ᠰᠢᠢᠳᠪᠦᠷᠢᠯᠡᠵᠦ ᠥᠭᠴᠦ ᠮᠢᠨᠦ ᠰᠡᠳᠬᠢᠯ᠎ᠢ᠋ ᠶᠡᠬᠡᠳᠡ ᠳᠣᠭᠳᠣᠯᠤᠭᠤᠯᠵᠠᠢ 》 ᠭᠡᠵᠦ ᠨᠡᠢᠭᠡᠮ ᠲᠤᠭᠤᠷᠢᠭ᠎ᠤᠨ ᠰᠠᠭᠤᠭᠠᠯᠢ ᠠᠷᠠᠳ ᠴᠧᠨ ᠬᠤᠢ ᠶᠤᠸᠠᠨ ᠨᠠᠰᠤᠲᠠᠨ ᠶᠠᠷᠢᠨ᠎ᠠ᠃
ᠣᠢᠷ᠎ᠠ᠎ᠶ᠋ᠢᠨ ᠵᠢᠯ᠎ᠡᠴᠡ ᠨᠡᠭᠠᠰᠢ᠂ ᠪᠠᠶᠠᠨᠨᠠᠭᠤᠷ ᠬᠣᠲᠠ ᠪᠦᠬᠦ ᠲᠠᠯ᠎ᠠ᠎ᠪᠠᠷ ᠲᠣᠣᠷᠵᠢᠭᠤᠯᠤᠭᠰᠠᠨ ᠵᠠᠰᠠᠯᠲᠠ᠎ᠶ᠋ᠢ ᠬᠡᠷᠡᠭᠵᠢᠭᠦᠯᠵᠦ᠂ 2892 ᠨᠡᠢᠭᠡᠮ ᠲᠣᠭᠣᠷᠢᠭ᠎ᠤ᠋ᠨ ᠲᠣᠣᠷᠴᠢᠯᠠᠭᠰᠠᠨ ᠲᠤᠭᠤᠢᠯᠠᠩ ᠪᠠ ᠲᠤᠰᠬᠠᠢ ᠬᠠᠷᠢᠶᠠᠲᠤ ᠲᠣᠣᠷᠴᠢᠯᠠᠭᠰᠠᠨ ᠲᠤᠭᠤᠢᠯᠠᠩ ᠬᠤᠪᠢᠶᠠᠵᠤ᠂ 719 ᠲᠤᠰᠬᠠᠢ ᠲᠤᠤᠷᠵᠢᠯ᠎ᠤᠨ ᠠᠵᠢᠯᠲᠠᠨ ᠲᠣᠬᠢᠷᠠᠭᠤᠯᠵᠠᠢ᠃ 《ᠬᠣᠣᠰ ᠪᠦᠷᠢᠳᠭᠡᠭᠦᠯᠬᠦ᠂ ᠬᠣᠣᠰ ᠦᠢᠯᠡᠴᠢᠯᠡᠭᠡ᠂ ᠬᠣᠣᠰ ᠬᠠᠷᠢᠭᠤ ᠮᠡᠳᠡᠭᠦᠯᠦᠯᠲᠡ》᠎ᠶ᠋ᠢᠨ ᠠᠵᠢᠯᠯᠠᠭ᠎ᠠ᠎ᠪᠠᠷ ᠳᠠᠮᠵᠢᠨ᠂ ᠬᠣᠲᠠ᠂ ᠬᠣᠰᠢᠭᠤ ᠰᠢᠶᠠᠨ ᠲᠣᠭᠣᠷᠢᠭ᠎ᠤ᠋ᠨ 1028 ᠨᠢᠭᠡᠴᠢ 149 ᠨᠡᠢᠭᠡᠮ ᠲᠣᠭᠣᠷᠢᠭ᠎ᠯᠤᠭ᠎ᠠ ᠬᠤᠯᠪᠤᠭᠠᠯᠠᠨ ᠠᠷᠠᠳ᠎ᠤ᠋ᠨ ᠠᠮᠢᠳᠤᠷᠠᠯ᠎ᠤ᠋ᠨ ᠲᠥᠷᠥᠯ ᠵᠦᠢᠯ᠎ᠢ᠋ ᠡᠷᠬᠢᠯᠡᠵᠦ᠂ 2.25 ᠲᠦᠮᠡᠨ ᠨᠡᠷᠡᠰ ᠲᠤᠰᠢᠶᠠᠯᠳ᠋ᠤ᠌ ᠪᠠᠢᠭ᠎ᠠ ᠨᠠᠮ᠎ᠤ᠋ᠨ ᠭᠡᠰᠢᠭᠦᠨ ᠨᠡᠢᠭᠡᠮ ᠲᠣᠭᠣᠷᠢᠭ᠎ᠲᠤ᠌ ᠭᠦᠨᠵᠡᠭᠡᠢᠷᠡᠵᠦ᠂ ᠰᠠᠭᠤᠷᠢ ᠲᠥᠬᠥᠭᠡᠷᠦᠮᠵᠢ᠎ᠶ᠋ᠢ ᠥᠭᠡᠷᠡᠴᠢᠯᠡᠨ ᠪᠠᠢᠭᠤᠯᠬᠤ᠂ ᠣᠷᠴᠢᠨ ᠲᠣᠭᠣᠷᠢᠨ᠎ᠢ᠋ ᠴᠡᠭᠴᠡᠯᠡᠨ ᠵᠠᠰᠠᠬᠤ ᠵᠡᠷᠭᠡ ᠠᠷᠠᠳ᠎ᠤ᠋ᠨ ᠠᠮᠢᠳᠤᠷᠠᠯ᠎ᠤ᠋ᠨ ᠪᠣᠳᠠᠲᠤ ᠶᠠᠪᠤᠳᠠᠯ᠎ᠢ᠋ ᠨᠡᠢᠲᠡ 4000 ᠭᠠᠷᠤᠢ ᠬᠤᠪᠢ ᠰᠢᠢᠳᠪᠦᠷᠢᠯᠡᠪᠡ᠃
《ᠦᠨᠳᠦᠰᠦᠲᠡᠨ᠎ᠨᠤᠭᠦᠳ᠎ᠤᠨ ᠠᠬ᠎ᠠ ᠳᠡᠭᠦᠦ ᠨᠠᠷ ᠪᠦᠯᠬᠦᠮᠳᠡᠨ ᠨᠢᠭᠲᠠᠷᠠᠵᠤ᠂ ᠬᠠᠷᠢᠯᠴᠠᠨ ᠬᠠᠪᠰᠤᠷᠤᠯᠴᠠᠵᠤ᠂ ᠠᠨᠠᠷ᠎ᠤ᠋ᠨ ᠦᠷ᠎ᠡ ᠰᠢᠭ ᠨᠢᠭᠲᠠᠷᠠᠬᠤ ᠬᠡᠷᠡᠭᠲᠡᠢ》 ᠭᠡᠵᠦ ᠤᠷᠠᠳ᠎ᠤ᠋ᠨ ᠡᠮᠦᠨᠡᠲᠦ ᠬᠤᠰᠢᠭᠤᠨ᠎ᠤ᠋ ᠷᠦᠢ᠎ᠲᠠᠢ ᠨᠡᠢᠭᠡᠮ ᠲᠣᠭᠣᠷᠢᠭ᠎ᠲᠤ᠌ ᠨᠢᠭᠡᠨ ᠠᠬᠠᠮᠠᠳ ᠨᠠᠮ᠎ᠤ᠋ᠨ ᠭᠡᠰᠢᠭᠦᠨ ᠰᠠᠭᠤᠭᠠᠯᠢ ᠠᠷᠠᠳ᠎ᠲᠤ᠌ ᠨᠠᠮ᠎ᠤ᠋ᠨ ᠬᠠᠮᠢᠶ᠎ᠠ ᠪᠦᠬᠦᠢ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ ᠶᠠᠷᠢᠵᠤ ᠪᠠᠢᠯ᠎ᠠ᠃ ᠦᠨᠳᠦᠰᠦᠨ ᠱᠠᠲᠤᠨ᠎ᠤ᠋ ᠤᠬᠠᠭᠤᠯᠤᠨ ᠲᠠᠢᠯᠪᠤᠷᠢᠯᠠᠬᠤ ᠠᠵᠢᠯ᠎ᠢ᠋ ᠰᠠᠢᠲᠤᠷ ᠬᠢᠬᠦ᠎ᠶ᠋ᠢᠨ ᠲᠥᠯᠥᠭᠡ ᠲᠤᠰ ᠬᠣᠰᠢᠭᠤ ᠨᠠᠮ ᠣᠯᠠᠨ ᠲᠦᠮᠡᠨ᠎ᠦ᠌ ᠦᠢᠯᠡᠴᠢᠯᠡᠭᠡᠨ᠎ᠦ᠌ ᠲᠦᠪᠲᠤ᠌ ᠲᠦᠰᠢᠭᠯᠡᠨ᠂ ᠨᠡᠢᠭᠡᠮ ᠲᠣᠭᠣᠷᠢᠭ᠎ᠲᠤ᠌ ᠰᠠᠭᠤᠭ᠎ᠠ ᠬᠠᠮᠲᠤ ᠪᠡᠷ ᠪᠦᠲᠦᠭᠡᠨ ᠪᠠᠢᠭᠤᠯᠬᠤ ᠪᠠᠢᠭᠤᠯᠭ᠎ᠠ᠎ᠶᠢᠨ ᠬᠠᠷᠢᠭᠤᠴᠠᠯᠭᠠᠲᠠᠨ᠂ ᠨᠠᠮ᠎ᠤ᠋ᠨ ᠰᠤᠷᠭᠠᠭᠤᠯᠢ᠎ᠶ᠋ᠢᠨ ᠪᠠᠭᠰᠢ ᠵᠡᠷᠭᠡ᠎ᠶ᠋ᠢ ᠲᠣᠭᠲᠠᠭᠰᠠᠨ ᠬᠤᠭᠤᠴᠠᠭ᠎ᠠ᠎ᠲᠠᠢ᠎ᠪᠠᠷ ᠤᠷᠢᠵᠤ ᠨᠡᠢᠭᠡᠮ ᠲᠣᠭᠣᠷᠢᠭ᠎ᠲᠤ᠌ ᠤᠬᠠᠭᠤᠯᠤᠨ ᠲᠠᠢᠯᠪᠤᠷᠢᠯᠠᠯᠲᠠ ᠬᠢᠯᠭᠡᠵᠦ᠂ 《ᠨᠠᠮ᠎ᠤ᠋ᠨ ᠠᠴᠢᠳ᠋ᠦ᠍ ᠲᠠᠯᠠᠷᠬᠠᠵᠤ᠂ ᠨᠠᠮ᠎ᠤ᠋ᠨ ᠦᠭᠡ᠎ᠶ᠋ᠢ ᠰᠣᠨᠣᠰᠴᠤ᠂ ᠨᠠᠮᠢ᠋ᠶ᠋ᠠᠨ ᠳᠠᠭᠠᠨ ᠤᠷᠤᠬᠰᠢᠯᠠᠬᠤ 》 ᠢᠲᠡᠭᠡᠯ ᠵᠣᠷᠢᠭᠢ᠋ ᠣᠯᠠᠨ ᠲᠦᠮᠡᠨ᠎ᠦ᠌ ᠰᠡᠳᠬᠢᠯ᠎ᠳ᠋ᠦ᠍ ᠰᠣᠶᠣᠭᠠᠯᠠᠭᠤᠯᠵᠠᠢ᠃ 《ᠤᠳᠠᠭ᠎ᠠ ᠪᠣᠯᠭᠠᠨ ᠢᠷᠡᠵᠦ ᠤᠬᠠᠭᠤᠯᠤᠨ ᠲᠠᠢᠯᠪᠤᠷᠢᠯᠠᠬᠤ᠎ᠶ᠋ᠢ ᠰᠣᠨᠣᠰᠬᠤ ᠨᠢ ᠨᠠᠮ᠎ᠤ᠋ᠨ ᠲᠥᠷᠥ᠎ᠶ᠋ᠢᠨ ᠪᠣᠳᠣᠯᠭ᠎ᠠ᠎ᠶ᠋ᠢ ᠣᠢᠯᠠᠭᠠᠵᠤ ᠴᠢᠳᠠᠬᠤ᠎ᠪᠠᠷ ᠪᠠᠷᠠᠬᠤ ᠦᠭᠡᠢ ᠪᠠᠰᠠ ᠬᠦᠷᠰᠢ ᠵᠡᠷᠭᠡᠯᠡᠳᠡᠭᠡ᠎ᠶ᠋ᠢᠨ ᠬᠠᠷᠢᠯᠴᠠᠨ ᠲᠤᠰᠠᠯᠠᠯᠴᠠᠵᠤ ᠲᠡᠳᠭᠦᠬᠰᠡᠨ ᠰᠠᠢᠬᠠᠨ ᠦᠯᠢᠭᠡᠷ᠎ᠢ᠋ ᠰᠣᠨᠣᠰᠴᠤ ᠴᠢᠳᠠᠨ᠎ᠠ᠂ ᠡᠨᠡ ᠨᠢ ᠪᠢᠲᠡᠨ᠎ᠤ ᠰᠡᠳᠬᠢᠯ ᠰᠠᠨᠠᠭ᠎ᠠ᠎ᠵᠢ ᠶᠡᠭᠡᠳᠡ ᠰᠠᠷᠠᠭᠤᠯᠵᠢᠭᠤᠯᠤᠨ᠎ᠠ 》 ᠭᠡᠵᠦ ᠰᠠᠭᠤᠭᠠᠯᠢ ᠠᠷᠠᠳ ᠴᠡᠩᠬᠡᠯ ᠬᠡᠯᠡᠨ᠎ᠡ᠃
ᠳ᠋ᠧᠩᠺᠧᠦ ᠰᠢᠶᠠᠨᠦ᠌ ᠾᠧ ᠫᠢᠩ ᠨᠡᠢᠭᠡᠮ ᠲᠤᠭᠤᠷᠢᠭ᠎ᠤᠨ《ᠦᠳᠡ᠎ᠶᠢᠨ ᠬᠤᠢᠨ᠎ᠠ᠎ᠶᠢᠨ ᠲᠠᠪᠤᠨ ᠴᠠᠭ᠎ᠤᠨ ᠬᠢᠴᠢᠶᠡᠯ᠎ᠤᠨ ᠲᠢᠩᠬᠢᠮ 》ᠲᠡᠭᠡᠷ᠎ᠡ ᠂ ᠤᠷᠠᠨ ᠵᠢᠷᠤᠭ᠎ᠤ᠋ᠨ ᠪᠠᠭᠰᠢ ᠶᠠᠭ ᠬᠡᠦᠬᠡᠳᠤᠳᠲᠦ᠍ ᠬᠠᠭᠤᠴᠢᠨ ᠰᠣᠨᠢᠨ᠎ᠢᠶᠡᠷ 《ᠴᠠᠭᠠᠰᠤᠨ ᠴᠡᠴᠡᠭ》 ᠨᠤᠭᠤᠯᠬᠤ᠎ᠵᠢ ᠵᠢᠭᠠᠨ᠎ᠠ᠃ ᠡᠨᠡ ᠬᠦ᠌ ᠨᠡᠢᠭᠡᠮ ᠲᠣᠭᠣᠷᠢᠭ᠎ᠤ᠋ᠨ ᠠᠵᠢᠯᠲᠠᠨ ᠪᠣᠯᠤᠨ ᠰᠠᠢᠨ ᠲᠤᠷᠠᠴᠤᠳᠠ᠋ᠴᠠ ᠬᠠᠮᠲᠤ ᠪᠠᠷ ᠵᠢᠵᠢᠭᠦᠷᠯᠡᠵᠦ ᠪᠠᠢᠭ᠎ᠠ ᠬᠢᠴᠢᠶᠡᠯ᠎ᠦ᠋ᠨ ᠳᠠᠷᠠᠭᠠᠬᠢ ᠨᠠᠢᠳᠠᠨ ᠬᠠᠮᠢᠶᠠᠷᠤᠯᠲᠠ᠎ᠶ᠋ᠢᠨ ᠭᠠᠵᠠᠷ᠎ᠲᠤ ᠂ ᠣᠶᠤᠲᠠᠨ ᠰᠠᠢᠨ ᠲᠤᠷᠠᠴᠤᠳ ᠡᠭᠡᠯᠵᠢᠯᠡᠨ ᠬᠡᠦᠬᠡᠳ᠎ᠤᠨ ᠲᠠᠰᠬᠠᠯ ᠬᠢᠬᠦ᠎ᠵᠢ ᠬᠠᠪᠰᠤᠷᠤᠨ ᠵᠢᠯᠣᠭᠣᠳᠴᠤ᠂ ᠲᠠᠮᠢᠷ᠎ᠤ᠋ᠨ ᠪᠠᠭᠰᠢ ᠨᠠᠷ ᠬᠡᠦᠬᠡᠳ᠎ᠢ ᠲᠠᠭᠠᠭᠤᠯᠤᠨ ᠲᠣᠭᠯᠠᠭᠠᠮ ᠬᠢᠯᠭᠡᠵᠦ ᠂ ᠨᠡᠢᠭᠡᠮ ᠲᠣᠭᠣᠷᠢᠭ᠎ᠡᠴᠡ ᠪᠠᠰᠠ ᠲᠣᠭᠲᠠᠮᠠᠯ ᠪᠤᠰᠤ ᠬᠤᠭᠤᠴᠠᠭ᠎ᠠ᠎ᠲᠠᠢ᠎ᠪᠠᠷ ᠭᠠᠷ ᠤᠷᠠᠴᠤᠳᠢ᠋ ᠤᠷᠢᠵᠤ ᠬᠡᠦᠬᠡᠳᠤᠳᠲᠦ᠍ ᠭᠠᠷ ᠤᠷᠠᠯᠠᠯ ᠵᠢᠭᠠᠯᠭᠠᠳᠠᠭ᠃《 ᠡᠵᠢ ᠮᠢᠨᠢ ᠣᠳᠣ ᠨᠠᠮᠠᠢ᠍ᠢ ᠰᠤᠷᠭᠠᠭᠤᠯᠢ ᠲᠠᠷᠬᠠᠭᠠᠳ ᠤᠴᠢᠬᠤ ᠭᠠᠵᠠᠷ ᠦᠭᠡᠢ ᠭᠡᠵᠦ ᠵᠣᠪᠠᠬᠤ ᠬᠡᠷᠡᠭ ᠦᠭᠡᠢ ᠪᠣᠯᠵᠠᠢ》 ᠭᠡᠵᠦ ᠬᠣᠶᠠᠳᠤᠭᠠᠷ ᠣᠨ᠎ᠤ᠋ ᠰᠤᠷᠤᠭᠴᠢ ᠸᠠᠩ ᠰᠢᠶᠣᠤ ᠢᠦᠢ ᠰᠠᠶᠢᠬᠠᠨ ᠵᠢᠷᠤᠭᠰᠠᠨ︽ᠨᠡᠢᠭᠡᠮ ᠲᠣᠭᠣᠷᠢᠭ᠎ᠤ᠋ᠨ ᠭᠠᠵᠠᠷ᠎ᠤ᠋ᠨ ᠵᠢᠷᠤᠭ︾ ᠵᠢᠡᠨ ᠡᠷᠭᠦᠨ ᠪᠠᠶᠠᠷᠯᠠᠨ ᠬᠡᠯᠡᠨ᠎ᠡ᠃
ᠦᠶᠤᠸᠠᠨ ᠰᠢᠶᠠᠨ᠎ᠤ᠋ ᠹᠦ ᠶᠤᠸᠠᠨ ᠨᠡᠢᠭᠡᠮ ᠲᠣᠭᠣᠷᠢᠭ᠎ᠤ᠋ᠨ ᠬᠥᠳᠡᠯᠭᠡᠭᠡᠨᠦ᠌ ᠲᠠᠰᠤᠭ᠎ᠲᠤ᠌ ᠤᠷᠤᠬᠤ᠎ᠳᠤ ᠂ ᠫᠢᠩᠫᠠᠩ ᠪᠥᠮᠪᠥᠭᠡ᠎ᠶ᠋ᠢᠨ ᠲᠤᠭᠤᠷᠢᠭ᠎ᠲᠤ ᠨᠠᠰᠤᠲᠠᠢᠴᠤᠳ ᠭᠠᠷ ᠡᠷᠭᠢᠭᠦᠯᠦᠨ ᠰᠢᠷᠦᠭᠦᠨ ᠪᠠᠢᠯᠳᠤᠵᠤ᠂ ᠬᠥᠯᠥᠰᠥ ᠠᠰᠬᠠᠷᠠᠭᠤᠯᠤᠨ ᠪᠡᠶ᠎ᠡ ᠪᠠᠨ ᠪᠤᠯᠪᠠᠰᠤᠷᠠᠨ᠎ᠠ ᠂ ᠰᠢᠳᠡᠷ᠎ᠡ ᠬᠥᠵᠥᠷᠦ᠋ᠨ ᠰᠢᠷᠡᠭᠡᠨ ᠳᠡᠭᠡᠷᠡᠬᠢ ᠰᠢᠳᠡᠷ᠎ᠡ᠎ᠶ᠋ᠢᠨ ᠠᠨᠳᠠ ᠨᠠᠷ ᠰᠡᠳᠬᠢᠯ ᠰᠠᠨᠠᠭ᠎ᠠ᠎ᠪᠠᠨ ᠲᠥᠪᠯᠡᠷᠡᠭᠦᠯᠦᠨ ᠰᠢᠳᠡᠷ᠎ᠡ ᠲᠤᠭᠯᠠᠨ᠎ᠠ᠃ 《ᠨᠡᠢᠭᠡᠮ ᠲᠣᠭᠣᠷᠢᠭ᠎ᠤ᠋ᠨ ᠠᠵᠢᠯᠲᠠᠳ ᠪᠢᠲᠡᠨ᠎ᠤ ᠲᠦᠯᠦᠭᠡ ᠨᠢᠮᠪᠠᠢ ᠪᠣᠳᠣᠵᠤ᠂ ᠪᠢᠲᠡᠨ᠎ᠢ ᠬᠠᠯᠲᠤᠷᠢᠬᠤᠠ᠋ᠴᠠ ᠪᠣᠯᠭᠣᠮᠵᠢᠯᠠᠵᠤ᠂ ᠫᠢᠩᠫᠠᠩ ᠪᠥᠮᠪᠥᠭᠡ᠎ᠶ᠋ᠢᠨ ᠥᠷᠥᠭᠡᠳ᠋ᠦ᠍ ᠬᠠᠯᠲᠤᠷᠢᠬᠤᠠ᠋ᠴᠠ ᠰᠡᠷᠭᠡᠢᠯᠡᠬᠦ ᠱᠠᠯᠠ ᠳᠡᠪᠢᠰᠴᠡᠢ》 ᠭᠡᠵᠦ ᠰᠠᠭᠤᠭᠠᠯᠢ ᠠᠷᠠᠳ ᠯᠢ ᠵᠢᠶᠦ᠋ᠨ ᠱᠧᠩ ᠶᠠᠷᠢᠵᠤ ᠪᠠᠢᠯ᠎ᠠ᠃
ᠨᠡᠢᠭᠡᠮ ᠲᠣᠭᠣᠷᠢᠭ᠎ᠤ᠋ᠨ ᠠᠵᠢᠯ᠎ᠤᠨ ᠨᠢᠭᠡ ᠦᠵᠦᠭᠦᠷ ᠨᠢ ︽ᠵᠢᠷᠭᠠᠬᠤ ᠨᠠᠷᠠ︾ᠲᠡᠢ ᠬᠣᠯᠪᠣᠯᠳᠤᠵᠤ᠂ ᠨᠦᠬᠦᠭᠡ ᠦᠵᠦᠭᠦᠷ ᠨᠢ︽ᠦᠷ᠎ᠤᠨ ᠲᠤᠶᠠᠭ᠎ᠠ︾᠎ᠲᠠᠢ ᠬᠣᠯᠪᠣᠯᠳᠤᠨᠠ᠂ ᠡᠨᠡ︽ᠨᠢᠭᠡ ᠬᠦᠭᠰᠢᠨ ᠨᠢᠭᠡ ᠨᠢᠯᠬ᠎ᠠ︾ᠪᠣᠯ ᠨᠡᠢᠭᠡᠮ ᠲᠣᠭᠣᠷᠢᠭ᠎ᠤ᠋ᠨ ᠬᠠᠮᠤᠭ᠎ᠤ᠋ᠨ ᠬᠠᠯᠠᠭᠤᠨ ᠳᠣᠲᠣᠨᠣ ᠬᠠᠯᠠᠮᠵᠢ ᠪᠣᠯᠤᠨ᠎ᠠ᠃ ᠪᠠᠶᠠᠨᠨᠠᠭᠤᠷ ᠬᠣᠲᠠ ᠨᠢ ᠨᠠᠮ ᠣᠯᠠᠨ ᠲᠦᠮᠡᠨ᠎ᠦ᠌ ᠦᠢᠯᠡᠴᠢᠯᠡᠭᠡᠨ᠎ᠦ᠌ ᠲᠥᠪ᠂ ᠨᠠᠰᠤᠵᠢᠯ᠎ᠤ᠋ᠨ ᠲᠥᠪ᠂ ᠬᠡᠦᠬᠡᠳ᠎ᠦ᠋ᠨ ᠭᠡᠷ ᠤᠷᠤᠨ ᠵᠡᠷᠭᠡ ᠵᠢᠭᠰᠠᠭᠠᠯ᠎ᠤ᠋ᠨ ᠭᠠᠵᠠᠷ᠎ᠲᠤ᠌ ᠲᠦᠰᠢᠭᠯᠡᠨ᠂ 《ᠨᠠᠮ᠎ᠤ᠋ᠨ ᠪᠠᠢᠭᠤᠯᠤᠯᠲᠠ + ᠣᠯᠠᠨ ᠡᠰᠢᠲᠦ ᠬᠡᠷᠡᠭ ᠵᠥᠪᠯᠡᠬᠦ》 ᠵᠠᠭᠪᠤᠷ᠎ᠢ᠋ ᠴᠤᠭᠴᠠᠯᠠᠵᠤ᠂ ᠨᠠᠰᠤᠲᠠᠢᠴᠤᠳ ᠪᠣᠯᠤᠨ ᠬᠡᠦᠬᠡᠳᠢ᠋ ᠬᠥᠲᠥᠯᠦᠨ ᠵᠢᠯᠣᠭᠣᠳᠴᠤ ᠬᠠᠮᠲᠤ ᠪᠠᠷ ᠨᠡᠢᠭᠡᠮ ᠲᠣᠭᠣᠷᠢᠭ᠎ᠤ᠋ᠨ ᠵᠠᠰᠠᠯᠲᠠᠳ᠋ᠤ᠌ ᠣᠷᠣᠯᠴᠠᠭᠤᠯᠵᠤ᠂ 《ᠬᠦᠭᠰᠢᠨ ᠬᠡᠦᠬᠡᠳ ᠬᠠᠮᠲᠤ ᠪᠠᠷ ᠡᠳ᠋ᠯᠡᠬᠦ》 ᠰᠠᠢᠨ ᠳᠤᠷ᠎ᠠ᠎ᠶ᠋ᠢᠨ ᠦᠢᠯᠡᠴᠢᠯᠡᠭᠡᠨ᠎ᠦ᠌ ᠰᠢᠨ᠎ᠡ ᠬᠡᠪ ᠰᠤᠷᠲᠠᠯᠢ᠋ ᠪᠦᠷᠢᠯᠳᠦᠭᠦᠯᠪᠡ᠃
《ᠣᠳᠣ ᠨᠡᠢᠭᠡᠮ ᠲᠣᠭᠣᠷᠢᠭ᠎ᠤ᠋ᠨ ᠠᠵᠢᠯ ᠶᠠᠪᠤᠬᠤ ᠳᠣᠳᠣᠮ ᠪᠣᠳᠠᠲᠠᠢ ᠪᠣᠯᠤᠭᠰᠠᠨ ᠨᠢ ᠦᠨᠳᠦᠰᠦᠨ ᠱᠠᠲᠤᠨ᠎ᠤ᠋ ᠳᠠᠷᠤᠭᠠᠰᠤ ᠬᠥᠩᠭᠡᠷᠡᠭᠰᠡᠨᠤ ᠰᠠᠢᠨ ᠶᠤᠮ᠃ ᠥᠩᠭᠡᠷᠡᠭᠰᠡᠨ᠎ᠳ᠋ᠦ᠍ ᠭᠠᠷ ᠤᠲᠠᠰᠤᠨ ᠳᠣᠲᠣᠷ᠎ᠠ ᠬᠣᠷᠢ ᠭᠤᠴᠢᠨ ᠵᠢᠷᠬᠢᠶ᠎ᠠ ᠵᠢᠨ ᠴᠤᠭᠯᠠᠷᠠᠯ ᠪᠠᠢᠵᠤ᠂ ᠠᠯᠪᠠᠨ ᠰᠢᠷᠡᠭᠡᠨ ᠳᠡᠭᠡᠷᠡᠬᠢ ᠪᠢᠴᠢᠭ ᠮᠠᠲ᠋ᠧᠷᠢᠶᠠᠯ ᠠᠭᠤᠯᠠ ᠮᠡᠲᠦ ᠣᠪᠣᠭᠠᠷᠠᠵᠤ᠂ ᠦᠨᠳᠦᠰᠦᠨ ᠱᠠᠲᠤᠨᠳ᠋ᠤ᠌ ᠪᠠᠭᠤᠬᠤ ᠵᠠᠪ ᠣᠭᠲᠣ ᠠᠯᠠᠭ᠎ᠠ ᠃ ᠣᠳᠣ ᠦᠨᠳᠦᠰᠦᠨ ᠱᠠᠲᠤᠨ᠎ᠤ ᠳᠠᠷᠤᠭᠠᠰᠤ ᠬᠥᠩᠭᠡᠷᠡᠵᠦ᠂ ᠪᠢᠳᠡ ᠡᠳᠦᠷ ᠪᠣᠯᠭᠠᠨ ᠣᠯᠠᠨ ᠲᠦᠮᠡᠨ᠎ᠦ᠌ ᠳᠤᠮᠳᠠ ᠭᠦᠨᠵᠡᠭᠡᠢᠷᠡᠵᠦ᠂ ᠠᠷᠠᠳ ᠣᠯᠠᠨᠳ᠋ᠤ᠌ ᠪᠤᠳᠠᠲᠠᠢ ᠠᠵᠢᠯ ᠬᠢᠬᠦ ᠡᠷᠴᠢ ᠵᠣᠷᠢᠭ ᠨᠡᠩ ᠲᠡᠭᠦᠯᠳᠡᠷ ᠪᠣᠯᠵᠠᠢ︾ ᠭᠡᠵᠦ ᠵᠢᠶᠠᠩ ᠯᠢᠨ ᠨᠡᠢᠭᠡᠮ ᠲᠣᠭᠣᠷᠢᠭ᠎ᠤ᠋ᠨ ᠲᠤᠤᠷᠵᠢᠯ᠎ᠤᠨ ᠠᠵᠢᠯᠲᠠᠨ ᠹᠠᠨ ᠮᠢᠨ ᠰᠡᠳᠭᠢᠯ ᠲᠤᠭᠳᠤᠯᠤᠨ ᠬᠡᠯᠡᠨ᠎ᠡ᠃
ᠪᠠᠶᠠᠨᠨᠠᠭᠤᠷ ᠬᠣᠲᠠ ᠦᠷᠭᠦᠯᠵᠢᠯᠡᠭᠰᠡᠨ ᠴᠢᠨᠠᠷᠲᠠᠢ ᠪᠡᠷ ᠬᠡᠯᠪᠡᠷᠢᠴᠢ ᠦᠵᠡᠯ᠎ᠢ ᠵᠠᠰᠠᠨ ᠴᠡᠭᠴᠡᠯᠡᠬᠦ᠎ᠵᠢ ᠭᠦᠨᠵᠡᠭᠡᠢᠷᠡᠭᠦᠯᠦᠨ ᠦᠨᠳᠦᠰᠦᠨ ᠱᠠᠲᠤᠨ᠎ᠤ᠋ ᠳᠠᠷᠤᠭᠠᠰᠤ᠎ᠶ᠋ᠢ ᠬᠥᠩᠭᠡᠷᠡᠭᠦᠯᠵᠦ᠂ ᠤᠷᠢᠳ ᠬᠤᠵᠢᠳ 4075 ᠫᠠᠢᠰᠠ ᠲᠡᠮᠳᠡᠭ᠎ᠢ᠋ ᠬᠠᠰᠤᠨ ᠠᠷᠢᠯᠭᠠᠵᠤ᠂ ᠨᠡᠢᠭᠡᠮ ᠲᠤᠭᠤᠷᠢᠭ᠎ᠤᠨ ᠶᠡᠷᠦᠩᠬᠡᠢᠯᠡᠭᠰᠡᠨ ᠴᠣᠩᠬᠣᠪᠴᠢ᠎ᠶ᠋ᠢ 5 ᠪᠣᠯᠭᠠᠨ ᠴᠣᠮᠬᠠᠳᠬᠠᠵᠤ᠂ ᠬᠢᠨᠠᠨ ᠪᠠᠢᠴᠠᠭᠠᠬᠤ ᠬᠢᠨᠠᠨ ᠰᠢᠯᠭᠠᠬᠤ ᠠᠵᠢᠯ᠎ᠤ᠋ᠨ ᠳᠠᠷᠤᠭᠠᠰᠤ᠎ᠶ᠋ᠢ 5 ᠬᠤᠪᠢ᠎ᠵᠢ ᠨᠢ ᠬᠠᠰᠤᠵᠤ᠂ ᠨᠡᠢᠭᠡᠮ ᠲᠣᠭᠣᠷᠢᠭ᠎ᠤ᠋ᠨ ᠺᠠᠳ᠋ᠷᠢ᠋︽ᠰᠡᠳᠭᠢᠯ᠎ᠤᠨ ᠲᠠᠷᠤᠭᠠᠰᠤ ᠦᠭᠡᠢ ᠠᠵᠢᠯᠯᠠᠭᠤᠯᠵᠤ︾ ᠠᠷᠠᠳ ᠤᠯᠠᠨ᠎ᠤ ᠬᠠᠨᠤᠮᠵᠢ᠎ᠶᠢᠨ ᠬᠡᠮᠵᠢᠶ᠎ᠡ᠎ᠵᠢ ᠶᠡᠬᠡ ᠪᠡᠷ ᠳᠡᠭᠡᠭᠰᠢᠯᠡᠭᠦᠯᠪᠡ᠃ 《ᠬᠤᠷᠤᠭᠤᠨᠤ᠋ ᠦᠵᠦᠭᠦᠷ》 ᠡᠴᠡ 《ᠰᠡᠳᠬᠢᠯᠦ᠋ᠨ ᠦᠵᠦᠭᠦᠷ》 ᠬᠦᠷᠲᠡᠯ᠎ᠡ᠂ 《ᠤᠬᠠᠭᠤᠯᠤᠨ ᠲᠠᠢᠯᠪᠤᠷᠢᠯᠠᠬᠤ ᠬᠤᠷᠠᠯ》 ᠠ᠋ᠴᠠ 《ᠵᠤᠯ ᠵᠢᠷᠭᠠᠯ᠎ᠤ᠋ᠨ ᠴᠠᠭᠠᠷᠢᠭ》 ᠬᠦᠷᠲᠡᠯ᠎ᠡ᠂ ᠪᠠᠶᠠᠨᠨᠠᠭᠤᠷ ᠬᠣᠲᠠ ᠲᠤᠤᠷᠵᠢᠭᠤᠯᠤᠭᠰᠠᠨ ᠵᠠᠰᠠᠯᠲᠠ᠎ᠪᠠᠷ ᠪᠢᠷ ᠪᠣᠯᠭᠠᠵᠤ᠂ ᠠᠷᠠᠳ᠎ᠤ᠋ᠨ ᠠᠮᠢᠳᠤᠷᠠᠯᠳ᠋ᠤ᠌ ᠦᠢᠯᠡᠴᠢᠯᠡᠬᠦ᠎ᠪᠡᠷ ᠪᠡᠬᠡ ᠪᠣᠯᠭᠠᠵᠤ᠂ ᠦᠨᠳᠦᠰᠦᠲᠡᠨ᠎ᠨᠦ᠍ᠭᠦᠳ᠎ᠦ᠋ᠨ ᠣᠯᠠᠨ ᠲᠦᠮᠡᠨ ᠰᠡᠳᠭᠢᠯ ᠨᠢᠭᠡᠳᠦᠨ ᠪᠦᠯᠭᠦᠮᠳᠡᠵᠦ᠂ ᠡᠶ᠎ᠡ ᠨᠠᠢᠷᠠᠮᠳᠠᠭᠤ ᠨᠡᠢᠭᠡᠮ ᠲᠤᠭᠤᠷᠢᠭ᠎ᠢ ᠴᠤᠭᠴᠠᠯᠠᠵᠦ ᠪᠠᠢᠭ᠎ᠠ ᠰᠢᠨ᠎ᠡ ᠵᠢᠷᠤᠭ᠎ᠢ ᠵᠢᠷᠤᠭᠯᠠᠵᠦ ᠪᠠᠢᠨ᠎ᠠ᠃