ᠭᠠᠴᠠᠭᠠᠨ᠎ᠤ ᠣᠯᠠᠨ ᠲᠦᠮᠡᠨ᠎ᠦ ᠪᠠᠶᠠᠵᠢᠯ᠎ᠤᠨ ᠰᠠᠢᠨ ᠳᠠᠭᠠᠭᠤᠯᠤᠭ᠍ᠴᠢ
2025-07-15 09:22:46
ᠵᠣᠬᠢᠶᠠᠭ᠍ᠴᠢ᠄
ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

— ᠵᠡᠭᠦᠨ ᠦᠵᠦᠮᠦᠴᠢᠨ ᠬᠣᠱᠢᠭᠤᠨ᠎ᠤ ᠡᠵᠢᠨᠠᠭᠤᠷ ᠪᠠᠯᠭᠠᠰᠤᠨ᠎ᠤ ᠬᠠᠷᠠᠭᠠᠲᠤ ᠭᠠᠴᠠᠭᠠᠨ᠎ᠤ ᠨᠠᠮ᠎ᠤᠨ ᠡᠭᠦᠷ᠎ᠦᠨ ᠱᠦᠵᠢ ᠮᠥᠩᠬᠡᠪᠠᠲᠤ᠎ᠶ᠋ᠢ ᠲᠡᠮᠳᠡᠭ᠌ᠯᠡᠪᠡ

                                            

ᠵᠡᠭᠦᠨ ᠦᠵᠦᠮᠦᠴᠢᠨ ᠬᠣᠱᠢᠭᠤᠨ᠎ᠤ ᠡᠵᠢᠨᠠᠭᠤᠷ ᠪᠠᠯᠭᠠᠰᠤᠨ᠎ᠤ ᠬᠠᠷᠠᠭᠠᠲᠤ ᠭᠠᠴᠠᠭᠠᠨ᠎ᠤ ᠡᠵᠢ ᠵᠢᠨ ᠭᠤᠪᠢ ᠮᠠᠯ᠎ᠤᠨ ᠠᠷᠠᠯᠵᠢᠶᠠᠨ᠎ᠤ ᠵᠠᠬ᠎ᠠ ᠡᠵᠡᠡᠭᠨᠡᠯᠳᠡ ᠪᠡᠨ ᠬᠢᠭᠡᠳ ᠨᠢᠭᠡᠨᠳᠡ 9 ᠵᠢᠯ᠎ᠤᠨ ᠨᠢᠭᠤᠷ᠎ᠢ ᠦᠵᠡᠵᠦ ᠪᠤᠢ᠃ 7 ᠰᠠᠷ᠎ᠠ᠎ᠶ᠋ᠢᠨ 11 ᠤ᠋ ᠡᠳᠦᠷ᠂ ᠬᠠᠷᠠᠭᠠᠳᠤ ᠭᠠᠴᠠᠭᠠᠨ᠎ᠤ ᠨᠠᠮ᠎ᠤᠨ ᠡᠭᠦᠷ᠎ᠦᠨ ᠱᠦᠵᠢ᠂ ᠭᠠᠴᠠᠭᠠᠨ᠎ᠤ ᠠᠷᠠᠳ᠎ᠤᠨ ᠵᠥᠪᠯᠡᠯ᠎ᠦᠨ ᠡᠷᠬᠢᠯᠡᠭ᠌ᠴᠢ ᠮᠥᠩᠬᠡᠪᠠᠲᠤ 《ᠮᠠᠨ᠎ᠤ ᠭᠠᠴᠠᠭᠠᠨ᠎ᠤ ᠮᠠᠯ᠎ᠤᠨ ᠠᠷᠠᠯᠵᠢᠶᠠᠨ᠎ᠤ ᠵᠠᠬ᠎ᠠ ᠳᠡᠯᠭᠡᠭᠦᠷ ᠪᠠᠢᠭᠤᠯᠤᠭ᠍ᠳᠠᠭ᠍ᠰᠠᠨ᠎ᠠᠴᠠ ᠨᠠᠭᠠᠰᠢ ᠨᠡᠢᠲᠡ 24 ᠳ᠋ᠦᠩᠱᠢᠭᠤᠷ ᠲᠥᠭᠥᠷᠢᠭ᠎ᠦᠨ ᠠᠷᠠᠯᠵᠢᠶ᠎ᠠ ᠪᠦᠲᠦᠵᠦ᠂ ᠭᠠᠴᠠᠭᠠᠨ᠎ᠤ ᠬᠠᠮᠲᠤ᠎ᠶ᠋ᠢᠨ ᠠᠵᠤ ᠠᠬᠤᠶ᠎ᠶ᠋ᠢᠨ ᠵᠢᠯ᠎ᠦᠨ ᠣᠷᠣᠯᠭ᠎ᠠ 200 ᠭᠠᠷᠤᠶ ᠲᠦᠮᠡᠨ ᠲᠥᠭᠥᠷᠢᠭ᠎ᠲᠦ ᠬᠦᠷᠴᠦ᠍᠂ ᠮᠠᠯᠴᠢᠨ ᠡᠷᠦᠬᠡ᠎ᠶ᠋ᠢᠨ ᠵᠢᠯ᠎ᠦᠨ ᠳᠤᠮᠳᠠᠴᠢ ᠣᠷᠣᠯᠭ᠎ᠠ 9000 ᠲᠥᠭᠥᠷᠢᠭ᠎ᠨᠡᠮᠡᠭᠳᠡᠵᠡᠢ》 ᠭᠡᠵᠦ ᠰᠤᠷᠪᠤᠯᠵᠢᠯᠠᠭᠴᠢ᠎ᠳᠤ ᠲᠠᠨᠢᠯᠴᠠᠭᠤᠯᠪᠠ᠃

2012 ᠣᠨ᠎ᠳᠤ᠂ ᠮᠥᠩᠬᠡᠪᠠᠲᠤ ᠢᠷᠠᠭᠤ ᠠᠯᠳᠠᠷᠲᠠᠢ ᠪᠡᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠡᠯᠰᠡᠭᠳᠡᠪᠡ᠃ 《ᠪᠢ ᠬᠠᠷᠠᠬᠠᠨ ᠪᠠᠭ᠎ᠠ᠎ᠠᠴᠠ᠎ᠪᠠᠨ ᠠᠬᠠᠮᠠᠳ ᠨᠢᠭᠡ ᠦᠶ᠎ᠡ᠎ᠶ᠋ᠢᠨ ᠡᠪ ᠬᠠᠮᠲᠤ ᠨᠠᠮ᠎ᠤᠨ ᠭᠡᠱᠢᠭᠦᠳ᠎ᠤᠨ ᠮᠡᠯᠴᠢᠳ᠎ᠤᠨ ᠵᠢᠡᠨ ᠲᠦᠯᠦᠭᠡ ᠭᠤᠶᠠᠴᠢ ᠦᠭᠡᠢ ᠵᠢᠳᠬᠦᠬᠦ ᠵᠤᠷᠢᠭ ᠰᠠᠨᠠᠭᠠᠨ᠎ᠤ ᠨᠦᠯᠦᠭᠡ ᠵᠢ ᠬᠦᠷᠳᠡᠵᠦ᠂ ᠢᠷᠡᠭᠡᠳᠦᠢ᠎ᠳᠦ ᠲᠡᠳᠡ ᠨᠡᠷ ᠱᠢᠭ ᠬᠥᠮᠦᠨ ᠪᠣᠯᠬᠤ᠎ᠶ᠋ᠢ ᠮᠦᠷᠦᠭᠡᠳᠴᠤ ᠪᠠᠢᠪᠠ᠃ ᠨᠠᠮ᠎ᠳᠤ ᠤᠷᠤᠭ᠍ᠰᠠᠨ᠎ᠤ ᠲᠠᠷᠠᠭ᠎ᠠ᠂ ᠤᠯᠠᠨ ᠲᠦᠮᠡᠨ᠎ᠳᠤ ᠦᠢᠯᠡᠴᠢᠯᠡᠬᠦ ᠡᠭᠦᠷᠭᠡ ᠬᠠᠷᠢᠭᠤᠴᠠᠯᠭ᠎ᠠ᠎ᠪᠡᠨ ᠰᠠᠢᠳᠤᠷ ᠮᠡᠳᠡᠷᠡᠵᠦ᠂ ᠤᠯᠠᠨ ᠲᠦᠮᠡᠨ᠎ᠦ ᠠᠱᠢᠭ ᠲᠤᠰᠠ᠎ᠶ᠋ᠢ ᠲᠡᠷᠢᠭᠦᠨ ᠪᠠᠢᠷᠢᠨ᠎ᠳᠤ ᠲᠠᠯᠪᠢᠵᠤ᠂ ᠬᠠᠮᠳᠤ ᠪᠡᠷ ᠪᠠᠶᠠᠵᠢᠨ ᠴᠢᠨᠡᠭᠡᠯᠢᠭᠵᠢᠬᠦ ᠵᠠᠮ᠎ᠳᠤ ᠵᠤᠷᠢᠭ ᠬᠦᠴᠦ ᠪᠡᠨ ᠰᠤᠢᠯ᠎ᠠ》 ᠭᠡᠵᠦ᠍ ᠮᠥᠩᠬᠡᠪᠠᠲᠤ ᠶᠠᠷᠢᠯ᠎ᠠ᠃

2016 ᠣᠨ᠎ᠳᠤ᠂ ᠮᠥᠩᠬᠡᠪᠠᠲᠤ ᠵᠠᠬ᠎ᠠ ᠳᠡᠯᠭᠡᠭᠦᠷ᠎ᠦᠨ ᠪᠠᠢᠴᠠᠭᠠᠯᠲᠠ᠎ᠪᠠᠷ ᠳᠠᠮᠵᠢᠨ᠂ ᠡᠵᠢ ᠵᠢᠨ ᠭᠣᠪᠢ ᠮᠠᠯ᠎ᠤᠨ ᠠᠷᠠᠯᠵᠢᠶᠠᠨ᠎ᠤ ᠵᠠᠬ᠎ᠠ ᠳᠡᠯᠭᠡᠭᠦᠷ᠎ᠢ ᠰᠡᠳᠦᠨ ᠪᠠᠢᠭᠤᠯᠵᠤ᠂ ᠲᠠᠯ᠎ᠠ ᠨᠤᠲᠤᠭ᠎ᠤᠨ ᠤᠯᠠᠮᠵᠢᠯᠠᠯᠲᠤ ᠳᠠᠩ ᠤᠯᠠᠷᠢᠯ᠎ᠢᠶᠠᠷ ᠪᠣᠷᠣᠯᠠᠭᠤᠯᠬᠤ ᠠᠷᠭ᠎ᠠ ᠬᠡᠯᠪᠡᠷᠢ᠎ᠶ᠋ᠢᠨ ᠪᠤᠭᠤᠮᠢ ᠵᠢ ᠰᠢᠪᠳᠤᠯᠵᠦ᠂ ᠭᠤᠷᠪᠠᠨ ᠤᠯᠠᠷᠢᠯ᠎ᠳᠤ ᠪᠣᠷᠣᠯᠠᠭᠤᠯᠬᠤ᠎ᠶ᠋ᠢ ᠪᠡᠶᠡᠯᠡᠭᠦᠯᠪᠠ᠃ 2018 ᠣᠨ᠎ᠳᠤ᠂ ᠲᠡᠷᠡ ᠬᠠᠷᠠᠭᠠᠲᠤ ᠭᠠᠴᠠᠭᠠᠨ᠎ᠤ ᠨᠠᠮ᠎ᠤᠨ ᠡᠭᠦᠷ᠎ᠦᠨ ᠱᠦᠵᠢ᠂ ᠭᠠᠴᠠᠭᠠᠨ᠎ᠤ ᠠᠷᠠᠳ᠎ᠤᠨ ᠵᠥᠪᠯᠡᠯ᠎ᠦᠨ ᠡᠷᠬᠢᠯᠡᠭ᠌ᠴᠢ᠎ᠶ᠋ᠢᠨ ᠲᠤᠱᠢᠶᠠᠯ᠎ᠢ ᠡᠭᠦᠷᠭᠡᠯᠡᠭ᠌ᠰᠡᠨ᠎ᠦ ᠳᠠᠷᠠᠭ᠎ᠠ ᠡᠷᠴᠢ ᠵᠤᠷᠢᠭ ᠨᠢ ᠨᠡᠡᠭᠳᠡ ᠬᠦᠪᠴᠢᠯᠡᠭᠳᠡᠵᠦ᠂ ᠰᠢᠨ᠎ᠡ ᠵᠦᠢᠯ᠎ᠢ ᠲᠠᠰᠤᠷᠠᠯᠳᠠ ᠦᠭᠡᠢ ᠰᠦᠪᠡᠭᠴᠢᠯᠡᠨ ᠬᠢᠵᠦ ᠡᠬᠢᠯᠡᠵᠠᠢ᠃ ᠲᠡᠭᠦᠨ᠎ᠦ ᠲᠠᠭᠠᠭᠤᠯᠭ᠎ᠠ ᠪᠡᠷ ᠡᠵᠢ ᠵᠢᠨ ᠭᠣᠪᠢ ᠮᠠᠯ᠎ᠤᠨ ᠠᠷᠠᠯᠵᠢᠶᠠᠨ᠎ᠤ ᠵᠠᠬ᠎ᠠ ᠳᠡᠯᠭᠡᠭᠦᠷ᠎ᠦᠨ ᠬᠡᠪᠴᠢᠶ᠎ᠡ ᠲᠠᠰᠤᠷᠠᠯᠲᠠ ᠥᠬᠡᠶ ᠥᠷᠭᠡᠵᠢᠪᠡ᠂ ᠤᠴᠢᠷ ᠨᠢ ᠦᠨ᠎ᠡ ᠬᠠᠩᠰᠢ ᠢᠯᠡ ᠲᠣᠳᠣᠷᠬᠠᠢ ᠮᠥᠷᠲᠡᠭᠡᠨ ᠦᠨᠡᠨᠴᠢ ᠢᠳᠡᠭᠡᠮᠵᠢᠳᠡᠢ ᠪᠣᠯᠬᠣᠷ ᠮᠠᠯᠴᠢᠳ《ᠬᠠᠶᠠᠭᠠᠨ ᠳ᠋ᠡᠬᠢ ᠦᠬᠡᠷ ᠬᠣᠨᠢᠨ᠎ᠤ ᠬᠠᠮ ᠳᠡᠯᠭᠡᠭᠦᠷ》 ᠭᠡᠵᠦ᠍ ᠳᠣᠲᠣᠨᠣᠴᠢᠯᠠᠨ ᠳᠠᠭᠤᠳᠠᠳᠠᠭ ᠪᠤᠯᠵᠠᠢ᠃

《ᠪᠢᠳᠡ ᠡᠭᠦᠳᠡᠨ ᠡᠮᠦᠨ᠎ᠡ ᠪᠠᠢᠬᠤ ᠡᠨᠡ ᠬᠦ᠌ ᠮᠠᠯ᠎ᠤᠨ ᠵᠠᠬ᠎ᠠ᠎ᠳᠤ ᠮᠠᠯ ᠤᠨᠤᠭ᠎ᠠ ᠪᠡᠨ ᠪᠤᠷᠤᠯᠠᠭᠤᠯᠬᠤ᠎ᠳᠤ ᠲᠦᠭᠦᠮ ᠲᠦᠳᠡ ᠪᠦᠭᠡᠳ ᠦᠨ᠎ᠡ ᠬᠠᠡᠭᠰᠢ᠎ᠨᠢ ᠴᠦ᠍ ᠰᠠᠢᠨ ᠡ》 ᠭᠡᠵᠦ ᠬᠠᠷᠠᠭᠠᠲᠤ ᠭᠠᠴᠠᠭᠠᠨ᠎ᠤ ᠮᠠᠯᠴᠢᠳ ᠰᠡᠳᠬᠢᠯ ᠬᠠᠨᠤᠮᠵᠢᠳᠠᠢ᠂ ᠲᠡᠷᠡᠴᠢᠯᠡᠨ ᠡᠨᠡ ᠬᠦ᠌ 《ᠬᠠᠮ ᠳᠡᠯᠭᠡᠭᠦᠷ》 ᠤ᠋ᠨ ᠲᠠᠪᠴᠠᠡᠭ ᠵᠢᠠᠷ ᠰᠠᠨᠠᠭᠠᠨ ᠳ᠋ᠠᠭᠠᠨ ᠲᠠᠭᠠᠷᠠᠭᠰᠠᠨ ᠦᠷ᠎ᠡ ᠵᠢᠨ ᠮᠠᠯ᠎ᠢ᠎ᠴᠦ ᠬᠤᠳᠠᠯᠳᠤᠨ ᠠᠪᠴᠦ ᠪᠤᠢ᠃

ᠬᠠᠮᠲᠤ᠎ᠶ᠋ᠢᠨ ᠠᠵᠤ ᠠᠬᠤᠶ᠎ᠶ᠋ᠢ ᠣᠯᠠᠨ ᠡᠱᠢᠵᠢᠭᠦᠯᠦᠨ ᠬᠥᠭ᠌ᠵᠢᠭᠦᠯᠬᠦ᠌ ᠱᠢᠨ᠎ᠡ ᠠᠷᠭ᠎ᠠ ᠵᠠᠮ᠎ᠢ ᠢᠳᠡᠪᠬᠢᠲᠡᠶ ᠰᠦᠪᠡᠭ᠌ᠴᠢᠯᠡᠬᠦ᠌᠎ᠶ᠋ᠢᠨ ᠲᠥᠯᠥᠭᠡ᠂ ᠮᠥᠩᠬᠡᠪᠠᠲᠤ 2022 ᠣᠨ᠎ᠳᠤ ᠬᠠᠷᠠᠭᠠᠲᠤ ᠭᠠᠴᠠᠭᠠᠨ᠎ᠤ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠶ᠋ᠯᠡᠳᠪᠦᠷᠢ᠎ᠶ᠋ᠢ ᠪᠠᠢᠭᠤᠯᠤᠭᠠᠳ᠂ 2023 ᠣᠨ᠎ᠳᠤ ᠠᠱᠢᠭ᠍ᠯᠠᠯᠲᠠ᠎ᠳᠤ ᠣᠷᠣᠭᠤᠯᠪᠠ᠃ ᠲᠣᠰ ᠪᠣᠯᠪᠠᠰᠤᠷᠠᠭᠤᠯᠬᠤ ᠦᠶ᠋ᠯᠡᠳᠪᠦᠷᠢ᠎ᠬᠦᠬᠡ ᠳᠠᠷᠤᠰᠢ᠂ ᠡᠰᠢ ᠰᠦᠷᠡᠯ᠂ ᠬᠠᠭᠤᠷᠠᠶ ᠡᠪᠡᠰᠦ᠂ ᠨᠠᠷᠢᠯᠢᠭ ᠪᠣᠷᠳᠣᠭ᠎ᠠ ᠵᠡᠷᠭᠡ᠎ᠶ᠋ᠢ ᠬᠣᠯᠢᠵᠤ ᠡᠳ᠋ᠱᠢᠭᠦᠯᠦᠭᠡᠳ ᠱᠢᠮ᠎ᠡ ᠲᠡᠵᠢᠭᠡᠯ ᠨᠢ ᠲᠡᠩᠴᠡᠭᠦᠷᠢᠲᠡᠶ ᠮᠠᠯ᠎ᠤᠨ ᠲᠡᠵᠢᠭᠡᠯ ᠪᠤᠷᠳᠤᠭ᠎ᠠ ᠦᠢᠯᠡᠳᠪᠦᠷᠢᠯᠡᠵᠦ᠂ ᠮᠠᠯ᠎ᠤᠨ ᠱᠢᠩᠭᠡᠭᠡᠯᠲᠡ᠎ᠶ᠋ᠢᠨ ᠱᠢᠰᠲ᠋ᠧᠮ᠎ᠦᠨ ᠭᠡᠮ ᠬᠢᠵᠢᠭ ᠡᠭᠦᠰᠭᠦ ᠨᠣᠷᠮ᠎ᠠ᠎ᠶ᠋ᠢ ᠪᠦᠲᠦᠮᠵᠢᠲᠡᠶ ᠪᠠᠭᠤᠷᠠᠭᠤᠯᠵᠤ᠂ ᠮᠠᠯᠴᠢᠳ᠎ᠤᠨ ᠠᠷᠠᠴᠢᠯᠠᠨ ᠲᠡᠵᠢᠭᠡᠬᠦ᠌ ᠥᠪᠡᠷ᠎ᠦᠨ ᠥᠷᠲᠡᠭ᠎ᠢ ᠪᠠᠭᠠᠰᠬᠠᠭᠠᠳ᠂ ᠤᠯᠠᠨ ᠲᠦᠮᠡᠨ᠎ᠤ ᠰᠠᠢᠨ ᠦᠨᠡᠯᠡᠯᠲᠡ ᠵᠢ ᠤᠯᠪᠠ᠃ ᠮᠥᠩᠬᠡᠪᠠᠲᠤ᠄《ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠶ᠋ᠯᠡᠳᠪᠦᠷᠢ᠎ᠶ᠋ᠢ ᠠᠱᠢᠭ᠍ᠯᠠᠯᠲᠠ᠎ᠳᠤ ᠣᠷᠣᠭᠤᠯᠤᠭ᠍ᠰᠠᠨ᠎ᠨᠢ ᠭᠠᠴᠠᠭᠠᠨ᠎ᠤ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ᠎ᠶ᠋ᠢ ᠨᠡᠮᠡᠭ᠌ᠳᠡᠭᠦᠯᠦᠭ᠌ᠰᠡᠨ᠎ᠢᠶᠡᠷ ᠪᠠᠷᠠᠬᠤ ᠥᠬᠡᠶ ᠮᠠᠯᠴᠢᠳ ᠴᠤ᠌ ᠬᠡᠷ᠎ᠦᠨ ᠡᠭᠦᠳᠡᠨ᠎ᠳᠡᠭᠡᠷ᠎ᠡ᠎ᠪᠡᠨ ᠬᠢᠮᠳᠠ ᠡᠪᠡᠰᠦ ᠪᠣᠷᠳᠣᠭ᠎ᠠ ᠬᠤᠳᠠᠯᠳᠤᠨ ᠠᠪᠴᠤ᠌ ᠪᠤᠯᠬᠤ ᠪᠤᠯᠵᠠᠢ》 ᠭᠡᠵᠦ ᠰᠤᠷᠪᠤᠯᠵᠢᠯᠠᠭᠴᠢ᠎ᠳᠤ ᠶᠠᠷᠢᠯ᠎ᠠ᠃

2023 ᠣᠨ᠎ᠳᠤ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢ ᠪᠣᠯᠤᠭ᠍ᠰᠠᠨ ᠮᠥᠩᠬᠡᠪᠠᠲᠤ ᠬᠠᠷᠠᠭᠠᠲᠤ ᠭᠠᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠬᠣᠯᠪᠣᠭ᠎ᠠ ᠠᠪᠬᠤ ᠦᠷᠳᠡᠭᠡᠨ᠎ᠳᠦ ᠲᠦᠱᠢᠭ᠌ᠯᠡᠨ᠂  ᠠᠷᠠᠳ᠎ᠤᠨ ᠲᠥᠯᠥᠭᠡᠯᠡᠭ᠌ᠴᠢᠳ᠎ᠦᠨ ᠵᠣᠭᠣᠭ᠎ᠤᠨ ᠦᠷᠦᠭᠡ ᠵᠢ ᠪᠠᠢᠭᠤᠯᠪᠠ᠃

《ᠨᠠᠭᠠᠳᠤ ᠵᠠᠬ᠎ᠠ᠎ᠶ᠋ᠢᠨ ᠠᠮᠢᠳᠤᠷᠠᠯ᠎ᠤᠨ  ᠪᠠᠲᠤᠯᠠᠭ᠎ᠠ᠎ᠶ᠋ᠢ ᠬᠡᠷᠬᠢᠨ ᠭᠤᠶᠤᠴᠢᠯᠠᠬᠤ ᠪᠤᠢ᠂ ᠨᠤᠲᠤᠭ ᠪᠡᠯᠴᠢᠭᠡᠷ᠎ᠦᠨ ᠵᠠᠭᠤᠷᠠᠯᠳᠤᠭᠠᠨ᠎ᠢ ᠬᠡᠷᠬᠢᠨ ᠱᠢᠶ᠋ᠳᠪᠦᠷᠢᠯᠡᠬᠦ᠌ ᠪᠤᠢ ᠁》 ᠡᠳᠡᠭᠡᠷ ᠤᠯᠠᠨ ᠲᠦᠮᠡᠨ᠎ᠤ ᠡᠲᠦᠷ ᠲᠤᠳᠤᠮ᠎ᠤᠨ ᠠᠮᠢᠳᠤᠷᠠᠯ ᠦᠢᠯᠡᠳᠪᠦᠷᠢᠯᠡᠯ᠎ᠲᠠᠢ ᠬᠤᠯᠪᠤᠭᠳᠠᠭᠰᠠᠨ ᠤᠴᠢᠷ ᠶᠠᠪᠤᠳᠠᠯ ᠪᠤᠯᠭᠠᠨ᠎ᠢ ᠴᠦᠮ ᠮᠥᠩᠬᠡᠪᠠᠲᠤ ᠰᠠᠨᠠᠭᠠᠨ ᠳ᠋ᠠᠭᠠᠨ ᠠᠪᠴᠦ ᠪᠦᠲᠦᠮᠵᠢᠳᠡᠢ ᠰᠢᠢᠳᠪᠦᠷᠢᠯᠡᠬᠦ ᠵᠢ ᠬᠢᠴᠢᠶᠡᠳᠡᠭ᠃ ᠣᠳᠣᠬᠠᠨ ᠪᠣᠯᠲᠠᠯ᠎ᠠ᠂ ᠮᠥᠩᠬᠡᠪᠠᠲᠤ ᠵᠣᠭᠣᠭ᠎ᠤᠨ ᠥᠷᠥᠭᠡᠨ᠎ᠳᠡᠭᠡᠨ ᠨᠡᠢᠲᠡ 800 ᠭᠠᠷᠤᠶ ᠣᠯᠠᠨ ᠲᠦᠮᠡᠨ᠎ᠢ ᠬᠦᠯᠢᠶᠡᠨ ᠠᠪᠴᠤ᠌᠂ ᠨᠡᠢᠭᠡᠮ᠎ᠦᠨ ᠪᠠᠢᠳᠠᠯ ᠠᠷᠠᠳ᠎ᠤᠨ ᠰᠠᠨᠠᠯ ᠰᠠᠨᠠᠭᠤᠯᠭ᠎ᠠ ᠵᠢ 380 ᠵᠤᠷᠪᠤᠰ ᠱᠢᠶ᠋ᠳᠪᠦᠷᠢᠯᠡᠵᠦ᠍᠂ ᠣᠯᠠᠨ ᠲᠦᠮᠡᠨ᠎ᠲᠡᠶ ᠬᠠᠮᠤᠭ᠎ᠠᠴᠠ ᠣᠢᠷᠠᠲᠤᠭ᠍ᠰᠠᠨ ᠬᠡᠯᠪᠡᠷᠢ᠎ᠪᠡᠷ ᠨᠠᠮ᠎ᠤᠨ ᠲᠥᠷᠥ᠎ᠶ᠋ᠢᠨ ᠪᠣᠳᠣᠯᠭ᠎ᠠ᠎ᠶ᠋ᠢ ᠣᠯᠠᠨ ᠲᠦᠮᠡᠨ᠎ᠦ ᠬᠡᠷᠡᠭ᠌ᠴᠡᠭᠡ᠎ᠲᠡᠶ ᠨᠢᠭ᠍ᠲᠠ ᠵᠣᠯᠭᠠᠭᠤᠯᠤᠭ᠍ᠰᠠᠨ ᠪᠠᠢᠨ᠎ᠠ᠃

ᠤᠯᠠᠨ ᠵᠢᠯ᠎ᠦᠨ ᠲᠤᠷᠰᠢ᠂ ᠮᠥᠩᠬᠡᠪᠠᠲᠤ ᠢᠮᠠᠭ᠍ᠲᠠ ᠡᠪ ᠬᠠᠮᠲᠤ ᠨᠠᠮ᠎ᠤᠨ ᠭᠡᠱᠢᠭᠦᠨ᠎ᠦ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠭᠠᠴᠠᠭᠠᠨ᠎ᠤ ᠬᠥᠭ᠌ᠵᠢᠯᠲᠡ᠎ᠶ᠋ᠢ ᠡᠷᠢᠯᠬᠢᠯᠡᠵᠦ᠍᠂ ᠮᠠᠯᠴᠢᠨ ᠲᠦᠮᠡᠨ ᠵᠢᠠᠨ ᠪᠠᠶᠠᠵᠢᠯ᠎ᠤᠨ ᠵᠠᠮ ᠵᠢᠠᠷ ᠵᠠᠮᠨᠠᠭᠤᠯᠬᠤ ᠵᠢ ᠰᠦᠪᠡᠭᠴᠢᠯᠡᠭᠰᠡᠭᠡᠷ ᠢᠷᠡᠵᠠᠢ᠃ ᠥᠨᠥᠳᠦᠷ᠎ᠦᠨ ᠬᠠᠷᠠᠭᠠᠲᠤ ᠭᠠᠴᠠᠭ᠎ᠠ ᠲᠡᠭᠦᠨ᠎ᠦ ᠳᠠᠭᠠᠭᠤᠯᠭ᠎ᠠ ᠪᠡᠷ ᠬᠦᠭᠵᠢᠯ ᠪᠠᠳᠠᠷᠠᠯ᠎ᠤᠨ ᠲᠠᠷᠳᠠᠡᠭ ᠵᠠᠮ ᠵᠢᠠᠷ ᠭᠠᠯᠭᠢᠭᠤᠯᠵᠦ᠂ ᠭᠠᠴᠠᠭᠠᠨ᠎ᠤ ᠮᠠᠯ᠎ᠤᠨ ᠠᠷᠠᠯᠵᠢᠶᠠᠨ᠎ᠤ ᠵᠠᠬ᠎ᠠ ᠳᠡᠯᠭᠡᠭᠦᠷ ᠪᠣᠯᠤᠨ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠶ᠋ᠯᠡᠳᠪᠦᠷᠢ᠂ ᠠᠷᠠᠳ᠎ᠤᠨ ᠲᠥᠯᠥᠭᠡᠯᠡᠭ᠌ᠴᠢᠳ᠎ᠤᠨ ᠵᠣᠭᠣᠭ᠎ᠤᠨ ᠦᠷᠦᠭᠡ ᠵᠡᠷᠭᠡ ᠨᠢ ᠦᠨᠳᠦᠰᠦᠨ ᠱᠠᠲᠤᠨ᠎ᠤ ᠬᠦᠭᠵᠢᠯ ᠴᠡᠴᠡᠭᠯᠡᠯ᠎ᠤᠨ ᠰᠤᠷᠭᠤᠭ ᠴᠡᠴᠡᠭ ᠪᠤᠯᠤᠨ ᠲᠠᠯ᠎ᠠ ᠨᠤᠲᠤᠭ᠎ᠤᠨ ᠭᠦᠨ᠎ᠳᠤ ᠪᠠᠳᠮᠠᠯᠠᠨ ᠲᠡᠯᠭᠡᠷᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号