30 ᠭᠠᠷᠤᠢ ᠵᠢᠯ᠎ᠦᠨ ᠲᠤᠷᠰᠢ᠂ ᠲᠡᠷᠡ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠢ ᠭᠦᠨᠵᠡᠭᠡᠢ ᠬᠢᠵᠦ᠍᠂ ᠬᠦᠴᠦ ᠬᠦᠳᠡᠯᠮᠦᠷᠢ ᠪᠠᠨ ᠥᠷᠭᠡᠨ ᠠᠭᠤᠳᠠᠮ ᠲᠠᠷᠢᠶᠠᠨ ᠭᠠᠵᠠᠷ᠎ᠲᠤ ᠠᠰᠬᠠᠷᠠᠭᠤᠯᠵᠤ᠂ ᠯᠠᠵᠤᠤ᠎ᠶ᠋ᠢ ᠪᠣᠢᠵᠢᠭᠤᠯᠬᠤ᠂ ᠲᠦᠬᠦᠭᠡᠷᠤᠮᠵᠢᠳᠤ ᠲᠠᠷᠢᠶᠠᠯᠠᠩ᠎ᠢ ᠬᠥᠭ᠌ᠵᠢᠭᠦᠯᠬᠦ᠌ ᠵᠠᠮ ᠳᠡᠭᠡᠷ᠎ᠡ ᠤᠶᠤᠨ ᠴᠢᠳᠠᠪᠤᠷᠢ ᠪᠡᠨ ᠪᠠᠳᠠᠷᠠᠭᠤᠯᠪᠠ᠃
30 ᠭᠠᠷᠤᠢ ᠵᠢᠯ᠎ᠦᠨ ᠲᠤᠷᠰᠢ᠂ ᠲᠡᠷᠡ ᠪᠡᠶ᠎ᠡ᠎ᠪᠡᠷ᠎ᠢᠶᠡᠨ 《ᡂᠢ ᠶᠠᠨ ᠱᠢᠷᠢᠰ》 ᠯᠠᠵᠤᠤ᠎ᠶ᠋ᠢᠨ ᠱᠢᠨ᠎ᠡ ᠡᠭᠦᠯᠳᠡᠷ᠎ᠢ 15 ᠰᠣᠩᠭᠣᠨ ᠪᠣᠢᠵᠢᠭᠤᠯᠵᠤ᠂ ᠡᠳᠡᠭᠡᠷ ᠡᠭᠦᠯᠳᠡᠷ᠎ᠢ ᠥᠪᠥᠷ ᠮᠣᠩᠭᠣᠯ᠂ ᠭᠤᠸᠠᠩᠰᠢ᠂ ᠶᠦᠨᠨᠠᠨ ᠵᠡᠷᠭᠡ 14 ᠮᠤᠵᠢ ᠣᠷᠣᠨ᠎ᠳᠤ ᠥᠷᠭᠡᠨ᠎ᠢᠶᠡᠷ ᠳᠡᠯᠭᠡᠷᠡᠭᠦᠯᠵᠦ᠍᠂ ᠮᠠᠨ᠎ᠤ ᠤᠯᠤᠰ᠎ᠤᠨ ᠯᠠᠵᠤᠤ᠎ᠶ᠋ᠢᠨ ᠰᠠᠢ᠌ᠨ ᠡᠭᠦᠯᠳᠡᠷ᠎ᠦᠨ ᠠᠵᠤ ᠦᠢᠯᠡᠰᠵᠢᠯᠲᠡ᠎ᠶ᠋ᠢᠨ ᠠᠬᠢᠴᠠ᠎ᠶ᠋ᠢ ᠲᠤᠢᠯ᠎ᠤᠨ ᠶᠡᠬᠡᠪᠡᠷ ᠠᠬᠢᠭᠤᠯᠪᠠ᠃
30 ᠭᠠᠷᠤᠢ ᠵᠢᠯ᠎ᠦᠨ ᠲᠤᠷᠰᠢ᠂ ᠲᠡᠷᠡ ᠤᠯᠠᠨᠲᠠ ᠢᠷᠠᠭᠤ ᠠᠯᠳᠠᠷ ᠬᠦᠷᠲᠡᠵᠦ᠂ ᠪᠦᠬᠦ᠌ ᠤᠯᠤᠰ᠎ᠤᠨ ᠲᠡᠷᠢᠭᠦᠨ᠎ᠦ ᠠᠵᠢᠯᠳᠠᠨ᠂ ᠪᠦᠬᠦ᠌ ᠤᠯᠤᠰ᠎ᠤᠨ ᠱᠢᠯᠢᠳᠡᠭ ᠡᠪ ᠬᠠᠮᠲᠤ ᠨᠠᠮ᠎ᠤᠨ ᠭᠡᠱᠢᠭᠦᠨ ᠵᠡᠷᠭᠡ ᠴᠣᠯᠠ ᠨᠢ ᠲᠡᠭᠦᠨ᠎ᠦ ᠦᠨᠳᠦᠰᠦᠨ ᠱᠠᠲᠤᠨ᠎ᠳᠤ ᠦᠨᠳᠦᠰᠦᠯᠡᠵᠦ᠍᠂ 《ᠬᠥᠳᠡᠭᠡ ᠠᠵᠤ ᠠᠬᠤᠢ ᠬᠥᠳᠡᠭᠡ ᠲᠣᠰᠭᠣᠨ ᠲᠠᠷᠢᠶᠠᠴᠢᠨ》 ᠳ᠋ᠤ ᠦᠢᠯᠡᠴᠢᠯᠡᠬᠦ᠌ ᠴᠢᠩ ᠦᠨᠡᠨᠴᠢ ᠰᠡᠳᠭᠢᠯ᠎ᠢ ᠭᠡᠷᠡᠴᠢᠯᠡᠪᠡ᠃
ᠲᠡᠷᠡ ᠪᠣᠯ ᠳᠠᠷᠤᠶ ᠲᠦᠷᠦᠭᠦᠬᠡᠨ ᠤᠯᠠᠭᠠᠨᠬᠠᠳᠠ ᠬᠣᠲᠠ᠎ᠶ᠋ᠢᠨ ᠮᠠᠯ ᠠᠵᠤ ᠠᠬᠤᠶ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ᠎ᠦᠨ ᠠᠵᠢᠯ᠎ᠠᠴᠠ᠎ᠪᠠᠨ ᠠᠮᠠᠷᠠᠭ᠍ᠰᠠᠨ ᠰᠤᠳᠤᠯᠤᠭ᠍ᠴᠢ ᠸᠠᠩ ᠱᠢᠤ ᡁᠢ ᠪᠣᠯᠤᠨ᠎ᠠ᠃
《ᠲᠠᠷᠢᠶᠠᠴᠢᠳ᠎ᠢ ᠳᠠᠢ᠌ᠴᠢᠯᠠᠨ ᠣᠷᠣᠯᠭ᠎ᠠ᠎ᠶ᠋ᠢ ᠨᠢ ᠨᠡᠮᠡᠭ᠌ᠳᠡᠭᠦᠯᠬᠦ᠌ ᠪᠣᠯ ᠮᠢᠨᠦ᠍ ᠰᠤᠳᠤᠯᠭᠠᠨ ᠬᠢᠬᠦ᠌᠎ᠶ᠋ᠢᠨ ᠬᠠᠮᠤᠭ᠎ᠤᠨ ᠶᠡᠬᠡ ᠬᠥᠳᠡᠯᠭᠡᠬᠦ᠌ ᠬᠦᠴᠦᠨ ᠪᠣᠯᠤᠨ᠎ᠠ》᠃ ᠣᠬᠣᠷᠬᠠᠨ ᠪᠥᠭᠡᠳ ᠢᠳᠡ ᠬᠦᠴᠦᠲᠡᠶ ᠡᠨᠡ ᠦᠭᠡ ᠨᠢ ᠪᠢᠳᠡᠨ᠎ᠳᠦ ᠸᠠᠩ ᠱᠢᠤ ᡁᠢ᠎ᠶ᠋ᠢᠨ ᠡᠷᠡᠰ ᠪᠠᠲᠤ ᠢᠲᠡᠭᠡᠯ ᠵᠣᠷᠢᠭ᠎ᠢ ᠮᠡᠳᠡᠷᠡᠭᠦᠯᠦᠨ᠎ᠡ᠃
1987 ᠣᠨ᠎ᠳᠤ᠂ ᠬᠦᠷᠢᠶᠡᠯᠡᠩ᠎ᠳᠦ ᠢᠳᠡᠱᠢᠨ ᠨᠣᠭᠣᠭ᠎ᠠ᠎ᠶ᠋ᠢᠨ ᠰᠤᠳᠤᠯᠭᠠᠨ᠎ᠤ ᠰᠠᠯᠠᠭ᠎ᠠ ᠮᠥᠴᠢᠷ᠎ᠢ ᠱᠢᠨ᠎ᠡ᠎ᠪᠡᠷ ᠪᠠᠢᠭᠤᠯᠵᠤ᠂ ᠪᠤᠢ ᠪᠦᠬᠦᠢ ᠠᠵᠢᠯ ᠪᠦᠷ ᠲᠡᠭ᠎ᠡᠴᠡ ᠡᠬᠢᠯᠡᠬᠦ᠌ ᠴᠢᠬᠤᠯᠠᠲᠠᠢ᠂ ᠰᠠᠶᠢᠬᠠᠨ ᠰᠤᠷᠭᠠᠭᠤᠯᠢ᠎ᠡᠴᠡ ᠪᠠᠨ ᠲᠡᠭᠦᠰᠦᠭᠰᠡᠨ ᠸᠠᠩ ᠱᠢᠤ ᡁᠢ ᠯᠠᠵᠤᠤ᠎ᠶ᠋ᠢᠨ ᠱᠢᠨ᠎ᠡ ᠡᠭᠦᠯᠳᠡᠷ᠎ᠢ ᠰᠣᠩᠭᠣᠨ ᠪᠣᠢᠵᠢᠭᠤᠯᠬᠤ ᠠᠵᠢᠯ᠎ᠤᠨ ᠡᠷᠬᠢᠯᠡᠭ᠌ᠴᠢ᠎ᠶ᠋ᠢᠨ ᠬᠦᠨᠳᠦ ᠡᠭᠦᠷᠭᠡ᠎ᠶ᠋ᠢ ᠡᠷᠡᠰ ᠱᠢᠭᠤᠷᠬᠠᠢ ᠡᠭᠦᠷᠭᠡᠯᠡᠪᠡ᠃ 1990 ᠣᠨ᠎ᠳᠤ᠂ ᠲᠡᠷᠡ ᠵᠡᠭᠦᠨ ᠬᠣᠢᠲᠤ ᠣᠷᠣᠨ᠂ ᠤᠮᠠᠷᠠᠲᠤ ᠵᠢᠨ ᠬᠦᠷᠢᠶᠡᠯᠡᠩ ᠭᠠᠵᠠᠷ᠎ᠢᠶᠠᠷ ᠶᠠᠪᠤᠵᠤ᠂ ᠠᠬᠠᠮᠠᠳ ᠦᠶ᠎ᠡ᠎ᠶ᠋ᠢᠨ ᠲᠤᠰᠭᠠᠢ ᠮᠡᠷᠭᠡᠵᠢᠯᠲᠡᠨ᠎ᠢ ᠳᠠᠷᠤᠤ ᠬᠢᠴᠢᠶᠡᠩᠭᠦᠢ᠎ᠪᠡᠷ ᠪᠠᠭ᠍ᠰᠢ ᠪᠠᠷᠢᠵᠤ ᠰᠤᠷᠤᠯᠴᠠᠵᠤ᠂ ᠲᠡᠭᠦᠨ᠎ᠦ ᠳᠠᠷᠠᠭᠠᠬᠢ ᠯᠠᠵᠤᠤ᠎ᠶ᠋ᠢᠨ ᠡᠭᠦᠯᠳᠡᠷ ᠪᠣᠢᠵᠢᠭᠤᠯᠬᠤ᠎ᠳᠤ ᠬᠠᠮᠤᠭ᠎ᠤᠨ ᠰᠠᠭᠤᠷᠢ ᠪᠣᠯᠬᠤ᠂ ᠬᠠᠮᠤᠭ᠎ᠤᠨ ᠡᠷᠬᠢᠮ ᠨᠠᠨᠳᠢᠨ ᠡᠬᠢ ᠪᠠᠶᠠᠯᠢᠭ᠎ᠢ ᠴᠤᠭ᠍ᠯᠠᠭᠤᠯᠪᠠ᠃
ᠯᠠᠵᠤᠤ᠎ᠶ᠋ᠢᠨ ᠡᠭᠦᠯᠳᠡᠷ ᠪᠣᠢᠵᠢᠭᠤᠯᠬᠤ ᠠᠵᠢᠯ ᠨᠠᠷᠢᠨ ᠬᠢᠨᠠᠮᠠᠭᠠᠶ᠂ ᠤᠢᠳᠭᠠᠷᠢ ᠳᠠᠭᠠᠭᠠᠬᠤ᠎ᠶ᠋ᠢ ᠱᠠᠭᠠᠷᠳᠠᠨ᠎ᠠ᠃ ᠵᠢᠯ ᠪᠦᠷᠢ᠎ᠶ᠋ᠢᠨ ᠠᠭᠠᠭᠢᠮ᠎ᠠ ᠬᠠᠯᠠᠭᠤᠨ ᠵᠢᠷᠭᠤᠭ᠎ᠠ᠂ ᠳᠣᠯᠣᠳᠤᠭᠠᠷ ᠰᠠᠷ᠎ᠠ ᠪᠣᠯ ᠶᠠᠭ ᠰᠠᠢᠬᠠᠨ ᠯᠠᠵᠤᠤ᠎ᠶ᠋ᠢᠨ ᠡᠭᠦᠯᠳᠡᠷ ᠪᠣᠢᠵᠢᠭᠤᠯᠬᠤ ᠵᠠᠩᠭᠢᠯᠠᠭ᠎ᠠ᠎ᠶ᠋ᠢᠨ ᠬᠤᠭᠤᠴᠠᠭ᠎ᠠ ᠪᠣᠯᠤᠨ᠎ᠠ᠂ ᠸᠠᠩ ᠱᠢᠤ ᡁᠢ ᠨᠠᠩ ᠣᠯᠠᠨ ᠮᠠᠲ᠋ᠧᠷᠢᠶᠠᠯ ᠱᠢᠯᠢᠨ ᠰᠣᠩᠭᠣᠵᠤ᠂ ᠱᠢᠨ᠎ᠡ ᠡᠭᠦᠯᠳᠡᠷ᠎ᠢ ᠨᠠᠩ ᠰᠠᠢᠨ ᠨᠠᠩ ᠲᠦᠷᠭᠡᠨ ᠰᠣᠩᠭᠣᠨ ᠪᠣᠢᠵᠢᠭᠤᠯᠬᠤ᠎ᠶ᠋ᠢᠨ ᠲᠥᠯᠥᠭᠡ᠂ ᠡᠳᠦᠷ ᠪᠦᠷᠢ 6 ᠴᠠᠭ᠎ᠲᠤ ᠲᠤᠷᠱᠢᠯᠲᠠ᠎ᠶ᠋ᠢᠨ ᠭᠠᠵᠠᠷ᠎ᠤᠨ ᠬᠦᠯᠡᠮᠵᠢ᠎ᠳᠦ ᠢᠷᠡᠵᠦ᠍᠂ ᠥᠪᠡᠷ᠎ᠢᠶᠡᠨ ᠡᠷ᠎ᠡ ᠲᠤᠭᠤᠷᠴᠤᠭᠢ ᠠᠷᠢᠯᠭᠠᠬᠤ᠂ ᠲᠣᠭᠣᠰᠣ ᠬᠦᠷᠲᠡᠭᠡᠬᠦ᠌ ᠵᠡᠷᠭᠡ ᠠᠵᠢᠯ᠎ᠢ ᠬᠢᠳᠡᠭ᠂ ᠲᠡᠷᠡ ᠠᠵᠢᠯ᠎ᠢᠶᠠᠨ ᠳᠠᠭᠤᠰᠬᠠᠬᠤ ᠥᠬᠡᠶ ᠪᠣᠯ ᠲᠤᠷᠱᠢᠯᠲᠠ᠎ᠶ᠋ᠢᠨ ᠬᠦᠯᠡᠮᠵᠢ᠎ᠡᠴᠡ ᠰᠠᠯᠳᠠᠭ ᠥᠬᠡᠶ᠃ 30 ᠭᠠᠷᠤᠶ ᠵᠢᠯ᠎ᠦᠨ ᠲᠤᠷᠰᠢ᠂ ᠸᠠᠩ ᠱᠢᠤ ᡁᠢ ᠵᠠᠭᠤ ᠭᠠᠷᠤᠶ ᠳᠡᠪᠲᠡᠷ ᠲᠠᠷᠢᠶᠠᠨ᠎ᠤ ᠨᠠᠷᠢᠨ ᠪᠣᠳᠠᠲᠠᠶ ᠲᠣᠭ᠎ᠠ ᠪᠠᠷᠢᠮᠲᠠ ᠪᠠ ᠲᠡᠮᠳᠡᠭ᠌ᠯᠡᠯ ᠬᠤᠷᠠᠮᠳᠤᠭᠤᠯᠪᠠ᠃ ᠶᠠᠭ ᠡᠨᠡ ᠬᠦ᠌ ᠪᠠᠷᠢᠮᠲᠠᠯᠠᠯ ᠪᠠ ᠵᠣᠷᠢᠭᠵᠢᠭᠤᠯᠤᠯ᠎ᠢᠶᠠᠷ 《ᡂᠢ ᠶᠠᠨ ᠱᠢᠷᠢᠰ》 ᠯᠠᠵᠤᠤ᠎ᠶ᠋ᠢᠨ ᠱᠢᠨ᠎ᠡ ᠡᠭᠦᠯᠳᠡᠷ᠎ᠢ ᠰᠣᠩᠭᠣᠨ ᠪᠣᠢᠵᠢᠭᠤᠯᠵᠤ᠂ ᠳᠡᠯᠭᠡᠷᠡᠭᠦᠯᠦᠭ᠌ᠰᠡᠨ ᠲᠠᠯᠠᠪᠠᠶ᠎ᠨᠢ ᠨᠡᠢᠲᠡ 400 ᠭᠠᠷᠤᠶ ᠲᠦᠮᠡᠨ ᠮᠤ᠌᠎ᠳᠦ ᠬᠦᠷᠴᠡᠶ᠃
ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠨᠳᠦᠰᠦ ᠰᠤᠳᠠᠰᠤ᠎ᠶ᠋ᠢ ᠦᠢᠯᠡᠳᠪᠦᠷᠢᠯᠡᠯ ᠦᠢᠯᠡᠳᠦᠯᠭᠡ᠎ᠶ᠋ᠢᠨ ᠱᠢᠪᠠᠷ ᠱᠢᠷᠣᠢ᠎ᠳᠤ ᠭᠦᠨ ᠦᠨᠳᠦᠰᠦᠯᠡᠭᠦᠯᠪᠡᠯ ᠵᠣᠬᠢᠨ᠎ᠠ ᠭᠡᠳᠡᠭ᠎ᠢ ᠲᠡᠷᠡ ᠭᠦᠨ ᠣᠢᠯᠠᠭᠠᠨ᠎ᠠ᠃ ᠲᠥᠬᠦᠭᠡᠷᠦᠮᠵᠢᠲᠦ ᠲᠠᠷᠢᠶᠠᠯᠠᠩ ᠤᠯᠠᠭᠠᠨᠬᠠᠳᠠ᠎ᠳᠤ ᠥᠷᠨᠢᠨ ᠬᠥᠭ᠌ᠵᠢᠬᠦ᠌᠎ᠶ᠋ᠢᠨ ᠬᠠᠮᠲᠤ ᠬᠥᠷᠥᠰᠥ᠍ ᠱᠢᠷᠣᠢ ᠨᠢ ᠬᠤᠵᠢᠷᠱᠢᠬᠤ᠂ ᠡᠪᠡᠳᠴᠢᠨ ᠬᠣᠷᠣᠬᠠᠢ᠎ᠶ᠋ᠢᠨ ᠭᠠᠮᠱᠢᠭ ᠣᠯᠠᠨᠲᠠ ᠡᠭᠦᠰᠭᠦ ᠵᠡᠷᠭᠡ ᠬᠦᠴᠢᠷ ᠠᠰᠠᠭᠤᠳᠠᠯ ᠨᠢ ᠲᠠᠷᠢᠮᠠᠯ᠎ᠤᠨ ᠡᠷᠦᠬᠡ᠎ᠶ᠋ᠢ ᠲᠠᠰᠤᠷᠠᠯᠲᠠ ᠦᠭᠡᠢ ᠭᠠᠴᠢᠭ᠍ᠳᠠᠭᠤᠯᠵᠤ ᠪᠠᠢᠪᠠ᠃ ᠸᠠᠩ ᠱᠢᠤ ᡁᠢ ᠪᠦᠯᠬᠦᠮ᠎ᠢᠶᠡᠨ ᠳᠠᠭᠠᠭᠤᠯᠤᠨ ᠤᠯᠠᠭᠠᠨᠬᠠᠳᠠ᠎ᠶ᠋ᠢᠨ ᠲᠤᠬᠠᠶ᠎ᠶ᠋ᠢᠨ ᠭᠠᠵᠠᠷ᠎ᠤᠨ ᠨᠠᠷᠢᠮᠤ᠎ᠶ᠋ᠢᠨ ᠡᠰᠢ ᠰᠦᠷᠡᠯ᠂ ᠡᠷᠳᠡᠨᠢ ᠱᠢᠰᠢ᠎ᠶ᠋ᠢᠨ ᠡᠰᠢ ᠰᠦᠷᠡᠯ ᠵᠡᠷᠭᠡ᠎ᠶ᠋ᠢ ᠠᠱᠢᠭ᠍ᠯᠠᠨ ᠰᠠᠭᠤᠷᠢ ᠡᠳ᠋ ᠪᠣᠯᠭᠠᠨ ᠰᠠᠭᠤᠷᠢ ᠡᠳ᠋ ᠳᠠᠷᠢᠵᠤ ᠪᠣᠢᠵᠢᠭᠤᠯᠬᠤ ᠱᠢᠭ᠌ᠰᠢᠨ ᠰᠣᠩᠭᠣᠯᠲᠠ ᠬᠢᠵᠦ᠍᠂ ᠡᠴᠦᠰ᠎ᠲᠡᠬᠡᠨ ᠴᠢᠨᠠᠷ ᠰᠠᠢᠲᠠᠶ ᠳᠠᠷᠢᠵᠤ ᠪᠣᠢᠵᠢᠭᠤᠯᠬᠤ ᠰᠠᠭᠤᠷᠢ ᠡᠳ᠋ — ᠨᠠᠷᠢᠮᠦ᠎ᠵᠢᠨ ᠡᠰᠢ ᠰᠦᠷᠡᠯ᠎ᠢ ᠰᠣᠩᠭᠣᠨ ᠭᠠᠷᠭᠠᠵᠤ᠂ ᠲᠥᠬᠦᠭᠡᠷᠦᠮᠵᠢᠲᠦ ᠢᠳᠡᠱᠢᠨ ᠨᠣᠭᠣᠭ᠎ᠠ ᠣᠯᠠᠨ ᠵᠢᠯ ᠳᠠᠷᠢᠭ᠍ᠰᠠᠨ᠎ᠠᠴᠠ ᠪᠣᠯᠵᠣ ᠬᠥᠷᠥᠰᠥ᠍ ᠱᠢᠷᠣᠶ᠎ᠵᠢᠨ ᠵᠠᠯᠭᠠᠯᠳᠤᠨ ᠲᠠᠷᠢᠬᠤ ᠬᠠᠷᠰᠢ ᠰᠠᠭᠠᠳ᠎ᠤᠨ ᠠᠰᠠᠭᠤᠳᠠᠯ᠎ᠢ ᠨᠠᠮᠳᠠᠭᠤᠯᠪᠠ᠃ ᠲᠡᠷᠡ ᠪᠠᠰᠠ ᠵᠣᠨ᠎ᠤ ᠬᠦᠯᠡᠮᠵᠢ᠎ᠶ᠋ᠢᠨ ᠲᠥᠪᠡᠳ ᠬᠠᠰᠢ᠎ᠶ᠋ᠢ ᠥᠷᠭᠡᠰᠦᠲᠦ ᠨᠣᠭᠣᠭ᠎ᠠ᠂ ᠵᠢᠵᠢᠭ ᠴᠠᠭᠠᠨ ᠨᠣᠭᠣᠭ᠎ᠠ ᠵᠡᠷᠭᠡ ᠲᠠᠷᠢᠮᠠᠯ᠎ᠲᠠᠶ ᠳᠠᠬᠢᠨ ᠳᠠᠷᠢᠵᠤ ᠪᠣᠯᠬᠤ ᠪᠥᠭᠡᠳ ᠪᠠᠰᠠ ᠪᠥᠭᠡᠷᠡᠩᠬᠡᠶ ᠡᠰᠢᠲᠦ ᠨᠣᠭᠣᠭ᠎ᠠ᠂ ᠴᠡᠴᠡᠭ᠌ᠲᠦ ᠴᠠᠭᠠᠨ ᠨᠣᠭᠣᠭ᠎ᠠ ᠵᠡᠷᠭᠡ ᠲᠠᠷᠢᠮᠠᠯ᠎ᠲᠠᠶ ᠠᠯᠠᠭᠯᠠᠨ ᠳᠠᠷᠢᠵᠤ ᠪᠣᠯᠬᠤ ᠴᠣ ᠱᠢᠨ᠎ᠡ ᠲᠠᠷᠢᠮᠠᠯ᠎ᠤᠨ ᠵᠠᠭ᠍ᠪᠤᠷ᠎ᠤᠨ ᠱᠢᠨ᠎ᠡ᠎ᠵᠢ ᠡᠭᠦᠳᠴᠦ᠍᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠳᠦ ᠱᠢᠨ᠎ᠡ ᠠᠷᠭ᠎ᠠ ᠵᠠᠮ᠎ᠢ ᠨᠡᠭᠡᠭᠡᠵᠦ᠍ ᠥᠭ᠌ᠴᠡᠶ᠃
ᠸᠠᠩ ᠱᠢᠤ ᡁᠢ ᠤᠯᠠᠭᠠᠨᠬᠠᠳᠠ᠎ᠶ᠋ᠢᠨ ᠲᠦᠬᠦᠭᠡᠷᠦᠮᠵᠢᠲᠦ ᠢᠳᠡᠱᠢᠨ ᠨᠣᠭᠣᠭ᠎ᠠ᠎ᠶ᠋ᠢᠨ ᠦᠶ᠋ᠯᠡᠳᠪᠦᠷᠢᠯᠡᠯ᠎ᠦᠨ ᠪᠣᠳᠠᠲᠤ ᠪᠠᠢᠳᠠᠯ᠎ᠲᠠᠶ ᠤᠶᠠᠯᠳᠤᠭᠤᠯᠤᠨ᠂ ᠲᠦᠬᠦᠭᠡᠷᠦᠮᠵᠢᠲᠦ ᠲᠥᠪᠡᠳ ᠬᠠᠰᠢ᠂ ᠯᠠᠵᠤᠤ᠂ ᠴᠠᠭᠠᠨ ᠨᠣᠭᠣᠭ᠎ᠠ ᠵᠡᠷᠭᠡ ᠢᠳᠡᠱᠢᠨ ᠨᠣᠭᠣᠭ᠎ᠠ᠎ᠶ᠋ᠢᠨ ᠱᠢᠨ᠎ᠡ ᠡᠭᠦᠯᠳᠡᠷ᠎ᠢ 122 ᠣᠷᠣᠭᠤᠯᠤᠨ ᠠᠪᠴᠢᠷᠠᠵᠠᠶ᠃ 2019 ᠣᠨ᠎ᠳᠤ᠂ ᠲᠥᠪᠡᠳ ᠬᠠᠰᠢ᠎ᠶ᠋ᠢᠨ TY ᠸᠢᠷᠦ᠋ᠰ᠎ᠦᠨ ᠡᠪᠡᠳᠴᠢᠨ ᠠᠮᠠᠷᠬᠠᠨ ᠡᠭᠦᠰᠭᠦ ᠤᠯᠠᠷᠢᠯ᠎ᠳᠤ᠂ ᠸᠠᠩ ᠱᠢᠤ ᡁᠢ ᠱᠢᠰᠲ᠋ᠧᠮᠦᠨᠵᠢᠡᠨ ᠸᠢᠷᠦ᠋ᠰ᠎ᠦᠨ ᠡᠪᠡᠳᠴᠢᠨ᠎ᠦ ᠠᠵᠢᠯ᠎ᠤᠨ ᠪᠠᠢᠷᠢ᠎ᠶ᠋ᠢᠨ ᠱᠢᠨᠵᠢᠯᠡᠬᠦ᠌ ᠤᠬᠠᠭᠠᠨᠲᠠᠨ᠎ᠲᠠᠶ ᠴᠠᠭ ᠲᠤᠬᠠᠶ᠎ᠳᠤᠨᠢ ᠬᠠᠷᠢᠯᠴᠠᠵᠤ ᠤᠯᠠᠭᠠᠨᠬᠠᠳᠠ᠎ᠳᠤ ᠬᠦᠷᠴᠦ᠍ ᠮᠡᠷᠭᠡᠵᠢᠯ᠎ᠦᠨ ᠵᠢᠯᠣᠭᠣᠳᠣᠯᠭ᠎ᠠ ᠬᠢᠯᠭᠡᠭᠰᠡᠨ ᠪᠥᠭᠡᠳ ᠬᠠᠮᠤᠭ᠎ᠤᠨ ᠱᠢᠨ᠎ᠡ ᠸᠢᠷᠦ᠋ᠰ᠎ᠢ ᠰᠡᠷᠭᠡᠢᠯᠡᠨ ᠵᠠᠰᠠᠬᠤ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠷ᠎ᠡ ᠪᠦᠲᠦᠭᠡᠯ᠎ᠳᠡᠭᠡᠨ ᠪᠠᠭ᠎ᠠ ᠬᠡᠪᠴᠢᠶ᠎ᠡ᠎ᠪᠡᠷ ᠵᠢᠱ᠌ᠢᠶ᠎ᠡ ᠦᠵᠡᠭᠦᠯᠵᠦ᠍᠂ ᠸᠢᠷᠦ᠋ᠰ᠎ᠦᠨ ᠡᠪᠡᠳᠴᠢᠨ᠎ᠦ ᠬᠤᠤᠷ ᠬᠥᠨᠥᠭᠡᠯ᠎ᠢ ᠪᠦᠲᠦᠮᠵᠢᠲᠡᠶ ᠡᠵᠡᠮᠳᠡᠪᠡ᠃
ᠪᠠᠲᠤ ᠪᠠᠷᠢᠮᠳᠠᠯᠠᠯ᠎ᠤᠨ ᠠᠷᠤ᠎ᠳᠤ ᠯᠠᠪ ᠬᠦᠨᠳᠦ ᠨᠦᠰᠡᠷ ᠡᠭᠦᠷᠭᠡ ᠬᠠᠷᠢᠭᠤᠴᠠᠯᠭ᠎ᠠ ᠪᠤᠢ᠃ 2007 ᠣᠨ᠎ᠤ ᠴᠠᠭᠠᠨ ᠰᠠᠷ᠎ᠠ᠎ᠶ᠋ᠢᠨ ᠦᠯᠵᠡᠢᠳᠤ ᠪᠠᠶᠠᠷᠲᠤ᠂ ᠬᠣᠪᠣᠷ ᠲᠣᠬᠢᠶᠠᠯᠳᠤᠬᠤ ᠴᠠᠰᠤᠨ ᠱᠢᠭᠤᠷᠭ᠎ᠠ ᠤᠯᠠᠭᠠᠨᠬᠠᠳᠠ᠎ᠳᠤ ᠡᠭᠦᠰᠴᠡᠢ᠃ ᠴᠢᠬᠢ ᠪᠣᠢᠵᠢᠭᠤᠯᠬᠤ ᠰᠠᠭᠤᠷᠢᠨ᠎ᠤ 110 ᠲᠦᠮᠡᠨ ᠰᠠᠭᠤᠷᠢ ᠴᠢᠬᠢ᠎ᠶ᠋ᠢ ᠬᠠᠮᠠᠭᠠᠯᠠᠬᠤ᠎ᠶ᠋ᠢᠨ ᠲᠥᠯᠥᠭᠡ᠂ ᠸᠠᠩ ᠱᠢᠤ ᡁᠢ ᠰᠠᠯᠬᠢ ᠱᠢᠭᠤᠷᠭᠠᠨ᠎ᠢ ᠬᠠᠢᠬᠤᠷᠤᠯ ᠦᠭᠡᠢ ᠳᠤᠯᠠᠭᠠᠨ ᠨᠡᠮᠡᠬᠦ᠌ ᠲᠥᠬᠥᠭᠡᠷᠦᠮᠵᠢ ᠡᠷᠢᠵᠦ᠂ ᠬᠡᠳᠦ ᠤᠳᠠᠭᠠᠨ᠎ᠤ ᠨᠤᠭᠤᠷᠠᠯ ᠪᠦᠳᠦᠷᠢᠯ᠎ᠢ ᠥᠩᠭᠡᠷᠡᠭᠡᠭᠡᠳ ᠪᠠᠷᠠᠭᠠᠨ᠎ᠤ ᠢᠷᠡᠯᠲᠡ᠎ᠶ᠋ᠢ ᠡᠷᠢᠵᠦ᠍ ᠤᠯᠪᠠ᠃ ᠲᠡᠷᠡ ᠬᠠᠮᠲᠤ ᠠᠵᠢᠯᠯᠠᠭ᠍ᠰᠠᠳ᠎ᠲᠠᠶ᠎ᠪᠠᠨ ᠶᠡᠬᠡ ᠴᠠᠰᠤᠨ᠎ᠳᠤ ᠲᠥᠬᠥᠭᠡᠷᠦᠮᠵᠢ ᠵᠦᠭᠡᠭᠡᠪᠦᠷᠢᠯᠡᠨ᠂ ᠬᠣᠶᠠᠷ ᠬᠦᠯ ᠨᠢ ᠬᠥᠯᠳᠡᠵᠦ᠍ ᠬᠠᠪᠤᠳᠤᠭ᠍ᠰᠠᠨᠢ ᠥᠴᠦᠬᠡᠨ ᠴᠦ᠍ ᠬᠠᠢᠬᠤᠷᠤᠭ᠍ᠰᠠᠨ ᠦᠭᠡᠢ᠃ 《ᠲᠤᠬᠠᠢ᠎ᠶ᠋ᠢᠨ ᠦᠶ᠎ᠡ᠎ᠳᠦ ᠪᠢ ᠲᠠᠷᠢᠶᠠᠴᠢᠨ ᠡᠷᠦᠬᠡ᠎ᠶ᠋ᠢᠨ ᠴᠢᠬᠢ ᠨᠢᠭᠡ ᠪᠦᠷᠢ᠎ᠶ᠋ᠢ ᠬᠠᠮᠠᠭᠠᠯᠠᠬᠤ ᠨᠢᠭᠡ ᠯᠡ ᠬᠦᠰᠡᠯ ᠪᠤᠳᠤᠯ᠎ᠲᠡᠶ ᠪᠠᠢᠵᠠᠢ᠃ ᠲᠡᠭᠷᠢ ᠭᠡᠭᠡᠷᠡᠵᠦ ᠥᠷ ᠴᠠᠢᠬᠤ᠎ᠳᠤ ᠴᠢᠬᠢ ᠤᠤᠯ ᠶᠠᠨᠭᠵᠤ ᠪᠡᠷ᠎ᠵᠢᠡᠨ ᠪᠠᠢᠯ᠎ᠠ》 ᠭᠡᠵᠦ ᠸᠠᠩ ᠱᠢᠤ ᡁᠢ ᠡᠷᠭᠢᠴᠡᠭᠦᠯᠦᠨ ᠬᠡᠯᠡᠪᠡ᠃
ᠠᠵᠢᠯ᠎ᠠᠴᠠ᠎ᠪᠠᠨ ᠠᠮᠠᠷᠠᠬᠤ᠎ᠠᠴᠠ ᠡᠮᠦᠨ᠎ᠡ᠂ ᠲᠡᠷᠡ《ᠥᠪᠥᠷ ᠮᠣᠩᠭᠣᠯ᠎ᠤᠨ ᠲᠦᠬᠦᠭᠡᠷᠤᠮᠵᠢᠳᠤ ᠢᠳᠡᠱᠢᠨ ᠨᠣᠭᠣᠭ᠎ᠠ᠎ᠶ᠋ᠢᠨ ᠦᠷ᠎ᠡ᠎ᠶ᠋ᠢᠨ ᠦᠢᠯᠡᠰ᠎ᠦᠨ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ》 ᠢ᠋ ᠡᠭᠦᠳᠦᠨ ᠪᠠᠢᠭᠤᠯᠬᠤ ᠲᠦᠷᠦᠯ ᠵᠦᠢᠯ᠎ᠢ ᠠᠮᠵᠢᠯᠲᠠ᠎ᠲᠠᠶ ᠭᠤᠶᠤᠴᠢᠯᠠᠨ ᠮᠡᠳᠡᠭᠦᠯᠵᠦ᠍᠂ ᠣᠷᠣᠨ᠎ᠤ ᠳᠣᠲᠣᠨ᠎ᠠ ᠭᠠᠳᠠᠨᠠᠬᠢ ᠳᠠᠪᠠᠭᠤᠯᠢᠭ ᠡᠬᠢ ᠪᠠᠶᠠᠯᠢᠭ᠎ᠢ ᠨᠡᠢᠳᠭᠡᠵᠦ᠍᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠦᠬᠦᠭᠡᠷᠤᠮᠵᠢᠳᠤ ᠢᠳᠡᠱᠢᠨ ᠨᠣᠭᠣᠭ᠎ᠠ᠎ᠶ᠋ᠢᠨ ᠦᠷ᠎ᠡ᠎ᠶ᠋ᠢᠨ ᠦᠢᠯᠡᠰ᠎ᠦᠨ ᠬᠦᠷᠢᠶᠡᠨ᠎ᠦ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠴᠢᠳᠠᠪᠤᠷᠢ᠎ᠶ᠋ᠢ ᠳᠡᠭᠡᠭ᠌ᠰᠢᠯᠡᠭᠦᠯᠬᠦ᠌᠎ᠪᠡᠷ ᠴᠢᠷᠮᠠᠢᠪᠠ᠃ ᠠᠵᠢᠯ᠎ᠠᠴᠠ᠎ᠪᠠᠨ ᠠᠮᠠᠷᠠᠭ᠍ᠰᠠᠨ᠎ᠤ ᠳᠠᠷᠠᠭ᠎ᠠ᠂ ᠲᠡᠷᠡ ᠮᠥᠨ ᠬᠦ᠌ ᠰᠠᠨᠠᠭᠠᠴᠢᠯᠠᠭ᠎ᠠ᠎ᠠᠴᠠ᠎ᠪᠠᠨ ᠵᠠᠯᠠᠭᠤ ᠬᠠᠮᠲᠤ ᠠᠵᠢᠯᠯᠠᠭ᠍ᠴᠢ᠂ ᠲᠠᠷᠢᠮᠠᠯ᠎ᠤᠨ ᠡᠷᠦᠬᠡ᠎ᠵᠢ ᠬᠠᠪᠰᠤᠷᠤᠨ ᠬᠦᠴᠢᠷ ᠲᠦᠪᠡᠭ᠎ᠢ ᠨᠢ ᠰᠢᠢᠳᠪᠦᠷᠢᠯᠡᠵᠦ ᠥᠭ᠌ᠳᠡᠭ᠃
ᠦᠷᠯᠦᠭᠡ᠎ᠵᠢᠨ ᠰᠢᠭᠦᠳᠡᠷᠢ᠎ᠳᠤ ᠢᠳᠡᠷᠡᠭᠦᠨ᠎ᠢᠶᠡᠷ ᠦᠰᠦᠨ ᠪᠣᠢᠵᠢᠭ᠍ᠰᠠᠨ ᠯᠠᠵᠤᠤ᠂ ᠲᠤᠯᠠᠭᠠᠨ ᠬᠦᠯᠡᠮᠵᠢ᠎ᠳᠤ ᠬᠠᠬᠢᠷ ᠬᠦᠢᠲᠡᠨ ᠰᠥᠨᠢ ᠰᠡᠬᠦᠢᠨ ᠵᠤᠭᠰᠤᠭ᠎ᠠ ᠲᠠᠷᠢᠶᠠᠨ ᠴᠢᠬᠢ᠂ ᠲᠠᠷᠢᠶᠠᠴᠢᠨ ᠡᠷᠦᠬᠡ᠎ᠶ᠋ᠢᠨ ᠴᠢᠷᠠᠶ ᠳᠡᠭᠡᠷᠡᠬᠢ ᠢᠨᠢᠶᠡᠮᠰᠦᠭ᠌ᠯᠡᠯ ᠨᠢ ᠴᠥᠮ ᠸᠠᠩ ᠱᠢᠤ ᡁᠢ᠎ᠶ᠋ᠢᠨ ᠵᠤᠷᠢᠭᠤᠯᠤᠯ ᠪᠠ ᠪᠠᠲᠤ ᠰᠠᠬᠢᠯᠲᠠ᠎ᠶ᠋ᠢ ᠭᠡᠷᠡᠴᠢᠯᠡᠵᠦ᠍᠂ ᠲᠡᠷᠡ ᠬᠠᠳᠠᠭᠤᠵᠢᠯᠳᠠᠢ ᠬᠦᠴᠦ᠍ ᠬᠥᠳᠡᠯᠮᠦᠷᠢ᠎ᠪᠡᠷ᠎ᠢᠶᠡᠨ ᠡᠪ ᠬᠠᠮᠲᠤ ᠨᠠᠮ᠎ᠤᠨ ᠭᠡᠱᠢᠭᠦᠨ᠎ᠦ ᠬᠠᠷᠢᠭᠤᠴᠠᠯᠭ᠎ᠠ ᠡᠭᠦᠷᠭᠡᠯᠡᠯ᠎ᠢ ᠲᠠᠢᠯᠪᠤᠷᠢᠯᠠᠨ᠎ᠠ᠃