ᠦᠶᠡᠷ ᠎ᠢ ᠰᠡᠷᠭᠡᠢᠯᠡᠵᠦ᠍ ᠠᠶᠤᠯ᠎ᠡᠴᠡ ᠠᠪᠤᠷᠠᠬᠤ ᠡᠮᠦᠨ᠎ᠡ ᠹᠷᠣᠨᠲ᠎ᠲᠤ ᠡᠷᠡᠯᠬᠡᠭ᠌ᠯᠡᠨ ᠲᠡᠮᠡᠴᠡᠭᠰᠡᠨ 《ᠬᠤᠪᠢᠰᠬᠠᠯᠳᠤ ᠮᠣᠷᠢᠲᠤ ᠴᠡᠷᠢᠭ ᠤ᠋ᠨ ᠠᠩᠭᠢ》
2025-08-29 10:26:42
ᠵᠣᠬᠢᠶᠠᠭ᠍ᠴᠢ᠄
ᠵᠧᠩ ᠱᠢᠤᠸᠠᠢ ᠯᠢᠶᠠᠩ
ᠣᠩᠱᠢᠭ᠍ᠰᠠᠨ ᠣᠳᠠᠭ᠎ᠠ᠄
★★★☆☆

2025 ᠣᠨ᠎ᠤ 8 ᠰᠠᠷ᠎ᠠ ᠶ᠋ᠢᠨ 26 ᠤ᠋ ᠡᠳᠦᠷ ᠎ᠤᠨ  10 ᠴᠠᠭ 40 ᠮᠢᠨᠦ᠋ᠲ᠎ᠲᠦ᠂ ᠬᠥᠬᠡᠬᠣᠲᠠ᠎ᠶ᠋ᠢᠨ ᠴᠠᠭ ᠠᠭᠤᠷ᠎ᠤᠨ ᠲᠣᠪᠴᠢᠶ᠎ᠠ ᠴᠢᠩᠭ᠎ᠠ ᠰᠣᠯᠢᠭ ᠤᠷᠤᠰᠭᠠᠯ᠎ᠤᠨ ᠬᠥᠬᠡ ᠥᠩᠭᠡ᠎ᠶ᠋ᠢᠨ ᠰᠡᠷᠡᠮᠵᠢ ᠵᠢᠨ ᠳᠤᠬᠢᠶ᠎ᠠ ᠨᠡᠢᠲᠡᠯᠡᠪᠡ ᠄ ᠵᠢᠱ᠌ᠢᠯᠲᠡ᠎ᠪᠡᠷ 8 ᠰᠠᠷ᠎ᠠ᠎ᠶ᠋ᠢᠨ 26 ᠤ᠋ ᠡᠳᠦᠷ᠎ᠦᠨ 16 ᠴᠠᠭ ᠎ᠡᠴᠡ 27 ᠤ᠋ ᠡᠳᠦᠷ ᠎ᠦᠨ 10 ᠴᠠᠭ ᠪᠣᠯᠲᠠᠯ᠎ᠠ ᠪᠥᠬᠥ᠌ ᠬᠣᠲᠠ᠎ᠶ᠋ᠢᠨ ᠶᠡᠬᠡᠩᠬᠢ ᠭᠠᠵᠠᠷ᠎ᠲᠤ ᠣᠬᠣᠷᠬᠠᠨ ᠴᠠᠭ ᠱᠢᠷᠦᠭᠦᠨ ᠪᠣᠷᠣᠭᠠᠨ ᠣᠷᠣᠨ᠎ᠠ᠁

ᠡᠨᠡ ᠦᠶ᠎ᠡ ᠎ᠳᠦ ᠬᠥᠬᠡᠬᠣᠲᠠ᠎ᠶ᠋ᠢᠨ ᠦᠴᠦᠸᠠᠨ ᠱᠢᠶᠠᠨ᠎ᠤ ᠳ᠋ᠸ ᠱᠧᠩ ᠭᠸᠤ ᠱᠢᠶᠠᠩ᠎ᠤᠨ ᠳ᠋ᠦᠩ ᠫᠦᠸᠸ ᠵᠠᠰᠠᠭ ᠵᠠᠬᠢᠷᠭᠠᠨ᠎ᠤ ᠲᠣᠰᠭᠣᠨ᠎ᠤ 《ᠬᠤᠪᠢᠰᠬᠠᠯᠳᠤ ᠮᠣᠷᠢᠲᠤ ᠴᠡᠷᠢᠭ᠎ᠦᠨ ᠠᠩᠬᠢ》 ᠵᠢᠨ 17 ᠭᠡᠱᠢᠭᠦᠨ ᠵᠠᠩᠬᠢᠯᠠᠭ᠎ᠠ ᠵᠢᠨ ᠴᠠᠭ ᠲᠦ᠍ ᠦᠳᠲᠡᠷ ᠲᠦᠷᠭᠡᠨ ᠴᠤᠭ᠍ᠯᠠᠷᠠᠯ᠎ᠠ᠃

ᠲᠣᠰᠭᠣᠨ᠎ᠤ ᠨᠠᠮ᠎ᠤᠨ ᠡᠭᠦᠷ᠎ᠦᠨ ᠱᠦᠵᠢ᠎ᠶ᠋ᠢᠨ ᠲᠠᠭᠠᠭᠤᠯᠭ᠎ᠠ ᠳᠣᠣᠷ᠎ᠠ ᠤᠯᠠᠨ᠎ᠢᠶᠠᠷ᠎ᠢᠶᠠᠨ ᠤᠯᠠᠨ ᠲᠦᠮᠡᠨ᠎ᠢ ᠳᠠᠷᠤᠢ ᠲᠦᠷᠭᠡᠨ ᠰᠢᠯᠵᠢᠭᠦᠯᠵᠤ᠂ ᠭᠣᠣᠯ ᠮᠥᠷᠡᠨ᠎ᠦ ᠬᠠᠱᠢᠯᠭ᠎ᠠ᠎ᠶ᠋ᠢ ᠲᠣᠭᠣᠷᠢᠨ ᠪᠠᠢᠴᠠᠭᠠᠵᠤ᠂ ᠦᠶᠡᠷ ᠳᠠᠭᠠᠤ ᠵᠢᠨ ᠬᠠᠷᠠᠭᠤᠯ ᠎ᠤᠨ ᠴᠡᠭ ᠲᠡᠬᠢ ᠵᠢᠵᠢᠭᠦᠷ ᠤ᠋ᠨ ᠬᠦᠮᠦᠰ ᠴᠦ᠍ ᠠᠵᠢᠯ᠎ᠤᠨ ᠪᠠᠢᠷᠢ ᠳ᠋ᠠᠭᠠᠨ ᠪᠡᠯᠡᠭᠡᠨ ᠪᠤᠯᠪᠠ᠃

ᠡᠨᠡ ᠪᠣᠯ ᠰᠠᠷ᠎ᠠ᠎ᠶ᠋ᠢᠨ ᠡᠮᠦᠨ᠎ᠡ ᠠᠭᠤᠯᠠᠨ ᠦᠶᠡᠷ ᠡᠭᠦᠰᠦᠭ᠌ᠰᠡᠨ᠎ᠡᠴᠡ ᠨᠠᠭᠠᠰᠢ ᠳ᠋ᠦᠩ ᠫᠦᠸᠸ ᠵᠠᠰᠠᠭ ᠵᠠᠬᠢᠷᠭᠠᠨ᠎ᠤ ᠲᠣᠰᠭᠣᠨ᠎ᠤ ᠨᠠᠮ ᠎ᠤᠨ ᠡᠭᠦᠷ᠎ᠦᠨ 《ᠬᠤᠪᠢᠰᠭᠠᠯᠲᠤ ᠮᠣᠷᠢᠲᠤ ᠴᠡᠷᠢᠭ ᠤ᠋ᠨ ᠠᠩᠭᠢ》 ᠭᠤᠷᠪᠠᠳᠠᠬᠢ ᠤᠳᠠᠭ᠎ᠠ ᠦᠶᠡᠷ ᠎ᠢ ᠰᠡᠷᠭᠡᠢᠯᠡᠬᠦ᠌ ᠠᠵᠢᠯ ᠎ᠢ ᠶᠡᠬᠡ ᠬᠡᠪᠴᠢᠶ᠎ᠠ ᠪᠡᠷ ᠵᠣᠬᠢᠶᠠᠨ ᠪᠠᠢᠭᠤᠯᠵᠤ ᠪᠠᠢᠭ᠎ᠠ ᠶᠠᠪᠤᠳᠠᠯ ᠪᠣᠯᠤᠨ᠎ᠠ᠃

ᠳ᠋ᠦᠩ ᠫᠦᠸᠸ ᠲᠣᠰᠭᠣᠨ ᠪᠦᠢᠳᠠ ᠪᠦᠭ᠌ᠯᠡᠭᠦᠦ ᠭᠠᠵᠠᠷ ᠪᠠᠢᠷᠢᠯᠠᠵᠤ᠂ ᠵᠠᠮ ᠬᠠᠷᠢᠯᠴᠠᠭ᠎ᠠ ᠳᠥᠭᠥᠮ ᠦᠭᠡᠢ ᠮᠥᠷᠲᠡᠭᠡᠨ ᠲᠣᠰᠭᠣᠨ᠎ᠳᠤ ᠰᠠᠭᠤᠵᠤ ᠪᠠᠢᠭ᠎ᠠ ᠬᠦᠮᠦᠰ ᠤ᠋ᠨ ᠣᠯᠠᠩᠬᠢ ᠨᠢ ᠪᠡᠶ᠎ᠡ ᠮᠠᠭᠤᠲᠠᠶ ᠨᠠᠰᠤᠲᠠᠢᠴᠤᠳ ᠪᠤᠯᠤᠨ᠎ᠠ᠃

2021 ᠣᠨ᠎ᠤ ᠡᠬᠢ᠎ᠪᠡᠷ ᠲᠣᠰᠭᠣᠨ᠎ᠤ ᠨᠠᠮ ᠎ᠤᠨ ᠡᠭᠦᠷ᠎ᠡᠴᠡ ᠰᠤᠳᠤᠯᠤᠭᠠᠳ᠂ ᠤᠯᠠᠨ ᠲᠦᠮᠡᠨ᠎ᠦ  ᠶᠠᠪᠤᠳᠠᠯ ᠭᠦᠢᠴᠡᠳᠭᠡᠬᠦ ᠳ᠋ᠤ ᠲᠦᠬᠦᠮ ᠦᠵᠡᠭᠦᠯᠬᠦ᠌᠎ᠶ᠋ᠢᠨ ᠲᠥᠯᠥᠭᠡ ᠲᠣᠰᠭᠣᠨ᠎ᠤ ᠨᠠᠮ᠎ᠤᠨ ᠡᠭᠦᠷ ᠲᠦᠷᠦᠬᠦᠯᠡᠨ 《ᠬᠤᠪᠢᠰᠭᠠᠯᠲᠤ ᠮᠣᠷᠢᠲᠤ ᠴᠡᠷᠢᠭ᠎ᠦᠨ ᠠᠩᠬᠢ》 ᠪᠠᠢᠭᠤᠯᠵᠤ᠂ ᠲᠣᠰᠭᠣᠨ᠎ᠤ ᠨᠠᠮ᠎ᠤᠨ ᠭᠡᠱᠢᠭᠦᠨ᠂ ᠵᠠᠯᠠᠭᠤᠴᠤᠳ ᠢᠳᠡᠪᠬᠢᠲᠡᠢ ᠴᠤᠤᠷᠢᠶᠠᠲᠤᠨ ᠲᠠᠭᠠᠵᠥ᠍᠂ 6 ᠪᠠᠢᠭᠠᠯᠢ᠎ᠶ᠋ᠢᠨ ᠲᠣᠰᠭᠣᠨ᠎ᠤ ᠳᠠᠷᠤᠭ᠎ᠠ ᠨᠢ ᠲᠤᠰ ᠲᠤᠰ ᠥᠪᠡᠷ᠎ᠦᠨ ᠲᠤᠰᠬᠤᠨ ᠳ᠋ᠠᠭᠠᠨ《ᠬᠤᠪᠢᠰᠭᠠᠯᠲᠤ ᠮᠣᠷᠢᠲᠤ ᠴᠡᠷᠢᠭ᠎ᠦᠨ ᠦᠷᠳᠡᠬᠡ》 ᠪᠠᠢᠭᠤᠯᠵᠤ᠂ ᠠᠩᠬᠢ ᠵᠢᠨ ᠭᠡᠰᠢᠬᠦᠳ ᠴᠦ᠍ 15 ᠬᠤᠪᠢ᠎ᠶ᠋ᠢᠨ ᠮᠠᠱᠢᠨ ᠲᠡᠷᠭᠡ᠎ᠲᠡᠶ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠲᠡᠷᠭᠡᠨ ᠠᠩᠬᠢ᠎ᠶ᠋ᠢ ᠵᠣᠬᠢᠶᠠᠨ ᠪᠠᠢᠭᠤᠯᠪᠠ᠃

ᠲᠡᠳᠡ 《ᠲᠤᠤᠷᠵᠢᠭᠤᠯᠤᠭᠰᠠᠨ ᠬᠠᠮᠢᠶᠠᠷᠤᠯᠲᠠ᠂ ᠪᠦᠯᠬᠦᠮ ᠪᠠᠢᠭᠤᠯᠬᠤ ᠮᠠᠶᠢᠭ᠎ᠤᠨ ᠦᠢᠯᠡᠴᠢᠯᠡᠭᠡ᠂ ᠲᠣᠰᠭᠣᠨ ᠡᠷᠦᠬᠡ ᠬᠠᠷᠢᠯᠴᠠᠬᠤ》 ᠬᠡᠯᠪᠡᠷᠢ ᠎ᠪᠡᠷ ᠪᠦᠬᠦ᠌ ᠲᠣᠰᠭᠣᠨ ᠎ᠤ ᠡᠯ᠎ᠡ ᠥᠨᠴᠥᠭ ᠪᠤᠯᠤᠩ᠎ᠢ ᠬᠠᠮᠤᠷᠤᠭ᠍ᠰᠠᠨ ᠤᠯᠠᠨ ᠲᠦᠮᠡᠨ᠎ᠦ ᠦᠢᠯᠡᠴᠢᠯᠡᠭᠡᠨ᠎ᠦ ᠱᠢᠰᠲ᠋ᠧᠮ᠎ᠢ ᠪᠠᠢᠭᠤᠯᠪᠠ᠃

ᠭᠡᠱᠢᠭᠦᠳ ᠣᠯᠠᠨ ᠲᠦᠮᠡᠨ ᠎ᠦ ᠬᠡᠷᠡᠭ᠌ᠴᠡᠭᠡ ᠎ᠶ᠋ᠢ ᠴᠠᠭ ᠲᠤᠬᠠᠶ᠎ᠳᠤᠨᠢ ᠴᠤᠭ᠍ᠯᠠᠭᠤᠯᠵᠤ᠂ ᠲᠣᠰᠭᠣᠨ᠎ᠤ ᠠᠷᠠᠳ᠎ᠲᠤ ᠬᠠᠪᠰᠤᠷᠤᠨ ᠭᠦᠶ᠋ᠴᠡᠳᠭᠡᠬᠦ᠌ ᠣᠷᠣᠯᠠᠨ ᠭᠦᠶ᠋ᠴᠡᠳᠭᠡᠬᠦ᠌᠂ ᠡᠮᠴᠢ ᠡᠷᠢᠵᠦ᠍ ᠦᠭᠬᠦ᠂ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠵᠡᠷᠭᠡ 11 ᠵᠦᠶ᠋ᠯ ᠎ᠦᠨ ᠦᠶ᠋ᠯᠡᠴᠢᠯᠡᠭᠡ ᠥᠷᠨᠢᠭᠦᠯᠵᠦ᠍᠂ ᠠᠭᠠᠵᠢᠮ ᠎ᠢᠶᠠᠷ ᠲᠤᠬᠠᠶ᠎ᠶ᠋ᠢᠨ ᠭᠠᠵᠠᠷ᠎ᠤᠨ ᠲᠣᠰᠭᠣᠨ᠎ᠤ ᠠᠷᠠᠳ ᠎ᠤᠨ ᠰᠠᠯᠵᠤ ᠪᠣᠯᠤᠰᠢ ᠥᠬᠡᠶ 《ᠰᠡᠳᠭᠢᠯ ᠎ᠢ ᠳᠤᠯᠠᠭᠠᠴᠡᠭᠤᠯᠬᠤ ᠰᠠᠢᠨ ᠳᠤᠷ᠎ᠠ ᠎ᠶ᠋ᠢᠨ ᠦᠶ᠋ᠯᠡᠴᠢᠯᠡᠭᠡᠨ᠎ᠦ ᠠᠩᠭᠢ》  ᠪᠣᠯᠤᠬᠰᠠᠨ ᠠᠵᠢ᠃

《ᠲᠣᠰᠭᠣᠨ᠎ᠤ ᠠᠷᠠᠳ ᠭᠡᠷᠡᠭᠴᠡᠭᠡ ᠱᠠᠭᠠᠷᠳᠠᠯᠭ᠎ᠠ ᠪᠡᠨ ᠶᠠᠷᠢᠪᠠᠯ ᠨᠠᠮ᠎ᠤᠨ ᠭᠡᠱᠢᠭᠦᠨ ᠺᠠᠳ᠋ᠷ ᠬᠠᠪᠰᠤᠷᠤᠨ ᠱᠢᠢᠳᠪᠦᠷᠢᠯᠡᠵᠦ᠍᠂ ᠨᠠᠮ ᠎ᠤᠨ ᠬᠡᠰᠢᠬᠥᠨ ᠤᠯᠠᠨ ᠲᠦᠮᠡᠨ᠂ ᠺᠠᠳ᠋ᠷ ᠤᠯᠠᠨ ᠲᠦᠮᠡᠨ᠎ᠦ ᠬᠠᠷᠢᠴᠠᠭ᠎ᠠ᠎ᠶ᠋ᠢ ᠤᠢ᠍ᠢᠷᠠᠳᠤᠭᠤᠯᠵᠤ᠂ ᠲᠣᠰᠭᠣᠨ᠎ᠤ ᠱᠠᠲᠤᠨ ᠎ᠤ ᠬᠠᠮᠢᠶᠠᠷᠤᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠦᠭᠰᠡᠨ ᠵᠢᠡᠷ ᠤᠯᠠᠨ ᠲᠦᠮᠡᠨ᠎ᠢ ᠬᠠᠨᠤᠮᠵᠢᠲᠠᠢ ᠪᠣᠯᠭᠠᠨ᠎ᠠ ᠭᠡᠳᠡᠭ ᠨᠢ ᠬᠤᠭᠤᠰᠤᠨ ᠤᠷᠢᠶ᠎ᠠ ᠲᠡᠳᠦᠢ ᠪᠢᠰᠢ ᠪᠤᠯᠵᠠᠢ》᠃ 《ᠬᠤᠪᠢᠰᠭᠠᠯᠲᠤ ᠮᠣᠷᠢᠲᠤ ᠴᠡᠷᠢᠭ᠎ᠦᠨ ᠠᠩᠭᠢ》 ᠵᠢᠨ ᠲᠤᠬᠠᠢ ᠶᠠᠷᠢᠬᠤ ᠳ᠋ᠠᠭᠠᠨ ᠳ᠋ᠦᠩ ᠫᠦ᠋ᠸᠸ ᠵᠠᠰᠠᠭ ᠵᠠᠬᠢᠷᠭᠠᠨ᠎ᠤ ᠲᠣᠰᠭᠣᠨ᠎ᠤ ᠯᠢ ᠴᠢ ᠭᠸᠤ ᠪᠠᠢᠭᠠᠯᠢ ᠵᠢᠨ ᠲᠣᠰᠭᠣᠨ᠎ᠤ ᠳᠠᠷᠤᠭ᠎ᠠ ᠵᠧᠩ ᠷᠦᠨ ᠯᠦᠩ ᠣᠮᠣᠭ᠍ᠰᠢᠬᠤ ᠰᠡᠳᠭᠢᠯᠭᠡ᠎ᠪᠡᠨ ᠳᠠᠷᠤᠵᠤ ᠶᠠᠳᠠᠨ᠎ᠠ᠃

ᠳ᠋ᠦᠩ ᠫᠦᠸᠸ ᠲᠣᠰᠭᠣᠨ ᠎ᠤ  64 ᠨᠠᠰᠤᠲᠠᠢ ᠲᠣᠰᠭᠣᠨ᠎ᠤ ᠠᠷᠠᠳ ᠼᠦᠢ ᠯᠢᠶᠠᠨ ᠭᠸᠨ᠄ 《ᠮᠠᠨ᠎ᠤ ᠡᠨᠳᠡᠬᠢ ᠪᠣᠯ ᠠᠭᠤᠯᠠᠷᠬᠠᠭ ᠣᠷᠣᠨ᠎ᠤ ᠲᠣᠰᠭᠣᠨ᠎ᠳᠤ ᠬᠠᠷᠢᠶᠠᠯᠠᠭ᠍ᠳᠠᠨ᠎ᠠ᠂ ᠲᠠᠯᠠ ᠨᠠᠶᠨ ᠭᠠᠷᠤᠬᠰᠠᠨ ᠨᠠᠰᠤᠲᠠᠨ ᠤᠯᠠᠨ᠂ ᠳᠡᠭᠡᠷ᠎ᠡ ᠤᠳᠠᠭ᠎ᠠ ᠠᠭᠤᠯᠠᠨ ᠦᠶᠡᠷ ᠪᠠᠭᠤᠬᠤ᠎ᠳᠤ〈ᠬᠤᠪᠢᠰᠭᠠᠯᠲᠤ ᠮᠣᠷᠢᠲᠤ ᠴᠡᠷᠢᠭ ᠎ᠤᠨ ᠠᠩᠬᠢ〉 ᠢ᠋ᠢᠨ ᠰᠠᠢ᠌ᠨ᠎ᠢᠶᠠᠷ ᠪᠢᠳᠠ ᠠᠶᠤᠯ ᠡᠴᠡ ᠵᠠᠢᠯᠠᠵᠤ ᠴᠢᠳᠠᠵᠠᠢ᠃ 

ᠲᠡᠳᠡ ᠮᠠᠨ᠎ᠤ ᠲᠤᠰᠬᠤᠨ ᠡᠴᠡ ᠤᠢᠷᠠᠬᠠᠨ ᠪᠠᠢᠵᠦ᠂ ᠬᠦᠯ ᠭᠠᠷ ᠨᠢ ᠴᠦ᠍ ᠬᠤᠷᠴᠠ ᠱᠠᠯᠠᠮᠠᠭᠠᠢ᠂ ᠮᠠᠰᠢ ᠲᠦᠷᠭᠡᠨ᠎ᠢᠶᠡᠷ ᠬᠦᠴᠢᠷᠳᠡᠯ᠎ᠳᠦ ᠲᠤᠯᠭᠠᠷᠠᠭ᠍ᠰᠠᠨ ᠲᠣᠰᠭᠣᠨ᠎ᠤ ᠠᠷᠠᠳ᠎ᠢ ᠠᠮᠤᠷ ᠲᠦᠪᠱᠢᠨ ᠭᠠᠵᠠᠷ᠎ᠲᠤ ᠱᠢᠯᠵᠢᠭᠦᠯᠵᠦ ᠴᠢᠳᠠᠬᠰᠠᠨ ᠶᠤᠮ》 ᠭᠡᠵᠡᠢ᠃

ᠵᠢᠯ ᠪᠦᠷᠢ ᠎ᠶ᠋ᠢᠨ 7 ᠰᠠᠷ᠎ᠠ᠎ᠳᠤ ᠦᠶᠡᠷ᠎ᠦᠨ ᠬᠤᠭᠤᠴᠠᠭᠠᠨ᠎ᠳᠤ ᠣᠷᠣᠵᠤ᠂ 《ᠬᠤᠪᠢᠰᠭᠠᠯᠲᠤ ᠮᠣᠷᠢᠲᠤ ᠴᠡᠷᠢᠭ᠎ᠤᠨ  ᠠᠩᠬᠢ》 ᠨᠢ ᠡᠯ᠎ᠡ ᠬᠠᠷᠠᠭᠤᠯ᠎ᠤᠨ ᠴᠡᠭ᠎ᠲᠦ ᠡᠭᠡᠯᠵᠢᠯᠡᠨ ᠵᠢᠵᠢᠭᠦᠷᠯᠡᠳᠡᠭ᠃

ᠡᠨᠡ ᠵᠢᠯ᠎ᠦᠨ 7 ᠰᠠᠷ᠎ᠠ᠎ᠶ᠋ᠢᠨ 22᠎ᠤ᠋ᠨ ᠡᠳᠦᠷ᠂ ᠨᠢᠭᠡ ᠡᠳᠦᠷ᠎ᠦᠨ ᠬᠤᠷ᠎ᠠ ᠲᠣᠨᠳᠠᠰᠤ᠎ᠶ᠋ᠢᠨ ᠬᠡᠮᠵᠢᠶ᠎ᠡ 99 ᠮᠢᠯᠢᠮᠧᠲ᠋ᠷ᠎ᠲᠦ ᠬᠦᠷᠴᠦ᠍᠂ ᠲᠡᠮᠳᠡᠭ᠌ᠯᠡᠯ᠎ᠲᠡᠶ ᠪᠣᠯᠤᠭ᠍ᠰᠠᠨ᠎ᠡᠴᠡ ᠨᠠᠭᠠᠱᠢᠬᠢ ᠬᠠᠮᠤᠭ ᠎ᠤᠨ ᠥᠨᠳᠥᠷ ᠬᠤᠷ᠎ᠠ ᠲᠣᠨᠳᠠᠰᠤ᠎ᠶ᠋ᠢᠨ ᠬᠡᠮᠵᠢᠶ᠎ᠡ᠎ᠡᠴᠡ ᠳᠠᠪᠠᠵᠤ᠂ ᠤᠰᠤᠨ᠎ᠤ ᠲᠦᠪᠱᠢᠨ ᠦᠷᠭᠦᠯᠵᠢᠯᠡᠨ ᠳᠡᠭᠡᠭ᠌ᠰᠢᠯᠡᠵᠦ᠍᠂ ᠠᠭᠤᠯᠠᠨ᠎ᠳᠠᠬᠢ ᠤᠰᠤ ᠬᠠᠳᠠᠭᠠᠯᠠᠬᠤ ᠬᠡᠮᠵᠢᠶ᠎ᠡ ᠣᠷᠭᠢᠯ᠎ᠤᠨ ᠬᠡᠮᠵᠢᠭ᠌ᠳᠡᠯ᠎ᠳᠦ ᠬᠦᠷᠴᠡᠶ᠃

25᠎ᠤ᠋ ᠦᠳᠡ᠎ᠶ᠋ᠢᠨ ᠬᠣᠢᠨ᠎ᠠ᠂ ᠲᠣᠰᠭᠣᠨ᠎ᠤ ᠨᠠᠮ ᠎ᠤᠨ ᠡᠭᠦᠷ ᠱᠢᠶᠠᠨ ᠎ᠤ ᠴᠠᠭ ᠠᠭᠤᠷ᠎ᠤᠨ ᠲᠣᠪᠴᠢᠶ᠎ᠠ᠂ ᠤᠰᠤᠨ᠎ᠤ ᠶᠠᠪᠤᠳᠠᠯ ᠎ᠤᠨ ᠲᠣᠪᠴᠢᠶ᠎ᠠ᠂ ᠪᠠᠴᠢᠮ ᠪᠠᠢᠳᠠᠯ ᠎ᠢ ᠠᠷᠭᠠᠴᠠᠭᠠᠬᠤ ᠬᠠᠮᠢᠶᠠᠷᠤᠯᠲᠠ᠎ᠶ᠋ᠢᠨ ᠲᠣᠪᠴᠢᠶ᠎ᠠ ᠵᠡᠷᠭᠡ ᠰᠠᠯᠠᠭ᠎ᠠ ᠮᠥᠴᠢᠷ᠎ᠦᠨ ᠤᠷᠢᠳᠴᠢᠯᠠᠨ ᠰᠡᠷᠡᠮᠵᠢᠯᠡᠭᠦᠯᠬᠦ᠌ ᠮᠡᠳᠡᠭᠡ ᠵᠠᠩᠭᠢ᠎ᠶ᠋ᠢ ᠣᠯᠤᠭ᠍ᠰᠠᠨ᠎ᠤ ᠳᠠᠷᠠᠭ᠎ᠠ ᠲᠣᠰᠭᠣᠨ᠎ᠤ ᠵᠠᠬ᠎ᠠ᠎ᠶᠢᠨ ᠭᠤᠤᠯ᠎ᠤᠨ ᠵᠠᠮ᠎ᠵᠢᠡᠷ ᠴᠠᠭᠳᠠᠨ ᠶᠠᠪᠤᠬᠤ ᠳ᠋ᠠᠭᠠᠨ ᠤᠰᠤᠨ ᠲᠦᠪᠱᠢᠨ ᠦᠳᠲᠡᠷ ᠲᠦᠷᠭᠡᠨ ᠳᠡᠭᠡᠭ᠌ᠰᠢᠯᠡᠵᠦ᠍᠂ ᠪᠠᠢᠳᠠᠯ ᠲᠦᠭ᠌ᠰᠢᠭᠦᠷᠢᠲᠡᠶ ᠪᠣᠯᠤᠭ᠍ᠰᠠᠨ ᠎ᠢ ᠣᠯᠵᠤ ᠮᠡᠳᠡᠪᠡ᠃ 《ᠬᠤᠪᠢᠰᠭᠠᠯᠲᠤ ᠮᠣᠷᠢᠲᠤ ᠴᠡᠷᠢᠭ᠎ᠤᠨ ᠠᠩᠬᠢ》 ᠢ᠋ᠢᠨ ᠪᠦᠬᠦ᠌ ᠬᠥᠮᠦᠰ ᠬᠥᠳᠡᠯᠦᠯᠴᠡᠵᠦ᠍᠂ ᠪᠠᠴᠢᠮ ᠪᠠᠢᠳᠠᠯ᠎ᠢ ᠠᠷᠭᠠᠴᠠᠭᠠᠬᠤ ᠲᠥᠰᠦᠯ ᠶᠣᠰᠣᠭᠠᠷ ᠲᠤᠰ ᠲᠤᠰ ᠡᠷᠦᠭᠡ ᠳᠠᠷᠠᠭᠠᠯᠠᠨ ᠮᠡᠳᠡᠭᠳᠡᠵᠦ ᠲᠣᠰᠭᠣᠨ᠎ᠤ ᠠᠷᠠᠳ ᠎ᠢ ᠱᠢᠯᠵᠢᠭᠦᠯᠬᠦ᠌᠎ᠪᠡᠷ ᠪᠤᠯᠪᠠ᠃

《ᠭᠣᠣᠯ ᠎ᠤᠨ ᠦᠶᠡᠷ᠎ᠢ ᠰᠡᠷᠭᠡᠢᠯᠡᠬᠦ᠌ ᠬᠠᠱᠢᠯᠭ᠎ᠠ ᠡᠪᠳᠡᠭ᠌ᠳᠡᠵᠦ᠍᠂ ᠦᠶᠡᠷ᠎ᠦᠨ ᠤᠰᠤ ᠨᠢᠭᠡᠨᠲᠡ ᠪᠢᠯᠬᠠᠵᠤ᠂ ᠲᠣᠰᠭᠣᠨ᠎ᠳᠤ ᠴᠢᠳᠭᠤᠨ ᠤᠷᠤᠮᠠᠷ ᠪᠤᠯᠤᠭᠰᠠᠨ ᠳᠤᠯᠠ ᠤᠯᠠᠨ᠎ᠢᠶᠠᠷ᠎ᠢᠶᠠᠨ ᠨᠢᠭᠡ ᠲᠠᠯ᠎ᠠ᠎ᠪᠠᠷ ᠭᠦᠶᠦᠨ ᠨᠢᠭᠡ ᠲᠠᠯ᠎ᠠ᠎ᠪᠠᠷ ᠬᠠᠰᠭᠢᠷᠴᠤ᠌᠂ ᠡᠷᠦᠬᠡ ᠳᠠᠷᠠᠭᠠᠯᠠᠨ ᠡᠭᠦᠳᠡ ᠴᠣᠩᠬᠣ᠎ᠶ᠋ᠢ ᠨᠢ ᠠᠯᠠᠭᠠᠳᠠᠵᠤ᠂ ᠶᠠᠪᠤᠵᠤ ᠰᠠᠭᠤᠬᠤ ᠨᠢ ᠳᠥᠭᠥᠮ ᠦᠭᠡᠢ ᠲᠣᠰᠭᠣᠨ᠎ᠤ ᠠᠷᠠᠳ᠎ᠢ ᠲᠠᠲᠠᠵᠤ ᠥᠨᠳᠥᠷ ᠵᠦᠭ ᠭᠦᠶᠦᠵᠦ᠍᠂ ᠡᠴᠦᠰ᠎ᠲᠡᠬᠡᠨ ᠪᠦᠬᠦ᠌ ᠵᠠᠰᠠᠭ ᠵᠠᠬᠢᠷᠭᠠᠨ᠎ᠤ ᠲᠣᠰᠭᠣᠨ᠎ᠤ 80 ᠡᠷᠦᠬᠡ᠂ 132 ᠬᠥᠮᠦᠨ᠎ᠢ ᠪᠦᠬᠦᠨ᠎ᠢ ᠠᠮᠤᠷ ᠲᠦᠪᠱᠢᠨ᠎ᠢᠶᠡᠷ ᠱᠢᠯᠵᠢᠭᠦᠯᠪᠡ》᠃ ᠲᠤᠬᠠᠶ᠎ᠶ᠋ᠢᠨ ᠡᠳᠦᠷ᠎ᠦᠨ ᠪᠠᠢᠳᠠᠯ᠎ᠢ ᠡᠷᠭᠢᠴᠡᠭᠦᠯᠬᠦ᠌᠎ᠳ᠋ᠡᠭᠡᠨ 《ᠬᠤᠪᠢᠰᠭᠠᠯᠲᠤ ᠮᠣᠷᠢᠲᠤ ᠴᠡᠷᠢᠭ᠎ᠤᠨ ᠠᠩᠬᠢ》 ᠢ᠋ᠢᠨ ᠭᠡᠱᠢᠭᠦᠨ ᠳ᠋ᠠᠶ ᠢᠦᠶ ᠮᠥᠨ ᠯᠡ ᠠᠶᠤᠳᠠᠰᠤ ᠬᠦᠷᠴᠦ᠍ ᠪᠠᠢᠯ᠎ᠠ᠃

ᠰᠥᠨᠢᠵᠢᠨ ᠠᠪᠤᠷᠠᠨ ᠲᠤᠰᠠᠯᠠᠬᠤ ᠪᠠ ᠬᠣᠯᠪᠣᠭᠠᠯᠠᠨ ᠠᠵᠢᠯᠯᠠᠬᠤ ᠰᠠᠯᠠᠭ᠎ᠠ ᠮᠥᠴᠢᠷ ᠵᠠᠪᠳᠤᠨ ᠵᠠᠰᠠᠬᠤ᠎ᠪᠠᠷ ᠳᠡᠮᠵᠢᠨ᠂ 7 ᠰᠠᠷ᠎ᠠ᠎ᠶ᠋ᠢᠨ 26 ᠎ᠤ᠋ ᠦᠳᠡ ᠎ᠳᠦ 2 ᠠᠢᠯ ᠲᠣᠰᠭᠣᠨ᠎ᠤ ᠵᠠᠮ᠎ᠢ ᠱᠠᠯᠠᠪᠳᠠᠨ ᠨᠡᠪᠲᠡᠷᠡᠭᠦᠯᠪᠡ᠃

ᠦᠶᠡᠷ᠎ᠦᠨ ᠬᠤᠭᠤᠴᠠᠭᠠᠨ᠎ᠳᠤ ᠲᠣᠰᠭᠣᠨ᠎ᠤ ᠨᠠᠮ᠎ᠤᠨ ᠡᠭᠦᠷ 《ᠬᠤᠪᠢᠰᠭᠠᠯᠲᠤ ᠮᠣᠷᠢᠲᠤ ᠴᠡᠷᠢᠭ᠎ᠤᠨ ᠠᠩᠬᠢ》 ᠵᠢ ᠳᠠᠭᠠᠭᠤᠯᠤᠨ ᠬᠡᠮ ᠰᠣᠭᠣᠭ᠎ᠢ ᠳᠠᠷᠤᠢᠬᠠᠨ ᠵᠢᠭ᠍ᠰᠠᠭᠠᠨ ᠪᠠᠢᠴᠠᠭᠠᠵᠤ᠂ ᠡᠪᠳᠡᠭ᠌ᠳᠡᠭ᠌ᠰᠡᠨ ᠭᠡᠷ ᠪᠠᠢᠱᠢᠩ᠎ᠢ ᠪᠡᠬᠢᠵᠢᠭᠦᠯᠵᠦ᠍᠂ ᠲᠠᠷᠢᠶᠠᠯᠠᠩ᠎ᠤᠨ ᠬᠣᠬᠢᠷᠠᠯ᠎ᠢ ᠪᠠᠭᠠᠰᠭᠠᠪᠠ᠃ ᠲᠣᠰᠭᠣᠨ᠎ᠤ ᠠᠷᠠᠳ ᠠᠬᠠᠮᠠᠳ ᠨᠢᠯᠬᠠᠰ ᠭᠡᠰᠡᠨ ᠦᠭᠡᠢ ᠴᠦᠮ ᠡᠷᠴᠢ ᠵᠣᠷᠢᠭ ᠲᠡᠭᠦᠯᠳᠡᠷ ᠪᠠᠢᠵᠤ᠂ ᠰᠠᠢ᠌ᠨ ᠳᠤᠷ᠎ᠠ᠎ᠡᠴᠡ᠎ᠪᠠᠨ 《ᠬᠤᠪᠢᠰᠭᠠᠯᠲᠤ ᠮᠣᠷᠢᠲᠤ ᠴᠡᠷᠢᠭ᠎ᠤᠨ ᠠᠩᠬᠢ》ᠳ᠋ᠤ ᠣᠷᠣᠯᠴᠠᠨ ᠲᠠᠬᠢᠨ ᠪᠦᠳᠦᠭᠡᠨ ᠪᠠᠢᠭᠤᠯᠬᠤ ᠠᠵᠢᠯ᠎ᠳᠤ ᠣᠷᠣᠯᠴᠠᠪᠠ᠃ ᠪᠦᠬᠦ᠌ ᠲᠣᠰᠭᠣᠨ᠎ᠳᠤ ᠨᠡᠢ᠌ᠳᠡ 17 ᠮᠠᠱᠢᠨ᠂ 50 ᠭᠠᠷᠤᠢ ᠬᠥᠮᠦᠨ᠎ᠦ ᠬᠦᠴᠦ᠍ ᠣᠷᠣᠭᠤᠯᠵᠤ᠂ 2 ᠺᠢᠯᠤᠮᠸᠲᠷ ᠬᠠᠱᠢᠯᠭ᠎ᠠ ᠪᠡᠬᠢᠵᠢᠬᠦᠯᠦᠨ᠂ 3 ᠺᠢᠯᠤᠮᠸᠲᠷ ᠭᠣᠣᠯ᠎ᠤᠨ ᠵᠠᠮ᠎ᠢ ᠰᠢᠯᠤᠭᠤᠳᠬᠠᠵᠤ᠂13 ᠺᠢᠯᠤᠮᠸᠲᠷ ᠵᠠᠮ᠎ᠢ ᠨᠡᠪᠲᠡᠷᠡᠭᠦᠯᠵᠦ᠍᠂ 7000 ᠭᠠᠷᠤᠢ ᠪᠣᠰᠣᠭ᠎ᠠ ᠳᠥᠷᠪᠡᠯᠵᠢᠨ ᠮᠸᠲᠷ ᠨᠦᠯᠦᠮᠡᠯ᠎ᠢ ᠠᠷᠢᠯᠭᠠᠪᠠ ᠁ 17 ᠡᠳᠦᠷ᠎ᠦᠨ ᠴᠠᠭ᠎ᠢ ᠬᠡᠷᠡᠭ᠌ᠰᠡᠵᠦ᠍ ᠲᠠᠬᠢᠨ ᠪᠦᠳᠦᠭᠡᠨ ᠪᠠᠢᠭᠤᠯᠬᠤ ᠠᠵᠢᠯ ᠨᠢᠭᠡᠨᠲᠡ ᠦᠨᠳᠦᠰᠦᠨ᠎ᠳᠡᠭᠡᠨ ᠳᠠᠭᠤᠰᠴᠠᠢ᠃

8 ᠰᠠᠷ᠎ᠠ᠎ᠶ᠋ᠢᠨ 26 ᠎ᠤ᠋ ᠤᠷᠤᠢ᠂ ᠳ᠋ᠦᠩ ᠫᠦᠸᠸ ᠲᠣᠰᠭᠣᠨ᠎ᠤ ᠨᠠᠮ ᠪᠠ ᠤᠯᠠᠨ ᠲᠦᠮᠡᠨ᠎ᠦ ᠦᠢᠯᠡᠴᠢᠯᠡᠭᠡᠨ᠎ᠦ ᠲᠥᠪ᠎ᠦᠨ ᠳ᠋ᠧᠩ ᠳᠠᠬᠢᠨᠲᠠ ᠠᠰᠠᠵᠤ᠂ 《ᠬᠤᠪᠢᠰᠭᠠᠯᠲᠤ ᠮᠣᠷᠢᠲᠤ ᠴᠡᠷᠢᠭ᠎ᠤᠨ ᠠᠩᠬᠢ》 ᠢ᠋ᠢᠨ ᠭᠡᠱᠢᠭᠦᠳ ᠮᠥᠨ ᠬᠦ᠌ ᠶᠠᠭᠠᠷᠠᠯᠲᠠᠢ ᠠᠵᠢᠯᠯᠠᠵᠤ᠂ ᠱᠢᠨ᠎ᠡ ᠱᠢᠯᠭᠠᠯᠲᠠ᠎ᠶ᠋ᠢ ᠬᠦᠯᠢᠶᠡᠬᠦ᠌᠎ᠪᠡᠷ ᠴᠠᠭ ᠢᠮᠠᠭ᠍ᠲᠠ ᠪᠡᠯᠡᠬᠡᠨ ᠪᠤᠯᠤᠯ᠎ᠠ᠃

ᠡᠨᠡ ᠬᠦ᠌ ᠡᠩᠨᠡᠭᠡ ᠨᠢ ᠨᠢᠭᠡᠨᠲᠡ ᠲᠣᠰᠭᠣᠨ᠎ᠤ ᠠᠷᠠᠳ᠎ᠤᠨ ᠰᠡᠳᠭᠢᠯ᠎ᠦᠨ ᠪᠠᠲᠤ ᠪᠡᠬᠢ ᠲᠦᠱᠢᠭ ᠪᠣᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号