ᠤᠳᠤᠬᠢᠴᠢᠯᠠᠭᠰᠠᠨ ᠮᠠᠯᠵᠢᠯ ᠤ᠋ᠨ ᠵᠠᠮ ᠢ᠋ ᠬᠠᠢᠭᠰᠠᠨ 50 ᠵᠢᠯ ᠤ᠋ᠨ ᠬᠦᠰᠢᠶ᠎ᠡ — ᠬᠠᠭᠠᠰ ᠵᠠᠭᠤᠨ ᠤ᠋ ᠰᠦᠪᠡᠭᠴᠢᠯᠡᠯ ᠬᠤᠶᠠᠷ ᠦᠶ᠎ᠡ ᠵᠢᠨ ᠬᠦᠮᠦᠨ ᠤ᠋ ᠵᠢᠳᠬᠦᠯ
2025-07-20 11:11:08
ᠵᠣᠬᠢᠶᠠᠭ᠍ᠴᠢ᠄
ᠪᠢᠯᠢᠭᠲᠦ ᠼᠠᠢ ᠬᠤᠩ ᠢᠳᠡᠷᠡᠭᠦᠨ
ᠣᠩᠱᠢᠭ᠍ᠰᠠᠨ ᠣᠳᠠᠭ᠎ᠠ᠄
★★★☆☆

6 ᠰᠠᠷ᠎ᠠ ᠵᠢᠨ ᠰᠡᠬᠦᠯᠴᠢ ᠪᠡᠷ ᠂ ᠪᠢᠳᠠ ᠬᠦᠯᠦᠨ ᠪᠤᠢᠷ ᠬᠤᠳᠠ ᠵᠢᠨ ᠰᠢᠨ᠎ᠠ ᠪᠠᠷᠭᠤ ᠪᠠᠷᠠᠭᠤᠨ ᠬᠤᠰᠢᠭᠤᠨ ᠤ᠋ ᠭᠡᠷᠦᠯᠦᠨ ᠰᠤᠮᠤ ᠵᠢᠨ ᠰᠠᠷᠠᠭᠤᠯ ᠭᠠᠴᠠᠭᠠᠨ ᠤ᠋ ᠮᠠᠯᠴᠢᠨ ᠰᠠᠢᠨᠬᠦᠦ ᠵᠢᠨ ᠬᠢ ᠵᠢ ᠰᠤᠷᠪᠤᠯᠵᠢᠯᠠᠪᠠ᠃ ᠰᠠᠢᠨᠬᠦᠦ ᠵᠢᠨ ᠰᠠᠭᠤᠷᠢᠰᠢᠯ ᠲᠡᠭᠡᠷ᠎ᠡ ᠡᠮᠦᠨ᠎ᠡ ᠬᠤᠢᠨ᠎ᠠ ᠵᠡᠷᠭᠡᠴᠡᠭᠦᠯᠵᠤ 1974 ᠤᠨ ᠳ᠋ᠤ ᠪᠠᠷᠢᠭᠰᠠᠨ ᠮᠠᠯ ᠤ᠋ᠨ ᠲᠤᠯᠠᠭᠠᠨ ᠫᠸᠩ ᠪᠤᠯᠤᠨ 2024 ᠤᠨ ᠳ᠋ᠤ ᠡᠬᠢᠯᠡᠵᠦ ᠪᠠᠢᠭᠤᠯᠤᠭᠰᠠᠨ ᠤᠶᠤᠨᠴᠢ ᠮᠠᠯᠵᠢᠯ ᠤ᠋ᠨ ᠲᠤᠯᠠᠭᠠᠨ ᠫᠸᠩ ᠰᠠᠷᠠᠪᠴᠢ ᠤᠨᠴᠠ ᠵᠢᠨ ᠢᠯᠡᠲᠠᠢ ᠬᠠᠷᠠᠭᠳᠠᠵᠦ᠂ ᠬᠦᠯᠦᠨ ᠪᠤᠢᠷ ᠤ᠋ᠨ ᠮᠠᠯᠴᠢᠳ ᠤ᠋ᠨ ᠤᠳᠤᠬᠢᠴᠢᠯᠠᠭᠰᠠᠨ ᠮᠠᠯᠵᠢᠯ ᠤ᠋ᠨ ᠵᠠᠮ ᠢ᠋ ᠬᠠᠢᠵᠤ ᠰᠦᠪᠡᠭᠴᠢᠯᠡᠭᠰᠡᠨ ᠬᠠᠭᠠᠰ ᠵᠠᠭᠤᠨ ᠤ᠋ ᠡᠷᠢᠯᠬᠢᠯᠡᠯ ᠢ᠋ ᠲᠤᠰᠬᠠᠨ ᠬᠦᠰᠢᠶ᠎ᠡ ᠪᠤᠯᠤᠨ ᠰᠦᠨᠳᠡᠷᠯᠡᠨ᠎ᠡ᠃

50 ᠵᠢᠯ ᠤ᠋ᠨ ᠡᠮᠦᠨ᠎ᠡ ᠰᠠᠢᠨᠬᠦᠦ ᠵᠢᠨ ᠠᠪᠤ ᠨᠢ ᠦᠭᠡᠷ ᠲᠡᠷᠭᠡ ᠪᠡᠷ ᠬᠤᠷᠢᠭᠠᠳ ᠺᠢᠯᠤᠮᠸᠲ᠋ᠷ ᠤ᠋ᠨ ᠴᠠᠭᠠᠨᠠᠬᠢ ᠠᠭᠤᠯᠠᠨ ᠡᠴᠡ ᠴᠢᠯᠠᠭᠤ ᠲᠡᠭᠡᠭᠡᠵᠦ ᠠᠪᠴᠢᠷᠠᠨ ᠪᠠᠢᠭᠤᠯᠤᠭᠰᠠᠨ 1000 ᠭᠠᠷᠤᠢ ᠬᠤᠨᠢ ᠵᠢ ᠪᠠᠭᠳᠠᠭᠠᠵᠦ ᠲᠡᠢᠯᠬᠦ ᠲᠤᠯᠠᠭᠠᠨ ᠫᠸᠩ ᠨᠢ ᠶᠠᠮᠠᠷ ᠴᠦ᠍ ᠶᠡᠭᠡ ᠲᠡᠮᠦᠷ ᠵᠤᠳ ᠲᠦ᠍ ᠬᠤᠬᠢᠷᠠᠯ ᠰᠦᠢᠳᠦᠯ ᠤᠴᠠᠷᠠᠭᠤᠯᠤᠭ᠎ᠠ ᠦᠭᠡᠢ 100% ᠪᠡᠷ ᠮᠠᠯ ᠵᠢᠡᠨ ᠮᠡᠨᠳᠤ ᠤᠨᠳᠤᠷᠤᠭᠤᠯᠬᠤ ᠵᠢ ᠪᠠᠳᠤᠯᠠᠵᠦ ᠪᠠᠢᠬᠰᠠᠨ ᠪᠤᠯ᠂ ᠬᠦᠳᠡᠭᠡ ᠲᠤᠰᠬᠤᠨ ᠢ᠋ ᠬᠦᠭᠵᠢᠬᠦᠯᠦᠨ ᠮᠠᠨᠳᠤᠭᠤᠯᠵᠦ ᠤᠶᠤᠨᠴᠢ ᠮᠠᠯᠵᠢᠯ ᠤ᠋ᠨ ᠲᠠᠯᠠᠪᠠᠢ ᠵᠢ ᠪᠦᠲᠦᠭᠡᠨ ᠪᠠᠢᠭᠤᠯᠬᠤ ᠲᠦᠷᠦᠯ ᠵᠦᠢᠯ ᠪᠤᠯᠬᠤ 100 ᠲᠦᠮᠡᠨ ᠲᠦᠬᠦᠷᠢᠭ ᠤ᠋ᠨ ᠪᠡᠯᠡ ᠤᠷᠤᠭᠤᠯᠤᠯᠳᠠ ᠲᠠᠢ ᠤᠳᠤᠬᠢᠴᠢᠯᠠᠭᠰᠠᠨ ᠫᠸᠩ ᠰᠠᠷᠠᠪᠴᠢ ᠨᠢ 80 ᠭᠠᠷᠤᠢ ᠰᠢᠯᠢᠳᠡᠭ ᠡᠬᠦᠯᠳᠡᠷ ᠤ᠋ᠨ ᠦᠭᠡᠷ ᠢ᠋ ᠪᠤᠷᠳᠤᠨ ᠲᠠᠷᠭᠤᠯᠠᠭᠤᠯᠬᠤ ᠴᠢᠳᠠᠮᠵᠢ ᠲᠡᠢ ᠪᠦᠭᠡᠳ ᠠᠷᠠᠴᠢᠯᠠᠵᠤ ᠲᠡᠵᠢᠭᠡᠬᠦ ᠪᠦᠬᠦ ᠶᠠᠪᠤᠴᠠ ᠵᠢ ᠠᠦ᠋ᠲ᠋ᠦ᠌ ᠪᠡᠷ ᠡᠵᠡᠮᠰᠢᠵᠦ ᠲᠡᠢᠯᠬᠦ ᠪᠤᠯᠵᠦ᠂ ᠮᠠᠯ ᠠᠵᠦ ᠠᠬᠤᠢ ᠵᠢᠨ ᠬᠡᠯᠪᠡᠷᠢ ᠪᠡᠨ ᠬᠤᠪᠢᠷᠠᠭᠤᠯᠤᠨ ᠲᠡᠰ ᠲᠡᠪᠰᠢᠬᠦᠯᠬᠦ ᠰᠢᠨ᠎ᠡ ᠵᠠᠮ ᠤ᠋ᠨ ᠰᠠᠭᠤᠷᠢ ᠵᠢ ᠲᠠᠪᠢᠰᠤᠯ᠎ᠠ᠃

ᠲᠤᠬᠠᠢ ᠵᠢᠨ ᠦᠶ᠎ᠡ ᠵᠢᠨ ᠬᠠᠮᠤᠭ ᠤ᠋ᠨ ᠰᠢᠨᠵᠢᠯᠡᠬᠦ ᠤᠬᠠᠭᠠᠨᠴᠢ ᠲᠤᠯᠠᠭᠠᠨ ᠫᠸᠩ ᠨᠢ ᠮᠠᠯ ᠵᠢᠡᠨ ᠮᠡᠨᠳᠤ ᠤᠨᠳᠤᠷᠤᠭᠤᠯᠬᠤ ᠵᠢ ᠪᠠᠳᠤᠯᠠᠵᠦ ᠮᠠᠯᠴᠢᠳ ᠤ᠋ᠨ ᠤᠳᠤᠬᠢᠴᠢᠯᠠᠭᠰᠠᠨ ᠮᠠᠯ ᠠᠵᠦ ᠠᠬᠤᠢ ᠵᠢ ᠬᠦᠭᠵᠢᠬᠦᠯᠬᠦ ᠠᠩᠬᠠᠨ ᠤ᠋ ᠭᠠᠷᠤᠭ᠎ᠠ ᠪᠤᠯᠪᠠ

— ᠡᠨᠡ ᠲᠤᠯᠠᠭᠠᠨ ᠫᠸᠩ ᠢ᠋ 1974 ᠤᠨ ᠳ᠋ᠦ ᠮᠢᠨᠤ ᠠᠪᠤ ᠪᠠᠷᠢᠭᠠᠳᠠ ᠶ᠋ᠢᠨ ᠠᠳᠤᠭᠤᠴᠢᠨ ᠪᠠᠢᠬᠤ ᠳ᠋ᠠᠭᠠᠨ ᠪᠠᠢᠭᠤᠯᠵᠤ᠂ ᠪᠠᠷᠢᠭᠠᠳᠠ ᠶ᠋ᠢᠨ ᠲᠦᠯ ᠲᠤᠰᠬᠤ ᠳ᠋ᠦ ᠬᠡᠷᠡᠭᠯᠡᠵᠦ ᠪᠠᠢᠵᠠᠢ᠃ ᠡᠨᠡ ᠫᠸᠡᠭ ᠤ᠋ᠨ ᠤᠷᠤᠢ ᠵᠢ ᠮᠤᠡᠭᠭᠤᠯ ᠭᠡᠷ ᠤ᠋ᠨ ᠬᠡᠯᠪᠡᠷᠢ ᠲᠠᠢ ᠪᠠᠷᠢᠭᠰᠠᠨ ᠪᠤᠯᠬᠤᠷ ᠪᠦᠭᠡᠯᠢᠭ᠂ ᠰᠠᠯᠬᠢᠨ ᠳ᠋ᠤ ᠲᠠᠭᠠᠭᠠᠴᠠᠳᠠᠢ᠃ ᠡᠪᠦᠯ ᠳ᠋ᠡᠭᠡᠨ ᠴᠠᠰᠤ ᠰᠢᠭᠤᠷᠭ᠎ᠠ ᠫᠸᠩ ᠲᠤᠳᠤᠷ᠎ᠠ ᠤᠷᠤᠬᠤ ᠦᠭᠡᠢ ᠂ ᠳᠤᠯᠠᠭᠠᠨ ᠲᠤᠬᠢᠷᠠᠮᠵᠢᠲᠠᠢ᠃ ᠵᠤᠨ ᠳ᠋ᠠᠭᠠᠨ ᠰᠡᠷᠢᠭᠦᠨ ᠲᠠᠭᠠᠯᠠᠮᠵᠢᠲᠠᠢ ᠪᠦᠭᠡᠳ ᠵᠠᠳᠠᠭᠠᠢ ᠫᠸᠡᠭ ᠤᠴᠢᠷ ᠡᠴᠡ ᠠᠭᠠᠷ ᠨᠡᠪᠳᠡᠷᠡᠬᠦ ᠰᠠᠢᠨ᠂ ᠮᠠᠯ ᠤᠨᠤᠭ᠎ᠠ ᠳ᠋ᠦ ᠭᠡᠮ ᠬᠢᠵᠢᠭ ᠳᠤᠰᠬᠤ ᠦᠭᠡᠢ᠂ ᠲᠤᠬᠠᠢ ᠵᠢᠨ ᠦᠶ᠎ᠠ ᠵᠢᠨ ᠬᠠᠮᠤᠭ ᠤ᠋ᠨ ᠰᠢᠨᠵᠢᠯᠡᠬᠦ ᠤᠬᠠᠭᠠᠨᠴᠢ  ᠲᠤᠯᠠᠭᠠᠨ ᠫᠸᠩ ᠪᠠᠢᠭᠰᠠᠨ ᠶᠤᠮ᠃

— ᠲᠤᠬᠠᠢ ᠶ᠋ᠢᠨ ᠦᠶ᠎ᠡ ᠳ᠋ᠦ ᠡᠨᠡ ᠫᠸᠩ ᠢ᠋ ᠪᠠᠷᠢᠬᠤ ᠳ᠋ᠦ ᠬᠡᠷᠡᠭᠯᠡᠭᠰᠡᠨ ᠴᠢᠯᠠᠭᠤ ᠵᠢ ᠪᠦᠷ ᠬᠤᠷᠢᠭᠠᠳ ᠺᠢᠯᠤᠮᠸᠲ᠋ᠷ ᠤ᠋ᠨ ᠬᠤᠯᠠ ᠪᠠᠢᠭ᠎ᠠ ᠠᠭᠤᠯᠠᠨ ᠡᠡᠭᠭᠡᠷ ᠡᠴᠡ ᠦᠬᠡᠷ ᠲᠡᠷᠭᠡ ᠪᠡᠷ ᠲᠡᠭᠡᠭᠡᠵᠦ ᠠᠪᠴᠢᠷᠠᠭᠰᠠᠨ᠃ ᠲᠠᠪᠢᠭᠠᠳ ᠵᠢᠯ ᠪᠤᠯᠵᠦ ᠪᠠᠢᠭ᠎ᠠ ᠪᠤᠯᠪᠠᠴᠤ ᠤᠳᠤᠬᠠᠨ ᠪᠤᠯᠲᠠᠯ᠎ᠠ ᠨᠢᠭᠡ ᠴᠦ᠍ ᠡᠪᠳᠡᠷᠡᠵᠦ ᠴᠤᠴᠠᠷᠠᠭᠰᠠᠨ ᠦᠬᠡᠢ᠂ ᠵᠠᠰᠠᠵᠦ ᠰᠡᠯᠪᠢᠭᠰᠡᠨ ᠦᠭᠡᠢ᠂ ᠤᠤᠯ ᠬᠡᠪ ᠶ᠋ᠢᠡᠷ ᠶ᠋ᠢᠡᠨ ᠪᠠᠢᠭᠰᠠᠭᠠᠷ᠃ ᠪᠢᠳᠡ ᠤᠳᠤ ᠪᠠᠰᠠ ᠬᠤᠨᠢ ᠪᠠᠨ ᠡᠨᠡ ᠫᠸᠩ᠎ᠳᠡᠭᠡᠨ ᠬᠤᠷᠢᠵᠤ᠂ ᠬᠠᠪᠤᠷ ᠤ᠋ᠨ ᠲᠦᠯ ᠲᠤᠰᠴᠦ ᠪᠠᠢᠨ᠎ᠠ᠃

—  ᠲᠤᠬᠠᠢ ᠵᠢᠨ ᠦᠶ᠎ᠡ ᠳ᠋ᠤ ᠮᠠᠯᠴᠢᠳ ᠤᠳᠤᠷ ᠨᠡᠬᠦᠳᠡᠯ ᠶᠠᠪᠤᠵᠦ ᠪᠠᠢᠭᠰᠠᠨ ᠪᠤᠯᠪᠠᠴᠤ ᠰᠠᠭᠤᠷᠢᠰᠢᠯ ᠠᠮᠢᠳᠤᠷᠠᠯ ᠢ᠋ ᠲᠤᠷᠰᠢᠨ ᠡᠳ᠋ᠯᠡᠬᠦ ᠪᠤᠯᠤᠭᠰᠠᠨ ᠶᠤᠮ᠃ ᠮᠠᠯ ᠠᠵᠦ ᠠᠬᠤᠢ ᠵᠢ ᠬᠦᠭᠵᠢᠬᠦᠯᠬᠦ ᠲᠠᠯ᠎ᠠ ᠪᠡᠷ ᠲᠤᠭ᠎ᠠ ᠲᠤᠯᠤᠭᠠᠢ ᠵᠢ ᠶᠡᠭᠡ ᠪᠡᠷ ᠬᠦᠭᠡᠭᠡᠴᠡᠯᠳᠦᠵᠦ ᠲᠡᠭᠷᠢ ᠵᠢᠨ ᠴᠢᠷᠠᠢ ᠬᠠᠷᠠᠵᠦ ᠮᠠᠯ ᠮᠠᠯᠵᠢᠳᠠᠭ ᠠᠷᠭ᠎ᠠ ᠬᠡᠯᠪᠡᠷᠢ ᠨᠢ ᠵᠤᠳ ᠰᠢᠭᠤᠷᠭ᠎ᠠ ᠪᠤᠶᠤ ᠤᠨᠳᠤᠤ ᠪᠠᠢᠭᠠᠯᠢ ᠵᠢᠨ ᠭᠠᠮᠰᠢᠬ ᠢ᠋ ᠲᠠᠭᠠᠭᠠᠵᠦ ᠲᠡᠢᠯᠬᠦ ᠦᠭᠡᠢ ᠤᠴᠢᠷ ᠡᠴᠡ ᠮᠠᠯ ᠤ᠋ᠨ ᠬᠤᠷᠤᠭᠳᠠᠯ ᠶᠡᠭᠡ᠃ ᠲᠡᠷᠡ ᠦᠶ᠎ᠡ ᠳ᠋ᠤ ᠮᠠᠯᠴᠢᠳ ᠪᠠᠷᠤᠭ ᠮᠠᠯ ᠠᠵᠦ ᠠᠬᠤᠢ ᠵᠢᠨ ᠰᠠᠭᠤᠷᠢ ᠲᠦᠬᠦᠭᠡᠷᠦᠮᠵᠢ ᠵᠢᠨ ᠪᠦᠲᠦᠭᠡᠨ ᠪᠠᠢᠭᠤᠯᠤᠯᠳᠠ ᠬᠢᠵᠦ ᠪᠠᠢᠭᠰᠠᠨ ᠦᠭᠡᠢ᠂ ᠲᠡᠢᠮᠦ ᠤᠬᠠᠮᠰᠠᠷ ᠴᠦ᠍ ᠤᠷᠤᠭ᠎ᠠ ᠦᠭᠡᠢ ᠪᠤᠯᠤᠯᠳᠠᠢ᠂ ᠪᠠᠢᠭᠠᠯᠢ ᠵᠢᠨ ᠭᠠᠮᠰᠢᠬ ᠢ᠋ ᠲᠠᠭᠠᠭᠠᠵᠦ ᠲᠡᠢᠯᠬᠦ ᠰᠠᠭᠤᠷᠢ ᠲᠦᠬᠦᠭᠡᠷᠦᠮᠵᠢ ᠵᠢᠨ ᠪᠦᠲᠦᠭᠡᠨ ᠪᠠᠢᠭᠤᠯᠤᠯᠳᠠ ᠨᠡᠩ ᠴᠦ᠍ ᠪᠠᠢᠬᠤ ᠦᠭᠡᠢ᠃ ᠮᠢᠨᠤ ᠠᠪᠤ ᠡᠨᠡ ᠫᠸᠩ ᠢ᠋ ᠪᠠᠷᠢᠭᠰᠠᠨ ᠤ᠋ ᠬᠠᠮᠤᠭ ᠤ᠋ᠨ ᠶᠡᠭᠡ ᠤᠯᠤᠯᠳᠠ ᠭᠡᠪᠡᠯ ᠮᠠᠯ ᠵᠢᠡᠨ ᠮᠡᠨᠳᠤ ᠤᠨᠳᠤᠷᠤᠭᠤᠯᠬᠤ ᠵᠢ ᠪᠠᠳᠤᠯᠠᠵᠦ ᠴᠢᠳᠠᠪᠠ᠃ ᠮᠢᠨᠦ ᠠᠪᠤ ᠵᠢ ᠭᠤᠮᠪᠤ ᠭᠡᠳᠡᠭ᠂ 500 ᠭᠠᠷᠤᠢ ᠠᠳᠤᠭᠤ᠂ 200 ᠭᠠᠷᠤᠢ ᠦᠭᠡᠷ᠂ 1000 ᠰᠢᠬᠠᠮ ᠪᠠᠭ᠎ᠠ ᠮᠠᠯ᠂ 100 ᠭᠠᠷᠤᠢ ᠲᠡᠮᠡᠭᠡ ᠮᠠᠯᠵᠢᠵᠤ ᠪᠠᠢᠭᠰᠠᠨ᠃ ᠲᠠᠪᠤᠨ ᠬᠤᠰᠢᠭᠤ ᠮᠠᠯ ᠶ᠋ᠢᠡᠨ ᠮᠠᠯᠵᠢᠵᠤ ᠶᠠᠪᠤᠭᠰᠠᠨ ᠨᠤᠲᠤᠭ ᠤᠰᠤᠨ ᠳ᠋ᠠᠭᠠᠨ ᠨᠠᠷᠠᠳᠠᠢ ᠪᠠᠶᠠᠨ ᠮᠠᠯᠴᠢᠨ᠂ ᠬᠠᠰᠢᠷ ᠮᠠᠯᠴᠢᠨ ᠪᠠᠢᠬᠰᠠᠨ᠃ ᠵᠠᠭᠤᠨ ᠲᠡᠮᠡᠭᠡᠨ ᠤ᠋ ᠲᠤᠮᠤ ᠨᠠᠢᠷ ᠢ᠋ ᠪᠦᠷ ᠬᠤᠶᠠᠷ ᠤᠳᠠᠭ᠎ᠠ ᠬᠢᠭᠰᠡᠨ ᠰᠢᠦ᠃

ᠪᠢᠳᠠ ᠰᠠᠢᠨᠬᠦᠦ ᠵᠢᠨ ᠲᠠᠨᠢᠯᠴᠠᠭᠤᠯᠤᠨ ᠶᠠᠷᠢᠬᠤ ᠵᠢ ᠰᠤᠨᠤᠰᠬᠤ ᠵᠢᠨ ᠲᠠᠭᠠᠤ ᠬᠠᠭᠠᠰ ᠵᠠᠭᠤᠨ ᠢ᠋ ᠡᠯᠡᠭᠡᠭᠰᠡᠨ ᠡᠨᠡ ᠬᠦ᠌ ᠲᠤᠯᠠᠭᠠᠨ ᠫᠸᠩ ᠢ᠋ ᠲᠤᠭᠤᠷᠢᠨ ᠰᠤᠨᠢᠷᠬᠠᠯ᠎ᠠ᠃ ᠶᠠᠳᠠᠷ ᠲᠤᠷᠤᠢ ᠪᠠᠨ ᠬᠠᠰᠢᠶᠠᠯᠠᠬᠤ ᠂ ᠲᠦᠯ ᠮᠠᠯ ᠵᠢᠡᠨ ᠬᠠᠰᠢᠶᠠᠯᠠᠬᠤ᠂ ᠡᠭᠡ ᠮᠠᠯ ᠵᠢᠡᠨ ᠬᠠᠰᠢᠶᠠᠯᠠᠬᠤ ᠲᠤᠰᠬᠠᠢ ᠲᠠᠰᠤᠯᠪᠤᠷᠢ ᠲᠠᠢ ᠴᠢᠯᠠᠭᠤᠨ ᠫᠸᠩ ᠨᠢ ᠮᠠᠯᠴᠢᠳ ᠤ᠋ᠨ ᠤᠳᠤᠬᠢᠴᠢᠯᠠᠭᠰᠠᠨ ᠮᠠᠯ ᠠᠵᠦ ᠠᠬᠤᠢ ᠵᠢ ᠬᠦᠭᠵᠢᠬᠦᠯᠬᠦ ᠠᠩᠬᠠᠨ ᠤ᠋ ᠭᠠᠷᠤᠭ᠎ᠠ ᠵᠢᠨ ᠬᠦᠰᠢᠶ᠎ᠡ ᠪᠤᠯᠤᠨ ᠰᠦᠨᠳᠡᠷᠯᠡᠨ᠎ᠡ᠃

100 ᠲᠦᠮᠡᠨ ᠲᠦᠬᠦᠷᠢᠭ ᠤ᠋ᠨ ᠪᠡᠯᠡ ᠤᠷᠤᠭᠤᠯᠤᠯᠳᠠ ᠲᠠᠢ ᠤᠳᠤᠬᠢᠴᠢᠯᠠᠭᠰᠠᠨ ᠫᠸᠩ ᠰᠠᠷᠠᠪᠴᠢ ᠵᠢ ᠪᠠᠢᠭᠤᠯᠵᠤ ᠭᠡᠷ ᠪᠦᠯᠢ ᠵᠢᠨ ᠮᠠᠯᠵᠢᠯ ᠤ᠋ᠨ ᠲᠠᠯᠠᠪᠠᠢ ᠡᠴᠡ ᠤᠶᠤᠨᠴᠢ ᠮᠠᠯᠵᠢᠯ ᠤ᠋ᠨ ᠲᠠᠯᠠᠪᠠᠢ ᠲᠡᠢᠰᠢ ᠲᠡᠰ ᠲᠡᠪᠰᠢᠬᠦ ᠡᠬᠢᠯᠡᠯᠳᠡ ᠪᠤᠯᠪᠠ

ᠬᠠᠰᠢᠷ ᠮᠠᠯᠴᠢᠨ ᠠᠪᠤ ᠵᠢᠨ ᠵᠢᠡᠨ ᠮᠠᠯᠵᠢᠯ ᠤ᠋ᠨ ᠤᠬᠠᠭᠠᠨ ᠢ᠋ ᠦᠪᠯᠡᠭᠰᠡᠨ ᠰᠠᠢᠨᠬᠦᠦ ᠪᠤᠯ ᠰᠢᠨ᠎ᠠ ᠪᠠᠷᠭᠤ ᠪᠠᠷᠠᠭᠤᠨ ᠬᠤᠰᠢᠭᠤᠨ ᠳ᠋ᠠᠭᠠᠨ ᠨᠡᠷᠡᠳᠡᠢ ᠰᠢᠨ᠎ᠠ ᠴᠠᠭ ᠤ᠋ᠨ ᠭᠠᠷᠮᠠᠭᠠᠢ ᠮᠠᠯᠴᠢᠨ᠃ ᠭᠡᠷ ᠪᠦᠯᠢ ᠵᠢᠨ ᠮᠠᠯᠵᠢᠯ ᠤ᠋ᠨ ᠲᠠᠯᠠᠪᠠᠢ ᠪᠠᠢᠭᠤᠯᠵᠦ ᠂ ᠪᠡᠯᠴᠢᠭᠡᠷ ᠤ᠋ᠨ ᠲᠠᠭᠠᠭᠠᠴᠠ ᠳ᠋ᠠᠭᠠᠨ ᠲᠤᠬᠢᠷᠠᠭᠤᠯᠤᠨ ᠮᠠᠯᠵᠢᠬᠤ᠂ ᠮᠠᠯ ᠤ᠋ᠨ ᠡᠭᠦᠯᠳᠡᠷ ᠢ᠋ ᠰᠠᠢᠵᠢᠷᠠᠭᠤᠯᠬᠤ᠂ ᠤᠳᠤᠬᠢᠴᠢᠯᠠᠭᠰᠠᠨ ᠮᠠᠯ ᠠᠵᠦ ᠠᠬᠤᠢ ᠵᠢ ᠬᠦᠭᠵᠢᠬᠦᠯᠬᠦ ᠵᠡᠷᠭᠡ ᠮᠠᠯ ᠠᠵᠦ ᠠᠬᠤᠢ ᠵᠢᠨ ᠴᠢᠨᠠᠷ ᠰᠠᠢᠳᠠᠢ ᠬᠦᠭᠵᠢᠯᠳᠡ ᠵᠢᠨ ᠰᠢᠨ᠎ᠡ ᠵᠠᠮ ᠵᠢᠡᠷ ᠵᠠᠮᠨᠠᠵᠦ ᠶᠠᠪᠤᠭ᠎ᠠ ᠰᠤᠳᠤᠨ᠃ ᠠᠪᠤ ᠵᠢᠨ ᠵᠢᠡᠨ ᠦᠶ᠎ᠡ ᠲᠠᠢ ᠬᠠᠷᠢᠴᠠᠭᠤᠯᠪᠠᠯ᠂ ᠲᠠᠪᠤᠨ ᠬᠤᠰᠢᠭᠤ ᠮᠠᠯ ᠵᠢᠡᠨ ᠮᠠᠯᠵᠢᠵᠦ ᠪᠠᠢᠭ᠎ᠠ ᠪᠤᠯᠪᠠᠴᠤ ᠮᠠᠯ ᠤ᠋ᠨ ᠲᠤᠭ᠎ᠠ ᠲᠤᠯᠤᠭᠠᠢ ᠡᠴᠡ ᠡᠬᠢᠯᠡᠭᠡᠳ ᠮᠠᠯᠵᠢᠯ ᠤ᠋ᠨ ᠠᠷᠭ᠎ᠠ ᠭᠡᠯᠪᠡᠷᠢ ᠬᠦᠷᠳᠡᠯ᠎ᠡ ᠦᠰᠦᠳ ᠦᠭᠡᠷ᠎ᠡ ᠬᠤᠪᠢᠷᠠᠯᠳᠠ ᠲᠠᠢ ᠪᠤᠯᠵᠠᠢ᠃

ᠰᠢᠨ᠎ᠠ ᠴᠠᠭ ᠦᠶ᠎ᠡ ᠵᠢᠨ ᠪᠠᠢᠳᠠᠯ ᠳ᠋ᠤ ᠲᠤᠬᠢᠷᠠᠭᠤᠯᠤᠨ᠂ ᠰᠠᠢᠨᠬᠦᠦ ᠭᠡᠷᠬᠡᠢ ᠭᠡᠷᠡᠯ ᠲᠠᠢ ᠪᠠᠨ ᠤᠯᠠᠮᠵᠢᠯᠠᠯᠲᠦ ᠮᠠᠯ ᠠᠵᠤ ᠠᠬᠤᠢ ᠶ᠋ᠢᠨ ᠦᠢᠯᠡᠳᠪᠦᠷᠢᠯᠡᠯ ᠡᠵᠡᠡᠭᠨᠡᠯᠲᠡ ᠶ᠋ᠢᠨ ᠠᠷᠭ᠎ᠠ ᠬᠡᠯᠪᠡᠷᠢ ᠳ᠋ᠦ ᠵᠤᠷᠢᠭᠲᠠᠢ ᠦᠭᠡᠷᠡᠴᠢᠯᠡᠯᠲᠡ ᠬᠢᠵᠦ᠂ 《ᠪᠠᠷᠭᠤ ᠠᠢᠯ》 ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠡᠷᠬᠢᠯᠡᠵᠤ᠂ ᠰᠦᠷᠦᠭ ᠤ᠋ᠨ ᠪᠦᠲᠦᠴᠡ ᠪᠠᠨ ᠲᠤᠬᠢᠷᠠᠭᠤᠯᠤᠨ ᠰᠠᠢᠨ ᠡᠭᠦᠯᠳᠡᠷ ᠤ᠋ᠨ ᠰᠢᠮᠸᠨ᠋ᠳᠡᠷ ᠦᠭᠡᠷ ᠬᠤᠳᠠᠯᠳᠤᠨ ᠠᠪᠴᠤ᠂ 5000 ᠭᠠᠷᠤᠢ ᠮᠦ᠍ ᠨᠤᠲᠤᠭ ᠳᠡᠭᠡᠷ᠎ᠡ ᠪᠠᠨ 20 ᠰᠢᠬᠠᠮ ᠰᠢᠮᠸᠨ᠋ᠳᠡᠷ ᠦᠬᠡᠷ᠂ 30 ᠭᠠᠷᠤᠢ ᠪᠠᠷᠭᠤ ᠦᠭᠡᠷ᠂ 40 ᠭᠠᠷᠤᠢ ᠠᠳᠤᠭᠤ᠂ 50 ᠭᠠᠷᠤᠢ ᠲᠡᠮᠡᠭᠡ ᠮᠠᠯᠵᠢᠵᠤ᠂ ᠪᠤᠭ ᠮᠠᠯ ᠶ᠋ᠢᠡᠨ ᠴᠦᠭᠡᠴᠢᠯᠡᠵᠦ 200 ᠭᠠᠷᠤᠢ ᠪᠤᠯᠭᠠᠨ ᠵᠡᠷᠭᠡᠯᠡᠳᠡᠭᠡ ᠠᠢᠯ ᠳ᠋ᠠᠭᠠᠨ ᠳᠠᠭᠠᠭᠠᠴᠢᠯᠠᠭᠤᠯᠵᠤ ᠪᠠᠢᠭ᠎ᠠ ᠪᠦᠭᠡᠳ ᠭᠠᠴᠠᠭᠠᠨ ᠤ᠋ ᠪᠠᠨ ᠬᠠᠮᠳᠤ ᠶ᠋ᠢᠨ ᠪᠡᠯᠴᠢᠭᠡᠷ ᠡᠴᠡ 2300 ᠭᠠᠷᠤᠢ ᠮᠦ᠍ ᠨᠤᠲᠤᠭ ᠳᠦᠷᠢᠶᠡᠰᠦᠯᠡᠵᠦ ᠬᠠᠳᠤᠯᠠᠡᠭ ᠤ᠋ᠨ ᠪᠡᠯᠴᠢᠭᠡᠷ ᠪᠤᠯᠭᠠᠨ᠂ ᠦᠪᠡᠷ ᠤ᠋ᠨ ᠭᠡᠷᠡᠭᠰᠡᠬᠦ ᠡᠪᠡᠰᠤ ᠪᠤᠷᠳᠤᠭ᠎ᠠ ᠶ᠋ᠢᠡ ᠬᠠᠡᠭᠭᠠᠯᠭ᠎ᠠ ᠵᠢ ᠪᠠᠳᠤᠯᠠᠭᠠᠳ ᠦᠯᠡᠳᠡᠭᠰᠡᠨ ᠢ᠋ ᠨᠢ ᠭᠠᠳᠠᠭᠰᠢ ᠪᠤᠷᠤᠯᠠᠭᠤᠯᠵᠤ ᠤᠷᠤᠯᠭ᠎ᠠ ᠪᠠᠨ ᠨᠡᠮᠡᠭᠳᠡᠭᠦᠯᠵᠦ ᠪᠠᠢᠨ᠎ᠠ᠃

ᠠᠪᠤ ᠵᠢᠨ ᠵᠢᠡᠨ ᠦᠶ᠎ᠡ ᠲᠠᠢ ᠬᠠᠷᠢᠴᠠᠭᠤᠯᠪᠠᠯ ᠰᠠᠢᠨᠬᠦᠤ ᠵᠢᠨ ᠲᠠᠵᠢᠬᠡᠵᠤ ᠪᠠᠢᠭ᠎ᠠ ᠮᠠᠯ ᠤ᠋ᠨ ᠲᠤᠭ᠎ᠠ ᠪᠠᠷᠤᠭ ᠭᠤᠷᠪᠠᠨ ᠤ᠋ ᠬᠤᠶᠠᠷ ᠵᠢᠡᠷ ᠪᠠᠭᠠᠰᠴᠠᠢ᠃ ᠡᠢᠮᠦᠷᠬᠦᠦ ᠪᠠᠢᠳᠠᠯ ᠳ᠋ᠤ ᠤᠷᠤᠯᠭ᠎ᠠ ᠵᠢᠨ ᠨᠡᠮᠡᠭᠳᠡᠯ ᠵᠢᠡᠨ ᠬᠡᠷᠬᠢᠨ ᠪᠠᠳᠤᠯᠠᠵᠦ ᠪᠠᠢᠭ᠎ᠠ ᠪᠤᠯ? ᠡᠬᠦᠨ ᠳ᠋ᠤ ᠶᠡᠭᠡ ᠤᠬᠠᠭᠠᠨ ᠪᠤᠢ᠃

ᠠᠪᠤ ᠵᠢᠨ ᠬᠢᠨᠢ ᠦᠶ᠎ᠡ ᠳ᠋ᠤ ᠪᠠᠷᠢᠭᠰᠠᠨ ᠴᠢᠯᠠᠭᠤᠨ ᠫᠸᠩ ᠤ᠋ᠨ ᠡᠮᠦᠨ᠎ᠡ ᠲᠠᠯ᠎ᠠ ᠳ᠋ᠤᠨᠢ ᠴᠡᠩᠭᠡᠷ ᠲᠡᠭᠡᠪᠦᠷ ᠲᠠᠢ ᠰᠦᠨ ᠴᠠᠭᠠᠨ ᠦᠩᠭᠡ ᠵᠢᠨ ᠤᠳᠤᠬᠢᠴᠢᠯᠠᠭᠰᠠᠨ ᠫᠸᠩ ᠰᠠᠷᠠᠪᠴᠢ ᠰᠦᠷ ᠲᠠᠢ ᠬᠠᠷᠠᠭᠳᠠᠨ᠎ᠠ᠃ ᠡᠨᠡ ᠪᠤᠯ ᠰᠢᠨ᠎ᠠ ᠪᠠᠷᠭᠤ ᠪᠠᠷᠠᠭᠤᠨ ᠬᠤᠰᠢᠭᠤᠨ ᠡᠴᠡ ᠬᠦᠳᠡᠭᠡ ᠲᠤᠰᠬᠤᠨ ᠢ᠋ ᠬᠦᠭᠵᠢᠬᠦᠯᠦᠨ ᠮᠠᠨᠳᠤᠭᠤᠯᠬᠤ ᠲᠦᠷᠦᠯ ᠵᠦᠢᠯ ᠵᠢᠡᠷ 100 ᠲᠦᠮᠡᠨ ᠲᠦᠬᠦᠷᠢᠭ ᠤ᠋ᠨ ᠪᠡᠯᠡ ᠤᠷᠤᠭᠤᠯᠵᠦ᠂ ᠰᠠᠢᠨᠬᠦᠦ ᠵᠢᠨ ᠳ᠋ᠤ ᠪᠠᠷᠢᠵᠦ ᠦᠭᠭᠦᠭᠰᠡᠨ 800 ᠲᠡᠭᠰᠢ ᠳᠦᠷᠪᠡᠯᠵᠢᠨ ᠮᠸᠲᠷ ᠲᠠᠯᠠᠪᠠᠢ ᠲᠠᠢ ᠤᠶᠤᠨᠴᠢ ᠫᠸᠩ ᠰᠠᠷᠠᠪᠴᠢ ᠪᠤᠯᠤᠨ᠎ᠠ᠃

ᠲᠤᠰ ᠤᠶᠤᠨᠴᠢ ᠫᠸᠩ ᠰᠠᠷᠠᠪᠴᠢ ᠠᠦ᠋ᠲ᠋ᠦ᠌ ᠡᠪᠡᠰᠦ ᠪᠤᠷᠳᠤᠭ᠎ᠠ ᠨᠠᠢᠷᠠᠭᠤᠯᠬᠤ ᠲᠦᠬᠦᠭᠡᠷᠦᠮᠵᠢ᠂ ᠠᠦ᠋ᠲ᠋ᠦ᠌ ᠡᠪᠡᠰᠦ ᠪᠤᠷᠳᠤᠭ᠎ᠠ ᠳᠠᠮᠵᠢᠭᠤᠯᠬᠤ ᠪᠦᠰᠡ᠂ ᠲᠤᠭᠳᠠᠮᠠᠯ ᠲᠤᠯᠠᠭᠠᠨᠳᠤ ᠤᠰᠤᠯᠠᠯᠲᠠ ᠶ᠋ᠢᠨ ᠲᠦᠬᠦᠭᠡᠷᠦᠮᠵᠢ᠂ ᠮᠠᠯ ᠤ᠋ᠨ ᠢᠯᠭᠠᠳᠠᠰᠤ ᠵᠢ ᠬᠤᠤᠷ ᠦᠭᠡᠢᠳᠡᠭᠦᠯᠦᠨ ᠰᠢᠢᠳᠪᠦᠷᠢᠯᠡᠬᠦ ᠰᠢᠰᠲᠸᠮ᠂ ᠲᠡᠵᠢᠭᠡᠨ ᠦᠷᠡᠵᠢᠭᠦᠯᠬᠦ ᠤᠷᠴᠢᠨ ᠨᠦᠬᠦᠴᠡᠯ ᠢ᠋ ᠪᠠᠢᠴᠠᠭᠠᠨ ᠬᠡᠮᠵᠢᠬᠦ ᠰᠢᠰᠲᠸᠮ᠂ ᠦᠨᠳᠦᠷ ᠳᠤᠳᠤᠷᠠᠴᠠ ᠲᠠᠢ ᠬᠢᠨᠠᠨ ᠡᠵᠡᠮᠳᠡᠬᠦ ᠳᠤᠷᠠᠨᠳᠠᠭᠤᠷ ᠵᠡᠷᠭᠡ ᠤᠶᠤᠨᠴᠢ ᠰᠢᠰᠲᠸᠮ ᠢ᠋ ᠤᠭᠰᠠᠷᠠᠭᠰᠠᠨ 500 ᠲᠡᠭᠰᠢ ᠳᠦᠷᠪᠡᠯᠵᠢᠨ ᠮᠸᠲᠷ ᠤ᠋ᠨ ᠦᠬᠡᠷ ᠤ᠋ᠨ ᠲᠤᠯᠠᠭᠠᠨ ᠫᠸᠡᠭ ᠪᠤᠯᠤᠨ 300 ᠲᠡᠭᠰᠢ ᠳᠦᠷᠪᠡᠯᠵᠢᠨ ᠮᠸᠲᠷ ᠤ᠋ᠨ ᠡᠪᠡᠰᠦᠨ ᠫᠸᠡᠭ ᠶ᠋ᠢᠡᠷ ᠪᠦᠷᠢᠯᠳᠦᠵᠠᠢ᠃ ᠡᠳᠡᠭᠡᠷ ᠵᠦᠢᠯᠡᠰ ᠤ᠋ᠨ ᠶ᠋ᠢᠡᠨ ᠳᠤᠬᠢᠶ᠎ᠠ ᠡᠵᠡᠮᠳᠡᠯ ᠢ᠋ ᠪᠦᠷ ᠭᠠᠷ ᠤᠳᠠᠰᠤ ᠲᠠᠢ ᠪᠠᠨ ᠬᠤᠯᠪᠤᠭᠰᠠᠨ ᠪᠤᠯᠬᠤᠷ ᠬᠠᠮᠢᠭ᠎ᠠ ᠶᠠᠪᠤᠭᠰᠠᠨ ᠴᠦ᠍ ᠭᠠᠷ ᠤᠳᠠᠰᠤ ᠪᠡᠷ ᠶ᠋ᠢᠡᠨ ᠡᠵᠡᠮᠳᠡᠵᠦ ᠪᠠᠢᠭᠠᠳ ᠠᠷᠠᠴᠢᠯᠠᠭ᠎ᠠ ᠮᠠᠯᠵᠢᠯᠭ᠎ᠠ ᠪᠠᠨ ᠪᠠᠳᠤᠯᠠᠭ᠎ᠠ ᠲᠠᠢ ᠪᠡᠶᠡᠯᠡᠬᠦᠯᠴᠢᠬᠡᠨ᠎ᠡ᠃

ᠡᠨᠡ ᠬᠦ᠌ ᠤᠶᠤᠨᠴᠢ ᠮᠠᠯᠵᠢᠯ ᠤ᠋ᠨ ᠰᠠᠭᠤᠷᠢ ᠲᠦᠬᠦᠭᠡᠷᠦᠮᠵᠢ ᠵᠢᠨ ᠪᠦᠲᠦᠭᠡᠨ ᠪᠠᠢᠭᠤᠯᠤᠯᠳᠠ ᠨᠢ ᠰᠠᠢᠨᠬᠦᠦ ᠭᠡᠷᠡᠯ ᠬᠤᠶᠠᠷ ᠤ᠋ᠨ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠪᠠᠨ ᠤᠶᠤᠨᠴᠢ ᠮᠠᠯᠵᠢᠯ ᠤ᠋ᠨ ᠲᠠᠯᠠᠪᠠᠢ ᠪᠤᠯᠭᠠᠨ ᠦᠭᠡᠷᠡᠴᠢᠯᠡᠨ ᠳᠡᠰ ᠳᠡᠪᠰᠢᠭᠦᠯᠬᠦ ᠡᠬᠢᠯᠡᠯᠳᠡ ᠪᠤᠯᠪᠠ᠃

— ᠭᠡᠷ ᠪᠦᠯᠢ ᠵᠢᠨ ᠮᠠᠯᠵᠢᠯ ᠤ᠋ᠨ ᠲᠠᠯᠠᠪᠠᠢ ᠨᠢ ᠰᠢᠨᠵᠢᠯᠡᠬᠦ ᠤᠬᠠᠭᠠᠨᠴᠢ ᠭᠡᠪᠴᠢᠶᠡᠵᠢᠭᠰᠡᠨ ᠡᠵᠡᠩᠨᠡᠯᠳᠡ ᠵᠢᠨ ᠵᠠᠬᠪᠤᠷ ᠢ᠋ ᠪᠦᠷᠢᠯᠳᠦᠬᠦᠯᠵᠦ᠂ ᠴᠢᠨᠠᠷ ᠰᠠᠢᠳᠠᠢ ᠬᠦᠭᠵᠢᠯᠳᠡ ᠵᠢᠨ ᠵᠠᠮ ᠢ᠋ ᠨᠡᠭᠡᠭᠡᠪᠡ᠃ ᠰᠠᠭᠤᠷᠢ ᠲᠦᠬᠦᠭᠡᠷᠦᠮᠵᠢ ᠪᠦᠷᠢᠨ ᠲᠡᠬᠦᠯᠳᠡᠷ᠂ ᠮᠠᠯ ᠤ᠋ᠨ ᠡᠬᠦᠯᠳᠡᠷ ᠢ᠋ ᠰᠠᠢᠵᠢᠷᠠᠭᠤᠯᠵᠦ᠂ ᠠᠮᠢ ᠠᠬᠤᠢ ᠲᠠᠢ ᠵᠤᠬᠢᠴᠠᠭᠰᠠᠨ ᠡᠴᠡ ᠴᠦᠭᠡᠨ ᠮᠠᠯᠵᠢᠵᠦ ᠢᠯᠡᠬᠦᠦ ᠠᠰᠢᠬ ᠬᠦᠷᠳᠡᠬᠦ ᠵᠢ ᠪᠡᠶᠡᠯᠡᠬᠦᠯᠪᠡ᠃ ᠤᠶᠤᠨᠴᠢ ᠮᠠᠯᠵᠢᠯ ᠤ᠋ᠨ ᠲᠠᠯᠠᠪᠠᠢ ᠪᠤᠯ ᠭᠡᠷ ᠪᠦᠯᠢ ᠵᠢᠨ ᠮᠠᠯᠵᠢᠯ ᠤ᠋ᠨ ᠲᠠᠯᠠᠪᠠᠢ ᠵᠢᠨ ᠲᠡᠰ ᠲᠡᠪᠰᠢᠭᠰᠡᠨ ᠭᠡᠯᠪᠡᠷᠢ ᠪᠤᠯᠤᠨ᠎ᠠ᠃ ᠮᠠᠯ ᠠᠵᠦ ᠠᠬᠤᠢ ᠵᠢᠨ ᠦᠢᠯᠡᠳᠪᠤᠷᠢᠯᠡᠯ ᠡᠵᠡᠩᠨᠡᠯᠳᠡ ᠵᠢᠨ ᠪᠦᠬᠦ ᠶᠠᠪᠤᠴᠠ ᠵᠢ ᠤᠶᠤᠨᠴᠢ ᠪᠠᠷ ᠡᠵᠡᠮᠳᠡᠬᠦ ᠵᠢ ᠪᠡᠶᠡᠯᠡᠬᠦᠯᠦᠭᠰᠡᠨ ᠡᠴᠡ ᠬᠦᠳᠡᠯᠮᠦᠷᠢ ᠬᠦᠴᠦᠨ ᠢ᠋ ᠴᠢᠯᠦᠭᠡᠯᠡᠵᠦ᠂ ᠮᠠᠯᠴᠢᠳ ᠮᠠᠯ ᠠᠵᠦ ᠠᠬᠤᠢ ᠡᠵᠡᠩᠨᠡᠬᠦ ᠵᠢᠨ ᠲᠠᠭᠠᠤ ᠪᠠᠢᠭᠠᠯᠢ ᠵᠢᠨ ᠭᠡᠰᠢᠭ ᠲᠡᠭᠡᠨ ᠲᠦᠰᠢᠭᠯᠡᠨ ᠵᠢᠭᠤᠯᠴᠢᠯᠠᠯ ᠤ᠋ᠨ ᠦᠢᠯᠡᠰ ᠢ᠋ ᠬᠦᠭᠵᠢᠬᠦᠯᠬᠦ᠂ ᠡᠰᠡᠬᠦᠯ᠎ᠡ ᠮᠠᠯ ᠤ᠋ᠨ ᠠᠰᠢᠬ ᠰᠢᠮ᠎ᠠ ᠪᠠᠨ ᠨᠠᠷᠢᠯᠢᠭ ᠪᠤᠯᠪᠠᠰᠤᠷᠠᠭᠤᠯᠤᠨ ᠵᠠᠬ᠎ᠠ ᠲᠡᠯᠭᠡᠬᠦᠷ ᠲᠦ᠍ ᠭᠠᠷᠭᠠᠬᠤ ᠵᠡᠷᠭᠡ ᠬᠤᠶᠠᠳᠤᠭᠠᠷ ᠭᠤᠷᠪᠠᠳᠤᠭᠠᠷ ᠠᠵᠦ ᠦᠢᠯᠡᠰ ᠢ᠋ ᠡᠵᠡᠩᠨᠡᠬᠦ ᠪᠠᠷ ᠲᠠᠮᠵᠢᠨ ᠤᠷᠤᠯᠭ᠎ᠠ ᠪᠠᠨ ᠨᠡᠮᠡᠭᠳᠡᠬᠦᠯᠵᠦ ᠪᠤᠯᠤᠨ᠎ᠠ ᠭᠡᠵᠦ ᠰᠠᠢᠨᠬᠦᠦ ᠮᠠᠯ ᠠᠵᠤ ᠠᠬᠤᠢ ᠵᠢᠨ ᠤᠳᠤᠬᠢᠴᠢᠯᠠᠯᠳᠠ ᠵᠢ ᠲᠠᠯᠠᠯᠤᠭᠰᠠᠨ ᠤᠶᠤᠨᠴᠢ ᠮᠠᠯᠵᠢᠯ ᠤ᠋ᠨ ᠲᠠᠯᠠᠪᠠᠢ ᠵᠢᠨ ᠲᠤᠬᠠᠢ ᠦᠪᠡᠷ ᠤ᠋ᠨ ᠦᠵᠡᠯᠳᠡ ᠪᠠᠨ ᠶᠠᠷᠢᠵᠦ ᠪᠠᠢᠯ᠎ᠠ᠃

ᠰᠢᠨ᠎ᠠ ᠠᠮᠢᠳᠤᠷᠠᠯ ᠪᠠ ᠤᠯᠠᠮᠵᠢᠯᠠᠯᠳᠤ ᠰᠤᠶᠤᠯ᠎ᠢ ᠨᠡᠢᠳᠭᠡᠨ 《ᠪᠠᠷᠭᠤ ᠠᠢᠯ 》 ᠤ᠋ᠨ ᠰᠢᠨ᠎ᠠ ᠲᠦᠷᠬᠦ ᠵᠢ ᠱᠤᠭᠤᠵᠦ  ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠦ ᠦᠢᠯᠡᠰ ᠢ᠋ ᠵᠡᠷᠬᠡ ᠪᠡᠷ ᠡᠵᠡᠩᠨᠡᠭᠰᠡᠨ ᠬᠠᠮ ᠴᠤᠭᠴᠠ ᠪᠤᠯᠪᠠ

2024 ᠤᠨ ᠡᠴᠡ ᠡᠬᠢᠯᠡᠨ᠂ ᠰᠠᠢᠨᠬᠦᠦ ᠭᠡᠷᠡᠯ ᠬᠤᠶᠠᠷ ᠭᠡᠳᠦᠨ ᠰᠠᠭᠠᠬᠠᠯᠲᠠ ᠠᠢᠯ ᠲᠠᠢ ᠪᠠᠨ ᠬᠠᠮᠳᠤᠷᠠᠨ ᠨᠢᠳᠤᠯᠵᠤ ᠪᠤᠭᠤᠳᠠᠯᠯᠠᠵᠤ ᠬᠦᠯᠳᠡᠭᠡᠵᠦ ᠪᠤᠷᠤᠯᠠᠭᠤᠯᠬᠤ ᠵᠢ ᠨᠢᠭᠡ ᠴᠤᠭᠴᠠᠵᠢᠭᠤᠯᠤᠭᠰᠠᠨ ᠮᠠᠰᠢᠨ ᠲᠡᠷᠭᠡ ᠬᠦᠯᠦᠰᠦᠯᠡᠵᠦ᠂ ᠮᠠᠯ ᠤ᠋ᠨ ᠠᠰᠢᠬ ᠰᠢᠮ᠎ᠠ ᠪᠡᠨ ᠨᠠᠷᠢᠯᠢᠭ ᠪᠤᠯᠪᠠᠰᠤᠷᠠᠭᠤᠯᠤᠨ᠂ ᠵᠠᠬ᠎ᠠ ᠲᠡᠯᠭᠡᠭᠦᠷ ᠲᠦ᠍ ᠭᠠᠷᠭᠠᠬᠤ ᠪᠤᠯᠪᠠ᠃ 《ᠡᠬᠦᠨ ᠢ᠋ ᠠᠮᠢᠳᠤ ᠪᠠᠷ ᠨᠢ ᠬᠤᠳᠠᠯᠳᠤᠬᠤ ᠲᠠᠢ ᠬᠠᠷᠢᠴᠠᠭᠤᠯᠪᠠᠯ ᠮᠠᠯ ᠤ᠋ᠨ ᠦᠨ᠎ᠡ ᠬᠠᠩᠰᠢ ᠬᠤᠶᠠᠷ ᠡᠴᠡ ᠭᠤᠷᠪᠠᠨ ᠳᠠᠬᠢᠨ ᠨᠡᠮᠡᠭᠳᠡᠭᠰᠡᠨ ᠰᠢᠦ!》 ᠭᠡᠵᠦ ᠰᠠᠢᠨᠬᠦᠦ ᠰᠤᠷᠪᠤᠯᠵᠢᠯᠠᠬᠴᠢ ᠳ᠋ᠤ ᠪᠠᠶᠠᠷᠳᠠᠢᠬᠠᠨ ᠶᠠᠷᠢᠵᠦ ᠪᠠᠢᠯ᠎ᠠ᠃

ᠰᠠᠢᠨᠬᠦᠦ ᠰᠠᠭᠤᠷᠢᠰᠢᠯ ᠲᠡᠭᠡᠷ᠎ᠡ ᠪᠠᠨ ᠡᠳ᠋ᠯᠡᠩ ᠮᠠᠶᠢᠬ ᠤ᠋ᠨ ᠰᠢᠨ᠎ᠠ ᠤᠷᠤᠴᠠ ᠪᠠᠢᠭᠤᠯᠤᠭᠠᠳ ᠤᠳᠤ ᠳᠠᠭᠤᠰᠬᠤ ᠰᠢᠬᠠᠯ᠎ᠠ᠃ 150 ᠲᠡᠭᠰᠢ ᠳᠦᠷᠪᠡᠯᠵᠢᠨ ᠮᠸᠲᠷ ᠲᠠᠯᠠᠪᠠᠢ ᠲᠠᠢ᠂ 3 ᠬᠤᠨᠤᠬᠤ ᠦᠷᠦᠭᠡ ᠪᠠ 1 ᠵᠤᠴᠢᠯᠠᠬᠤ ᠦᠷᠦᠭᠡ ᠲᠠᠢ᠃ ᠬᠤᠲᠠ ᠶ᠋ᠢᠨ ᠰᠠᠭᠤᠴᠠ ᠲᠠᠢ ᠠᠳᠠᠯᠢᠬᠠᠨ ᠵᠢᠡᠷ ᠰᠢᠷᠡᠭᠡ ᠰᠠᠨᠳᠠᠯᠢ᠂ ᠠᠪᠳᠠᠷ᠎ᠠ ᠬᠤᠷᠭᠤ᠂ ᠲᠸᠯᠸᠢᠰ᠂ ᠬᠦᠯᠳᠡᠭᠡᠭᠦᠷ ᠮᠠᠰᠢᠨ᠂ ᠬᠤᠪᠴᠠᠰᠤ ᠤᠬᠢᠶᠠᠬᠤ ᠮᠠᠰᠢᠨ᠂ ᠲᠤᠭᠤᠰᠤ ᠰᠤᠷᠤᠬᠤ ᠮᠠᠰᠢᠨ ᠵᠡᠷᠭᠡ ᠵᠢ ᠢᠵᠢ ᠪᠦᠷᠢᠳᠦᠭᠦᠯᠵᠤ᠂ ᠤᠰᠤ ᠴᠠᠬᠢᠯᠭᠠᠨ ᠠᠯᠢ ᠠᠯᠢ ᠨᠢ ᠪᠦᠷᠢᠨ᠂ ᠤᠳᠤ ᠮᠠᠶᠢᠭ ᠤ᠋ᠨ ᠵᠠᠰᠠᠯ ᠴᠢᠮᠡᠭᠯᠡᠯ ᠶ᠋ᠢᠡᠷ ᠵᠠᠰᠠᠨ ᠴᠢᠮᠡᠭᠯᠡᠵᠦ ᠪᠠᠢᠨ᠎ᠠ᠃ ᠡᠮᠦᠨ᠎ᠡ ᠲᠠᠯ᠎ᠠ ᠳ᠋ᠤᠨᠢ ᠲᠦᠷᠪᠡᠨ ᠴᠠᠭᠠᠨ ᠮᠤᠩᠭᠤᠯ ᠭᠡᠷ ᠪᠤᠰᠬᠠᠵᠦ᠂ ᠪᠠᠷᠠᠭᠤᠨ ᠵᠠᠬ᠎ᠠ ᠵᠢᠨ ᠲᠠᠪᠤᠨ ᠬᠠᠨ᠎ᠠ ᠲᠠᠢ ᠮᠤᠩᠭᠤᠯ ᠭᠡᠷ ᠲᠡᠭᠡᠨ ᠰᠠᠢᠨᠬᠦᠦ ᠡᠷ᠎ᠡ ᠡᠮ᠎ᠠ ᠬᠤᠶᠠᠭᠤᠯᠠ ᠪᠠᠨ ᠰᠠᠭᠤᠵᠦ ᠪᠤᠢ᠃ ᠭᠡᠷ ᠳᠤᠳᠤᠷᠠᠬᠢ ᠡᠳ᠋ᠯᠡᠯ ᠭᠡᠷᠡᠭᠰᠡᠯ ᠶᠠᠭ ᠯᠡ ᠪᠠᠷᠭᠤ ᠮᠦᠽᠸᠢ ᠭᠡᠮᠡᠷ᠃ ᠬᠠᠨ᠎ᠠ ᠲᠦᠰᠢᠬᠦᠯᠦᠭᠰᠡᠨ ᠡᠮᠡᠭᠡᠯ ᠡᠴᠡ ᠡᠬᠢᠯᠡᠭᠡᠳ ᠬᠤᠷᠭᠤ ᠠᠪᠳᠠᠷ᠎ᠠ᠂ ᠵᠡᠰ ᠤ᠋ᠨ ᠡᠳ᠋ᠯᠡᠯ ᠭᠡᠷᠡᠭᠰᠡᠯ᠂ ᠡᠷᠬᠢᠨᠡᠭ ᠬᠦᠷᠳᠡᠯ᠎ᠡ ᠪᠦᠷ ᠤᠯᠠᠮᠵᠢᠯᠠᠯᠳᠤ ᠶᠠᠩᠵᠦ ᠪᠠᠷ ᠵᠢᠡᠨ᠃ ᠬᠠᠷᠢᠨ ᠲᠤᠯᠭ᠎ᠠ ᠪᠠ ᠠᠷᠭᠠᠯ ᠤ᠋ᠨ ᠠᠪᠳᠠᠷ᠎ᠠ ᠨᠢ ᠰᠢᠨ᠎ᠠ ᠮᠠᠶᠢᠬ ᠤ᠋ᠨ ᠬᠢ ᠪᠠᠢᠵᠤ᠂ ᠭᠠᠯ ᠲᠦᠯᠡᠬᠦ ᠳ᠋ᠤ ᠤᠳᠤᠭ᠎ᠠ ᠲᠤᠭᠤᠰᠤ ᠭᠠᠷᠬᠤ ᠦᠭᠡᠢ ᠪᠠᠢᠳᠠᠭ ᠭᠡᠨ᠎ᠡ᠃

ᠨᠦᠬᠦᠭᠡ ᠭᠤᠷᠪᠠᠨ ᠮᠤᠩᠭᠤᠯ ᠭᠡᠷ ᠨᠢ ᠵᠢᠭᠤᠯᠴᠢᠯᠠᠭᠰᠠᠳ ᠲᠦ᠍ ᠵᠤᠷᠢᠭᠤᠯᠵᠦ ᠪᠤᠰᠬᠠᠬᠰᠠᠨ ᠠᠷᠠᠳ ᠤ᠋ᠨ ᠰᠠᠭᠤᠴᠠ ᠪᠤᠯᠤᠨ᠎ᠠ᠃ ᠡᠬᠦᠳᠡ ᠪᠡᠷ ᠨᠢ ᠭᠠᠳᠠᠭᠰᠢ ᠬᠠᠷᠠᠪᠠᠯ ᠤᠶᠠᠭᠠᠨ ᠲᠡᠭᠡᠷ᠎ᠡ ᠨᠢ ᠮᠤᠷᠢᠳ ᠪᠠᠭᠰᠢᠷᠠᠵᠦ᠂ ᠬᠠᠵᠠᠭᠤ ᠳ᠋ᠤᠨᠢ ᠪᠠᠷᠭᠤ ᠨᠡᠬᠦᠳᠡᠯ ᠤ᠋ᠨ ᠮᠤᠳᠤᠨ ᠲᠡᠷᠭᠡ ᠵᠢᠨ ᠴᠦᠷᠬᠦᠭᠡ ᠵᠢ ᠲᠤᠭᠤᠷᠢᠭᠠᠳ ᠰᠢᠯᠢᠳᠡᠭ ᠡᠬᠦᠯᠳᠡᠷ ᠤ᠋ᠨ ᠦᠭᠡᠷ ᠤ᠋ᠳ ᠲᠠᠪᠠᠳᠠᠢᠬᠠᠨ ᠢᠳᠡᠰᠢᠯᠡᠨ᠎ᠡ᠃

ᠡᠨᠡ ᠵᠢᠯ ᠡᠴᠡ ᠡᠬᠢᠯᠡᠨ ᠰᠠᠢᠨᠬᠦᠦ ᠭᠡᠷᠡᠯ ᠬᠤᠶᠠᠭᠤᠯᠠ ᠤᠶᠤᠨᠴᠢ ᠮᠠᠯᠵᠢᠯ ᠤ᠋ᠨ ᠲᠠᠯᠠᠪᠠᠢ ᠳ᠋ᠠᠭᠠᠨ ᠰᠠᠭᠤᠷᠢᠯᠠᠨ ᠮᠠᠯ ᠠᠵᠤ ᠠᠬᠤᠢ ᠰᠤᠶᠤᠯ ᠵᠢᠭᠤᠯᠴᠢᠯᠠᠯ ᠢ᠋ ᠠᠭᠤᠰᠤᠯᠴᠠᠭᠤᠯᠤᠭᠰᠠᠨ ᠵᠢᠭᠤᠯᠴᠢᠯᠠᠯ ᠤ᠋ᠨ ᠦᠢᠯᠡᠰ ᠡᠷᠬᠢᠯᠡᠵᠦ᠂ ᠲᠡᠳᠡᠨ ᠤ᠋ ᠬᠢ ᠨᠢ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠦ ᠦᠢᠯᠡᠰ ᠢ᠋ ᠵᠡᠷᠬᠡ ᠪᠡᠷ ᠡᠵᠡᠩᠨᠡᠭᠰᠡᠨ ᠬᠠᠮ ᠴᠤᠭᠴᠠ ᠪᠤᠯᠵᠤ ᠬᠤᠪᠢᠷᠠᠪᠠ᠃《ᠮᠠᠨ ᠤ᠋ ᠵᠢᠭᠤᠯᠴᠢᠯᠠᠯ ᠤ᠋ᠨ ᠴᠡᠭ ᠲᠡᠭᠡᠷ᠎ᠡ ᠲᠠᠪᠤᠨ ᠬᠤᠰᠢᠭᠤ ᠮᠠᠯ ᠲᠠᠢ᠂ ᠬᠤᠷᠠᠭ᠎ᠠ ᠤᠭᠵᠢᠬᠤ᠂ ᠦᠨᠢᠶ᠎ᠡ ᠰᠠᠭᠠᠬᠤ᠂ ᠴᠠᠢ ᠴᠢᠨᠠᠬᠤ᠂ ᠲᠡᠮᠡᠭᠡ ᠤᠨᠤᠬᠤ᠂ ᠮᠤᠷᠢ ᠤᠨᠤᠬᠤ᠂ ᠬᠠᠰᠠᠭ ᠲᠦ᠍ ᠰᠠᠭᠤᠬᠤ᠂ ᠨᠡᠬᠦᠳᠡᠯᠯᠡᠬᠦ ᠠᠮᠢᠳᠤᠷᠠᠯ ᠢ᠋ ᠪᠡᠶᠡᠴᠢᠯᠡᠨ ᠤᠢᠯᠠᠭᠠᠬᠤ ᠵᠢᠴᠢ ᠱᠠᠭ᠎ᠠ ᠨᠠᠭᠠᠳᠬᠤ᠂ ᠰᠤᠷ ᠬᠠᠷᠪᠤᠬᠤ᠂ ᠴᠠᠭᠠᠨ ᠢᠳᠡᠭᠡᠨ ᠬᠢᠬᠦ ᠬᠦᠷᠳᠡᠯ᠎ᠡ ᠪᠠᠷᠭᠤ ᠵᠢᠨ ᠤᠯᠠᠮᠵᠢᠯᠠᠯᠳᠤ ᠰᠤᠶᠤᠯ ᠢ᠋ ᠪᠦᠬᠦᠨ ᠢ᠋ ᠡᠳ᠋ᠯᠡᠵᠤ ᠲᠠᠢᠯᠬᠦ ᠪᠦᠭᠡᠳ ᠬᠤᠨᠤᠬᠤ᠂ ᠢᠳᠡᠬᠦ᠂ ᠨᠠᠭᠠᠳᠬᠤ᠂ ᠪᠡᠶᠡᠴᠢᠯᠡᠨ ᠤᠢᠯᠠᠭᠠᠬᠤ ᠵᠢ ᠨᠢᠭᠡ ᠴᠤᠭᠴᠠᠵᠢᠭᠤᠯᠵᠠᠢ》 ᠭᠡᠵᠦ ᠭᠡᠷᠡᠯ ᠵᠢᠭᠤᠯᠴᠢᠯᠠᠯ ᠤ᠋ᠨ ᠴᠡᠭ ᠵᠢᠡᠨ ᠲᠦᠬᠦᠮ ᠲᠠᠨᠢᠯᠴᠠᠭᠤᠯᠤᠯ᠎ᠠ᠃

ᠮᠠᠯ ᠵᠢᠡᠨ ᠮᠡᠨᠳᠤ ᠤᠨᠳᠤᠷᠤᠭᠤᠯᠬᠤ ᠵᠢ ᠪᠠᠳᠤᠯᠠᠭᠰᠠᠨ ᠰᠢᠨᠵᠢᠯᠡᠬᠦ ᠤᠬᠠᠭᠠᠨᠴᠢ ᠴᠢᠯᠠᠭᠤᠨ ᠫᠸᠩ ᠡᠴᠡ ᠤᠳᠤᠬᠢᠴᠢᠯᠠᠭᠰᠠᠨ ᠫᠸᠩ ᠰᠠᠷᠠᠪᠴᠢ ᠲᠠᠢ ᠤᠶᠤᠨᠴᠢ ᠮᠠᠯᠵᠢᠯ ᠤ᠋ᠨ ᠲᠠᠯᠠᠪᠠᠢ ᠬᠦᠷᠳᠡᠯ᠎ᠠ᠂ ᠲᠠᠬᠢᠭᠠᠳ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠦ ᠦᠢᠯᠡᠰ ᠢ᠋ ᠵᠡᠷᠬᠡ ᠪᠡᠷ ᠡᠵᠡᠩᠨᠡᠭᠰᠡᠨ ᠬᠠᠮ ᠴᠤᠭᠴᠠ ᠪᠤᠯᠳᠠᠯ᠎ᠠ᠂ ᠬᠠᠭᠠᠰ ᠵᠠᠭᠤᠨ ᠤ᠋ ᠰᠦᠪᠡᠭᠴᠢᠯᠡᠯ᠂ ᠬᠤᠶᠠᠷ ᠦᠶ᠎ᠡ ᠵᠢᠨ ᠬᠦᠮᠦᠨ ᠤ᠋ ᠵᠢᠳᠬᠦᠯ ᠵᠢᠡᠷ ᠤᠳᠤ ᠰᠠᠢᠨᠬᠦᠦ ᠵᠢᠨ ᠬᠢ ᠨᠢᠬᠡᠨᠳᠡ ᠰᠢᠨ᠎ᠠ ᠪᠠᠷᠭᠤ ᠪᠠᠷᠠᠭᠤᠨ ᠬᠤᠰᠢᠭᠤᠨ ᠤ᠋ ᠤᠳᠤᠬᠢᠴᠢᠯᠠᠭᠰᠠᠨ ᠮᠠᠯᠵᠢᠯ ᠤ᠋ᠨ ᠵᠠᠮ ᠢ᠋ ᠬᠠᠢᠭᠰᠠᠨ ᠵᠢᠱ᠌ᠢᠶᠡᠴᠢ ᠪᠤᠯᠵᠤ᠂ ᠬᠦᠯᠦᠨ ᠪᠤᠢᠷ ᠬᠤᠳᠠ᠂ ᠲᠠᠷᠡᠴᠢᠯᠡᠨ ᠪᠦᠬᠦ ᠤᠷᠤᠨ ᠤ᠋ ᠡᠯ᠎ᠡ ᠭᠠᠵᠠᠷ ᠤ᠋ᠨ ᠮᠠᠯᠵᠢᠬᠤ ᠤᠷᠤᠨ ᠤ᠋ ᠬᠢᠨ ᠵᠠᠯᠭᠠᠭ᠎ᠠ ᠪᠡᠷ ᠡᠳᠡᠨ ᠤ᠋ ᠳ᠋ᠤ ᠢᠷᠡᠵᠤ ᠠᠷᠭ᠎ᠠ ᠲᠤᠷᠰᠢᠯᠭ᠎ᠠ ᠵᠢ ᠨᠢ ᠰᠤᠷᠤᠯᠴᠠᠨ ᠲᠤᠯᠢᠯᠠᠵᠤ᠂ ᠤᠷᠤᠨ ᠨᠤᠳᠤᠭ ᠤ᠋ᠨ ᠪᠤᠳᠠᠳᠤ ᠪᠠᠢᠳᠠᠯ ᠲᠠᠢ ᠪᠠᠨ ᠤᠶᠠᠯᠳᠤᠭᠤᠯᠤᠨ ᠤᠯᠠᠷᠢᠭᠤᠯᠵᠤ ᠬᠦᠭᠵᠢᠬᠦᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号