ᠤᠷᠳᠤᠰ ᠬᠤᠳᠠ᠎ᠶ᠋ᠢᠨ ᠤᠳᠤᠭ᠎ᠤᠨ ᠡᠮᠦᠨᠡᠲᠦ ᠬᠣᠱᠢᠭᠤ ᠪᠣᠯ ᠤᠯᠤᠰ᠎ᠤᠨ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ᠎ᠤ ᠨᠡᠷᠡᠰ᠎ᠦᠨ ᠵᠢᠭ᠍ᠰᠠᠭᠠᠯᠲᠠ᠎ᠳᠠᠬᠢ ᠨᠢᠭᠡᠳᠦᠭᠡᠷ ᠲᠦᠷᠦᠯ᠎ᠦᠨ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ ᠪᠣᠯᠤᠨ᠎ᠠ᠂ ᠬᠤᠪᠢᠰᠭᠠᠯ᠎ᠤᠨ ᠰᠣᠶᠣᠯ᠎ᠤᠨ ᠡᠬᠢ ᠪᠠᠶᠠᠯᠢᠭ ᠮᠠᠰᠢ ᠡᠯᠪᠡᠭ ᠶᠤᠮ᠃ ᠡᠨᠳᠡ᠂ ᠭᠠᠨᠭᠭᠠ ᠬᠠᠪᠴᠢᠯ ᠨᠢᠭᠡᠪᠦᠷᠢ᠂ ᠠᠭᠤᠯᠠ ᠬᠥᠪᠴᠢ ᠨᠢᠭᠡᠪᠦᠷᠢ᠂ ᠭᠣᠷᠣᠬ᠎ᠠ ᠤᠷᠤᠰᠬᠠᠯ ᠨᠢᠭᠡᠪᠦᠷᠢ ᠨᠢ ᠴᠥᠮ ᠲᠡᠷᠡ ᠬᠦ᠌ ᠭᠠᠢᠬᠠᠮᠱᠢᠭ᠍ᠲᠤ ᠣᠨ ᠰᠠᠷ᠎ᠠ᠎ᠶ᠋ᠢᠨ ᠪᠠᠭᠠᠲᠤᠷᠯᠢᠭ ᠮᠠᠭ᠍ᠲᠠᠭᠠᠯ ᠳᠠᠭᠤᠤ᠎ᠶ᠋ᠢ ᠳᠠᠭᠤᠯᠠᠵᠤ ᠪᠠᠢᠮᠠᠷ ᠶᠤᠮ᠃
ᠣᠳᠣᠬᠠᠨ᠎ᠳᠤ᠂ ᠪᠦᠬᠦ᠌ ᠬᠣᠱᠢᠭᠤᠨ᠎ᠤ ᠬᠢᠯᠢ᠎ᠳᠦ ᠤᠳᠤ ᠪᠠᠢᠭ᠎ᠠ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠲᠣᠮᠢᠯᠠᠭ᠍ᠰᠠᠨ ᠪᠠᠢᠭᠤᠯᠤᠮᠵᠢ᠎ᠶ᠋ᠢᠨ ᠬᠠᠭᠤᠴᠢᠨ (ᠦᠯᠡᠳᠡᠭ᠌ᠳᠡᠯ) ᠪᠠᠭᠤᠷᠢ᠎ᠶ᠋ᠢᠨ ᠰᠦᠷᠦᠭ᠌ᠵᠢᠯ᠂ ᠬᠤᠪᠢᠰᠭᠠᠯ᠎ᠤᠨ ᠲᠡᠦᠬᠡ᠎ᠶ᠋ᠢᠨ ᠬᠠᠭᠤᠴᠢᠨ (ᠦᠯᠡᠳᠡᠭ᠌ᠳᠡᠯ) ᠪᠠᠭᠤᠷᠢ᠎ᠶ᠋ᠢᠨ ᠰᠦᠷᠦᠭ᠌ᠵᠢᠯ᠂ ᠭᠣᠣᠯᠳᠠᠯᠭ᠎ᠠ᠎ᠲᠠᠶ ᠳᠤᠷᠠᠰᠭᠠᠯ᠎ᠤᠨ ᠲᠥᠬᠥᠭᠡᠷᠦᠮᠵᠢ ᠵᠡᠷᠭᠡ 53 ᠬᠤᠪᠢᠰᠭᠠᠯ᠎ᠤᠨ ᠲᠡᠦᠬᠡᠨ ᠳᠤᠷᠠᠰᠭᠠᠯ ᠪᠠᠢᠵᠤ᠂ ᠤᠷᠢᠳ ᠬᠣᠵᠢᠳ ᠶᠠᠨ ᠠᠨ᠎ᠤ ᠦᠨᠳᠦᠰᠦᠲᠡᠨ᠎ᠦ ᠳᠡᠭᠡᠳᠦ ᠰᠤᠷᠭᠠᠭᠤᠯᠢ᠎ᠶ᠋ᠢᠨ ᠪᠤᠷᠤᠪᠠᠯᠭᠠᠰᠤ ᠳ᠋ᠡᠬᠢ ᠳᠤᠷᠠᠰᠭᠠᠯ᠎ᠤᠨ ᠣᠷᠳᠣᠨ᠂ ᠸᠠᠩ ᠵᠧᠨ ᠵᠢᠩ᠎ᠦᠨ ᠳᠤᠷᠠᠰᠭᠠᠯ᠎ᠤᠨ ᠬᠦᠷᠢᠶᠡᠯᠡᠩ᠂ ᠶᠠᠩ ᠽᠤᠤ ᠬᠠᠨ ᠴᠦᠨ᠎ᠤ ᠮᠠᠯᠵᠢᠯ᠎ᠤᠨ ᠲᠠᠯᠠᠪᠠᠢ᠎ᠶ᠋ᠢᠨ ᠳᠡᠯᠭᠡᠨ ᠦᠵᠡᠭᠦᠯᠬᠦ᠌ ᠣᠷᠳᠣᠨ ᠵᠡᠷᠭᠡ ᠬᠤᠪᠢᠰᠭᠠᠯ᠎ᠤᠨ ᠦᠯᠡᠳᠡᠭ᠌ᠳᠡᠯ᠎ᠢ ᠪᠠᠢᠭᠤᠯᠵᠤ ᠳᠠᠭᠤᠰᠭᠠᠪᠠ᠃
ᠡᠭᠦᠨ᠎ᠡᠴᠡ ᠭᠠᠳᠠᠨ᠎ᠠ᠂ ᠤᠳᠤᠭ᠎ᠤᠨ ᠡᠮᠦᠨᠡᠲᠦ ᠬᠣᠱᠢᠭᠤ ᠪᠠᠰᠠ ᠥᠪᠥᠷ ᠮᠣᠩᠭᠣᠯ᠎ᠤᠨ ᠪᠤᠷᠤᠪᠠᠯᠭᠠᠰᠤ ᠵᠢᠨ ᠺᠠᠳ᠋ᠷ᠎ᠤᠨ ᠳᠡᠭᠡᠳᠦ ᠰᠤᠷᠭᠠᠭᠤᠯᠢ ᠪᠣᠯᠤᠨ ᠶᠠᠨ ᠠᠨ᠎ᠤ ᠦᠨᠳᠦᠰᠦᠲᠡᠨ᠎ᠦ ᠳᠡᠭᠡᠳᠦ ᠰᠤᠷᠭᠠᠭᠤᠯᠢ᠎ᠶ᠋ᠢᠨ ᠪᠤᠷᠤᠪᠠᠯᠭᠠᠰᠤ ᠳ᠋ᠡᠬᠢ ᠳᠤᠷᠠᠰᠭᠠᠯ᠎ᠤᠨ ᠣᠷᠳᠣᠨ᠂ ᠬᠤᠪᠢᠰᠭᠠᠯ᠎ᠤᠨ ᠤᠯᠠᠨ ᠤᠯᠤᠰ᠎ᠤᠨ ᠨᠢᠭᠤᠴᠠ ᠵᠠᠮ ᠬᠠᠷᠢᠯᠴᠠᠭᠠᠨ᠎ᠤ ᠦᠷᠳᠡᠭᠡ᠎ᠶ᠋ᠢᠨ ᠳᠡᠯᠭᠡᠨ ᠦᠵᠡᠭᠦᠯᠬᠦ᠌ ᠣᠷᠳᠣᠨ᠂ ᠳᠠᠬᠢᠯᠲᠦᠵᠢᠨ ᠬᠤᠪᠢᠰᠭᠠᠯ᠎ᠤᠨ ᠲᠡᠦᠬᠡ᠎ᠶ᠋ᠢᠨ ᠳᠤᠷᠠᠰᠭᠠᠯ᠎ᠤᠨ ᠣᠷᠳᠣᠨ ᠵᠡᠷᠭᠡ 6 ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠢᠶᠠᠷ ᠪᠦᠷᠢᠯᠳᠦᠭ᠌ᠰᠡᠨ ᠤᠳᠤᠭ᠎ᠤᠨ ᠡᠮᠦᠨᠡᠲᠦ ᠬᠣᠱᠢᠭᠤᠨ᠎ᠤ ᠬᠤᠪᠢᠰᠭᠠᠯ᠎ᠤᠨ ᠬᠥᠮᠦᠵᠢᠯ ᠪᠣᠯᠪᠠᠰᠤᠷᠠᠯ᠎ᠤᠨ ᠰᠠᠭᠤᠷᠢᠨ᠎ᠢ ᠪᠠᠢᠭᠤᠯᠬᠤ᠎ᠶ᠋ᠢᠨ ᠬᠠᠮᠲᠤ 《ᠬᠤᠪᠢᠰᠭᠠᠯ᠎ᠤᠨ ᠤᠯᠠ ᠮᠥᠷ》 ᠵᠡᠷᠭᠡ ᠨᠢᠭᠡ ᠪᠦᠯᠦᠭ ᠬᠤᠪᠢᠰᠭᠠᠯ᠎ᠤᠨ ᠨᠣᠮ ᠪᠢᠴᠢᠭ᠎ᠢ ᠨᠠᠢᠷᠠᠭᠤᠯᠤᠨ ᠪᠢᠴᠢᠵᠦ᠍᠂ ᠪᠦᠬᠦ᠌ ᠣᠷᠣᠨ᠎ᠤ ᠴᠤᠷ᠎ᠤᠨ ᠭᠠᠭ᠍ᠴᠠ ᠪᠦᠬᠦ᠌ ᠤᠯᠤᠰ᠎ᠤᠨ ᠬᠤᠪᠢᠰᠭᠠᠯ᠎ᠤᠨ ᠵᠢᠭᠤᠯᠴᠢᠯᠠᠯ᠎ᠤᠨ ᠬᠥᠭ᠌ᠵᠢᠯᠲᠡ᠎ᠶ᠋ᠢᠨ ᠨᠡᠢᠲᠡᠯᠢᠭ ᠬᠡᠷᠡᠭ᠎ᠦᠨ ᠵᠢᠱ᠌ᠢᠢ᠎ᠡ᠎ᠪᠡᠷ ᠰᠣᠩᠭᠣᠭ᠍ᠳᠠᠭ᠍ᠰᠠᠨ ᠭᠠᠵᠠᠷ ᠣᠷᠣᠨ ᠪᠤᠯᠵᠤ᠂ ᠬᠤᠪᠢᠰᠭᠠᠯ᠎ᠤᠨ ᠡᠬᠢ ᠪᠠᠶᠠᠯᠢᠭ᠎ᠢ ᠬᠠᠮᠠᠭᠠᠯᠠᠵᠤ ᠠᠱᠢᠭ᠍ᠯᠠᠭ᠍ᠰᠠᠨ ᠦᠷ᠎ᠡ ᠪᠦᠲᠦᠮᠵᠢ ᠢᠯᠡᠳᠲᠡ ᠲᠡᠭᠡᠭᠰᠢᠯᠡᠪᠠ᠃
7 ᠰᠠᠷ᠎ᠠ᠎ᠶ᠋ᠢᠨ 1᠎ᠤ᠋ ᠡᠳᠦᠷ᠂ ᠤᠳᠤᠭ᠎ᠤᠨ ᠡᠮᠦᠨᠡᠲᠦ ᠬᠣᠱᠢᠭᠤᠨ᠎ᠤ ᠳᠠᠬᠢᠯᠲᠦᠵᠢᠨ ᠠᠵᠢᠯ᠎ᠤᠨ ᠵᠥᠪᠯᠡᠯ᠎ᠦᠨ ᠬᠠᠭᠤᠴᠢᠨ ᠪᠠᠭᠤᠷᠢ ᠪᠣᠯᠤᠨ ᠳᠠᠬᠢᠯᠲᠦᠵᠢᠨ ᠬᠤᠪᠢᠰᠭᠠᠯ᠎ᠤᠨ ᠲᠡᠦᠬᠡ᠎ᠶ᠋ᠢᠨ ᠳᠤᠷᠠᠰᠭᠠᠯ᠎ᠤᠨ ᠣᠷᠳᠣᠨ᠎ᠳᠤ᠂ ᠰᠤᠷᠪᠤᠯᠵᠢᠯᠠᠭ᠍ᠴᠢ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠬᠤᠪᠢᠰᠭᠠᠯ᠎ᠤᠨ ᠤᠴᠢ᠎ᠶ᠋ᠢ ᠥᠨᠳᠥᠷ ᠮᠠᠨᠳᠤᠭᠤᠯᠵᠤ ᠥᠪᠥᠷ ᠮᠣᠩᠭᠣᠯ ᠱᠠᠨᠰᠢ ᠨᠢᠩᠱᠢᠶᠠ᠎ᠶ᠋ᠢᠨ ᠬᠢᠵᠠᠭᠠᠷ ᠣᠷᠣᠨ᠎ᠳᠤ ᠬᠤᠪᠢᠰᠭᠠᠯᠲᠤ ᠲᠡᠮᠡᠴᠡᠯ ᠬᠢᠭ᠌ᠰᠡᠨ ᠲᠡᠦᠬᠡᠨ ᠦᠯᠢᠭᠡᠷ᠎ᠢ ᠲᠠᠬᠢᠨ ᠡᠷᠭᠢᠴᠡᠭᠦᠯᠪᠡ᠄ 20 ᠳ᠋ᠤᠭᠠᠷ ᠵᠠᠭᠤᠨ᠎ᠤ ᠭᠤᠴᠢᠭᠠᠳ ᠣᠨ᠎ᠳᠤ᠂ ᠪᠠᠷᠠᠭᠤᠨᠰᠢ ᠳᠠᠢᠯᠠᠬᠤ ᠤᠯᠠᠭᠠᠨ ᠴᠡᠷᠢᠭ ᠤᠳᠤᠭ᠎ᠤᠨ ᠡᠮᠦᠨᠡᠲᠦ ᠬᠣᠱᠢᠭᠤᠨ᠎ᠤ ᠲᠠᠯ᠎ᠠ ᠨᠤᠲᠤᠭ᠎ᠲᠤ ᠣᠷᠣᠵᠤ ᠰᠠᠭᠤᠨ᠂ ᠳᠠᠬᠢᠯᠲᠦᠵᠢᠨ ᠠᠵᠢᠯ᠎ᠤᠨ ᠵᠥᠪᠯᠡᠯ᠎ᠢ ᠪᠠᠢᠭᠤᠯᠵᠤ᠂ ᠨᠠᠮ᠎ᠤᠨ ᠥᠪᠥᠷ ᠮᠣᠩᠭᠣᠯ᠎ᠤᠨ ᠬᠤᠪᠢᠰᠭᠠᠯ᠎ᠤᠨ ᠰᠠᠭᠤᠷᠢᠨ ᠢ ᠨᠡᠭᠡᠭᠡᠪᠡ᠃ ᠨᠠᠮ᠎ᠤᠨ ᠦᠨᠳᠦᠰᠦᠲᠡᠨ᠎ᠦ ᠲᠦᠷᠦ᠍᠎ᠶ᠋ᠢᠨ ᠪᠤᠳᠤᠯᠭ᠎ᠠ ᠡᠨᠳᠡ ᠬᠥᠭ᠌ᠵᠢᠵᠦ᠍᠂ ᠶᠠᠫᠣᠨ᠎ᠢ ᠡᠰᠡᠷᠭᠦᠴᠡᠵᠦ᠍ ᠤᠯᠤᠰ᠎ᠢᠶᠠᠨ ᠠᠪᠤᠷᠠᠬᠤ᠎ᠪᠠᠷ ᠰᠡᠳᠭᠢᠯ ᠵᠢᠷᠦᠬᠡ᠎ᠪᠡᠨ ᠬᠣᠯᠪᠣᠭ᠍ᠰᠠᠨ ᠨᠢᠭᠡ ᠪᠦᠯᠦᠭ ᠡᠯ᠎ᠡ ᠦᠨᠳᠦᠰᠦᠲᠡᠨ᠎ᠦ ᠬᠥᠪᠡᠭᠦᠳ ᠥᠬᠢᠳ ᠬᠣᠢᠨ᠎ᠠ ᠬᠣᠢᠨ᠎ᠠ᠎ᠠᠴᠠ᠎ᠪᠠᠨ ᠮᠣᠩᠭᠣᠯ ᠬᠢᠲᠠᠳ ᠮᠣᠷᠢᠲᠤ ᠴᠡᠷᠢᠭ᠎ᠦᠨ ᠫᠠᠷᠲ᠋ᠢᠽᠠᠨ ᠠᠩᠬᠢ᠎ᠳᠤ ᠣᠷᠣᠵᠤ᠂ ᠨᠢᠭᠡᠳᠦᠮᠡᠯ ᠹᠷᠣᠨᠲ᠂ ᠪᠦᠯᠬᠦᠮᠳᠡᠨ ᠶᠠᠫᠣᠨ᠎ᠢ ᠡᠰᠡᠷᠭᠦᠴᠡᠬᠦ᠌ ᠬᠤᠪᠢᠰᠭᠠᠯ᠎ᠤᠨ ᠦᠢᠯᠡᠰ᠎ᠲᠦ ᠳᠤᠲᠠᠭ᠍ᠳᠠᠵᠤ ᠪᠣᠯᠤᠰᠢ ᠦᠭᠡᠢ ᠦᠢᠯᠡᠳᠦᠯ ᠦᠵᠡᠭᠦᠯᠪᠡ᠃
《ᠵᠢᠯ ᠪᠦᠷᠢ ᠮᠤᠵᠢ᠎ᠶ᠋ᠢᠨ ᠳᠣᠲᠣᠨ᠎ᠠ ᠭᠠᠳᠠᠨ᠎ᠠ᠎ᠠᠴᠠ ᠢᠷᠡᠭ᠌ᠰᠡᠨ ᠮᠠᠰᠢ ᠤᠯᠠᠨ ᠰᠤᠷᠤᠭ᠍ᠴᠢᠳ ᠡᠨᠳᠡ ᠢᠷᠡᠵᠦ᠍ ᠬᠤᠪᠢᠰᠭᠠᠯ᠎ᠤᠨ ᠲᠤᠬᠠᠢ ᠰᠤᠳᠤᠯᠤᠨ ᠰᠤᠷᠤᠯᠴᠠᠳᠠᠭ᠂ ᠪᠢᠳᠡ ᠲᠤᠬᠠᠢ᠎ᠶ᠋ᠢᠨ ᠲᠠᠯᠠᠪᠠᠢ᠎ᠶ᠋ᠢᠨ ᠵᠢᠭᠠᠨ ᠰᠤᠷᠭᠠᠯᠲᠠ᠎ᠶ᠋ᠢᠨ ᠪᠠᠭ᠍ᠰᠢ ᠪᠣᠯᠤᠭ᠍ᠰᠠᠨ᠎ᠤ ᠬᠤᠪᠢ᠎ᠳᠤ᠂ ᠤᠳᠤᠭ᠎ᠤᠨ ᠡᠮᠦᠨᠡᠲᠦ ᠬᠣᠱᠢᠭᠤᠨ᠎ᠤ ᠨᠠᠮ᠎ᠤᠨ ᠲᠡᠦᠬᠡ᠎ᠶ᠋ᠢᠨ ᠦᠯᠢᠬᠡᠷ᠎ᠢ ᠨᠠᠷᠢᠨ ᠭᠦᠨᠵᠡᠭᠡᠢ ᠶᠠᠷᠢᠵᠤ᠂ ᠨᠡᠩ ᠤᠯᠠᠨ ᠰᠤᠷᠤᠭ᠍ᠴᠢᠳ᠎ᠲᠤ ᠤᠳᠤᠭ᠎ᠤᠨ ᠡᠮᠦᠨᠡᠲᠦ ᠬᠣᠱᠢᠭᠤᠨ᠎ᠤ ᠬᠤᠪᠢᠰᠭᠠᠯ᠎ᠤᠨ ᠲᠡᠦᠬᠡ᠎ᠶ᠋ᠢ ᠤᠢ᠍ᠢᠯᠠᠭᠠᠭᠤᠯᠬᠤ ᠬᠡᠷᠡᠭ᠌ᠲᠡᠢ》ᠭᠡᠵᠦ᠍ ᠳᠠᠬᠢᠯᠲᠦᠵᠢᠨ ᠬᠤᠪᠢᠰᠭᠠᠯ᠎ᠤᠨ ᠲᠡᠦᠬᠡ᠎ᠶ᠋ᠢᠨ ᠳᠤᠷᠠᠰᠭᠠᠯ᠎ᠤᠨ ᠣᠷᠳᠣᠨ᠎ᠤ ᠲᠤᠬᠠᠶ᠎ᠶ᠋ᠢᠨ ᠲᠠᠯᠠᠪᠠᠶ᠎ᠶ᠋ᠢᠨ ᠲᠠᠢᠯᠤᠮᠵᠢ᠎ᠶ᠋ᠢ ᠬᠠᠷᠢᠭᠤᠴᠠᠵᠤ ᠪᠠᠢᠭ᠎ᠠ ᠪᠠᠭ᠍ᠰᠢ ᠬᠡᠯᠡᠪᠡ᠃
ᠥᠪᠥᠷ ᠮᠣᠩᠭᠣᠯ᠎ᠤᠨ ᠪᠤᠷᠤᠪᠠᠯᠭᠠᠰᠤ᠎ᠶ᠋ᠢᠨ ᠺᠠᠳ᠋ᠷ᠎ᠤᠨ ᠳᠡᠭᠡᠳᠦ ᠰᠤᠷᠭᠠᠭᠤᠯᠢ ᠨᠢ 《ᠬᠤᠪᠢᠰᠭᠠᠯ᠎ᠤᠨ ᠰᠣᠶᠣᠯ᠎ᠢ ᠤᠯᠠᠮᠵᠢᠯᠠᠬᠤ ᠣᠷᠣᠨ》᠎ᠢ᠋ ᠪᠠᠢᠭᠤᠯᠬᠤ ᠴᠢᠬᠤᠯᠠ ᠲᠠᠪᠴᠠᠩ ᠪᠣᠯᠤᠭ᠍ᠰᠠᠨ᠎ᠤ ᠬᠤᠪᠢ᠎ᠳᠤ᠂ ᠵᠢᠷᠤᠮᠵᠢᠭ᠍ᠰᠠᠨ᠂ ᠥᠪᠡᠷᠮᠢᠴᠡ ᠣᠨᠴᠠᠯᠢᠭ᠎ᠲᠠᠶ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠠᠷᠭ᠎ᠠ ᠵᠠᠮ᠎ᠢ ᠠᠯᠬᠤᠮ ᠠᠯᠬᠤᠮ᠎ᠢᠶᠠᠷ ᠬᠠᠢᠨ ᠰᠦᠪᠡᠭ᠌ᠴᠢᠯᠡᠵᠦ᠍ ᠭᠠᠷᠭᠠᠪᠠ᠃ 2019 ᠣᠨ᠎ᠳᠤ᠂ ᠥᠪᠥᠷ ᠮᠣᠩᠭᠣᠯ᠎ᠤᠨ ᠪᠤᠷᠤᠪᠠᠯᠭᠠᠰᠤ ᠵᠢᠨ ᠺᠠᠳ᠋ᠷ᠎ᠤᠨ ᠳᠡᠭᠡᠳᠦ ᠰᠤᠷᠭᠠᠭᠤᠯᠢ ᠨᠢ 《ᠪᠦᠬᠦ᠌ ᠤᠯᠤᠰ᠎ᠤᠨ ᠪᠣᠯᠪᠠᠰᠤᠨ ᠨᠢᠭᠡᠴᠢ》ᠵᠢᠨ ᠢᠷᠠᠭᠤ ᠠᠯᠳᠠᠷ᠎ᠢ ᠬᠦᠷᠳᠡᠵᠦ᠍᠂ ᠪᠦᠬᠦ᠌ ᠤᠯᠤᠰ᠎ᠤᠨ 72 ᠨᠠᠮᠴᠢ ᠴᠢᠨᠠᠷ᠎ᠤᠨ ᠬᠥᠮᠦᠵᠢᠯ᠎ᠦᠨ ᠺᠠᠳ᠋ᠷ᠎ᠤᠨ ᠳᠡᠭᠡᠳᠦ ᠰᠤᠷᠭᠠᠭᠤᠯᠢ᠎ᠶ᠋ᠢᠨ ᠨᠢᠭᠡ᠎ᠪᠡᠷ ᠰᠣᠩᠭᠣᠭ᠍ᠳᠠᠭ᠍ᠰᠠᠨᠤ ᠬᠠᠮᠲᠤ 《ᠲᠥᠪ᠎ᠦᠨ ᠨᠡᠢᠭᠡᠮ ᠵᠢᠷᠤᠮ᠎ᠤᠨ ᠳᠡᠭᠡᠳᠦ ᠰᠤᠷᠭᠠᠭᠤᠯᠢ᠎ᠶ᠋ᠢᠨ ᠵᠢᠭᠠᠨ ᠰᠤᠷᠭᠠᠯᠲᠠ᠎ᠶ᠋ᠢᠨ ᠰᠠᠭᠤᠷᠢᠨ》 ᠪᠠ 《ᠲᠥᠪ᠎ᠦᠨ ᠦᠨᠳᠦᠰᠦᠲᠡᠨ᠎ᠦ ᠶᠡᠬᠡ ᠰᠤᠷᠭᠠᠭᠤᠯᠢ᠎ᠶ᠋ᠢᠨ ᠪᠤᠷᠤᠪᠠᠯᠭᠠᠰᠤ ᠵᠢᠨ ᠳᠡᠭᠡᠳᠦ ᠰᠤᠷᠭᠠᠭᠤᠯᠢ》 ᠪᠡᠷ ᠨᠡᠷᠡᠢᠳᠦᠭ᠌ᠳᠡᠵᠦ᠍᠂ ᠥᠪᠡᠷᠲᠡᠭᠡᠨ ᠵᠠᠰᠠᠬᠤ ᠣᠷᠣᠨ᠎ᠤ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠴᠢᠬᠤᠯᠠ ᠵᠢᠭ᠍ᠰᠠᠭᠠᠯ᠎ᠤᠨ ᠭᠠᠵᠠᠷ ᠪᠠ ᠢᠯᠡ ᠲᠣᠳᠣ ᠬᠤᠪᠢᠰᠭᠠᠯ᠎ᠤᠨ ᠨᠡᠷ᠎ᠡ᠎ᠶ᠋ᠢᠨ ᠬᠠᠭᠤᠳᠠᠰᠤ ᠪᠣᠯᠵᠠᠢ᠃
ᠰᠤᠷᠭᠠᠭᠤᠯᠢ ᠪᠠᠢᠭᠤᠯᠤᠭ᠍ᠳᠠᠭ᠍ᠰᠠᠨ᠎ᠠᠴᠠ ᠨᠠᠭᠠᠰᠢ᠂ ᠥᠪᠥᠷ ᠮᠣᠩᠭᠣᠯ᠎ᠤᠨ ᠪᠤᠷᠤᠪᠠᠯᠭᠠᠰᠤ ᠵᠢᠨ ᠺᠠᠳ᠋ᠷ᠎ᠤᠨ ᠳᠡᠭᠡᠳᠦ ᠰᠤᠷᠭᠠᠭᠤᠯᠢ ᠡᠯ᠎ᠡ ᠱᠠᠲᠤᠨ᠎ᠤ ᠡᠯ᠎ᠡ ᠲᠥᠷᠥᠯ᠎ᠦᠨ ᠨᠠᠮᠴᠢ ᠴᠢᠨᠠᠷ᠎ᠤᠨ ᠬᠥᠮᠦᠵᠢᠯ ᠪᠣᠯᠪᠠᠰᠤᠷᠠᠯ᠎ᠤᠨ ᠠᠩᠭᠢ᠎ᠶ᠋ᠢ ᠨᠡᠢᠲᠡ 1200 ᠭᠠᠷᠤᠶ ᠬᠤᠭᠤᠴᠠᠭ᠎ᠠ ᠡᠷᠭᠢᠯᠡᠵᠦ᠍᠂ 5 ᠲᠦᠮᠡ ᠭᠠᠷᠤᠶ ᠨᠠᠮ᠎ᠤᠨ ᠭᠡᠱᠢᠭᠦᠨ ᠺᠠᠳ᠋ᠷ᠎ᠲᠤ ᠪᠣᠯᠪᠠᠰᠤᠷᠠᠯ ᠬᠦᠷᠲᠡᠭᠡᠵᠡᠢ᠃ ᠡᠯ᠎ᠡ ᠲᠤᠬᠠᠶ᠎ᠶ᠋ᠢᠨ ᠲᠠᠯᠠᠪᠠᠶ᠎ᠶ᠋ᠢᠨ ᠵᠢᠭᠠᠨ ᠰᠤᠷᠭᠠᠯᠲᠠ᠎ᠶ᠋ᠢᠨ ᠴᠡᠭ ᠨᠢ ᠨᠠᠮᠴᠢ ᠴᠢᠨᠠᠷ᠎ᠤᠨ ᠬᠥᠮᠦᠵᠢᠭᠦᠯᠬᠦ᠌ ᠦᠶ᠋ᠯᠡᠳᠦᠯ᠎ᠢᠶᠡᠨ ᠭᠦᠶ᠋ᠴᠡᠳ ᠪᠠᠳᠠᠷᠠᠭᠤᠯᠵᠤ᠂ ᠡᠯ᠎ᠡ ᠲᠥᠷᠥᠯ᠎ᠦᠨ ᠲᠣᠭᠣᠷᠢᠨ ᠦᠵᠡᠵᠦ᠍ ᠰᠤᠷᠤᠯᠴᠠᠬᠤ ᠬᠥᠮᠦᠰᠨᠡᠢᠲᠡ 100 ᠲᠦᠮᠡᠨ ᠬᠥᠮᠦᠨ ᠤᠳᠠᠭ᠎ᠠ᠎ᠠᠴᠠ ᠳᠠᠪᠠᠵᠤ᠂ ᠰᠤᠷᠤᠭ᠍ᠴᠢᠳ ᠪᠥᠬᠥ᠌ ᠤᠯᠤᠰ᠎ᠤᠨ 29 ᠮᠤᠵᠢ ᠣᠷᠣᠨ ᠬᠣᠲᠠ᠎ᠳᠤ ᠲᠦᠭᠡᠵᠦ᠍ ᠪᠠᠢᠨ᠎ᠠ᠃
《ᠡᠨᠡ ᠡᠳᠦᠷ ᠪᠣᠯ ᠨᠠᠮ᠎ᠤᠨ ᠮᠡᠨᠳᠦᠯᠡᠭ᠌ᠰᠡᠨ ᠡᠳᠦᠷ ᠮᠥᠨ᠂ ᠮᠠᠨ᠎ᠤ ᠪᠦᠬᠦ᠌ ᠨᠠᠮ᠎ᠤᠨ ᠭᠡᠱᠢᠭᠦᠨ ᠺᠠᠳ᠋ᠷ ᠪᠤᠷᠤᠪᠠᠯᠭᠠᠰᠤ ᠵᠢᠨ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ᠎ᠳᠤ ᠬᠦᠷᠴᠦ᠍᠂ ᠬᠤᠪᠢᠰᠭᠠᠯ᠎ᠤᠨ ᠰᠣᠶᠣᠯ᠎ᠤᠨ ᠳᠠᠪᠲᠠᠯᠲᠠ᠎ᠶ᠋ᠢ ᠬᠦᠯᠢᠶᠡᠵᠦ᠍᠂ ᠨᠠᠮ᠎ᠤᠨ ᠲᠡᠦᠬᠡ᠎ᠶ᠋ᠢ ᠲᠠᠬᠢᠨ ᠡᠷᠭᠢᠴᠡᠭᠦᠯᠪᠡ᠃ ᠡᠪ ᠬᠠᠮᠲᠤ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ᠂ ᠪᠢ ᠬᠣᠢᠱᠢᠳᠠ᠎ᠶ᠋ᠢᠨ ᠠᠵᠢᠯ᠎ᠳᠠᠭᠠᠨ᠂ ᠨᠠᠮ᠎ᠤᠨ ᠭᠡᠱᠢᠭᠦᠨ᠎ᠦ ᠬᠣᠱᠢᠭᠤᠴᠢ ᠵᠢᠱ᠌ᠢᠶᠡᠴᠢ ᠦᠢᠯᠡᠳᠦᠯ᠎ᠢᠶᠡᠨ ᠴᠠᠭ ᠢᠮᠠᠭ᠍ᠲᠠ ᠪᠠᠳᠠᠷᠠᠭᠤᠯᠤᠨ᠎ᠠ》 ᠭᠡᠵᠦ ᠪᠣᠯᠪᠠᠰᠤᠷᠠᠯ᠎ᠤᠨ ᠰᠤᠷᠤᠭ᠍ᠴᠢ ᠸᠠᠩ ᡁᠢ ᠸᠧᠢ ᠬᠡᠯᠡᠪᠡ᠃
《ᠬᠤᠪᠢᠰᠭᠠᠯ᠎ᠤᠨ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠣᠷᠣᠨ᠎ᠢ ᠪᠠᠢᠭᠤᠯᠬᠤ᠎ᠠᠴᠠ ᠡᠬᠢᠯᠡᠨ᠂ ᠣᠲᠣᠭ᠎ᠤᠨ ᠡᠮᠦᠨᠡᠲᠦ ᠬᠣᠱᠢᠭᠤ ᠬᠤᠪᠢᠰᠭᠠᠯ᠎ᠤᠨ ᠰᠤᠳᠤᠯᠤᠨ ᠰᠤᠷᠤᠯᠴᠠᠬᠤ ᠪᠠ ᠪᠥᠬᠥ᠌ ᠣᠷᠣᠨ ᠪᠦᠰᠡᠵᠢᠭ᠌ᠰᠡᠨ ᠬᠤᠪᠢᠰᠭᠠᠯ᠎ᠤᠨ ᠠᠵᠤ ᠦᠶ᠋ᠯᠡᠰ᠎ᠢ ᠬᠦᠴᠦᠯᠡᠨ ᠠᠭᠤᠰᠤᠯᠴᠠᠭᠤᠯᠵᠤ᠂ ᠪᠠᠢᠭᠤᠯᠤᠭ᠍ᠰᠠᠨ ᠬᠤᠪᠢᠰᠭᠠᠯ᠎ᠤᠨ ᠬᠥᠮᠦᠵᠢᠯ ᠪᠣᠯᠪᠠᠰᠤᠷᠠᠯ᠎ᠢ ᠥᠷᠭᠡᠳᠭᠡᠬᠦ᠌ ᠰᠠᠭᠤᠷᠢᠨ᠂ ᠰᠢᠪᠠᠭᠤᠨ ᠵᠠᠳᠠᠭᠠᠢ᠎ᠵᠢᠨ 〈ᠨᠢᠭᠡ ᠲᠣᠭᠣᠭ᠎ᠠ ᠪᠤᠳᠠᠭ᠎ᠠ〉 ᠵᠡᠷᠭᠡ ᠬᠤᠪᠢᠰᠭᠠᠯ᠎ᠤᠨ ᠬᠥᠮᠦᠵᠢᠯ᠎ᠦᠨ ᠰᠤᠳᠤᠯᠤᠨ ᠰᠤᠷᠤᠯᠴᠠᠬᠤ ᠴᠡᠭ᠎ᠢᠶᠡᠷ ᠳᠠᠮᠵᠢᠭᠤᠯᠤᠨ᠂ ᠳᠠ ᠭᠸᠤ ᠸᠠᠨ ᠲᠣᠰᠭᠣᠨ ᠵᠡᠷᠭᠡ ᠡᠷᠬᠢᠨ ᠲᠣᠭᠣᠷᠢᠨ᠎ᠤ ᠲᠣᠰᠭᠣᠨ᠎ᠤ ᠨᠢᠭᠡᠳᠦᠯ᠎ᠦᠨ 200 ᠭᠠᠷᠤᠶ ᠡᠷᠦᠬᠡ ᠮᠠᠯᠴᠢᠨ ᠲᠠᠷᠢᠶᠠᠴᠢᠨ᠎ᠢ ᠳᠠᠢᠴᠢᠯᠠᠨ ᠲᠠᠷᠢᠶᠠᠴᠢᠨ ᠠᠢᠯ᠎ᠤᠨ ᠵᠢᠭᠤᠯᠴᠢᠯᠠᠯ᠎ᠢ ᠡᠷᠭᠢᠯᠡᠵᠦ᠍᠂ ᠡᠷᠦᠬᠡ ᠪᠦᠷᠢ᠎ᠶ᠋ᠢᠨ ᠵᠢᠯ ᠳᠤᠮᠳᠠᠴᠢ ᠣᠷᠣᠯᠭ᠎ᠠ᠎ᠶ᠋ᠢ 1.5 ᠲᠦᠮᠡᠨ ᠲᠥᠭᠥᠷᠢᠭ᠎ᠡᠴᠡ ᠳᠡᠭᠡᠭ᠌ᠰᠢ ᠨᠡᠮᠡᠭ᠌ᠳᠡᠭᠦᠯᠬᠦ᠌᠎ᠶ᠋ᠢ ᠠᠬᠢᠭᠤᠯᠪᠠ᠃ ᠰᠤᠳᠤᠯᠤᠨ ᠰᠤᠷᠤᠯᠴᠠᠬᠤ + ᠵᠢᠭᠤᠯᠴᠢᠯᠠᠯ + ᠠᠷᠠᠯᠵᠢᠶ᠎ᠠ ᠬᠤᠳᠠᠯᠳᠤᠭ᠎ᠠ + ᠡᠷᠡᠭᠦᠯᠵᠢᠯ ᠰᠤᠪᠢᠯᠠᠯᠲᠠ᠎ᠶ᠋ᠢᠨ ᠬᠤᠪᠢᠰᠭᠠᠯ᠎ᠤᠨ ᠪᠦᠬᠦ᠌ ᠠᠵᠤ ᠦᠢᠯᠡᠰ᠎ᠦᠨ ᠬᠡᠯᠬᠢᠶ᠎ᠡ᠎ᠶ᠋ᠢ ᠪᠠᠢᠭᠤᠯᠵᠤ᠂ ᠬᠥᠮᠦᠰ᠎ᠲᠦ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ᠎ᠤ ᠬᠤᠪᠢᠰᠭᠠᠯ᠎ᠤᠨ ᠰᠣᠶᠣᠯ ᠪᠣᠯᠤᠨ ᠪᠤᠰᠤᠳ ᠠᠵᠤ ᠦᠢᠯᠡᠰ᠎ᠦᠨ ᠠᠭᠤᠰᠤᠯᠴᠠᠨ ᠬᠥᠭ᠌ᠵᠢᠬᠦ᠌ ᠷᠢᠳᠢ ᠱᠢᠳᠢ᠎ᠶ᠋ᠢ ᠭᠦᠢᠴᠡᠳ ᠮᠡᠳᠡᠷᠡᠭᠦᠯᠪᠡ》 ᠭᠡᠵᠦ ᠤᠲᠤᠭ᠎ᠤ᠋ᠨ ᠡᠮᠦᠨᠡᠲᠦ ᠬᠣᠱᠢᠭᠤᠨ᠎ᠤ ᠰᠣᠶᠣᠯ ᠪᠠ ᠵᠢᠭᠤᠯᠴᠢᠯᠠᠯ᠎ᠤᠨ ᠲᠣᠪᠴᠢᠶᠠᠨ᠎ᠤ ᠬᠠᠷᠢᠭᠤᠴᠠᠯᠭᠠᠲᠠᠨ ᠢᠯᠡᠳᠭᠡᠪᠡ᠃
ᠣᠲᠣᠭ᠎ᠤᠨ ᠡᠮᠦᠨᠡᠲᠦ ᠬᠣᠱᠢᠭᠤᠨ᠎ᠤ ᠪᠤᠷᠤᠪᠠᠯᠭᠠᠰᠤ᠎ᠶ᠋ᠢᠨ ᠬᠤᠪᠢᠰᠭᠠᠯ᠎ᠤᠨ ᠰᠣᠶᠣᠯ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠨᠢ 《ᠤᠯᠤᠰ᠎ᠤᠨ 4A ᠲᠠᠰ᠎ᠤᠨ ᠦᠵᠡᠮᠵᠢ᠎ᠶ᠋ᠢᠨ ᠣᠷᠣᠨ》ᠵᠢᠡᠷ ᠦᠨᠡᠯᠡᠭ᠌ᠳᠡᠭ᠌ᠰᠡᠨ ᠪᠥᠭᠡᠳ ᠪᠥᠬᠥ᠌ ᠣᠷᠣᠨ᠎ᠤ ᠵᠢᠭᠤᠯᠴᠢᠯᠠᠯ᠎ᠤᠨ ᠰᠦᠯᠵᠢᠶᠡᠨ᠎ᠦ ᠬᠠᠯᠠᠮᠰᠢᠯ ᠭᠠᠵᠠᠷ ᠪᠠ ᠪᠥᠬᠥ᠌ ᠣᠷᠣᠨ᠎ᠤ ᠠᠷᠪᠠᠨ ᠶᠡᠬᠡ ᠬᠤᠪᠢᠰᠭᠠᠯ᠎ᠤᠨ ᠰᠣᠩᠭᠣᠳᠠᠭ ᠵᠢᠭᠤᠯᠴᠢᠯᠠᠯ᠎ᠤᠨ ᠵᠠᠮ ᠱᠤᠭᠤᠮ ᠪᠣᠯᠵᠣ᠂ ᠬᠤᠪᠢᠰᠭᠠᠯ᠎ᠤᠨ ᠰᠣᠶᠣᠯ ᠨᠢ ᠶᠠᠭ ᠣᠲᠣᠭ᠎ᠤᠨ ᠡᠮᠦᠨᠡᠲᠦ ᠬᠣᠱᠢᠭᠤᠨ᠎ᠤ ᠳᠦᠷᠢ ᠲᠥᠷᠬᠦ᠌᠎ᠶ᠋ᠢ ᠢᠯᠡᠷᠡᠭᠦᠯᠬᠦ᠌ ᠱᠢᠨ᠎ᠡ ᠨᠡᠷ᠎ᠡ᠎ᠶ᠋ᠢᠨ ᠬᠠᠭᠤᠳᠠᠰᠤ᠂ ᠬᠥᠭ᠌ᠵᠢᠯᠲᠡ᠎ᠶ᠋ᠢ ᠠᠬᠢᠭᠤᠯᠬᠤ ᠱᠢᠨ᠎ᠡ ᠬᠥᠳᠡᠯᠭᠡᠭᠦᠷ ᠪᠣᠯᠵᠣ ᠪᠠᠢᠨ᠎ᠠ᠃