ᠰᠠᠭᠠᠭ᠎ᠤᠨ ᠢᠳᠡᠭᠡᠨ᠎ᠤ ᠤᠬᠠᠭᠤᠯᠭ᠎ᠠ ᠵᠢᠨ ᠠᠵᠢᠯᠯᠠᠭ᠎ᠠ ᠶᠠᠪᠤᠭᠳᠠᠪᠠ
2025-09-12 15:54:59
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠦᠷᠦᠭᠦᠬᠡᠨ᠂ ᠬᠦᠷᠢᠶ᠎ᠡ ᠬᠣᠰᠢᠭᠤᠨ᠎ᠤ ᠠᠷᠠᠳ᠎ᠤᠨ ᠵᠠᠰᠠᠭ᠎ᠤᠨ ᠣᠷᠳᠣᠨ᠂ ᠥᠪᠥᠷ ᠮᠣᠩᠭᠣᠯ᠎ᠤᠨ ᠵᠢᠭᠤᠯᠴᠢᠯᠠᠯ ᠢᠳᠡᠭᠡᠨ ᠤᠮᠳᠠᠭᠠᠨ᠎ᠤ ᠠᠵᠢᠯ ᠲᠥᠷᠥᠯ᠎ᠤᠨ ᠨᠡᠢᠭᠡᠮᠯᠢᠭ᠎ᠠᠴᠠ ᠭᠣᠣᠯᠯᠠᠨ ᠡᠷᠭᠢᠯᠡᠵᠦ᠂ ᠬᠦᠷᠢᠶ᠎ᠡ ᠬᠣᠰᠢᠭᠤᠨ᠎ᠤ ᠨᠠᠮ᠎ᠤᠨ ᠬᠣᠷᠢᠶ᠎ᠠ᠎ᠶᠢᠨ ᠤᠬᠠᠭᠤᠯᠬᠤ ᠬᠡᠯᠲᠡᠰ᠎ᠠᠴᠠ ᠳᠠᠭᠠᠭᠠᠴᠢᠯᠠᠨ ᠡᠷᠭᠢᠯᠡᠭᠰᠡᠨ ᠬᠦᠷᠢᠶ᠎ᠡ ᠬᠣᠰᠢᠭᠤᠨ᠎ᠤ ᠰᠠᠭᠠᠭ᠎ᠤᠨ ᠠᠮᠲᠠᠲᠤ ᠢᠳᠡᠭᠡᠨ᠎ᠤ ᠰᠣᠶᠣᠯ᠎ᠤᠨ ᠭᠠᠷᠠᠭ᠎ᠤᠨ ᠠᠵᠢᠯᠯᠠᠭ᠎ᠠ ᠬᠦᠷᠢᠶ᠎ᠡ ᠪᠠᠯᠭᠠᠰᠤᠨ᠎ᠳᠤ ᠶᠠᠪᠤᠭᠳᠠᠪᠠ᠃


QQ截图20250825102238.png


ᠬᠦᠷᠢᠶ᠎ᠠ ᠬᠤᠰᠢᠭᠤ


ᠡᠭᠢᠯᠡᠯᠲᠡ᠎ᠶᠢᠨ ᠶᠣᠰᠣᠯᠠᠯ᠎ᠳᠤ᠂ ᠡᠯ᠎ᠡ ᠰᠤᠮᠤ ᠰᠢᠶᠠᠩ ᠪᠠᠯᠭᠠᠰᠤᠨ᠎ᠤ ᠰᠠᠭᠠᠭ᠎ᠤᠨ ᠭᠤᠯᠢᠷ᠎ᠤᠨ ᠠᠮᠲᠠᠲᠤ ᠢᠳᠡᠭᠡᠨ᠎ᠤ ᠳᠤᠷ᠎ᠠ ᠪᠠᠬᠠᠲᠠᠳ᠎ᠢᠶᠠᠷ ᠪᠦᠷᠢᠯᠳᠦᠭᠰᠡᠨ ᠵᠠᠭᠤᠨ ᠬᠥᠮᠥᠨ᠎ᠤ ᠪᠦᠯᠭᠦᠮ ᠠᠬᠤᠢ ᠲᠠᠯᠠᠪᠠᠢ᠎ᠳᠤ ᠰᠠᠭᠠᠭ᠎ᠤᠨ ᠭᠤᠯᠢᠷ᠎ᠤᠨ ᠮᠢᠨᠲ᠋ᠢᠶᠤᠤᠷ ᠬᠢᠵᠦ ᠦᠵᠡᠭᠦᠯᠦᠭᠰᠡᠨ ᠪᠥᠭᠡᠳ ᠬᠤᠯᠠ ᠣᠢᠷ᠎ᠠ᠎ᠠᠴᠠ ᠬᠦᠷᠦᠯᠴᠡᠨ ᠢᠷᠡᠭᠰᠡᠨ ᠦᠵᠡᠭᠴᠢᠳ ᠤᠯᠠᠨ᠎ᠳᠠᠭᠠᠨ ᠠᠮᠰᠠᠭᠤᠯᠵᠠᠢ᠃ ᠠᠬᠤᠢ ᠲᠠᠯᠠᠪᠠᠢ᠎ᠳᠤ ᠪᠠᠰᠠ ᠬᠦᠷᠢᠶ᠎ᠡ ᠬᠣᠰᠢᠭᠤᠨ᠎ᠤ ᠰᠠᠭᠠᠭ᠎ᠤᠨ ᠭᠤᠯᠢᠷ᠎ᠤᠨ ᠪᠦᠲᠦᠭᠡᠭᠳᠡᠬᠦᠨ᠎ᠨᠦᠭᠦᠳ᠎ᠢ ᠳᠡᠯᠭᠡᠨ ᠦᠵᠡᠭᠦᠯᠦᠭᠰᠡᠨ᠎ᠤ ᠬᠠᠮᠲᠤ ᠪᠦᠭᠦ ᠤᠯᠤᠰ᠎ᠤᠨ ᠡᠯ᠎ᠡ ᠭᠠᠵᠠᠷ ᠣᠷᠣᠨ᠎ᠤ ᠣᠨᠴᠠᠯᠢᠭ᠍ᠲᠤ ᠠᠮᠲᠠᠲᠤ ᠢᠳᠡᠭᠡᠨ᠎ᠢ ᠲᠣᠬᠢᠷᠠᠭᠤᠯᠵᠤ᠂ ᠵᠢᠭᠤᠯᠴᠢᠯᠠᠬ᠍ᠰᠠᠳ᠎ᠲᠤ ᠠᠮᠲᠠᠲᠤ ᠢᠳᠡᠭᠡᠨ᠎ᠤ ᠦᠪᠡᠳᠡᠭᠰᠢ ᠨᠠᠢᠷ᠎ᠢ ᠰᠣᠨᠢᠷᠬᠠᠭᠤᠯᠤᠭᠰᠠᠨ ᠪᠠᠢᠨ᠎ᠠ᠃ ᠦᠳᠡ᠎ᠶᠢᠨ ᠬᠣᠢᠨ᠎ᠠ ᠨᠢ ᠶᠠᠪᠤᠭᠳᠠᠭᠰᠠᠨ ᠥᠪᠥᠷ ᠮᠣᠩᠭᠣᠯ᠎ᠤᠨ ᠰᠠᠭᠠᠭ᠎ᠤᠨ ᠠᠮᠲᠠᠲᠤ ᠢᠳᠡᠭᠡᠨ ᠬᠢᠬᠦ ᠤᠷ᠎ᠠ ᠮᠡᠷᠭᠡᠵᠢᠯ᠎ᠤᠨ ᠤᠷᠤᠯᠳᠤᠭᠠᠨ ᠵᠢᠴᠢ 《ᠬᠦᠷᠢᠶ᠎ᠡ ᠰᠠᠭᠠᠭ》᠎ᠤ᠋ᠨ ᠠᠮᠲᠠᠲᠤ ᠢᠳᠡᠭᠡᠨ᠎ᠤ ᠤᠷᠢᠯᠭ᠎ᠠ᠎ᠶᠢᠨ ᠤᠷᠤᠯᠳᠤᠭᠠᠨ᠎ᠳᠤ᠂ 40 ᠭᠠᠷᠤᠢ ᠣᠷᠣᠯᠴᠠᠭ᠍ᠴᠢ ᠰᠠᠭᠠᠭ᠎ᠢᠶᠠᠷ ᠭᠣᠣᠯ ᠮᠠᠲᠧᠷᠢᠶᠠᠯ ᠪᠤᠯᠭᠠᠵᠤ᠂ ᠣᠷᠣᠨ ᠨᠤᠲᠤᠭ᠎ᠤᠨ ᠣᠨᠴᠠᠯᠢᠭ᠋᠎ᠲᠠᠢ᠎ᠪᠠᠨ ᠤᠶᠠᠯᠳᠤᠭᠤᠯᠤᠨ᠂ ᠤᠷ᠎ᠠ ᠴᠢᠳᠠᠪᠤᠷᠢ᠎ᠪᠠᠨ ᠪᠠᠳᠠᠷᠠᠭᠤᠯᠵᠤ᠂ ᠲᠣᠭᠲᠠᠭᠰᠠᠨ ᠴᠠᠭ ᠳᠣᠲᠣᠷ᠎ᠠ ᠴᠢᠳᠬᠤᠭᠰᠠᠨ ᠬᠤᠨᠢᠨ ᠭᠡᠳᠡᠰᠦ᠂ ᠬᠠᠭᠠᠷᠢᠭ᠍ᠰᠠᠨ ᠪᠣᠣᠪᠣ᠂ ᠱᠠᠯᠪᠢᠩ ᠵᠡᠷᠭᠡ ᠠᠮᠲᠠᠲᠤ ᠢᠳᠡᠭᠡᠨ ᠬᠢᠪᠡ᠃ ᠤᠷᠤᠯᠳᠤᠭᠠᠨ᠎ᠤ ᠬᠢᠨᠠᠭ᠍ᠴᠢᠳ᠎ᠤᠨ ᠪᠦᠯᠭᠦᠮ ᠢᠳᠡᠭᠡᠨ᠎ᠤ ᠥᠩᠭᠡ᠂ ᠦᠨᠦᠷ᠂ ᠠᠮᠲᠠ᠂ ᠬᠢᠬᠦ ᠠᠷᠭ᠎ᠠ᠂ ᠰᠢᠮ᠎ᠡ ᠲᠡᠵᠢᠭᠡᠯ ᠬᠢᠭᠡᠳ ᠪᠦᠲᠦᠭᠡᠯᠴᠢ ᠰᠡᠳᠬᠢᠬᠦᠢ ᠵᠡᠷᠭᠡ᠎ᠶᠢ ᠨᠢ ᠦᠨᠳᠦᠰᠦᠯᠡᠨ ᠲᠤᠬᠠᠢ᠎ᠶᠢᠨ ᠲᠠᠯᠠᠪᠠᠢ᠎ᠳᠤ ᠬᠤᠪᠢ ᠲᠡᠮᠳᠡᠭᠯᠡᠨ ᠰᠢᠯᠭᠠᠷᠠᠭᠤᠯᠪᠠ᠃

ᠬᠦᠷᠢᠶ᠎ᠡ ᠬᠣᠰᠢᠭᠤᠨ᠎ᠤ ᠱᠦᠢ ᠴᠢᠤᠸᠠᠨ ᠰᠢᠶᠠᠩ᠎ᠤᠨ ᠭᠡᠷᠡᠯ ᠭᠠᠴᠠᠭ᠎ᠠ᠎ᠶᠢᠨ ᠣᠳᠣᠭᠦᠦ ᠤᠷᠤᠯᠳᠤᠭᠠᠨ᠎ᠳᠤ ᠣᠷᠤᠯᠴᠠᠬᠤ᠎ᠶᠢᠨ ᠳᠠᠭᠠᠤ᠎ᠳᠤ ᠰᠦᠯᠵᠢᠶᠡᠨ᠎ᠤ ᠰᠢᠭᠤᠳ ᠨᠡᠪᠲᠡᠷᠡᠭᠦᠯᠭᠡ ᠬᠢᠵᠦ᠂ ᠰᠠᠭᠠᠭ᠎ᠤᠨ ᠭᠤᠯᠢᠷ᠎ᠤᠨ ᠱᠠᠯᠪᠢᠩ ᠬᠢᠬᠦ ᠤᠷ᠎ᠠ ᠮᠡᠷᠭᠡᠵᠢᠯ ᠵᠢᠡᠨ ᠬᠤᠪᠢᠶᠠᠯᠴᠠᠵᠤ ᠪᠠᠢᠯ᠎ᠠ᠃ 《ᠤᠷᠤᠯᠳᠤᠭᠠᠨ᠎ᠤ ᠴᠢᠮᠡᠭᠡ᠎ᠶᠢ ᠰᠣᠨᠣᠰᠤᠮᠠᠭᠴᠠ ᠪᠢ ᠨᠡᠷ᠎ᠡ ᠮᠡᠳᠡᠭᠦᠯᠦᠨ ᠢᠳᠡᠪᠬᠢᠲᠡᠢ ᠪᠡᠯᠡᠳᠬᠡᠵᠡᠢ᠂ ᠡᠩ᠎ᠤᠨ ᠦᠶ᠎ᠡ᠎ᠳᠤ ᠠᠵᠢᠯ᠎ᠤᠨ ᠴᠢᠯᠦᠭᠡ᠎ᠪᠠᠷ᠎ᠢᠶᠠᠨ ᠪᠠᠰᠠ ᠰᠦᠯᠵᠢᠶᠡᠨ᠎ᠤ ᠰᠢᠭᠤᠳ ᠨᠡᠪᠲᠡᠷᠡᠭᠦᠯᠭᠡ ᠬᠢᠵᠦ ᠥᠪᠡᠷ᠎ᠤᠨ ᠳᠠᠷᠢᠭ᠍ᠰᠠᠨ ᠰᠠᠭᠠᠭ᠎ᠤᠨ ᠭᠤᠯᠢᠷ᠎ᠢᠶᠠᠨ ᠬᠤᠳᠠᠯᠳᠤᠳᠠᠭ᠃ ᠲᠤᠰ ᠤᠳᠠᠭᠠᠨ᠎ᠤ ᠣᠷᠤᠯᠳᠤᠭᠠᠨ᠎ᠳᠤ ᠣᠷᠤᠯᠴᠠᠬᠤ᠎ᠪᠠᠷ ᠳᠠᠮᠵᠢᠨ ᠣᠷᠣᠨ ᠨᠤᠲᠤᠭ᠎ᠤᠨ᠎ᠢᠶᠠᠨ ᠣᠨᠴᠠᠯᠢᠭ᠍ᠲᠤ ᠠᠮᠲᠠᠲᠤ ᠢᠳᠡᠭᠡᠨ᠎ᠢᠶᠠᠨ ᠨᠠᠩ ᠤᠯᠠᠨ ᠬᠥᠮᠥᠨ᠎ᠳᠤ ᠣᠢᠯᠠᠭᠠᠭᠤᠯᠵᠤ᠂ ᠰᠠᠭᠠᠭ᠎ᠤᠨ ᠭᠤᠯᠢᠷ᠎ᠤᠨ ᠲᠥᠷᠥᠯ ᠲᠡᠮᠳᠡᠭ᠎ᠢᠶᠠᠨ ᠨᠠᠩ ᠰᠠᠢᠲᠤᠷ ᠳᠡᠯᠭᠡᠷᠡᠭᠦᠯᠬᠦ᠎ᠶᠢ ᠬᠦᠰᠡᠵᠦ ᠪᠠᠢᠨ᠎ᠠ》 ᠭᠡᠵᠦ ᠲᠡᠷᠡ ᠪᠠᠶᠠᠷᠲᠠᠢᠬᠠᠨ ᠶᠠᠷᠢᠨ᠎ᠠ᠃

ᠬᠦᠷᠢᠶ᠎ᠡ ᠬᠣᠰᠢᠭᠤᠨ᠎ᠤ ᠰᠠᠭᠠᠭ᠎ᠤᠨ ᠠᠮᠲᠠᠲᠤ ᠢᠳᠡᠭᠡᠨ᠎ᠤ ᠰᠣᠶᠣᠯ᠎ᠤᠨ ᠭᠠᠷᠠᠭ᠎ᠤᠨ ᠠᠵᠢᠯᠯᠠᠭ᠎ᠠ ᠨᠢ ᠰᠤᠳᠤᠯᠤᠨ ᠶᠠᠷᠢᠯᠴᠠᠬᠤ ᠬᠤᠷᠠᠯ᠂ ᠤᠷ᠎ᠠ ᠮᠡᠷᠭᠡᠵᠢᠯ᠎ᠤᠨ ᠤᠷᠤᠯᠳᠤᠭᠠᠨ᠂ ᠰᠠᠭᠠᠭ᠎ᠤᠨ ᠪᠦᠲᠦᠭᠡᠭᠳᠡᠬᠦᠨ ᠪᠠ ᠠᠮᠲᠠᠲᠤ ᠢᠳᠡᠭᠡᠨ᠎ᠤ ᠳᠡᠯᠭᠡᠨ ᠦᠵᠡᠭᠦᠯᠭᠡ ᠵᠡᠷᠭᠡ ᠪᠠᠶᠠᠯᠢᠭ᠋ ᠠᠭᠤᠯᠭ᠎ᠠ᠎ᠪᠠᠷ ᠨᠢᠭᠡ ᠭᠠᠷᠠᠭ ᠶᠠᠪᠤᠭᠳᠠᠭᠰᠠᠨ ᠪᠠᠢᠨ᠎ᠠ᠃

(ᠳᠤᠰ ᠡᠬᠡ ᠪᠢᠴᠢᠭ᠎ᠢ ᠬᠦᠷᠢᠶ᠎ᠠ ᠬᠤᠰᠢᠭᠤᠨ᠎ᠤ ᠬᠠᠮ ᠵᠠᠭᠤᠴᠢᠯᠠᠭᠤᠷ᠎ᠤᠨ ᠬᠢᠨ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号