ᠦᠵᠡᠰᠬᠦᠯᠡᠩ ᠳᠡᠬᠦᠯᠳᠡᠷ ᠨᠤᠳᠤᠭ — ᠬᠡᠰᠢᠭᠳᠡᠨ ᠬᠤᠰᠢᠭᠤ
2025-09-19 09:37:24
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠳᠤᠳᠤᠬᠠᠨ ᠬᠠᠷᠠᠭᠳᠠᠬᠤ ᠴᠡᠨᠭᠭᠡᠷ ᠠᠯᠤᠰ ᠡᠴᠡ ᠳᠠᠯᠠᠢ ᠨᠠᠭᠤᠷ ᠨᠢ ᠮᠡᠯᠮᠡᠯᠵᠨᠨ᠎ᠠ

ᠳᠤᠳᠤᠷᠡᠨ ᠮᠠᠨᠳᠤᠬᠤ ᠦᠷ᠎ᠤᠨ ᠬᠡᠬᠡᠨ ᠡᠴᠡ ᠠᠰᠬᠠᠳᠤ ᠵᠢᠨ ᠤᠷᠤᠢ ᠨᠢ ᠰᠦᠮᠡᠯᠵᠡᠨ᠎ᠠ

ᠳᠤᠪᠯᠠᠨ ᠰᠠᠭᠤᠬᠤ᠎ᠳᠤ ᠳᠤᠩ ᠴᠤ᠌ ᠪᠢᠰᠢᠷᠡᠮ᠎ᠠ — ᠳᠡᠭᠡᠳᠦ ᠵᠢᠨ ᠳᠡᠬᠡᠳᠦ ᠳᠠᠪᠤᠨ ᠬᠠᠢᠷᠬᠠᠨ ᠳᠠᠢ

ᠳᠤᠬᠠᠯᠠᠨ ᠰᠠᠭᠤᠬᠤ᠎ᠳᠤ ᠳᠠᠨᠭᠴᠤ ᠪᠠᠬᠠᠳᠤᠮ᠎ᠠ — ᠤᠷᠳᠤ ᠡᠴᠡ ᠤᠷᠳᠤ ᠬᠦᠨᠭᠭᠡᠷ᠎ᠤᠨ ᠭᠤᠤᠯ ᠳᠠᠢ


be8e6ec3-6e43-4878-b35b-90729e6bf77a.png


ᠠᠰᠬᠠᠳᠤ ᠵᠢᠨ ᠦᠵᠡᠮᠵᠢ


ᠤᠯᠠᠭᠠᠨᠬᠠᠳᠠ ᠬᠤᠲᠠ᠎ᠶᠢᠨ ᠪᠠᠷᠠᠭᠤᠨ ᠬᠤᠶ᠋ᠢᠲᠤ ᠬᠡᠰᠡᠭ᠎ᠲᠤ ᠪᠠᠶ᠋ᠢᠷᠢᠯᠠᠵᠤ᠂ ᠶᠡᠷᠦᠩᠬᠡᠢ ᠲᠠᠯᠠᠪᠠᠢ᠎ᠨᠢ 20673 ᠲᠡᠭᠰᠢ ᠳᠥᠷᠪᠡᠯᠵᠢᠨ ᠺᠢᠯᠦᠮᠸᠲᠷ᠂ 13 ᠰᠤᠮᠤ ᠰᠢᠶᠠᠩ ᠪᠠᠯᠭᠠᠰᠤ᠂ 3 ᠵᠡᠭᠡᠯᠢ ᠭᠤᠳᠤᠮᠵᠢ ᠳᠠᠢ᠂ ᠪᠦᠬᠦ ᠬᠥᠮᠥᠨ ᠠᠮᠠ᠎ᠨᠢ 24.4 ᠲᠦᠮᠡ ᠬᠦᠷᠴᠡᠢ᠃

《ᠬᠤᠩᠱᠠᠨ᠎ᠤ ᠰᠣᠶᠣᠯ ᠬᠢᠭᠡᠳ ᠰᠢᠶᠠ ᠵᠢᠶᠠ ᠳ᠋ᠢᠶᠠᠨ᠎ᠤ ᠰᠣᠶᠣᠯ᠎ᠤᠨ ᠡᠭᠦᠰᠦᠯ ᠭᠠᠵᠠᠷ》᠂ 《ᠪᠠᠷᠠᠭᠤᠨ ᠯᠢᠶᠣᠤ ᠾᠧ᠎ᠭᠤᠤᠯ᠎ᠤᠨ ᠪᠣᠯᠪᠠᠰᠤᠨ᠎ᠤ ᠥᠯᠥᠭᠡᠢ》᠂ 《ᠥᠪᠥᠷ ᠮᠣᠩᠭᠤᠯ᠎ᠤᠨ ᠡᠷᠳᠡᠨᠢᠰ᠎ᠤᠨ ᠰᠠᠩ》 ᠬᠡᠮᠡᠨ ᠠᠯᠳᠠᠷᠰᠢᠵᠦ᠂ ᠤᠩᠭᠤᠨ ᠪᠠᠢᠭᠠᠯᠢ᠎ᠶᠢᠨ ᠲᠡᠭᠦᠰ ᠦᠵᠡᠮᠵᠢ ᠵᠢ ᠬᠠᠳᠠᠭᠠᠯᠠᠵᠦ᠂ ᠬᠠᠴᠢᠨ ᠭᠠᠢᠬᠠᠮᠰᠢᠭ᠍ᠲᠤ ᠭᠠᠵᠠᠷ᠎ᠤᠨ ᠭᠠᠳᠠᠷᠭᠤ᠂ ᠭᠡᠷᠡᠯ ᠰᠠᠴᠤᠷᠠᠩᠭᠤᠢ ᠦᠨᠳᠦᠰᠣᠲᠠᠨ᠎ᠤ ᠰᠣᠶᠣᠯ᠂ ᠦᠨᠢ ᠤᠳᠠᠭᠠᠨ ᠲᠡᠤᠬᠡ᠎ᠶᠢᠨ ᠦᠯᠡᠳᠡᠭᠳᠡᠯ᠎ᠢᠶᠠᠷ᠎ᠢᠶᠡᠨ ᠣᠨᠴᠠᠯᠢᠭᠳᠠᠳᠠᠭ᠃

《ᠳᠡᠯᠡᠬᠡᠢ ᠵᠢᠨ ᠭᠠᠵᠠᠷ ᠰᠢᠨᠵᠢᠯᠡᠬᠡᠨ᠎ᠤ ᠴᠡᠴᠡᠷᠯᠢᠭ》 ᠳᠠᠢ᠂ ᠮᠦᠰᠦᠳᠦᠯᠭᠡ᠎ᠶᠢᠨ ᠭᠠᠯᠪᠠ᠎ᠶᠢᠨ ᠦᠯᠡᠳᠡᠭᠳᠡᠯ᠂ ᠲᠠᠯ᠎ᠠ ᠮᠠᠨᠭᠬ᠎ᠠ᠂ ᠨᠠᠭᠤᠷ ᠪᠦᠷᠢᠳᠦ᠂ ᠭᠤᠣᠯ ᠮᠥᠷᠡᠨ᠂ ᠬᠠᠪᠴᠢᠯ ᠵᠢᠯᠠᠭ᠎ᠠ ᠤᠯᠠᠨ ᠳᠠᠢ᠂ ᠭᠠᠯᠲᠤ ᠠᠭᠤᠯᠠ᠎ᠶᠢᠨ ᠬᠠᠯᠠᠭᠤᠨ ᠷᠠᠰᠢᠶᠠᠨ᠂ ᠥᠨᠳᠦᠷᠯᠢᠭ᠎ᠤᠨ ᠨᠤᠭᠤ ᠭᠠᠵᠠᠷ ᠵᠡᠷᠭᠡ ᠨᠠᠷᠢᠨ ᠪᠤᠳᠤᠯᠢᠶᠠᠨᠲᠠᠢ ᠣᠯᠠᠨ ᠶᠠᠩᠵᠤ᠎ᠶᠢᠨ ᠭᠠᠵᠠᠷ᠎ᠤᠨ ᠲᠥᠷᠬᠦ᠎ᠲᠠᠢ᠂ ᠣᠯᠠᠨ ᠵᠦᠢᠯ᠎ᠦᠨ ᠠᠮᠢ ᠠᠬᠤᠢ᠎ᠶᠢᠨ ᠰᠢᠰᠲᠧᠮ᠎ᠲᠠᠢ ᠪᠠᠢᠵᠤ᠂ 《ᠥᠪᠥᠷ ᠮᠣᠩᠭᠣᠯ᠎ᠤᠨ ᠬᠤᠷᠢᠶᠠᠩᠭᠤᠢ ᠳᠦᠷᠰᠦ》ᠬᠡᠮᠡᠭᠳᠡᠪᠡ; ᠪᠠᠶ᠋ᠢᠭᠠᠯᠢ᠎ᠶᠢᠨ ᠬᠠᠳᠤᠯᠠᠩ ᠪᠡᠯᠴᠢᠭᠡᠷ᠎ᠤᠨ ᠲᠠᠯᠠᠪᠠᠢ 1413.42 ᠲᠦᠮᠡᠨ ᠮᠦ᠍᠂ ᠣᠢ ᠰᠢᠭᠤᠢ᠎ᠶᠢᠨ ᠪᠦᠷᠬᠦᠴᠡ᠎ᠶᠢᠨ ᠲᠠᠯᠠᠪᠠᠢ 882 ᠲᠦᠮᠡᠨ ᠮᠦ᠍᠂ ᠨᠤᠭᠤ ᠭᠠᠵᠠᠷ᠎ᠤᠨ ᠲᠠᠯᠠᠪᠠᠢ 51.53 ᠲᠦᠮᠡᠨ ᠮᠤ᠌᠎ᠳᠤ ᠬᠦᠷᠴᠦ; ᠠᠰᠬᠠᠳᠤ᠎ᠶᠢᠨ ᠴᠢᠯᠠᠭᠤᠨ ᠣᠢ᠂ ᠳᠠᠯᠠᠢ ᠨᠠᠭᠤᠷ᠂ ᠭᠠᠯᠳᠠᠰᠤᠳᠠᠢ ᠵᠢᠨ ᠷᠡᠰᠢᠶᠡᠨ᠂ ᠬᠦᠨᠭᠭᠡᠷ᠎ᠤᠨ ᠳᠠᠯ᠎ᠠ᠂ ᠤᠯᠠᠭᠠᠨᠪᠤᠳᠤᠩ᠎ᠤᠨ ᠳᠠᠯ᠎ᠠ ᠵᠡᠷᠬᠡ  ᠤᠨᠴᠠᠯᠢᠭᠳᠤ ᠵᠢᠭᠤᠯᠴᠢᠯᠠᠯ᠎ᠤᠨ ᠭᠠᠵᠠᠷ᠎ᠤᠳ ᠵᠢᠡᠷ ᠵᠢᠡᠨ ᠠᠯᠳᠠᠷᠰᠢᠵᠡᠢ᠃

(ᠬᠡᠰᠢᠭᠳᠡᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ ᠳᠠᠢ ᠬᠠᠮᠳᠤᠷᠡᠨ ᠤᠬᠠᠭᠠᠯᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号