ᠳᠠᠮᠤ ᠵᠢᠨ ᠴᠠᠭᠠᠨ ᠳᠤᠭᠤᠰᠤ ᠪᠡᠨ ᠬᠦᠪᠢᠬᠦᠳᠤ ᠶᠠᠨᠭᠰᠢᠪᠤᠨ ᠭᠤᠤᠯ ᠠᠷᠯᠡᠵᠦ ᠤᠷᠤᠰᠤᠨ᠎ᠠ
ᠠᠴᠢᠮᠠᠭᠤᠨ ᠠᠭᠤᠯᠠ ᠦᠨᠳᠡᠢᠰᠬᠢᠬᠦᠳᠤ ᠭᠤᠤ ᠵᠢᠯᠠᠭ᠎ᠠ ᠨᠤᠭᠤᠳ ᠨᠢ ᠠᠷᠭᠠᠳᠠᠨ ᠴᠤᠤᠷᠢᠶᠡᠳᠦᠨᠠ
ᠠᠨᠳᠠᠢ ᠪᠦᠵᠢᠭ ᠵᠢᠡᠨ ᠤᠯᠠᠭᠤᠯᠠ ᠪᠡᠨ ᠦᠰᠦᠷᠬᠦᠳᠤ ᠠᠷᠡᠳᠤᠨ ᠰᠡᠳᠬᠢᠯ ᠠᠷᠭ᠎ᠠ ᠦᠬᠡᠢ ᠬᠡᠬᠡᠯᠵᠡᠳᠡᠭ
ᠬᠦᠷᠢᠶ᠎ᠠ ᠠᠶᠠᠯᠭᠤ ᠪᠡᠨ ᠬᠦᠭᠵᠢᠬᠡᠨ ᠳᠠᠭᠤᠯᠠᠬᠤᠳᠤ ᠬᠦᠭᠰᠡᠯᠤᠨ ᠵᠢᠷᠦᠬᠡ ᠡᠷᠬᠡ ᠦᠬᠡᠢ ᠵᠢᠷᠭᠠᠳᠠᠭ

ᠬᠦᠷᠢᠶ᠎ᠠ ᠬᠤᠰᠢᠭᠤ ᠲᠦᠩᠯᠢᠶᠣᠤ ᠬᠣᠲᠠ ᠶ᠋ᠢᠨ ᠪᠠᠷᠠᠭᠤᠨ ᠡᠮᠦᠨ᠎ᠡ ᠬᠡᠰᠡᠭ ᠲᠦ᠍ ᠪᠠᠢᠷᠢᠯᠠᠵᠤ᠂ ᠶᠡᠷᠦᠩᠬᠡᠶ ᠲᠠᠯᠠᠪᠠᠶ ᠨᠢ 4709 ᠲᠡᠭᠰᠢ ᠳᠥᠷᠪᠡᠯᠵᠢᠨ ᠺᠢᠯᠣᠮᠧᠲᠷ᠃ 8 ᠰᠤᠮᠤ ᠰᠢᠶᠠᠩ ᠪᠠᠯᠭᠠᠰᠤ᠂ 187 ᠭᠠᠴᠠᠭ᠎ᠠ ᠲᠣᠰᠬᠣᠨ ᠲᠠᠢ᠂ 15 ᠲᠦᠮᠡᠨ ᠬᠦᠮᠤᠨ ᠠᠮᠠ ᠲᠠᠢ᠃
《ᠳᠤᠮᠳᠠᠳᠤ ᠤᠯᠤᠰ ᠤ᠋ᠨ ᠠᠨᠳᠠᠶ ᠤᠷᠠᠯᠢᠭ᠋ ᠤ᠋ᠨ ᠨᠤᠲᠤᠭ》᠂ 《ᠳᠤᠮᠳᠠᠳᠤ ᠤᠯᠤᠰ ᠤ᠋ᠨ ᠠᠷᠠᠳ ᠤ᠋ᠨ ᠰᠣᠶᠣᠯ ᠤᠷᠠᠯᠢᠭ᠋ ᠤ᠋ᠨ ᠨᠤᠲᠤᠭ》᠂ 《ᠳᠤᠮᠳᠠᠳᠤ ᠤᠯᠤᠰ ᠤ᠋ᠨ ᠰᠠᠭᠠᠭ ᠤ᠋ᠨ ᠨᠤᠲᠤᠭ》᠂ 《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ ᠶ᠋ᠢᠨ ᠰᠣᠶᠣᠯ ᠤ᠋ᠨ ᠨᠤᠲᠤᠭ》᠂ ᠵᠠᠰᠠᠭ ᠤ᠋ᠨ ᠤᠷᠳᠤᠨ ᠤ᠋ ᠰᠠᠭᠤᠭ᠎ᠠ ᠭᠠᠵᠠᠷ ᠬᠦᠷᠢᠶ᠎ᠡ ᠪᠠᠯᠭᠠᠰᠤ ᠨᠢ 《ᠳᠤᠮᠳᠠᠳᠤ ᠤᠯᠤᠰ ᠤ᠋ᠨ ᠲᠡᠦᠬᠡ ᠰᠣᠶᠣᠯ ᠤ᠋ᠨ ᠨᠠᠷᠠᠲᠤ ᠪᠠᠯᠭᠠᠰᠤ》 ᠵᠡᠷᠬᠡ ᠠᠯᠳᠠᠷ ᠲᠠᠢ᠃ 《ᠨᠠᠷᠠᠲᠤ ᠬᠡᠢᠳ — ᠭᠤᠷᠪᠠᠨ ᠶᠡᠬᠡ ᠰᠦᠮ᠎ᠡ᠂ ᠨᠠᠷᠠᠲᠤ ᠪᠥᠵᠢᠭ — ᠠᠨᠳᠠᠶ᠂ ᠨᠠᠷᠠᠲᠤ ᠢᠳᠡᠭᠡᠨ — ᠰᠠᠭᠠᠭ᠂ ᠨᠠᠷᠠᠲᠤ ᠡᠮᠨᠡᠯᠬᠡ — ᠮᠣᠩᠭᠣᠯ ᠡᠮ ᠡᠮᠨᠡᠯᠭᠡ᠂ ᠨᠠᠷᠠᠲᠤ ᠡᠯᠡᠰᠤ ᠮᠠᠨᠭᠬᠠ — ᠲᠠᠮᠤ ᠶ᠋ᠢᠨ ᠴᠠᠭᠠᠨ᠂ ᠨᠠᠷᠠᠲᠤ ᠪᠠᠯᠭᠠᠰᠤ — ᠬᠦᠷᠢᠶ᠎ᠡ ᠪᠠᠯᠭᠠᠰᠤ》 ᠵᠡᠷᠭᠡ 《6 ᠨᠡᠷ᠎ᠠ ᠵᠢᠨ ᠬᠠᠭᠤᠳᠠᠰᠤ》 ᠳᠠᠢ᠃
ᠤᠯᠤᠰ ᠤ᠋ᠨ 4A ᠲᠠᠰ ᠤ᠋ᠨ ᠦᠵᠡᠮᠵᠢ ᠶ᠋ᠢᠨ ᠣᠷᠣᠨ ᠪᠤᠯᠬᠤ ᠭᠤᠷᠪᠠᠨ ᠶᠡᠬᠡ ᠰᠦᠮ᠎ᠡ ᠨᠢ ᠬᠢᠲᠠᠳ᠂ ᠮᠣᠩᠭᠣᠯ᠂ ᠲᠥᠪᠡᠳᠤᠨ ᠤᠨᠴᠠᠯᠢᠭᠳᠤ ᠪᠠᠷᠢᠯᠭ᠎ᠠ ᠶ᠋ᠢᠨ ᠬᠡᠪ ᠨᠠᠮᠪᠠ ᠶ᠋ᠢ ᠠᠭᠤᠰᠬᠠᠵᠤ᠂ ᠪᠥᠬᠥ ᠤᠯᠤᠰ ᠤ᠋ᠨ ᠭᠣᠤᠯᠳᠠᠯᠭ᠎ᠠ ᠲᠠᠶ ᠲᠡᠦᠬᠡ ᠶ᠋ᠢᠨ ᠳᠤᠷᠠᠰᠬᠠᠯᠲᠤ ᠵᠦᠶ᠋ᠯᠡᠰ ᠦ᠋ᠨ ᠬᠠᠮᠠᠭᠠᠯᠠᠯᠲᠠ ᠶ᠋ᠢᠨ ᠨᠢᠭᠡᠴᠢ; ᠤᠯᠤᠰ ᠤ᠋ᠨ 3A ᠲᠠᠰ ᠤ᠋ᠨ ᠦᠵᠡᠮᠵᠢ ᠶ᠋ᠢᠨ ᠣᠷᠣᠨ ᠪᠤᠯᠬᠤ ᠮᠦᠡᠭᠬᠦᠨ ᠲᠤᠬᠤᠢ ᠵᠢᠭᠤᠯᠴᠢᠯᠡᠯ ᠤ᠋ᠨ ᠤᠷᠤᠨ ᠨᠢ 《ᠵᠡᠭᠦᠨ ᠬᠣᠢᠲᠤ ᠶ᠋ᠢᠨ ᠨᠢᠭᠡᠳᠦᠭᠡᠷ ᠡᠯᠡᠰᠤ》 ᠬᠡᠮᠡᠭᠳᠡᠵᠦ᠂ ᠡᠯᠡᠰᠤ ᠮᠠᠡᠭ᠌ᠬᠠ᠂ ᠠᠭᠤᠯᠠ ᠤᠰᠤᠨ ᠤ᠋ ᠦᠵᠡᠮᠵᠢ ᠶ᠋ᠢ ᠨᠢᠭᠡ ᠴᠤᠭᠴᠠᠵᠢᠭᠤᠯᠤᠭᠰᠠᠨ ᠵᠢᠭᠤᠯᠴᠢᠯᠡᠯ ᠤ᠋ᠨ ᠦᠵᠡᠮᠵᠢ ᠵᠢᠨ ᠤᠷᠤᠨ ᠪᠤᠯᠤᠨ᠎ᠠ᠃
(ᠬᠦᠷᠢᠶ᠎ᠠ ᠬᠤᠰᠢᠭᠤᠨᠤ ᠬᠠᠮ ᠵᠠᠭᠤᠴᠢᠯᠠᠭᠤᠷᠤᠨ ᠳᠦᠪ ᠳᠠᠢ ᠬᠠᠮᠳᠤᠷᠡᠨ ᠤᠬᠠᠭᠠᠯᠠᠪᠠ)