1973 ᠤᠨ ᠤ᠋ ᠨᠠᠮᠤᠷ ᠤ᠋ᠨ ᠨᠢᠭᠡᠨ ᠡᠳᠦᠷ᠂ ᠰᠢᠯᠢ ᠶ᠋ᠢᠨ ᠭᠤᠤᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤᠨ ᠤ᠋ ᠤᠤᠯ ᠤ᠋ᠨ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠶ᠋ᠢᠨ ᠪᠤᠶᠠᠠᠭᠡᠰᠢᠭ ᠨᠠᠷ ᠱᠠᠡᠭ᠌ᠬᠠᠢ ᠬᠤᠳᠠ ᠡᠴᠡ ᠦᠭᠡᠷ ᠲᠤᠰᠴᠤ ᠠᠪᠴᠢᠷᠠᠬᠤ ᠭᠦᠨᠳᠦ ᠡᠭᠦᠷᠭᠡ ᠭᠦᠯᠢᠶᠡᠵᠠᠢ᠃ ᠱᠠᠡᠭ᠌ᠬᠠᠢ ᠬᠤᠳᠠ ᠳ᠋ᠤ᠌ ᠭᠦᠷᠦᠬᠡᠳ ᠦᠵᠡᠬᠦᠳᠤ ᠡᠳᠡᠭᠡᠷ ᠦᠬᠡᠷ ᠨᠢ ᠪᠡᠶ᠎ᠠ ᠪᠢᠯᠳᠡᠷ ᠲᠤᠮᠤ᠂ ᠢᠵᠢᠯᠢ ᠵᠢᠰᠤᠮ ᠤ᠋ᠨ ᠴᠠᠭᠠᠨ ᠱᠠᠷᠦ᠋ᠯᠠᠢ ᠦᠭᠡᠷ ᠤ᠋ᠳ ᠪᠠᠢᠪᠠ᠃ ᠡᠢᠨ ᠬᠦ᠌ ᠭᠠᠳᠠᠭᠠᠳᠦ ᠡᠴᠡ ᠤᠷᠤᠭᠤᠯᠤᠬ᠍ᠰᠠᠨ ᠦᠭᠡᠷ ᠤ᠋ᠨ ᠲᠤᠰᠠᠭ᠋ᠠᠷᠯᠠᠨ ᠠᠵᠢᠬ᠍ᠯᠠᠬᠤ ᠬᠤᠭᠤᠴᠠᠭ᠎ᠠ ᠲᠠᠭᠤᠰᠴᠤ᠂ ᠱᠠᠷᠦ᠋ᠯᠠᠢ ᠦᠭᠡᠷ ᠵᠢᠡᠨ ᠠᠪᠤᠭᠠᠳ ᠳᠡᠳᠡᠨᠡᠷ ᠭᠠᠯᠳᠦ ᠲᠡᠷᠭᠡ᠂ ᠮᠠᠰᠢᠨ ᠲᠡᠷᠭᠡ ᠵᠢ ᠰᠤᠯᠢᠨ ᠪᠠᠢᠵᠦ 7 ᠬᠤᠨᠤᠭ ᠶᠠᠪᠤᠭᠠᠳ ᠨᠤᠳᠤᠭ ᠲᠠᠭᠠᠨ ᠭᠦᠷᠴᠦ ᠢᠷᠡᠵᠡᠢ ᠁

ᠱᠠᠷᠦ᠋ᠯᠠᠢ ᠦᠭᠡᠷ ᠪᠤᠯ ᠹᠷᠠᠠᠽᠢ ᠤᠯᠤᠰ ᠤ᠋ᠨ ᠰᠢᠯᠢᠳᠡᠭ ᠡᠭᠦᠯᠳᠡᠷ ᠤ᠋ᠨ ᠮᠢᠬᠠᠨ ᠤ᠋ ᠦᠭᠡᠷ ᠪᠤᠯᠤᠨ᠎ᠠ᠃ ᠡᠨᠡ ᠤᠳᠠᠭ᠎ᠠ ᠶ᠋ᠢᠨ ᠠᠪᠴᠢᠷᠠᠬ᠍ᠰᠠᠨ ᠡᠷ᠎ᠡ ᠪᠢᠷᠠᠭᠤᠨ ᠤ᠋ ᠪᠡᠶ᠎ᠠ ᠶ᠋ᠢᠨ ᠦᠨᠳᠦᠷ ᠨᠢ ᠭᠦᠮᠦᠨ ᠤ᠋ ᠭᠢᠷᠢ ᠲᠠᠢ ᠪᠠᠢᠵᠤ᠂ ᠵᠤ ᠶ᠋ᠢᠨ ᠦᠷᠭᠡᠨ ᠨᠢ ᠬᠤᠶᠠᠷ ᠲᠤᠬᠤᠢ ᠰᠢᠬᠠᠮ᠂ ᠭᠦᠨᠳᠦ ᠨᠢ 2100 ᠵᠢᠡᠭ᠂ ᠦᠭᠢᠨ ᠪᠢᠷᠠᠭᠤ ᠨᠢ ᠴᠤ᠌ 1800 ᠵᠢᠡᠭ ᠬᠦᠷᠪᠡ᠃ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠶ᠋ᠢᠨ ᠲᠠᠷᠤᠭ᠎ᠠ ᠨᠠᠷ ᠪᠠᠴᠢᠮ ᠬᠤᠷᠠᠯ ᠬᠤᠷᠠᠯᠳᠤᠭᠤᠯᠵᠤ᠂ 《ᠴᠠᠭᠠᠨ ᠦᠭᠡᠷ ᠤ᠋ᠨ ᠬᠤᠪᠢᠶᠠᠷᠢ ᠲᠠᠯᠠᠪᠠᠢ》 ᠪᠠᠢᠭᠤᠯᠬᠤ᠂ 《ᠤᠳᠤᠷᠢᠳᠤᠯᠭ᠎ᠠ᠂ ᠮᠠᠯ ᠡᠮᠨᠡᠯᠭᠡ ᠶ᠋ᠢᠨ ᠲᠤᠰᠬᠠᠢ ᠮᠡᠷᠭᠡᠵᠢᠯᠳᠡ᠂ ᠠᠬᠠᠮᠠᠳ ᠮᠠᠯᠴᠢᠨ》 ᠢ᠋ᠶ᠋ᠠᠷ ᠪᠦᠷᠢᠯᠳᠦᠭᠰᠡᠨ 《ᠭᠤᠷᠪᠠ ᠤᠶᠠᠯᠳᠤᠬ᠍ᠰᠠᠨ》 ᠲᠤᠭᠤᠢᠯᠠᠡᠭ ᠭᠠᠷᠭᠠᠵᠤ᠂ ᠲᠤᠬᠠᠢ ᠶ᠋ᠢᠨ ᠭᠠᠵᠠᠷ ᠤ᠋ᠨ ᠠᠭᠤᠷ ᠠᠮᠢᠰᠬᠤᠯ ᠤ᠋ᠨ ᠬᠤᠪᠢᠷᠠᠯᠳᠠ ᠵᠢ ᠦᠨᠳᠦᠰᠦᠯᠡᠨ 《ᠵᠤᠨ ᠨᠠᠮᠤᠷ ᠤ᠋ᠨ ᠤᠯᠠᠷᠢᠯ ᠳ᠋ᠤ᠌ ᠪᠡᠯᠴᠢᠭᠡᠷᠯᠡᠭᠦᠯᠭᠦ ᠨᠤᠳᠤᠭ ᠪᠡᠯᠴᠢᠭᠡᠷ ᠢ᠋ ᠰᠤᠡᠭ᠌ᠭᠤᠨ ᠲᠤᠬ᠍ᠳᠠᠭᠠᠬᠤ᠂ ᠮᠠᠯ ᠠᠵᠤ ᠠᠬᠤᠢ ᠶ᠋ᠢᠨ ᠲᠠᠯ᠎ᠠ ᠪᠡᠷ ᠲᠤᠷᠰᠢᠯᠭ᠎ᠠ ᠲᠠᠢ᠂ ᠠᠵᠢᠯ ᠳ᠋ᠠᠭᠠᠨ ᠬᠠᠷᠢᠭᠤᠴᠠᠯᠭ᠎ᠠ ᠲᠠᠢ ᠠᠬᠠᠮᠠᠳ ᠮᠠᠯᠴᠢᠳᠢ ᠰᠤᠡᠭ᠌ᠭᠤᠨ ᠳᠤᠭᠳᠠᠭᠠᠬᠤ᠂ ᠮᠠᠯ ᠡᠮᠨᠡᠵᠤ ᠵᠠᠰᠠᠬᠤ ᠮᠡᠷᠭᠡᠵᠢᠯ ᠲᠠᠢ ᠮᠠᠯ ᠤ᠋ᠨ ᠡᠮᠴᠢ ᠵᠢ ᠰᠤᠡᠭ᠌ᠭᠤᠨ ᠲᠤᠬ᠍ᠳᠠᠭᠠᠬᠤ᠂ ᠦᠭᠡᠷ ᠡᠪᠡᠰᠤᠯᠡᠵᠤ ᠪᠤᠷᠳᠤᠬᠤ ᠤᠡᠭ᠌ᠭᠤᠴᠠ ᠰᠠᠪᠠ ᠭᠡᠷᠡᠭᠰᠡᠯ ᠢ᠋ ᠲᠤᠬ᠍ᠳᠠᠭᠠᠬᠤ》 ᠵᠡᠷᠭᠡ ᠠᠵᠢᠯ ᠤ᠋ᠨ ᠭᠤᠤᠯᠳᠠᠯᠭ᠎ᠠ ᠪᠡᠨ ᠪᠠᠢᠷᠢᠯᠠᠭᠤᠯᠪᠠ᠃ ᠵᠠᠯᠭᠠᠭᠠᠳ ᠡᠪᠡᠰᠤ ᠪᠡᠯᠴᠢᠭᠡᠷ ᠰᠠᠢᠲᠠᠢ ᠲᠤᠰᠬᠠᠢ ᠨᠤᠳᠤᠭ ᠭᠠᠷᠭᠠᠨ᠂ 5-6 ᠠᠬᠠᠮᠠᠳ ᠮᠠᠯᠴᠢᠨ᠂ 3 ᠮᠠᠯ ᠤ᠋ᠨ ᠡᠮᠴᠢ ᠲᠤᠭᠢᠷᠠᠭᠤᠯᠤᠨ᠂ ᠠᠯᠢᠪᠠ ᠪᠡᠯᠡᠳᠭᠡᠯ ᠲᠦᠭᠦᠭᠡᠷᠦᠮᠵᠢ ᠵᠢ ᠪᠦᠷᠢᠨᠰᠢᠭᠦᠯᠵᠤ᠂ ᠡᠭᠦᠷᠭᠡ ᠬᠠᠷᠢᠭᠤᠴᠠᠯᠭ᠎ᠠ ᠪᠡᠨ ᠨᠠᠢᠳᠠᠪᠦᠷᠢᠵᠢᠭᠤᠯᠵᠠᠢ᠃ 1974 ᠤᠨ ᠤ᠋ ᠵᠤᠨ ᠪᠤᠯᠬᠤ ᠳ᠋ᠤ᠌ 《ᠴᠠᠭᠠᠨ ᠦᠭᠡᠷ ᠤ᠋ᠨ ᠬᠤᠪᠢᠶᠠᠷᠢ ᠲᠠᠯᠠᠪᠠᠢ》 ᠪᠠᠢᠭᠤᠯᠬᠤ ᠪᠡᠷ ᠪᠤᠯᠵᠤ᠂ ᠬᠠᠷ᠎ᠠ ᠲᠠᠯᠠᠡᠭ ᠭᠡᠮᠡᠭᠦ ᠭᠠᠵᠠᠷ ᠤ᠋ᠨ ᠦᠡᠭ ᠰᠢᠮᠡᠯᠢᠭ ᠡᠪᠡᠰᠦ ᠪᠡᠯᠴᠢᠭᠡᠷ ᠲᠠᠢ ᠨᠤᠳᠤᠭ ᠲᠤ᠌ ᠪᠠᠭᠤᠴᠠ ᠰᠤᠡᠭ᠌ᠭᠤᠨ ᠪᠠᠷᠢᠯᠭ᠎ᠠ ᠶ᠋ᠢᠨ ᠮᠡᠷᠭᠡᠵᠢᠯᠳᠡᠨ ᠵᠠᠯᠠᠵᠤ᠂ 14 ᠲᠠᠰᠤᠯᠭ᠎ᠠ ᠭᠡᠷ ᠪᠠᠢᠰᠢᠡᠭ᠂ 6 ᠰᠠᠭᠤᠷᠢ ᠴᠢᠯᠠᠭᠤᠨ ᠬᠤᠷᠤᠭ᠎ᠠ᠂ 10 ᠲᠠᠰᠤᠯᠭ᠎ᠠ ᠴᠢᠯᠠᠭᠤ ᠲᠤᠭᠤᠰᠬᠠᠨ ᠪᠦᠳᠦᠴᠡ ᠲᠠᠢ ᠲᠤᠯᠠᠭᠠᠨ ᠫᠸᠡᠭ ᠪᠠᠷᠢᠵᠤ᠂ ᠭᠡᠭᠡᠯᠳᠦᠭᠦᠯᠭᠡ ᠶ᠋ᠢᠨ ᠦᠷᠳᠡᠭᠡ᠂ ᠰᠠᠡᠭ ᠭᠦᠮᠦᠷᠭᠡ᠂ ᠬᠤᠳᠳᠤᠭ ᠮᠠᠯᠳᠠᠬᠤ ᠵᠡᠷᠭᠡ ᠪᠦᠳᠦᠭᠡᠨ ᠪᠠᠢᠭᠤᠯᠤᠯᠳᠠ ᠭᠢᠪᠡ᠃
ᠨᠢᠭᠡ ᠵᠢᠯ ᠤ᠋ᠨ ᠬᠢᠨᠢ ᠲᠠᠷᠠᠭ᠎ᠠ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠶ᠋ᠢᠨ ᠨᠠᠮ ᠤ᠋ᠨ ᠬᠤᠷᠢᠶ᠎ᠠ ᠡᠴᠡ 《ᠱᠠᠷᠦ᠋ᠯᠠᠢ ᠦᠭᠡᠷ ᠢ᠋ ᠦᠰᠭᠡᠨ ᠦᠷᠡᠵᠢᠭᠦᠯᠭᠦ ᠳ᠋ᠤ᠌ ᠰᠢᠨ᠎ᠡ ᠮᠡᠷᠭᠡᠵᠢᠯ ᠳ᠋ᠤ᠌ ᠲᠦᠰᠢᠭᠯᠡᠵᠤ᠂ ᠭᠡᠭᠡᠯᠳᠦᠭᠦᠯᠭᠡ ᠭᠢᠭᠦ ᠮᠡᠷᠭᠡᠵᠢᠯ ᠢ᠋ ᠭᠡᠷᠡᠭᠯᠡᠭᠦ》 ᠰᠢ᠌ᠳᠪᠤᠷᠢ ᠭᠠᠷᠭᠠᠵᠦ᠂ ᠴᠠᠭᠠᠨ ᠦᠭᠡᠷ ᠤ᠋ᠨ ᠬᠤᠪᠢᠶᠡᠷᠢ ᠲᠠᠯᠠᠪᠠᠢ ᠶ᠋ᠢᠨ ᠨᠠᠮ ᠤ᠋ᠨ ᠡᠭᠦᠷ ᠤ᠋ᠨ ᠲᠤᠭᠢᠷᠠᠭᠤᠯᠤᠯᠳᠠ ᠪᠡᠷ 46 ᠲᠤᠯᠤᠭᠠᠢ ᠪᠡᠶ᠎ᠠ ᠪᠢᠯᠳᠡᠷ ᠰᠠᠢᠲᠠᠢ ᠨᠤᠳᠤᠭ ᠤ᠋ᠨ ᠡᠭᠦᠯᠳᠡᠷ ᠤ᠋ᠨ ᠦᠨᠢᠶ᠎ᠠ ᠰᠤᠡᠭ᠌ᠭᠤᠵᠤ᠂ ᠴᠡᠪᠡᠷ ᠡᠭᠦᠯᠳᠡᠷ ᠤ᠋ᠨ 14 ᠱᠠᠷᠦ᠋ᠯᠠᠢ ᠦᠨᠢᠶᠡᠨ ᠳ᠋ᠤ᠌ ᠵᠤᠭᠢᠶᠠᠮᠠᠯ ᠭᠡᠭᠡᠯᠳᠦᠭᠦᠯᠭᠡ ᠭᠢᠭᠡᠳ ᠨᠤᠳᠤᠭ ᠤ᠋ᠨ ᠦᠨᠢᠶᠡᠨ ᠤ᠋ ᠭᠡᠭᠡᠯ ᠲᠤᠬ᠍ᠳᠠᠬ᠍ᠰᠠᠨ ᠨᠤᠷᠮ᠎ᠠ ᠨᠢ 80%᠂ ᠴᠡᠪᠡᠷ ᠡᠭᠦᠯᠳᠡᠷ ᠤ᠋ᠨ ᠱᠠᠷᠦ᠋ᠯᠠᠢ ᠦᠨᠢᠶᠠᠨ ᠤ᠋ ᠭᠡᠭᠡᠯ ᠲᠤᠬ᠍ᠳᠠᠬ᠍ᠰᠠᠨ ᠨᠤᠷᠮ᠎ᠠ ᠨᠢ 93% ᠳ᠋ᠤ᠌ ᠭᠦᠷᠴᠤ᠂ ᠲᠠᠷᠠᠭ᠎ᠠ ᠬᠠᠪᠤᠷ ᠨᠢ ᠨᠤᠳᠤᠭ ᠤ᠋ᠨ ᠦᠨᠢᠶᠡᠨ ᠡᠴᠡ 31 ᠡᠷᠯᠢᠰᠡ ᠲᠤᠭᠤᠯ᠂ ᠴᠡᠪᠡᠷ ᠡᠭᠦᠯᠳᠡᠷ ᠤ᠋ᠨ ᠱᠠᠷᠦ᠋ᠯᠠᠢ ᠦᠨᠢᠶᠠᠨ ᠡᠴᠡ 11 ᠲᠤᠭᠤᠯ ᠲᠤᠰᠴᠠᠢ᠃ ᠡᠨᠡᠭᠦ ᠠᠵᠢᠯ ᠤ᠋ᠨ ᠢ᠋ᠶ᠋ᠠᠨ ᠰᠠᠭᠤᠷᠢᠨ ᠲᠡᠭᠡᠷ᠎ᠡ ᠬᠤᠪᠢᠶᠠᠷᠢ ᠲᠠᠯᠠᠪᠠᠢ ᠡᠴᠡ ᠤᠳᠤᠮ ᠰᠠᠢᠲᠠᠢ ᠪᠡᠶ᠎ᠠ ᠪᠢᠯᠳᠡᠷ ᠲᠤᠮᠤ 300 ᠲᠤᠯᠤᠭᠠᠢ ᠨᠤᠳᠤᠭ ᠤ᠋ᠨ ᠡᠭᠦᠯᠳᠡᠷ ᠤ᠋ᠨ ᠦᠨᠢᠶ᠎ᠠ ᠵᠢ ᠰᠢᠯᠢᠵᠤ ᠰᠤᠡᠭ᠌ᠭᠤᠨ᠂ ᠵᠠᠭᠤ ᠵᠠᠭᠤ ᠪᠡᠷ 3 ᠰᠦᠷᠦᠭ ᠬᠤᠪᠢᠶᠠᠨ ᠢᠴᠡᠭᠡᠯ ᠦᠷ᠎ᠠ ᠶ᠋ᠢᠨ ᠭᠡᠭᠡᠯᠳᠦᠭᠦᠯᠭᠡ ᠭᠢᠵᠦ᠂ ᠡᠨᠡ ᠮᠡᠳᠦ ᠪᠡᠷ ᠵᠢᠯ ᠪᠦᠷᠢ ᠪᠠᠷᠤᠭ 240 ᠰᠢᠬᠠᠮ ᠡᠷᠯᠢᠰᠡ ᠲᠤᠭᠤᠯ ᠲᠤᠰᠤᠭᠠᠳ ᠨᠢᠭᠡᠳᠦᠭᠡᠷ ᠦᠶ᠎ᠠ ᠬᠤᠶᠠᠳᠤᠭᠠᠷ ᠦᠶ᠎ᠠ ᠶ᠋ᠢᠨ ᠲᠤᠭᠤᠯ ᠢ᠋ ᠪᠤᠢᠵᠢᠭᠤᠯᠤᠨ ᠭᠠᠷᠭᠠᠪᠠ᠃

《ᠦᠰᠭᠦ ᠮᠠᠯ ᠤ᠋ᠨ ᠵᠢᠰᠤ ᠨᠢ ᠨᠢᠭᠡ》 ᠭᠡᠳᠡᠭ ᠢ᠋ᠶ᠋ᠠᠷ ᠦᠵᠦᠮᠦᠴᠢᠨ ᠴᠠᠭᠠᠨ ᠦᠬᠡᠷ ᠬᠠᠷ᠎ᠠ ᠲᠠᠯᠠᠡᠭ ᠤ᠋ᠨ ᠠᠷᠤ ᠦᠪᠦᠷ ᠢ᠋ᠶ᠋ᠠᠷ ᠢᠵᠢᠯᠭᠡᠨ ᠵᠢᠰᠤᠮ ᠵᠢᠡᠷ ᠰᠦᠷᠦᠭᠯᠡᠵᠦ ᠪᠡᠯᠴᠢᠭᠡᠷᠯᠡᠨ᠂ ᠦᠵᠡᠭᠰᠡᠨ ᠪᠦᠭᠦᠨ ᠤ᠋ ᠪᠠᠬ᠎ᠠ ᠵᠢ ᠲᠠᠳᠠᠵᠦ ᠪᠠᠢᠵᠠᠢ᠃ 1977 ᠤᠨ ᠤ᠋ 7 ᠰᠠᠷ᠎ᠠ ᠳ᠋ᠤ᠌ ᠭᠤᠸᠠᠡᠭ᠌ᠵᠸᠤ ᠮᠤᠵᠢ ᠶ᠋ᠢᠨ ᠭᠠᠳᠠᠭᠠᠳᠦ ᠳ᠋ᠤ᠌ ᠭᠠᠷᠭᠠᠬᠤ ᠲᠠᠸᠠᠷ ᠤ᠋ᠨ ᠰᠤᠯᠢᠯᠴᠠᠭᠠᠨ ᠳ᠋ᠤ᠌ ᠠᠪᠴᠤ ᠭᠦᠷᠦᠭᠰᠡᠨ ᠨᠢᠭᠡᠳᠦᠭᠡᠷ ᠦᠶ᠎ᠠ ᠶ᠋ᠢᠨ ᠡᠷᠯᠢᠰᠠ 2 ᠨᠠᠰᠤᠨ ᠤ᠋ 17 ᠦᠭᠡᠷ ᠤ᠋ᠨ ᠦᠭᠡᠷ ᠪᠦᠷᠢ ᠶ᠋ᠢᠨ ᠲᠤᠮᠳᠠᠴᠢ ᠪᠡᠶ᠎ᠠ ᠶ᠋ᠢᠨ ᠭᠦᠨᠳᠦ ᠨᠢ 350 ᠺᠢᠯᠦᠭ᠌ᠷᠠᠮ᠂ ᠭᠠᠳᠠᠭᠠᠳᠦ ᠳ᠋ᠤ᠌ ᠭᠠᠷᠭᠠᠬᠤ ᠪᠠᠷᠢᠮᠵᠢᠶ᠎ᠠ ᠳ᠋ᠤ᠌ ᠭᠦᠷᠴᠤ᠂ ᠦᠪᠡᠷᠳᠡᠭᠡᠨ ᠵᠠᠰᠠᠬᠤ ᠤᠷᠤᠨ ᠡᠴᠡ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠳ᠋ᠤ᠌ ᠨᠢᠭᠡ ᠮᠠᠰᠢᠨ ᠲᠡᠷᠭᠡ᠂ 2 ᠡᠯᠸᠺᠲᠷᠤᠨ ᠪᠤᠳᠤᠯᠭ᠎ᠠ ᠶ᠋ᠢᠨ ᠮᠠᠰᠢᠨ᠂ 300 ᠲᠤᠨ ᠲᠡᠵᠢᠭᠡᠯ ᠪᠤᠷᠳᠤᠭᠠᠨ ᠤ᠋ 《ᠲᠤᠮᠤ》 ᠱᠠᠡᠭ᠌ᠨᠠᠯ ᠦᠭᠭᠦᠭᠰᠡᠨ ᠪᠠᠢᠨ᠎ᠠ᠃ 1978 ᠤᠨ ᠤ᠋ ᠡᠴᠦᠰ ᠪᠤᠯᠬᠤ ᠳ᠋ᠤ᠌ ᠲᠤᠰ ᠬᠤᠪᠢᠶᠠᠷᠢ ᠲᠠᠯᠠᠪᠠᠢ ᠶ᠋ᠢᠨ ᠰᠤᠡᠭ᠌ᠭᠤᠨ ᠪᠤᠢᠵᠢᠭᠤᠯᠤᠬ᠍ᠰᠠᠨ ᠴᠡᠪᠡᠷ ᠡᠭᠦᠯᠳᠡᠷ ᠤ᠋ᠨ ᠱᠠᠷᠦ᠋ᠯᠠᠢ ᠦᠭᠡᠷ 54 ᠲᠤᠯᠤᠭᠠᠢ᠂ ᠡᠷᠯᠢᠰᠡ ᠦᠭᠡᠷ 250 ᠭᠠᠷᠤᠢ ᠲᠤᠯᠤᠭᠠᠢ ᠳ᠋ᠤ᠌ ᠭᠦᠷᠴᠦ᠂ ᠠᠢᠮᠠᠭ ᠤ᠋ᠨ ᠢᠴᠡᠭᠡᠯ ᠦᠷ᠎ᠠ ᠶ᠋ᠢᠨ ᠦᠷᠳᠡᠭᠡ᠂ ᠤᠯᠠᠭᠠᠢ᠂ ᠭᠠᠠᠰᠤ ᠵᠡᠷᠭᠡ ᠭᠠᠵᠠᠷ ᠲᠤ᠌ 9 ᠪᠤᠬ᠎ᠠ ᠦᠭᠴᠦ᠂ ᠡᠯ᠎ᠠ ᠭᠠᠵᠠᠷ ᠤ᠋ᠨ ᠮᠠᠯ ᠠᠵᠤ ᠠᠬᠤᠢ ᠶ᠋ᠢᠨ ᠦᠢᠯᠡᠰ ᠤ᠋ᠨ ᠦᠭᠡᠷ ᠤ᠋ᠨ ᠡᠭᠦᠯᠳᠡᠷ ᠢ᠋ ᠰᠠᠢᠵᠢᠷᠠᠭᠤᠯᠬᠤ ᠠᠵᠢᠯ ᠢ᠋ ᠲᠡᠮᠵᠢᠭᠰᠡᠨ ᠢ᠋ᠶ᠋ᠠᠷ ᠪᠠᠷᠠᠬᠤ ᠦᠭᠡᠢ᠂ ᠴᠡᠪᠡᠷ ᠡᠭᠦᠯᠳᠡᠷ ᠤ᠋ᠨ ᠪᠤᠬᠠᠨ ᠤ᠋ ᠢᠴᠡᠭᠡᠯ ᠦᠷ᠎ᠠ 11 ᠲᠦᠮᠡᠨ ᠳᠤᠰᠤᠯ ᠢ᠋ ᠤᠷᠤᠨ ᠤ᠋ ᠲᠤᠳᠤᠨ᠎ᠠ ᠭᠠᠳᠠᠨ᠎ᠠ ᠶ᠋ᠢᠨ ᠭᠠᠵᠠᠷ ᠤᠷᠤᠨ ᠳ᠋ᠤ᠌ ᠬᠠᠡᠭ᠌ᠭᠠᠨ ᠦᠭᠴᠦ᠂ ᠦᠭᠡᠷ ᠤ᠋ᠨ ᠡᠭᠦᠯᠳᠡᠷ ᠢ᠋ ᠰᠠᠢᠵᠢᠷᠠᠭᠤᠯᠬᠤ ᠠᠵᠢᠯ ᠳ᠋ᠤ᠌ ᠲᠦᠯᠭᠢᠴᠡ ᠦᠢᠯᠡᠳᠦᠯ ᠢ᠋ᠶ᠋ᠠᠨ ᠦᠵᠡᠭᠦᠯᠵᠡᠢ᠃ 6 ᠵᠢᠯᠤᠨ ᠬᠢᠨᠢ ᠳᠠᠷᠠᠭ᠎ᠠ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠶ᠋ᠢᠨ ᠡᠷᠯᠢᠰᠡ ᠦᠭᠡᠷ 200 ᠭᠠᠷᠤᠢ ᠪᠤᠯᠵᠦ᠂ 《ᠬᠤᠤᠰ ᠲᠠᠭᠠᠭᠠᠴᠢᠯᠠᠯᠳᠠ》 ᠶ᠋ᠢᠨ ᠲᠦᠷᠢᠮ ᠢ᠋ ᠭᠡᠷᠡᠭᠵᠢᠭᠦᠯᠦᠭᠰᠡᠨ ᠢ᠋ᠶ᠋ᠠᠷ ᠴᠡᠪᠡᠷ ᠡᠭᠦᠯᠳᠡᠷ ᠤ᠋ᠨ 80 ᠭᠠᠷᠤᠢ ᠦᠭᠡᠷ ᠢ᠋ᠶ᠋ᠠᠨ ᠴᠠᠭᠠᠨ ᠦᠭᠡᠷ ᠤ᠋ᠨ ᠬᠤᠪᠢᠶᠡᠷᠢ ᠲᠠᠯᠠᠪᠠᠢ ᠨᠢ ᠬᠠᠮᠳᠦ ᠡᠴᠡ ᠡᠵᠡᠡᠭᠨᠡᠨ ᠬᠠᠮᠢᠶᠠᠷᠬᠤ ᠪᠡᠷ ᠲᠤᠬ᠍ᠳᠠᠵᠤ᠂ ᠪᠤᠰᠤᠳ ᠦᠭᠡᠷ ᠢ᠋ᠶ᠋ᠠᠨ ᠠᠢᠯ ᠡᠷᠦᠭᠡ ᠳ᠋ᠡᠭᠡᠨ ᠠᠳᠠᠯᠢ ᠪᠤᠰᠤ ᠲᠤᠭ᠎ᠠ ᠲᠤᠯᠤᠭᠠᠢ ᠪᠡᠷ ᠬᠤᠪᠢᠶᠠᠨ ᠦᠭᠴᠦ ᠲᠠᠭᠠᠭᠠᠴᠢᠯᠠᠭᠤᠯᠤᠬ᠍ᠰᠠᠨ ᠪᠠᠢᠨ᠎ᠠ᠃
《ᠬᠤᠤᠰ ᠲᠠᠭᠠᠭᠠᠴᠢᠯᠠᠯᠳᠠ》 ᠶ᠋ᠢᠨ ᠲᠦᠷᠦ ᠶ᠋ᠢᠨ ᠪᠤᠳᠤᠯᠭ᠎ᠠ ᠨᠢ ᠮᠠᠯᠴᠢᠨ ᠲᠦᠮᠡᠨ ᠤ᠋ ᠪᠠᠶᠠᠵᠢᠨ ᠴᠢᠨᠡᠭᠡᠯᠢᠭᠵᠢᠭᠦ ᠡᠷᠴᠢ ᠵᠤᠷᠢᠭ᠋ ᠢ᠋ ᠭᠦᠭᠵᠢᠭᠡᠨ᠂ ᠰᠢᠯᠢᠳᠡᠭ ᠡᠭᠦᠯᠳᠡᠷ ᠤ᠋ᠨ ᠦᠭᠡᠷ ᠮᠠᠯᠵᠢᠬᠤ ᠡᠷᠦᠭᠡ ᠡᠳᠦᠷ ᠡᠴᠡ ᠡᠳᠦᠷ ᠤᠯᠠᠰᠢᠷᠠᠵᠤ᠂ ᠠᠷᠠᠳ ᠤ᠋ᠨ ᠲᠤᠮᠳᠠ 《ᠳ᠋ᠠᠴᠢ ᠶ᠋ᠢᠨ ᠴᠠᠭᠠᠨ ᠦᠭᠡᠷ》 ᠭᠡᠭᠦ ᠪᠠᠰᠠ ᠨᠢᠭᠡᠨ ᠰᠢᠨ᠎ᠡ ᠡᠭᠦᠯᠳᠡᠷ ᠤ᠋ᠨ ᠦᠭᠡᠷ ᠦᠵᠦᠮᠦᠴᠢᠨ ᠨᠤᠳᠤᠭ ᠲᠤ᠌ ᠠᠯᠳᠠᠷᠰᠢᠪᠠ᠃ ᠪᠠᠷᠠᠭᠤᠨ ᠦᠵᠦᠮᠦᠴᠢᠨ ᠬᠤᠰᠢᠭᠤ 《ᠨᠢ᠋ᠮᠠᠳᠤᠭᠠᠷ ᠲᠠᠪᠤᠨ ᠵᠢᠯ (1991 ᠤᠨ ᠡᠴᠡ 1995 ᠤᠨ)》 ᠤ᠋ᠨ ᠲᠦᠯᠦᠪᠵᠢᠬᠦᠯᠬᠡ ᠵᠢᠨ ᠬᠤᠭᠤᠴᠠᠭᠠᠨ ᠳ᠋ᠤ᠌ ᠦᠭᠡᠷ ᠤ᠋ᠨ ᠡᠭᠦᠯᠳᠡᠷ ᠢ᠋ ᠰᠠᠢᠵᠢᠷᠠᠭᠤᠯᠬᠤ ᠳ᠋ᠠᠭᠠᠨ 《ᠳ᠋ᠠᠴᠢ ᠶ᠋ᠢᠨ ᠴᠠᠭᠠᠨ ᠦᠭᠡᠷ》 ᠢ᠋ ᠭᠤᠤᠯᠳᠠᠯᠭ᠎ᠠ ᠲᠠᠢ ᠦᠰᠭᠡᠨᠠ ᠭᠡᠰᠡᠨ ᠲᠦᠯᠦᠪᠯᠡᠭᠡ ᠭᠠᠷᠭᠠᠬ᠍ᠰᠠᠨ ᠢ᠋ᠶ᠋ᠠᠷ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠨᠢ 700 ᠦᠨᠢᠶᠡᠨ ᠳ᠋ᠤ᠌ ᠢᠴᠡᠭᠡᠯ ᠦᠷ᠎ᠠ ᠶ᠋ᠢᠨ ᠭᠡᠭᠡᠯᠳᠦᠭᠦᠯᠭᠡ ᠭᠢᠭᠦ ᠡᠭᠦᠷᠭᠡ ᠵᠢ ᠭᠦᠯᠢᠶᠡᠨ ᠠᠪᠴᠤ᠂ 5 ᠭᠡᠭᠡᠯᠳᠦᠭᠦᠯᠭᠡ ᠶ᠋ᠢᠨ ᠦᠷᠳᠡᠭᠡ ᠪᠠᠢᠭᠤᠯᠵᠠᠢ᠃ 《ᠪᠠᠷᠠᠭᠤᠨ ᠴᠢᠭᠢ ᠪᠡᠭᠡᠵᠢᠡᠭ ᠳ᠋ᠤ᠌ ᠤᠢᠷᠠᠬᠠᠨ》 ᠭᠡᠳᠡᠭᠴᠢᠯᠡᠨ ᠳ᠋ᠠᠴᠢᠨᠪᠤᠯᠠᠭ ᠮᠠᠯᠵᠢᠯ ᠤ᠋ᠨ ᠲᠠᠯᠠᠪᠠᠢ ᠲᠠᠢ ᠭᠦᠷᠰᠢ ᠵᠡᠷᠭᠡᠯᠡᠳᠡᠭᠡ ᠰᠠᠭᠤᠭ᠎ᠠ ᠤᠤᠯ ᠤ᠋ᠨ ᠪᠠᠶᠠᠠᠪᠤᠯᠠᠭ᠂ ᠠᠯᠳᠠᠠᠭᠤᠤᠯ᠂ ᠪᠠᠯᠭᠠᠷ ᠵᠡᠷᠭᠡ ᠰᠤᠮᠤᠨ ᠤ᠋ ᠮᠠᠯᠴᠢᠳ 《ᠳ᠋ᠠᠴᠢ ᠶ᠋ᠢᠨ ᠴᠠᠭᠠᠨ ᠦᠭᠡᠷ》 ᠢ᠋ ᠲᠤᠭᠤᠵᠤ ᠪᠠᠬᠠᠷᠤᠨ᠂ ᠪᠤᠬ᠎ᠠ ᠲᠠᠯᠪᠢᠬᠤ ᠪᠡᠷ ᠰᠠᠳᠤᠨ ᠲᠦᠷᠦᠯ ᠡᠴᠡ ᠪᠡᠨ ᠪᠢᠷᠠᠭᠤ ᠠᠪᠬᠤ᠂ ᠪᠠᠰᠠ ᠵᠠᠷᠢᠮ ᠠᠢᠯ ᠨᠢ ᠲᠠᠪᠤ ᠭᠤᠷᠪᠠᠨ ᠦᠭᠢᠨ ᠪᠢᠷᠠᠭᠤ ᠬᠤᠳᠠᠯᠳᠤᠨ ᠠᠪᠬᠤ ᠵᠡᠷᠭᠡ ᠪᠡᠷ ᠦᠭᠡᠷ ᠤ᠋ᠨ ᠡᠭᠦᠯᠳᠡᠷ ᠢ᠋ᠶ᠋ᠠᠨ ᠰᠠᠢᠵᠢᠷᠠᠭᠤᠯᠤᠬ᠍ᠰᠠᠨ ᠢ᠋ᠶ᠋ᠠᠷ ᠦᠵᠦᠮᠦᠴᠢᠨ ᠨᠤᠳᠤᠭ ᠤ᠋ᠨ ᠦᠨᠴᠦᠭ ᠪᠤᠯᠤᠡᠭ ᠦᠭᠡᠢ᠂ ᠰᠢᠯᠢᠳᠡᠭ ᠡᠭᠦᠯᠳᠡᠷ ᠤ᠋ᠨ ᠦᠭᠡᠷ ᠮᠠᠯᠵᠢᠬᠤ ᠶᠡᠭᠡ ᠤᠷᠤᠰᠬᠠᠯ ᠲᠡᠯᠭᠡᠷᠡᠵᠦ 《ᠳ᠋ᠠᠴᠢ ᠶ᠋ᠢᠨ ᠴᠠᠭᠠᠨ ᠦᠭᠡᠷ》 ᠵᠢᠯ ᠡᠴᠡ ᠵᠢᠯ ᠦᠷᠡᠵᠢᠨ ᠦᠰᠦᠭᠰᠡᠭᠡᠷ ᠢᠷᠡᠪᠡ᠃
ᠢᠡᠭᠭᠢᠵᠦ ᠯᠠ ᠹᠷᠠᠠᠽᠢ ᠤᠯᠤᠰ ᠤ᠋ᠨ 《ᠱᠠᠷᠦ᠋ᠯᠠᠢ ᠦᠭᠡᠷ》 ᠤ᠋ᠨ ᠤᠳᠤᠮ ᠦᠵᠦᠮᠦᠴᠢᠨ ᠨᠤᠳᠤᠭ ᠲᠤ᠌ ᠦᠨᠳᠦᠰᠦ ᠬᠠᠳᠬᠤᠨ ᠦᠷᠡᠵᠢᠨ ᠲᠦᠯᠵᠢᠵᠦ᠂ ᠡᠳᠦᠭᠡ ᠪᠤᠯᠬᠤ ᠳ᠋ᠤ᠌ 《ᠦᠵᠦᠮᠦᠴᠢᠨ ᠴᠠᠭᠠᠨ ᠦᠭᠡᠷ》 ᠭᠡᠭᠦ ᠨᠡᠷ᠎ᠡ ᠮᠠᠯᠴᠢᠳ ᠤ᠋ᠨ ᠲᠤᠮᠳᠠ ᠠᠶᠠᠠᠳᠠᠭᠠᠨ ᠲᠡᠯᠭᠡᠷᠡᠵᠦ᠂ ᠮᠠᠯᠴᠢᠳ ᠦᠷ᠎ᠠ ᠠᠰᠢᠭ᠋ ᠢ᠋ ᠨᠢ ᠭᠦᠷᠳᠡᠭᠰᠡᠭᠡᠷ ᠪᠤᠢ᠃ 《ᠦᠵᠦᠮᠦᠴᠢᠨ ᠴᠠᠭᠠᠨ ᠦᠭᠡᠷ》 ᠭᠡᠭᠦ ᠨᠡᠷᠡᠢᠳᠦᠯ ᠨᠢ ᠨᠢᠭᠡᠡᠳᠡ ᠤᠷᠤᠨ ᠨᠤᠳᠤᠭ ᠤ᠋ᠨ ᠤᠨᠴᠠᠯᠢᠭ᠋ ᠲᠠᠭᠠᠨ ᠲᠤᠭᠢᠷᠠᠬ᠍ᠰᠠᠨ ᠰᠢᠯᠢᠳᠡᠭ ᠡᠭᠦᠯᠳᠡᠷ ᠤ᠋ᠨ ᠦᠭᠡᠷ ᠭᠡᠭᠦ ᠳ᠋ᠤ᠌ ᠪᠤᠷᠤᠭᠤᠳᠠᠬᠤ ᠶᠠᠭᠤᠮ᠎ᠠ ᠦᠭᠡᠢ ᠪᠤᠯᠵᠠᠢ᠃ ᠲᠤᠰ ᠬᠤᠰᠢᠭᠤᠨ ᠤ᠋ 《ᠦᠵᠦᠮᠦᠴᠢᠨ ᠴᠠᠭᠠᠨ ᠦᠭᠡᠷ》 ᠢ᠋ ᠮᠠᠯᠵᠢᠵᠤ ᠪᠠᠢᠭ᠎ᠠ ᠭᠦᠷᠢᠶ᠎ᠠ ᠭᠡᠪᠴᠢᠶ᠎ᠠ ᠨᠢ ᠮᠠᠰᠢ ᠶᠡᠭᠡ ᠪᠠᠢᠵᠦ᠂ ᠤᠯᠤᠰ ᠤ᠋ᠨ ᠲᠤᠳᠤᠭᠠᠳᠦ ᠶ᠋ᠢᠨ ᠦᠵᠦᠮᠦᠴᠢᠨ ᠴᠠᠭᠠᠨ ᠦᠭᠡᠷ ᠲᠡᠵᠢᠭᠡᠨ ᠦᠷᠡᠵᠢᠭᠦᠯᠭᠦ ᠬᠠᠮᠤᠭ ᠤ᠋ᠨ ᠶᠡᠭᠡ ᠭᠠᠵᠠᠷ ᠤᠷᠤᠨ ᠪᠤᠯᠪᠡ᠃ ᠤᠳᠤᠬᠠᠨ ᠳ᠋ᠤ ᠦᠵᠦᠮᠦᠴᠢᠨ ᠴᠠᠭᠠᠨ ᠦᠭᠡᠷ ᠤ᠋ᠨ ᠲᠤᠭ᠎ᠠ ᠲᠤᠯᠤᠭᠠᠢ ᠨᠢ 6 ᠲᠦᠮᠡ ᠳ᠋ᠤ᠌ ᠭᠦᠷᠴᠦ᠂ 800 ᠭᠠᠷᠤᠢ ᠡᠷᠦᠭᠡ ᠲᠡᠵᠢᠭᠡᠨ ᠦᠷᠡᠵᠢᠭᠦᠯᠵᠦ ᠪᠠᠢᠬᠤ ᠪᠡᠷ ᠪᠠᠷᠠᠬᠤ ᠦᠭᠡᠢ᠂ ᠦᠷ᠎ᠠ ᠶ᠋ᠢᠨ ᠮᠠᠯ ᠪᠤᠢᠵᠢᠭᠤᠯᠬᠤ ᠲᠠᠯᠠᠪᠠᠢ 1᠂ ᠭᠤᠤᠯᠳᠠᠯᠭᠠᠳᠦ ᠰᠦᠷᠦᠭ 8 ᠪᠤᠯᠵᠦ᠂ 20 ᠲᠤᠯᠤᠭᠠᠢ ᠡᠴᠡ ᠲᠡᠭᠡᠭᠰᠢ ᠦᠭᠡᠷ ᠭᠡᠪᠴᠢᠶᠡᠵᠢᠭᠦᠯᠤᠨ ᠮᠠᠯᠵᠢᠵᠦ ᠪᠠᠢᠭ᠎ᠠ ᠡᠷᠦᠭᠡ 235 ᠪᠤᠯᠤᠬ᠍ᠰᠠᠨ ᠪᠠᠢᠨ᠎ᠠ᠃

2022 ᠤᠨ ᠤ᠋ 4 ᠰᠠᠷ᠎ᠠ ᠳ᠋ᠤ᠌ ᠤᠯᠤᠰ ᠤ᠋ᠨ ᠭᠦᠭᠵᠢᠭᠦᠯᠤᠯᠳᠠ ᠦᠭᠡᠷᠡᠴᠢᠯᠡᠯᠳᠡ ᠶ᠋ᠢᠨ ᠵᠦᠪᠯᠡᠯ᠂ ᠲᠠᠷᠢᠶᠠᠯᠠᠡᠭ ᠭᠦᠳᠡᠭᠡ ᠲᠤᠰᠬᠤᠨ ᠤ᠋ ᠶᠠᠮᠤᠨ ᠡᠴᠡ ᠪᠠᠷᠠᠭᠤᠨ ᠦᠵᠦᠮᠦᠴᠢᠨ ᠬᠤᠰᠢᠭᠤ ᠵᠢ ᠪᠦᠭᠦ ᠤᠯᠤᠰ ᠤ᠋ᠨ ᠲᠠᠯ᠎ᠠ ᠨᠤᠳᠤᠭ ᠤ᠋ᠨ ᠮᠠᠯ ᠠᠵᠤ ᠠᠬᠤᠢ ᠶ᠋ᠢᠨ ᠭᠡᠯᠪᠡᠷᠢ ᠵᠢ ᠬᠤᠪᠢᠷᠠᠭᠤᠯᠤᠨ ᠲᠡᠰ ᠲᠡᠪᠰᠢᠭᠦᠯᠭᠦ ᠲᠤᠷᠰᠢᠯᠳᠠ ᠶ᠋ᠢᠨ ᠭᠠᠵᠠᠷ ᠤᠷᠤᠨ ᠢ᠋ᠶ᠋ᠠᠷ ᠲᠤᠬ᠍ᠳᠠᠭᠠᠬ᠍ᠰᠠᠨ ᠨᠢ 《ᠦᠵᠦᠮᠦᠴᠢᠨ ᠴᠠᠭᠠᠨ ᠦᠭᠡᠷ》 ᠢ᠋ ᠠᠪᠤᠷᠠᠨ ᠬᠠᠮᠠᠭᠠᠯᠠᠵᠦ ᠲᠡᠰ ᠲᠡᠪᠰᠢᠭᠦᠯᠤᠨ ᠰᠤᠡᠭ᠌ᠭᠤᠨ ᠪᠤᠢᠵᠢᠭᠤᠯᠬᠤ ᠳ᠋ᠤ᠌ ᠲᠠᠭᠢᠨ ᠨᠢᠭᠡ ᠤᠳᠠᠭᠠᠨ ᠤ᠋ ᠰᠠᠢᠬᠠᠨ ᠠᠵᠠ ᠵᠠᠪᠰᠢᠶᠠᠨ ᠢ᠋ ᠤᠯᠭᠤᠵᠠᠢ᠃ ᠦᠪᠦᠷ ᠮᠤᠡᠭ᠌ᠭᠤᠯ ᠤ᠋ᠨ ᠺᠦᠢ ᠫᠦ ᠲᠠᠷᠢᠶᠠᠯᠠᠡᠭ ᠤ᠋ᠨ ᠰᠢᠨᠵᠢᠯᠡᠭᠦ ᠤᠬᠠᠭᠠᠨ ᠮᠡᠷᠭᠡᠵᠢᠯ ᠤ᠋ᠨ ᠭᠢᠵᠠᠭᠠᠷᠳᠦ ᠺᠤᠮᠫᠠᠨᠢ ᠨᠢ ᠪᠦᠭᠦ ᠬᠤᠰᠢᠭᠤᠨ ᠤ᠋ 6 ᠰᠤᠮᠤ ᠪᠠᠯᠭᠠᠰᠤᠨ ᠤ᠋ ᠵᠠᠰᠠᠭ ᠤ᠋ᠨ ᠤᠷᠳᠤᠨ ᠪᠤᠯᠤᠨ ᠶᠡᠷᠦᠨᠭᠭᠡᠢᠯᠡᠭᠰᠡᠨ ᠪᠠᠳᠤᠯᠠᠭ᠎ᠠ ᠪᠠ ᠮᠡᠷᠭᠡᠵᠢᠯ ᠲᠡᠯᠭᠡᠷᠡᠭᠦᠯᠭᠦ ᠲᠦᠪ ᠤ᠋ᠨ ᠬᠠᠮᠢᠶᠠᠲᠠᠢ ᠠᠵᠢᠯᠳᠠᠨ 30 ᠭᠠᠷᠤᠢ ᠭᠦᠮᠦᠨ ᠢ᠋ᠶ᠋ᠠᠷ ᠪᠦᠷᠢᠯᠳᠦᠭᠰᠡᠨ 《ᠦᠵᠦᠮᠦᠴᠢᠨ ᠴᠠᠭᠠᠨ ᠦᠭᠡᠷ》 ᠲᠤ᠌ ᠭᠢᠨᠠᠨ ᠲᠤᠬ᠍ᠳᠠᠭᠠᠯ ᠭᠢᠭᠦ᠂ ᠴᠠᠭᠠᠨ ᠦᠭᠡᠷ ᠮᠠᠯᠵᠢᠵᠤ ᠪᠠᠢᠭ᠎ᠠ ᠠᠢᠯ ᠡᠷᠦᠭᠡ ᠵᠢᠨ ᠦᠭᠡᠷ ᠤ᠋ᠨ ᠭᠢᠨᠢ ᠪᠡᠶ᠎ᠠ ᠶ᠋ᠢᠨ ᠦᠨᠳᠦᠷ᠂ ᠭᠦᠨᠳᠦ ᠶ᠋ᠢᠨ ᠵᠢᠡᠭ᠂ ᠦᠡᠭᠭᠡ ᠵᠢᠰᠤᠨ ᠳ᠋ᠤ᠌ ᠭᠢᠨᠠᠨ ᠬᠡᠮᠵᠢᠯᠳᠡ ᠭᠢᠭᠡᠳ ᠴᠢᠭᠢᠨ ᠳ᠋ᠤᠨᠢ ᠡᠭᠡᠮᠦᠭ ᠵᠡᠭᠦᠯᠭᠡᠨ ᠮᠡᠳᠡᠭᠡ ᠵᠠᠡᠭᠭᠢ ᠵᠢ ᠲᠡᠮᠳᠡᠭᠯᠡᠭᠦ ᠪᠠ ᠲᠠᠡᠭ᠌ᠰᠠ ᠺᠡᠷᠲ ᠪᠠᠢᠭᠤᠯᠬᠤ ᠠᠵᠢᠯ ᠭᠢᠪᠡ᠃
《ᠦᠵᠦᠮᠦᠴᠢᠨ ᠴᠠᠭᠠᠨ ᠦᠭᠡᠷ》 ᠤ᠋ᠨ ᠰᠢᠨ᠎ᠡ ᠡᠭᠦᠯᠳᠡᠷ ᠢ᠋ ᠮᠠᠭᠠᠳᠯᠠᠨ ᠲᠤᠬ᠍ᠳᠠᠭᠠᠬᠤ ᠪᠠ ᠭᠤᠤᠯ ᠡᠭᠦᠯᠳᠡᠷ ᠢ᠋ ᠪᠤᠢᠵᠢᠭᠤᠯᠬᠤ ᠲᠠᠯᠠᠪᠠᠢ ᠪᠠᠢᠭᠤᠯᠬᠤ ᠠᠵᠢᠯ ᠨᠢ ᠪᠦᠭᠦ ᠤᠯᠤᠰ ᠤ᠋ᠨ ᠲᠠᠯ᠎ᠠ ᠨᠤᠳᠤᠭ ᠤ᠋ᠨ ᠮᠠᠯ ᠠᠵᠤ ᠠᠬᠤᠢ ᠶ᠋ᠢᠨ ᠭᠡᠯᠪᠡᠷᠢ ᠵᠢ ᠬᠤᠪᠢᠷᠠᠭᠤᠯᠤᠨ ᠲᠡᠰ ᠲᠡᠪᠰᠢᠭᠦᠯᠭᠦ ᠲᠦᠷᠦᠯ ᠵᠦᠢᠯ ᠳ᠋ᠤ᠌ ᠤᠷᠤᠵᠤ᠂ 2000 ᠲᠦᠮᠡᠨ ᠲᠦᠭᠦᠷᠢᠭ ᠤ᠋ᠨ ᠪᠡᠯᠡ ᠤᠷᠤᠭᠤᠯᠤᠯᠳᠠ ᠵᠢ ᠤᠯᠵᠠᠢ᠃ 2026 ᠤᠨ ᠤ᠋ 1 ᠰᠠᠷ᠎ᠠ ᠶ᠋ᠢᠨ 16 ᠤ᠋ ᠡᠳᠦᠷ ᠬᠤᠷᠠᠯᠳᠤᠬ᠍ᠰᠠᠨ ᠪᠠᠷᠠᠭᠤᠨ ᠦᠵᠦᠮᠦᠴᠢᠨ ᠬᠤᠰᠢᠭᠤᠨ ᠤ᠋ 《ᠬᠤᠶᠠᠷ ᠬᠤᠷᠠᠯ》 ᠤ᠋ᠨ 《ᠵᠠᠰᠠᠭ ᠤ᠋ᠨ ᠤᠷᠳᠤᠨ ᠤ᠋ ᠠᠵᠢᠯ ᠤ᠋ᠨ ᠢᠯᠡᠳᠭᠡᠯ》 ᠳ᠋ᠤ᠌ 《ᠹᠷᠠᠨᠼᠢᠶᠢᠨ ᠴᠡᠪᠡᠷ ᠡᠭᠦᠯᠳᠡᠷᠦᠨ ᠱᠠᠷᠦ᠋ᠯᠠᠢ ᠦᠨᠢᠶᠡᠨᠦ ᠬᠦᠪᠦᠷᠡᠯᠢ ᠣᠷᠣᠭᠤᠯᠤᠨ ᠠᠪᠴᠢᠷᠠᠬᠤ ᠠᠬᠢᠴᠠᠶᠢ ᠲᠦᠷᠭᠡᠳᠬᠡᠵᠦ᠂ ᠮᠢᠬᠠᠨᠤ ᠦᠬᠡᠷᠦᠨ ᠰᠢᠯᠢᠳᠡᠭ ᠡᠭᠦᠯᠳᠡᠷᠢ ᠦᠷᠡᠵᠢᠭᠦᠯᠦᠨ ᠪᠣᠢᠵᠢᠭᠤᠯᠬᠤ ᠰᠢᠰᠲᠧᠮᠢ ᠪᠡᠭᠢᠵᠢᠭᠦᠯᠤᠨᠠ》 ᠭᠡᠵᠦ ᠲᠤᠷᠠᠳᠤᠬ᠍ᠰᠠᠨ ᠨᠢ ᠲᠤᠰ ᠬᠤᠰᠢᠭᠤᠨ ᠤ᠋ 《ᠦᠵᠦᠮᠦᠴᠢᠨ ᠴᠠᠭᠠᠨ ᠦᠭᠡᠷ》 ᠤ᠋ᠨ ᠠᠵᠦ ᠦᠢᠯᠡᠰ ᠢ᠋ ᠤᠯᠠᠮ ᠴᠢᠨᠠᠬ᠍ᠰᠢᠳᠠ ᠭᠦᠭᠵᠢᠭᠦᠯᠤᠨ᠂ 《ᠦᠵᠦᠮᠦᠴᠢᠨ ᠴᠠᠭᠠᠨ ᠦᠭᠡᠷ》 ᠤ᠋ᠨ ᠰᠢᠨ᠎ᠡ ᠡᠭᠦᠯᠳᠡᠷ ᠢ᠋ ᠮᠠᠭᠠᠳᠯᠠᠨ ᠲᠤᠬ᠍ᠳᠠᠭᠠᠬᠤ ᠪᠠ ᠭᠤᠤᠯ ᠡᠭᠦᠯᠳᠡᠷ ᠢ᠋ ᠪᠤᠢᠵᠢᠭᠤᠯᠬᠤ ᠳ᠋ᠤ᠌ ᠪᠠᠳᠤ ᠰᠠᠭᠤᠷᠢ ᠵᠢ ᠲᠠᠯᠪᠢᠬ᠍ᠰᠠᠨ ᠪᠠᠢᠨ᠎ᠠ᠃
ᠬᠠᠭᠠᠰ ᠵᠠᠭᠤᠨ ᠤ᠋ ᠲᠤᠷᠰᠢ ᠳ᠋ᠤ᠌ ᠦᠶ᠎ᠠ ᠦᠶ᠎ᠠ ᠶ᠋ᠢᠨ ᠭᠦᠮᠦᠰ ᠲᠤ᠌ ᠦᠵᠦᠮᠦᠴᠢᠨ ᠴᠠᠭᠠᠨ ᠦᠬᠡᠷ ᠦᠷ᠎ᠠ ᠰᠢᠮ᠎ᠠ ᠪᠡᠨ ᠬᠠᠢᠷᠡᠯᠠᠵᠦ᠂ ᠬᠠᠷ᠎ᠠ ᠲᠠᠯᠡᠭ ᠤ᠋ᠨ ᠦᠡᠭ ᠰᠢᠮᠡᠯᠢᠭ ᠨᠤᠳᠤᠭ ᠲᠤ᠌ ᠭᠡᠳᠦᠨ ᠦᠶ᠎ᠠ ᠶ᠋ᠢᠨ ᠮᠠᠯᠴᠢᠳ ᠤ᠋ᠨ ᠰᠤᠡᠭ᠌ᠭᠤᠨ ᠪᠤᠢᠵᠢᠭᠤᠯᠤᠬ᠍ᠰᠠᠨ 《ᠦᠵᠦᠮᠦᠴᠢᠨ ᠴᠠᠭᠠᠨ ᠦᠭᠡᠷ》 ᠦᠨᠦᠳᠦᠷ ᠪᠤᠯᠬᠤ ᠳ᠋ᠤ᠌ ᠰᠤᠡᠭ᠌ᠭᠢᠨᠠ ᠠᠭᠤᠯᠠ ᠶ᠋ᠢᠨ ᠡᠡᠭᠭᠡᠷ ᠡᠴᠡ ᠲᠠᠪᠤᠨ ᠬᠠᠨ ᠤ᠋ ᠬᠤᠷᠮᠤᠢ ᠭᠦᠷᠳᠡᠯ᠎ᠠ᠂ ᠳ᠋ᠠᠴᠢᠨᠪᠤᠯᠠᠭ ᠤ᠋ᠨ ᠡᠭᠢᠨ ᠡᠴᠡ ᠢᠨᠵᠠᠭᠠᠨ ᠭᠤᠤᠯ ᠤ᠋ᠨ ᠭᠦᠪᠡᠭᠡ ᠭᠦᠷᠳᠡᠯ᠎ᠠ ᠰᠦᠷᠦᠭ ᠰᠦᠷᠦᠭ ᠢ᠋ᠶ᠋ᠠᠷ ᠦᠰᠴᠦ ᠲᠦᠯᠵᠢᠨᠠ᠃
(ᠡᠬᠡ ᠪᠢᠴᠢᠭᠢ ᠪᠠᠷᠠᠭᠤᠨ ᠦᠵᠦᠮᠦᠴᠢᠨ ᠬᠤᠰᠢᠭᠤᠨᠤ ᠬᠠᠮ ᠵᠠᠭᠤᠴᠢᠯᠠᠭᠤᠷᠤᠨ ᠳᠦᠪ ᠡᠴᠡ ᠬᠠᠨᠭᠭᠠᠪᠠ)