ᠬᠦᠢᠲᠡᠨ ᠰᠠᠯᠬᠢ ᠬᠠᠤᠬᠢᠨ ᠱᠤᠤᠬᠢᠵᠤ᠂ ᠴᠠᠰᠤᠨ ᠰᠢᠷᠬᠡᠭ ᠯᠠᠪᠰᠠᠯᠠᠨ ᠪᠠᠭᠤᠬᠤ ᠪᠡᠷ ᠬᠦᠮᠦᠨ ᠮᠠᠯ ᠦᠭᠡᠢ ᠪᠦᠷ ᠳᠤᠯᠠᠭᠠᠨ ᠭᠠᠵᠠᠷ ᠢ᠋ ᠡᠷᠢᠯᠬᠢᠯᠡᠨ᠎ᠠ᠃ ᠤᠯᠠᠭᠠᠨᠬᠠᠳᠠ ᠬᠤᠳᠠ ᠶ᠋ᠢᠨ ᠨᠢᠩᠴᠧᠩ ᠰᠢᠶᠠᠨ ᠤ᠋ ᠳ᠋ᠠ ᠮᠢᠩ ᠪᠠᠯᠭᠠᠰᠤ ᠶ᠋ᠢᠨ ᠪᠠᠷᠠᠭᠤᠨ ᠡᠷᠭᠦᠳ ᠤ᠋ᠨ ᠠᠢᠯ ᠤ᠋ᠨ ᠦᠭᠡᠷ ᠲᠡᠵᠢᠭᠡᠬᠦ ᠲᠠᠯᠠᠪᠠᠢ ᠳ᠋ᠡᠬᠢ ᠨᠢᠯᠬ᠎ᠠ ᠲᠤᠭᠤᠯ ᠤ᠋ᠳ ᠬᠠᠷᠢᠨ ᠪᠠᠢᠭᠠᠯᠢ ᠳᠡᠯᠡᠬᠡᠢ ᠶ᠋ᠢᠨ ᠡᠢᠨ ᠬᠦ᠌ ᠠᠭᠤᠷ ᠠᠮᠢᠰᠬᠤᠯ ᠤ᠋ᠨ ᠬᠤᠪᠢᠷᠠᠯᠳᠠ ᠶ᠋ᠢ ᠳᠡᠮᠡᠢ ᠠᠩᠵᠠᠭᠠᠷᠠᠬᠤ ᠦᠭᠡᠢ ᠪᠡᠷ ᠲᠤᠰ ᠲᠤᠰ ᠤ᠋ᠨ ᠲᠤᠰᠬᠠᠢ ᠦᠷᠦᠭᠡ ᠳ᠋ᠡᠭᠡᠨ ᠲᠤᠯᠠᠭᠠᠨ ᠳᠠᠪᠠᠳᠠᠢ ᠦᠰᠦᠨ ᠪᠤᠢᠵᠢᠨᠠ᠃

ᠲᠤᠬᠠᠢ ᠶ᠋ᠢᠨ ᠭᠠᠵᠠᠷ ᠤ᠋ᠨ ᠬᠡᠪᠴᠢᠶ᠎ᠠ ᠪᠡᠷ ᠨᠡᠯᠢᠶᠡᠳ ᠶᠡᠬᠡ ᠰᠠᠭᠠᠯᠢ ᠶ᠋ᠢᠨ ᠦᠨᠢᠶ᠎ᠠ ᠲᠡᠵᠢᠭᠡᠬᠦ ᠰᠠᠭᠤᠷᠢᠨ ᠪᠤᠯᠤᠭᠰᠠᠨ ᠤ᠋ ᠬᠤᠪᠢ ᠳ᠋ᠤ᠂ ᠪᠠᠷᠠᠭᠤᠨ ᠡᠷᠭᠦᠳ ᠤ᠋ᠨ ᠠᠢᠯ ᠤ᠋ᠨ ᠦᠭᠡᠷ ᠲᠡᠵᠢᠭᠡᠬᠦ ᠲᠠᠯᠠᠪᠠᠢ ᠨᠢ 1450 ᠰᠠᠭᠠᠯᠢ ᠶ᠋ᠢᠨ ᠦᠨᠢᠶ᠎ᠠ ᠲᠡᠵᠢᠭᠡᠵᠦ᠂ ᠡᠳᠦᠷ ᠤ᠋ᠨ 11.5 ᠳᠤᠨ ᠰᠦ ᠰᠠᠭᠠᠵᠤ᠂ ᠪᠦᠬᠦᠨ ᠢ᠋ ᠤᠯᠠᠭᠠᠨᠬᠠᠳᠠ ᠬᠤᠳᠠ ᠳ᠋ᠤ ᠪᠠᠢᠭ᠎ᠠ ᠢᠯᠢ ᠵᠢᠨ ᠬᠤᠪᠢᠶᠠᠷᠢ ᠺᠤᠮᠫᠠᠨᠢ ᠳ᠋ᠤ ᠪᠤᠷᠤᠯᠠᠭᠤᠯᠵᠤ ᠪᠤᠢ᠃

ᠬᠦᠭᠡᠷᠦᠬᠦᠨ ᠲᠤᠭᠤᠯ ᠤ᠋ᠳ
ᠲᠤᠰ ᠦᠬᠡᠷ ᠲᠠᠵᠢᠬᠡᠬᠦ ᠰᠠᠭᠤᠷᠢᠨ ᠨᠢ ᠵᠢᠯ ᠤ᠋ᠨ 500 ᠭᠠᠷᠤᠢ ᠲᠤᠭᠤᠯ ᠲᠤᠰᠴᠤ᠂ ᠦᠬᠢᠨ ᠲᠤᠭᠤᠯ ᠢ᠋ ᠰᠦ ᠰᠠᠭᠠᠯᠢ ᠠᠪᠬᠤ ᠪᠡᠷ ᠦᠰᠬᠡᠨ ᠪᠤᠢᠵᠢᠭᠤᠯᠵᠤ᠂ ᠡᠷ᠎ᠠ ᠲᠤᠭᠤᠯ ᠢ᠋ ᠪᠤᠷᠳᠤᠨ ᠲᠠᠷᠭᠤᠯᠠᠭᠤᠯᠤᠭᠰᠠᠨ ᠬᠤᠢᠨ᠎ᠠ ᠬᠤᠳᠠᠯᠳᠤᠭᠠᠳ ᠤᠷᠤᠯᠭ᠎ᠠ ᠪᠡᠨ ᠨᠡᠮᠡᠭᠳᠡᠭᠦᠯᠵᠦ ᠪᠠᠢᠳᠠᠭ᠃ ᠡᠳᠡᠭᠡᠷ ᠲᠤᠭᠤᠯ ᠳ᠋ᠤ ᠪᠡᠯᠡᠳᠭᠡᠵᠦ ᠦᠭᠭᠦᠭᠰᠡᠨ ᠲᠤᠰᠬᠠᠢ ᠦᠷᠦᠭᠡ ᠳ᠋ᠡᠬᠢ ᠲᠤᠯᠠᠭᠠᠨ ᠤ᠋ ᠬᠡᠮᠵᠢᠶ᠎ᠠ ᠨᠢ ᠭᠠᠳᠠᠨ᠎ᠠ ᠵᠢᠨ ᠬᠢ ᠡᠴᠡ 5 — 6 ᠭᠷᠠᠳᠦ᠋ᠰ ᠦᠨᠳᠦᠷ ᠪᠠᠢᠬᠤ ᠪᠦᠭᠡᠳ ᠡᠳᠦᠷ ᠬᠦᠢᠳᠡᠷᠡᠪᠡᠯ ᠦᠬᠡᠷ ᠲᠠᠵᠢᠬᠡᠬᠦ ᠰᠠᠭᠤᠷᠢᠨ ᠤ᠋ ᠬᠢᠨ ᠪᠠᠰᠠ ᠲᠤᠭᠤᠯ ᠳ᠋ᠠᠭᠠᠨ ᠲᠤᠰᠬᠠᠢ ᠨᠡᠮᠨᠡᠭᠡ ᠡᠮᠦᠰᠭᠡᠵᠤ᠂ ᠨᠠᠷᠢᠯᠢᠭ ᠠᠷᠠᠴᠢᠯᠠᠨ ᠲᠡᠵᠢᠭᠡᠵᠦ ᠪᠠᠢᠨ᠎ᠠ᠃
(ᠯᠢ ᠹᠦ᠋ ᠭᠡᠷᠡᠯ ᠵᠢᠷᠤᠭ ᠶ᠋ᠢᠡᠷ ᠮᠡᠳᠡᠭᠡᠯᠡᠪᠡ)