28 ᠵᠢᠯ ᠳ᠋ᠤ ᠬᠦᠬᠡᠬᠤᠳᠠᠨ᠎ᠠ ᠬᠤᠶᠠᠷᠳᠠ ᠦᠢᠯᠡᠰ ᠪᠤᠰᠬᠠᠯ᠎ᠠ — ᠮᠠᠯᠴᠢᠨ ᠵᠢᠶᠠᠩ ᠬᠤᠩ ᠢᠤᠢ ᠵᠢᠨ ᠵᠢᠵᠢᠭ ᠺᠤᠮᠫᠠᠨᠢ ᠬᠢᠬᠡᠳ ᠲᠤᠮᠤ ᠲᠠᠯᠬᠡᠬᠦᠷ
2026-01-30 11:22:38
ᠵᠣᠬᠢᠶᠠᠭ᠍ᠴᠢ᠄
ᠬᠦᠭᠵᠢᠯᠳᠦ ᠴᠤᠪᠤᠭᠤ
ᠣᠩᠱᠢᠭ᠍ᠰᠠᠨ ᠣᠳᠠᠭ᠎ᠠ᠄
★★★☆☆

ᠥᠷ ᠴᠠᠢᠮᠠᠭᠴᠠ ᠵᠢᠶᠠᠩ ᠬᠤᠩ ᠢᠥᠢ ᠪᠤᠰᠤᠭᠠᠳ ᠴᠠᠢ ᠬᠤᠭᠤᠯᠠ ᠪᠠᠨ ᠪᠡᠯᠡᠳᠦᠨ᠂ ᠬᠡᠷ ᠦᠷᠦᠭᠡ ᠪᠠᠨ ᠴᠡᠪᠡᠷᠯᠡᠵᠦ ᠡᠬᠢᠯᠡᠯ᠎ᠠ᠃ ᠲᠡᠷᠡ ᠤᠴᠢᠷ ᠦᠬᠡᠢ ᠪᠠᠢᠭᠰᠠᠨ ᠴᠤ᠌ ᠡᠷᠳᠡᠯᠡᠨ ᠪᠤᠰᠳᠠᠭ ᠵᠠᠩ ᠲᠠᠢ ᠪᠦᠭᠡᠳ ᠭᠡᠷ ᠴᠡᠪᠡᠷᠯᠡᠬᠦ ᠮᠡᠳᠦ ᠶ᠋ᠢᠨ ᠨᠠᠷᠢᠯᠢᠭ ᠠᠵᠢᠯ ᠳ᠋ᠤ ᠦᠭᠡᠷ᠎ᠠ ᠪᠤᠰᠤᠳ ᠢ᠋ ᠤᠢᠷᠠᠳᠤᠭᠤᠯᠳᠠᠭ ᠦᠬᠡᠢ 《ᠰᠤᠨᠢᠨ ᠬᠦᠮᠦᠨ》 ᠶᠤᠮ᠃

ᠬᠢᠩᠭᠠᠨ ᠠᠢᠮᠠᠭ ᠤ᠋ᠨ ᠮᠡᠯᠳᠡᠬᠡᠨᠡᠭᠰᠡᠨ ᠳᠤᠳᠤᠷᠭ᠎ᠠ ᠂ ᠳᠠᠪᠤᠰᠤᠯᠠᠭᠰᠠᠨ ᠮᠠᠨᠵᠢᠨ ᠂ ᠳᠠᠷᠤᠭᠰᠠᠨ ᠴᠠᠭᠠᠨ ᠨᠤᠭᠤᠭ᠎ᠠ ᠁ ᠬᠦᠬᠡᠬᠤᠳᠠ ᠵᠢᠨ ᠮᠠᠰᠢ ᠤᠯᠠᠨ ᠬᠦᠮᠦᠨ ᠰᠠᠢᠬᠠᠨ ᠲᠤᠭᠤᠷᠢᠭ ᠤ᠋ᠨ ᠶᠡᠬᠡ ᠰᠤᠷᠭᠠᠭᠤᠯᠢ ᠵᠡᠬᠦᠨ ᠵᠠᠮ ᠤ᠋ᠨ ᠰᠢᠨ᠎ᠠ ᠴᠦᠩᠬᠦᠷ ᠭᠤᠳᠤᠮᠵᠢ ᠳ᠋ᠤ ᠪᠠᠢᠷᠢᠯᠠᠭ᠎ᠠ 《ᠬᠢᠩᠭᠠᠨ ᠠᠢᠮᠠᠭ ᠤ᠋ᠨ ᠤᠨᠴᠠ ᠭᠠᠷᠤᠯᠳᠠ》 ᠬᠡᠮᠡᠬᠦ ᠳᠡᠯᠭᠡᠬᠦᠷ ᠢ᠋ ᠰᠠᠢᠨ ᠮᠡᠳᠡᠨ᠎ᠠ᠂ ᠮᠤᠲ᠋ᠤᠷ ᠵᠠᠢᠳᠠᠯᠠᠭᠠᠳ ᠳᠤᠳᠤᠷᠭ᠎ᠠ ᠬᠦᠷᠭᠡᠳᠡᠭ ᠡᠵᠡᠨᠳᠡᠨ ᠢ᠋ ᠴᠤ᠌ ᠰᠠᠢᠨ ᠳᠠᠨᠢᠨ᠎ᠠ᠃ ᠬᠤᠳᠠ ᠵᠠᠬᠠᠯᠠᠵᠦ ᠰᠠᠭᠤᠳᠠᠭ ᠬᠢᠷᠢᠨ᠎ᠠ ᠳᠡᠳᠡᠨ ᠢ᠋ ᠵᠤᠷᠢᠭᠠᠳ ᠢᠷᠡᠳᠡᠭ ᠬᠦᠮᠦᠰ ᠤ᠋ᠨ ᠰᠡᠳᠬᠢᠯ ᠳ᠋ᠤ ᠨᠤᠲᠤᠭ ᠤ᠋ᠨ ᠮᠦᠷᠦᠭᠡᠳᠦᠯ᠂ ᠪᠠᠭ᠎ᠠ ᠶ᠋ᠢᠨ ᠲᠤᠷᠠᠰᠤᠮᠵᠢ ᠪᠢᠯᠬᠠᠵᠦ᠂ ᠨᠡᠩ ᠴᠤ᠌ ᠳᠡᠯᠭᠡᠬᠦᠷ ᠤ᠋ᠨ ᠡᠵᠡᠨ ᠵᠢᠶᠠᠩ ᠬᠤᠩ ᠢᠥᠢ ᠶ᠋ᠢᠨ ᠬᠠᠯᠠᠭᠤᠮᠰᠤᠭ ᠦᠢᠯᠡᠴᠢᠯᠡᠭᠡ᠂ ᠴᠢᠨᠠᠷᠯᠢᠭ ᠪᠠᠷᠠᠭ᠎ᠠ ᠬᠢᠭᠡᠳ ᠢᠳᠡᠭᠡᠯ ᠨᠠᠢᠳᠠᠪᠤᠷᠢ ᠨᠢ ᠳᠡᠳᠡᠨ ᠤ᠋ ᠰᠡᠳᠬᠢᠯ ᠳ᠋ᠤ ᠶᠡᠬᠡ ᠯᠡ ᠳᠠᠭᠠᠯᠠᠭᠳᠠᠵᠠᠢ᠃


17855c8a-4d25-44a1-b016-035e3b8fc50d.png


ᠤᠰᠤᠨ ᠲᠤᠳᠤᠷᠭ᠎ᠠ ᠵᠢᠨ ᠰᠠᠭᠤᠷᠢᠨ 


ᠮᠤᠲ᠋ᠤᠷ ᠵᠠᠢᠳᠠᠯᠠᠭᠠᠳ ᠳᠤᠳᠤᠷᠭ᠎ᠠ ᠬᠦᠷᠭᠡᠳᠡᠭ ᠵᠠᠯᠠᠭᠤ ᠵᠢᠶᠠᠩ ᠬᠤᠩ ᠢᠥᠢ ᠪᠤᠯ ᠬᠢᠩᠭᠠᠨ ᠠᠢᠮᠠᠭ ᠤ᠋ᠨ ᠵᠠᠯᠠᠢᠳ ᠬᠤᠰᠢᠭᠤᠨ ᠤ᠋ ᠪᠠᠶᠠᠠ ᠤᠯᠠᠭᠠᠨ᠎ᠠ ᠰᠤᠮᠤ ᠶ᠋ᠢᠨ ᠮᠠᠯᠴᠢᠨ᠃ 1998 ᠤᠨ ᠳ᠋ᠤ ᠳᠡᠭᠡᠳᠦ ᠲᠤᠮᠳᠠᠳᠦ ᠪᠠᠨ ᠳᠡᠬᠦᠰᠦᠭᠡᠳ ᠬᠦᠰᠡᠵᠦ ᠰᠠᠨᠠᠭᠰᠠᠨ ᠶᠡᠬᠡ ᠰᠤᠷᠭᠠᠭᠤᠯᠢ ᠳ᠋ᠠᠭᠠᠨ ᠤᠷᠤᠵᠦ ᠴᠢᠳᠠᠭ᠎ᠠ ᠦᠬᠡᠢ ᠴᠤ᠌ ᠬᠦᠮᠦᠨ ᠤ᠋ ᠲᠤᠭᠤᠰᠤᠨ ᠳ᠋ᠤ ᠦᠯᠦ ᠳᠠᠷᠤᠭᠳᠠᠬᠤ ᠬᠡᠮᠡᠭᠰᠡᠨ ᠬᠠᠳᠠᠭᠤ ᠵᠤᠷᠢᠭ ᠢ᠋ ᠡᠪᠦᠷᠯᠡᠨ ᠬᠦᠬᠡᠬᠤᠳᠠ ᠳ᠋ᠤ ᠢᠷᠡᠵᠦ ᠬᠦᠯᠦᠰᠦᠨ ᠠᠵᠢᠯ ᠬᠢᠵᠦ᠂ ᠵᠤᠷᠢᠭ ᠤᠬᠠᠭᠠᠨ ᠰᠤᠢᠵᠦ ᠡᠬᠢᠯᠡᠭᠰᠡᠨ ᠨᠢ 28 ᠵᠢᠯ ᠤ᠋ᠨ ᠲᠡᠷᠳᠡᠭᠡᠬᠢ ᠭᠠᠯᠳᠠᠢ ᠴᠤᠭᠳᠠᠢ ᠨᠠᠰᠤᠨ ᠤ᠋ ᠬᠢᠨᠢ ᠨᠠᠨᠳᠢᠨ ᠲᠤᠷᠠᠰᠤᠮᠵᠢ ᠪᠤᠯᠵᠠᠢ᠃

《ᠰᠠᠶᠢ ᠬᠦᠬᠡᠬᠤᠳᠠ ᠳ᠋ᠤ ᠢᠷᠡᠭᠡᠳ ᠪᠠᠷᠢᠯᠭ᠎ᠠ ᠶ᠋ᠢᠨ ᠭᠠᠵᠠᠷ ᠤᠴᠢᠵᠦ᠂ ᠡᠳᠦᠷ ᠤ᠋ᠨ 15 ᠲᠦᠬᠦᠷᠢᠭ ᠤ᠋ᠨ ᠬᠠᠷ᠎ᠠ ᠬᠦᠴᠦᠨ ᠤ᠋ ᠠᠵᠢᠯ ᠬᠢᠵᠦ ᠡᠬᠢᠯᠡᠭᠰᠡᠨ᠃ ᠤᠳᠤ ᠶ᠋ᠢᠨ ᠦᠪᠦᠷ ᠮᠤᠨᠭᠭᠤᠯ ᠤ᠋ᠨ ᠨᠤᠮ ᠤ᠋ᠨ ᠰᠠᠩ ᠤ᠋ᠨ ᠠᠰᠠᠷ ᠢ᠋ ᠲᠡᠷᠡ ᠦᠶ᠎ᠠ ᠳ᠋ᠤ ᠪᠠᠷᠢᠵᠦ ᠪᠠᠢᠭᠰᠠᠨ ᠶᠤᠮ》 ᠭᠡᠳ ᠵᠢᠶᠠᠩ ᠬᠤᠩ ᠢᠥᠢ ᠲᠤᠷᠠᠰᠤᠮᠵᠢ ᠰᠡᠬᠦᠯ᠎ᠠ᠃ ᠪᠠᠷᠢᠯᠭ᠎ᠠ ᠶ᠋ᠢᠨ ᠭᠠᠵᠠᠷ ᠲᠤᠭᠤᠰᠬ᠎ᠠ ᠴᠢᠯᠠᠭᠤ᠂ ᠰᠢᠪᠠᠷ ᠰᠢᠷᠤᠢ ᠲᠠᠢ ᠡᠳᠦᠷᠵᠢᠨ ᠨᠤᠴᠤᠯᠳᠤᠵᠦ᠂ ᠡᠷ᠎ᠠ ᠶ᠋ᠢᠨ ᠵᠤᠷᠢᠭ᠂ ᠵᠠᠯᠠᠭᠤ ᠶ᠋ᠢᠨ ᠤᠮᠤᠭ ᠢ᠋ ᠪᠠᠷᠢᠵᠦ᠂ ᠬᠡᠳᠦᠨ ᠵᠢᠯ ᠶᠠᠮᠠᠷ ᠴᠦ᠍ ᠬᠠᠷ᠎ᠠ ᠪᠤᠷᠤ ᠬᠦᠨᠳᠦ ᠬᠦᠴᠢᠷ ᠠᠵᠢᠯ ᠢ᠋ ᠭᠤᠯᠤᠯ ᠦᠬᠡᠢ ᠬᠢᠵᠦ᠂ ᠤᠷᠤᠢ ᠳ᠋ᠤᠨᠢ ᠭᠠᠷᠬᠤ ᠪᠡᠷ ᠬᠢᠴᠢᠶᠡᠨ ᠵᠢᠳᠬᠦᠵᠦ ᠶᠠᠪᠤᠭᠰᠠᠨ ᠴᠤ᠌ ᠶᠡᠷᠦ ᠨᠢ ᠶᠠᠪᠤᠬᠤ ᠳᠤᠳᠤᠮ ᠰᠠᠨᠠᠭᠰᠠᠨ ᠳ᠋ᠠᠭᠠᠨ ᠬᠦᠷᠬᠦ ᠵᠠᠮ ᠡᠴᠡ ᠵᠠᠢᠳᠠᠵᠦ ᠪᠠᠢᠭ᠎ᠠ ᠪᠠᠨ ᠮᠡᠳᠡᠭᠰᠡᠨ ᠲᠡᠷᠡ ᠪᠡᠷ ᠠᠷᠠᠯᠵᠢᠶ᠎ᠠ ᠮᠠᠢᠮᠠᠢ ᠬᠢᠬᠦ ᠵᠢ ᠰᠤᠪᠢᠵᠦ ᠰᠡᠳᠬᠢᠵᠦ ᠡᠬᠢᠯᠡᠵᠡᠢ᠃


d843d16e-6875-4569-8f11-27222d792a83.png


ᠵᠢᠶᠠᠩ ᠬᠤᠩ ᠢᠤᠢ


《ᠪᠢ ᠶᠠᠮᠠᠷ ᠴᠤ᠌ ᠠᠵᠢᠯ ᠢ᠋ ᠪᠦᠷ ᠬᠢᠵᠦ ᠦᠩᠭᠡᠷᠡᠵᠡᠢ》 ᠭᠡᠳᠡᠭ ᠴᠦᠬᠡᠨ ᠬᠡᠳᠦᠬᠡᠨ ᠦᠬᠡᠨ ᠳ᠋ᠤᠨᠢ ᠵᠢᠶᠠᠩ ᠬᠤᠩ ᠢᠥᠢ ᠶ᠋ᠢᠨ ᠬᠤᠷᠢᠨ ᠬᠡᠳᠦᠨ ᠵᠢᠯ ᠤ᠋ᠨ ᠬᠠᠯᠠ ᠵᠢ ᠳᠠᠪᠠᠨ ᠬᠦᠨᠳᠦ ᠵᠢ ᠲᠤᠭᠤᠯᠤᠨ ᠶᠠᠪᠤᠭᠰᠠᠨ ᠮᠠᠷᠳᠠᠭᠳᠠᠰᠢ ᠦᠬᠡᠢ ᠤᠨ ᠴᠠᠭ ᠳᠤᠳᠤᠷᠠᠨ᠂ ᠬᠦᠮᠦᠨ ᠡᠴᠡ ᠳᠠᠪᠠᠮᠠᠭᠠᠢᠯᠠᠬᠤ ᠳᠡᠰᠪᠦᠷᠢ ᠳᠡᠪᠴᠢᠶᠡᠷᠢ᠂ ᠤᠬᠠᠭᠠᠨ ᠪᠤᠳᠤᠯ ᠠᠯᠢ ᠠᠯᠢ ᠨᠢ ᠮᠡᠳᠡᠷᠡᠭᠳᠡᠨ᠎ᠠ᠃ ᠬᠠᠷᠠᠬᠠᠨ ᠪᠠᠭ᠎ᠠ ᠡᠴᠡ ᠪᠠᠨ ᠵᠤᠷᠢᠭ ᠰᠦᠰᠦ ᠶᠡᠬᠡᠳᠡᠢ ᠪᠦᠭᠡᠳ ᠠᠵᠢᠯ ᠶᠠᠪᠤᠳᠠᠯ ᠳ᠋ᠤ ᠬᠢᠨᠠᠮᠠᠭᠠᠢ ᠬᠠᠨᠳᠤᠳᠠᠭ ᠵᠢᠶᠠᠩ ᠬᠤᠩ ᠢᠥᠢ ᠶ᠋ᠢᠨ ᠠᠷᠠᠯᠵᠢᠶ᠎ᠠ ᠬᠢᠵᠦ ᠦᠢᠯᠡᠰ ᠪᠤᠰᠬᠠᠬᠤ ᠳ᠋ᠤ ᠤᠯᠠᠨ ᠰᠠᠢᠨ ᠠᠨᠳᠠ ᠨᠦᠬᠦᠳ᠂ ᠠᠬᠠᠰ ᠵᠠᠬᠠᠰ ᠨᠢ ᠲᠤᠰᠠ ᠳᠡᠮ ᠪᠤᠯᠵᠦ᠂ ᠢᠯᠠᠩᠭᠤᠶ᠎ᠠ ᠠᠢᠯ ᠭᠡᠷ ᠪᠤᠯᠵᠦ᠂ ᠬᠠᠨᠢ ᠲᠠᠢ ᠬᠦᠦ ᠲᠠᠢ ᠪᠤᠯᠤᠭᠰᠠᠨ ᠨᠢ ᠲᠡᠬᠦᠨ ᠤ᠋ ᠡᠷᠴᠢ ᠵᠤᠷᠢᠭ ᠢ᠋ ᠤᠯᠠᠮ ᠬᠤᠷᠴᠠᠯᠠᠨ᠂ ᠦᠢᠯᠡᠰ ᠤ᠋ᠨ ᠲᠦᠷᠦᠬᠡᠨ ᠳ᠋ᠤᠨᠢ ᠦᠨᠳᠡᠢᠯᠭᠡᠵᠡᠢ᠃ ᠤᠷᠤᠯᠳᠤᠯᠭ᠎ᠠ ᠰᠠᠢᠳᠠᠢ ᠲᠡᠷᠡ ᠪᠡᠷ ᠮᠡᠳᠡᠯᠭᠡ ᠮᠡᠷᠭᠡᠵᠢᠯ ᠰᠤᠷᠴᠤ ᠡᠵᠡᠮᠰᠢᠬᠦ ᠨᠢ ᠠᠵᠢᠯ ᠦᠢᠯᠡᠰ ᠪᠤᠰᠬᠠᠬᠤ ᠳ᠋ᠤ ᠶᠡᠬᠡ ᠲᠤᠰᠠ ᠳᠡᠮ ᠪᠤᠯᠵᠦ᠂ ᠰᠡᠳᠬᠢᠬᠦᠢ ᠲᠤᠷᠰᠢᠯᠭ᠎ᠠ ᠶ᠋ᠢᠨ ᠬᠤᠷᠠᠮᠳᠤᠯᠭ᠎ᠠ ᠪᠤᠯᠵᠤ ᠪᠤᠯᠬᠤ ᠵᠢ ᠮᠡᠳᠡᠭᠡᠳ᠂ ᠠᠵᠢᠯ ᠤ᠋ᠨ ᠰᠤᠯᠠ ᠰᠡᠯᠡᠬᠦᠦ ᠴᠠᠭ ᠶ᠋ᠢᠡᠨ ᠠᠰᠢᠭᠯᠠᠨ ᠦᠨᠳᠦᠷ ᠵᠡᠷᠭᠡ ᠶ᠋ᠢᠨ ᠠᠵᠢᠯ ᠮᠡᠷᠭᠡᠵᠢᠯ ᠤ᠋ᠨ ᠳᠡᠭᠡᠳᠦ ᠰᠤᠷᠭᠠᠭᠤᠯᠢ ᠳ᠋ᠤ ᠦᠢᠯᠡᠳᠪᠦᠷᠢ ᠬᠤᠳᠠᠯᠳᠤᠭᠠᠨ ᠤ᠋ ᠮᠡᠷᠭᠡᠵᠢᠯ ᠰᠤᠷᠴᠤ᠂ ᠦᠪᠡᠷ ᠢ᠋ ᠪᠠᠨ ᠳᠡᠬᠦᠯᠳᠡᠷᠵᠢᠬᠦᠯᠵᠦ ᠶᠠᠪᠤᠭᠰᠠᠨ ᠨᠢ ᠤᠯᠵᠠᠭᠤᠷᠬᠠᠯ ᠪᠤᠯᠤᠭᠰᠠᠨ ᠪᠢᠯᠡ᠃

2008 ᠤᠨ ᠳ᠋ᠤ ᠵᠢᠶᠠᠩ ᠬᠤᠩ ᠢᠥᠢ ᠵᠠᠷ ᠮᠡᠳᠡᠭᠡᠨ ᠤ᠋ ᠺᠤᠮᠫᠠᠨᠢ ᠪᠠᠨ ᠪᠠᠢᠭᠤᠯᠵᠦ᠂ ᠭᠤᠤᠯᠳᠠᠭᠤ ᠳᠡᠭᠡᠳᠦ ᠳᠡᠰ ᠤ᠋ᠨ ᠪᠠᠭᠤᠳᠠᠯ᠂ ᠬᠤᠭᠤᠯᠠᠨ ᠭᠡᠷ ᠲᠤ᠌ ᠵᠤᠷᠢᠭᠤᠯᠤᠭᠰᠠᠨ ᠵᠠᠭᠤᠰᠢᠨ ᠤ᠋ ᠵᠠᠬᠢᠶᠠᠯᠠᠭ᠎ᠠ ᠶ᠋ᠢᠨ ᠡᠯᠧᠺᠲ᠋ᠷᠤᠨ ᠰᠤᠹᠲ ᠲᠦᠬᠦᠭᠡᠷᠦᠮᠵᠢ ᠬᠢᠵᠠᠢ᠃ 《ᠲᠡᠷᠡ ᠬᠦ᠌ ᠰᠤᠹᠲ ᠲᠦᠬᠦᠭᠡᠷᠦᠮᠵᠢ ᠵᠢ ᠲᠤᠰᠬᠠᠢᠯᠠᠨ ᠭᠤᠧᠠᠩᠳ᠋ᠦ᠋ᠩ ᠳ᠋ᠤ ᠬᠦᠷᠴᠦ 50 ᠲᠦᠮᠡ ᠭᠠᠷᠤᠢ ᠲᠦᠬᠦᠷᠢᠭ ᠶ᠋ᠢᠡᠷ ᠠᠪᠴᠤ ᠢᠷᠡᠭᠰᠡᠨ ᠶᠤᠮ᠃ ᠬᠡᠳᠦᠨ ᠵᠢᠯ ᠤᠷᠤᠭᠰᠢᠳᠠᠢ ᠬᠢᠵᠦ 2012 ᠤᠨ ᠪᠤᠯᠬᠤ ᠳ᠋ᠤ ᠵᠠᠬ᠎ᠠ ᠳᠡᠯᠭᠡᠬᠦᠷ ᠤ᠋ᠨ ᠲᠦᠷᠢᠯᠳᠡ᠂ ᠠᠵᠤ ᠠᠬᠤᠢ ᠶ᠋ᠢᠨ ᠬᠤᠪᠢᠰᠤᠯᠳᠠ ᠡᠴᠡ ᠪᠤᠯᠤᠭᠠᠳ ᠬᠤᠭᠤᠯᠠᠨ ᠬᠡᠷ ᠤ᠋ᠳ ᠤ᠋ᠨ ᠠᠷᠠᠯᠵᠢᠶ᠎ᠠ ᠮᠠᠢᠮᠠᠢ ᠶᠡᠬᠡ ᠪᠡᠷ ᠦᠬᠡᠷᠡᠳᠤᠵᠤ᠂ ᠮᠠᠨ ᠤ᠋ ᠵᠠᠷ ᠮᠡᠳᠡᠭᠡᠨ ᠤ᠋ ᠠᠷᠠᠯᠵᠢᠶ᠎ᠠ ᠴᠤ᠌ ᠪᠦᠳᠦᠬᠦ ᠪᠠᠨ ᠪᠤᠯᠢᠵᠠᠢ᠃ ᠠᠷᠭ᠎ᠠ ᠪᠤᠰᠤ 50 ᠲᠦᠮᠡ ᠭᠠᠷᠤᠢ ᠲᠦᠬᠦᠷᠢᠭ ᠤ᠋ᠨ ᠲᠦᠬᠦᠬᠡᠷᠦᠮᠵᠢ ᠪᠡᠨ ᠲᠡᠮᠦᠷ ᠤ᠋ᠨ ᠦᠨ᠎ᠠ ᠪᠡᠷ ᠪᠤᠳᠤᠭᠠᠳ 2 ᠲᠦᠮᠡ ᠭᠠᠷᠤᠢ ᠲᠦᠬᠦᠷᠢᠭ ᠶ᠋ᠢᠡᠷ ᠬᠤᠳᠠᠯᠳᠤᠴᠢᠬᠠᠭᠰᠠᠨ ᠰᠢᠳᠡ》 ᠭᠡᠵᠤ ᠵᠢᠶᠠᠩ ᠬᠤᠩ ᠢᠥᠢ ᠠᠷᠭ᠎ᠠ ᠪᠠᠷᠠᠭᠳᠠᠭᠰᠠᠨ ᠪᠠᠢᠳᠠᠯ ᠲᠠᠢ ᠢᠨᠢᠶᠡᠨ᠎ᠠ᠃


883f14d2-4a8c-41fd-ba84-666e4882fa0b.png


ᠲᠤᠰᠭᠠᠢ ᠬᠤᠳᠠᠯᠳᠤᠭᠠᠨ᠎ᠤ ᠳᠡᠯᠭᠡᠭᠦᠷ᠎ᠲᠦ


ᠺᠤᠮᠫᠠᠨᠢ ᠨᠢ ᠳᠠᠮᠫᠤᠷᠠᠭᠰᠠᠨ ᠬᠠᠭᠠᠰ ᠵᠢᠯ ᠤ᠋ᠨ ᠳᠤᠳᠤᠷ᠎ᠠ ᠲᠡᠷᠡ ᠭᠤᠨᠢᠵᠦ ᠭᠤᠳᠤᠷᠠᠵᠦ ᠦᠪᠡᠷ ᠢ᠋ ᠪᠠᠨ ᠲᠠᠶᠠᠭᠳᠠᠭᠰᠠᠨ ᠦᠬᠡᠢ᠂ ᠬᠠᠷᠢᠨ ᠢᠯᠠᠭᠳᠠᠯ ᠡᠴᠡ ᠪᠠᠨ ᠰᠤᠷᠭᠠᠮᠵᠢ ᠠᠪᠴᠤ᠂ ᠪᠤᠰᠤᠳ ᠡᠴᠡ ᠳᠠᠪᠠᠮᠠᠭᠠᠢ ᠰᠡᠳᠬᠢᠯ ᠤ᠋ᠨ ᠲᠠᠷ ᠳᠡᠩᠬᠡᠬᠡ ᠪᠡᠷ ᠦᠪᠡᠷ ᠢ᠋ ᠪᠠᠨ ᠬᠢᠨᠠᠨ ᠰᠢᠬᠦᠵᠦ᠂ ᠦᠪᠡᠷ ᠤ᠋ᠨ ᠪᠠᠶ᠎ᠠ ᠳ᠋ᠡᠬᠡᠨ ᠤᠯᠠᠮ ᠰᠠᠢᠨ ᠲᠤᠬᠢᠷᠠᠬᠤ ᠦᠢᠯᠡᠰ ᠤ᠋ᠨ ᠵᠠᠮ ᠢ᠋ ᠪᠤᠳᠤᠵᠦ ᠶᠠᠪᠤᠵᠠᠢ᠃

ᠲᠦᠷᠦᠭᠰᠡᠨ ᠨᠤᠲᠤᠭ ᠤ᠋ᠨ ᠬᠦᠮᠦᠨ ᠠᠷᠠᠳ᠂ ᠠᠭᠤᠯᠠ ᠤᠰᠤ ᠤᠷᠭᠤᠮᠠᠯ ᠠᠮᠢᠳᠠᠨ ᠨᠢ ᠬᠦᠷᠳᠡᠯ᠎ᠠ ᠮᠤᠬᠤᠷᠳᠠᠭᠰᠠᠨ ᠴᠠᠭ ᠲᠤ᠌ ᠰᠡᠳᠬᠢᠯ ᠳᠡᠭᠰᠢᠯᠡᠬᠦ ᠷᠢᠳᠢ ᠰᠢᠳᠢ ᠲᠠᠢ ᠬᠡᠮᠡᠨ ᠤᠷᠠᠨ ᠵᠤᠬᠢᠶᠠᠯ ᠳ᠋ᠤ ᠪᠢᠴᠢᠳᠡᠭ ᠰᠢᠭ᠌ ᠶ᠋ᠢᠡᠷ᠂ ᠵᠢᠶᠠᠩ ᠬᠤᠩ ᠢᠥᠢ ᠨᠢᠭᠡ ᠤᠳᠠᠭ᠎ᠠ ᠨᠤᠲᠤᠭ ᠲᠠᠭᠠᠨ ᠬᠠᠷᠢᠵᠦ᠂ ᠲᠦᠷᠦᠯ ᠰᠠᠳᠤᠨ ᠨᠠᠢᠵᠠ ᠨᠦᠬᠦᠳ ᠲᠠᠢ ᠪᠠᠨ ᠠᠭᠤᠯᠵᠠᠨ ᠵᠤᠯᠭᠠᠵᠦ ᠶᠠᠪᠤᠬᠤ ᠳ᠋ᠠᠭᠠᠨ ᠨᠤᠲᠤᠭ ᠤ᠋ᠨ ᠬᠦᠮᠦᠰ ᠤ᠋ᠨ ᠳᠠᠷᠢᠭᠰᠠᠨ ᠲᠤᠳᠤᠷᠭ᠎ᠠ ᠨᠢ ᠮᠠᠰᠢ ᠠᠮᠳᠠᠳᠠᠢ ᠰᠠᠨᠠᠭᠳᠠᠭᠰᠠᠨ ᠶ᠋ᠢᠡᠷ ᠲᠡᠬᠦᠨ ᠤ᠋ ᠲᠤᠳᠤᠷ᠎ᠠ ᠬᠢᠩᠭᠠᠨ ᠠᠢᠮᠠᠭ ᠤ᠋ᠨ ᠲᠤᠳᠤᠷᠭ᠎ᠠ ᠪᠠᠨ ᠭᠠᠳᠠᠭᠰᠢ ᠤᠬᠠᠭᠤᠯᠵᠦ ᠪᠤᠷᠤᠯᠠᠭᠤᠯᠬᠤ ᠪᠤᠳᠤᠯ ᠬᠢᠯᠠᠰᠬᠢᠨ ᠪᠠᠭᠤᠯ᠎ᠠ᠃

ᠵᠤᠷᠢᠭ ᠰᠢᠭᠤᠳᠪᠠᠯ ᠬᠢᠳᠡᠭ ᠡᠷᠡᠮᠡᠭᠡᠢ ᠵᠠᠩ ᠶ᠋ᠢᠡᠷ ᠶ᠋ᠢᠡᠨ ᠵᠢᠶᠠᠩ ᠬᠤᠩ ᠢᠥᠢ 2013 ᠤᠨ ᠡᠴᠡ ᠨᠤᠲᠤᠭ ᠤ᠋ᠨ ᠶ᠋ᠢᠡᠨ ᠲᠤᠳᠤᠷᠭ᠎ᠠ ᠵᠢ ᠬᠦᠬᠡᠬᠤᠳᠠ ᠳ᠋ᠤ ᠪᠤᠷᠤᠯᠠᠭᠤᠯᠵᠦ ᠡᠬᠢᠯᠡᠪᠠ᠃ 《ᠰᠠᠶᠢ ᠡᠬᠢᠯᠡᠭᠡᠳ ᠬᠤᠳᠠᠯᠳᠤᠵᠦ ᠪᠠᠢᠬᠤ ᠳ᠋ᠤ ᠵᠠᠷᠢᠮ ᠬᠦᠮᠦᠨ ᠬᠢᠩᠭᠠᠨ ᠠᠢᠮᠠᠭ ᠭᠡᠵᠦ ᠬᠠᠮᠢᠭᠠᠬᠢ ᠭᠠᠵᠠᠷ ᠢ᠋ ᠴᠤ᠌ ᠮᠡᠳᠡᠬᠦ ᠦᠬᠡᠢ᠂ ᠬᠠᠷᠢᠨ ᠤᠯᠠᠭᠠᠨᠬᠤᠳᠠ ᠶᠤᠮ ᠤᠤ ᠡᠰᠡᠬᠦᠯ᠎ᠠ ᠪᠤᠤ ᠠᠨ ᠵᠤᠤ ᠶ᠋ᠢᠨ ᠳᠤᠳᠤᠷᠭ᠎ᠠ ᠭᠡᠪᠡᠯ ᠵᠠᠷᠢᠮ ᠨᠢ ᠮᠡᠳᠡᠳᠡᠭ ᠪᠠᠢᠭᠰᠠᠨ》 ᠭᠡᠵᠤ ᠵᠢᠶᠠᠩ ᠬᠤᠩ ᠢᠥᠢ ᠢᠨᠢᠶᠡᠮᠰᠦᠭᠯᠡᠨ ᠶᠠᠷᠢᠨ᠎ᠠ᠃

ᠲᠦᠮᠡᠨ ᠶᠠᠪᠤᠳᠠᠯ ᠤ᠋ᠨ ᠲᠦᠷᠦᠬᠦᠦ ᠠᠯᠬᠤᠮ ᠢ᠋ ᠵᠤᠷᠢᠭᠳᠠᠢ ᠠᠯᠬᠤᠭᠰᠠᠨ ᠵᠢᠶᠠᠩ ᠬᠤᠩ ᠢᠥᠢ ᠳᠤᠳᠤᠷᠭ᠎ᠠ ᠪᠠᠨ ᠬᠤᠳᠠᠯᠳᠤᠬᠤ ᠭᠡᠵᠦ ᠵᠢᠵᠢᠬᠭᠡᠨ ᠵᠠᠷ ᠮᠡᠳᠡᠭᠡᠨ ᠤ᠋ ᠬᠠᠭᠤᠳᠠᠰᠤ ᠬᠢᠴᠢᠬᠡᠭᠡᠳ ᠬᠤᠷᠢᠶᠠᠯᠠᠯ ᠳᠠᠷᠠᠭᠠᠯᠠᠨ ᠶᠠᠪᠤᠵᠦ᠂ ᠡᠷᠦᠬᠡ ᠳᠠᠷᠠᠭᠠᠯᠠᠨ ᠲᠦᠭᠡᠭᠡᠵᠦ᠂ ᠬᠡᠨ ᠨᠢᠭᠡ ᠨᠢ ᠤᠳᠠᠰᠤ ᠢᠷᠡᠵᠦ ᠳᠤᠳᠤᠷᠭ᠎ᠠ ᠵᠠᠬᠢᠶᠠᠯᠠᠪᠠᠯ ᠲᠡᠷᠡ ᠲᠠᠷᠤᠢ ᠳ᠋ᠤᠨᠢ ᠬᠦᠷᠭᠡᠳᠡᠭ ᠪᠠᠢᠯ᠎ᠠ᠃ 《ᠦᠪᠡᠷ ᠶ᠋ᠢᠡᠨ ᠵᠠᠷ ᠮᠡᠳᠡᠭᠡᠨ ᠤ᠋ ᠺᠤᠮᠫᠠᠨᠢ ᠬᠢᠵᠦ ᠪᠠᠢᠭᠰᠠᠨ ᠤ᠋ ᠰᠠᠢᠨ ᠶ᠋ᠢᠡᠷ ᠤᠬᠠᠭᠤᠯᠭ᠎ᠠ ᠬᠢᠬᠦ᠂ ᠵᠠᠷ ᠳᠠᠷᠬᠠᠭᠠᠬᠤ ᠶ᠋ᠢᠨ ᠴᠢᠬᠤᠯᠠ ᠴᠢᠨᠠᠷ ᠢ᠋ ᠮᠡᠳᠡᠨ᠎ᠠ᠃ ᠲᠡᠷᠡ ᠦᠶ᠎ᠠ ᠳ᠋ᠤ ᠬᠦᠬᠡᠬᠤᠳᠠ ᠳ᠋ᠤ 300 ᠲᠦᠮᠡ ᠰᠢᠬᠠᠮ ᠬᠦᠮᠦᠨ ᠠᠮᠠ ᠲᠠᠢ ᠪᠡᠷ ᠪᠤᠳᠤᠭᠠᠳ ᠭᠤᠷᠪᠠᠨ ᠤ᠋ ᠨᠢᠭᠡ ᠬᠤᠪᠢ ᠶ᠋ᠢᠨ ᠠᠢᠯ ᠬᠢᠩᠭᠠᠨ ᠠᠢᠮᠠᠭ ᠤ᠋ᠨ ᠳᠤᠳᠤᠷᠭ᠎ᠠ ᠵᠢ ᠢᠳᠡᠬᠦ ᠪᠤᠯᠪᠠᠯ ᠮᠢᠨᠤ ᠠᠷᠠᠯᠵᠢᠶ᠎ᠠ ᠶᠠᠮᠠᠷ ᠬᠡᠮᠵᠢᠶᠡᠨ ᠳ᠋ᠤ ᠬᠦᠷᠬᠦ ᠵᠢ ᠪᠤᠤ ᠮᠡᠳᠡ ᠬᠡᠵᠤ ᠪᠤᠳᠤᠵᠦ ᠪᠠᠢᠭᠰᠠᠨ》 ᠭᠡᠳ ᠵᠢᠶᠠᠩ ᠬᠤᠩ ᠢᠥᠢ ᠪᠤᠳᠤᠯ ᠶ᠋ᠢᠡᠨ ᠳᠡᠯᠭᠡᠨ᠎ᠠ᠃ ᠤᠯᠠᠨ ᠢ᠋ ᠰᠦᠪᠡᠭᠴᠢᠯᠡᠵᠦ᠂ ᠬᠤᠯᠠ ᠵᠢ ᠪᠤᠳᠤᠳᠠᠭ ᠲᠡᠷᠡ ᠪᠡᠷ 2015 ᠤᠨ ᠳ᠋ᠤ ᠬᠢᠩᠭᠠᠨ ᠠᠢᠮᠠᠭ ᠤ᠋ᠨ ᠲᠤᠳᠤᠷᠭ᠎ᠠ ᠪᠠᠨ ᠰᠠᠭᠤᠭᠠᠯᠢ ᠠᠷᠠᠳ ᠤ᠋ᠨ ᠬᠤᠷᠢᠶᠠᠯᠠᠯ ᠤ᠋ᠨ ᠵᠢᠵᠢᠭ ᠳᠡᠯᠭᠡᠭᠦᠷ ᠤ᠋ᠳ᠂ ᠲᠤᠮᠤ ᠲᠤᠮᠤ ᠬᠡᠳᠦ ᠳᠡᠯᠭᠡᠬᠦᠷ ᠲᠤ᠌ ᠳᠠᠯᠪᠢᠵᠦ ᠬᠤᠳᠠᠯᠳᠤᠬᠤ ᠭᠡᠰᠡᠨ ᠳ᠋ᠤ ᠵᠠᠷᠤᠳᠠᠯ ᠨᠢ ᠬᠡᠳᠦ ᠶᠡᠬᠡ ᠪᠤᠯᠬᠤᠷ ᠪᠦᠷ ᠪᠦᠳᠦᠭᠰᠡᠨ ᠦᠬᠡᠢ᠃


0f967267-7207-452e-9665-3ec47ee94628.png


ᠬᠠᠮ ᠪᠠᠷᠠᠭ᠎ᠠ


ᠵᠢᠯᠤᠭᠤ ᠰᠤᠩᠭᠠᠭᠰᠠᠨ ᠦᠢᠯᠡᠰ᠂ ᠵᠤᠷᠢᠭ ᠡᠷᠴᠢᠯᠡᠭᠰᠡᠨ ᠵᠦᠭ ᠲᠡᠭᠡᠨ ᠬᠦᠷᠬᠦ ᠭᠡᠵᠦ ᠵᠢᠶᠠᠩ ᠬᠤᠩ ᠢᠥᠢ ᠤᠯᠠ ᠶ᠋ᠢᠨ ᠬᠦᠯᠦᠰᠦ ᠪᠠᠨ ᠤᠷᠤᠢ ᠳ᠋ᠠᠭᠠᠨ ᠭᠠᠷᠳᠠᠯ᠎ᠠ ᠵᠢᠳᠬᠦᠵᠦ ᠶᠠᠪᠤᠵᠠᠢ᠃ ᠦᠷᠯᠦᠬᠡ ᠡᠷᠳᠡᠯᠡᠨ ᠪᠤᠰᠴᠤ᠂ ᠳᠤᠳᠤᠷᠭ᠎ᠠ ᠪᠠᠨ ᠲᠤᠮᠤ ᠵᠢᠵᠢᠭ ᠤᠯᠠᠨ ᠶᠠᠩᠵᠦ ᠪᠡᠷ ᠰᠠᠪᠠᠯᠠᠨ᠂ ᠡᠷᠳᠡ ᠶ᠋ᠢᠨ ᠵᠠᠬ᠎ᠠ ᠳ᠋ᠤ ᠬᠦᠷᠴᠦ ᠨᠢᠭᠡᠳ ᠨᠢᠭᠡ ᠪᠡᠷ ᠳᠠᠨᠢᠯᠴᠠᠭᠤᠯᠤᠨ ᠬᠤᠳᠠᠯᠳᠤᠭᠰᠠᠨ ᠪᠦᠬᠡᠳ ᠳᠤᠳᠤᠷᠭ᠎ᠠ ᠶ᠋ᠢᠨ ᠤᠭᠤᠳᠠᠨ ᠳᠤᠳᠤᠷ᠎ᠠ ᠵᠠᠷ ᠮᠡᠳᠡᠭᠡᠨ ᠤ᠋ ᠬᠠᠭᠤᠳᠠᠰᠤ ᠪᠠᠨ ᠳᠠᠭᠠᠯᠳᠤᠭᠤᠯᠤᠨ ᠦᠭᠴᠦ᠂ ᠬᠡᠷᠡᠭᠯᠡᠭᠴᠢᠳ ᠶ᠋ᠢᠡᠨ ᠨᠢᠭᠡ ᠨᠢᠭᠡ ᠪᠡᠷ ᠨᠡᠮᠡᠭᠳᠡᠬᠦᠯᠵᠦ ᠠᠪᠴᠠᠢ᠃ ᠤᠷᠤᠢ ᠨᠢ ᠠᠵᠢᠯ ᠡᠴᠡ ᠪᠠᠭᠤᠬᠤ ᠴᠠᠭ ᠢ᠋ ᠲᠤᠬᠢᠶᠠᠨ᠂ ᠲᠤᠮᠤᠬᠠᠨ ᠰᠢᠬ ᠰᠠᠭᠤᠭᠠᠯᠢ ᠠᠷᠠᠳ ᠤ᠋ᠨ ᠬᠤᠷᠢᠶᠠᠯᠠᠯ ᠤ᠋ᠨ ᠡᠬᠦᠳᠡᠨ ᠳ᠋ᠤ ᠬᠦᠷᠴᠦ ᠳᠤᠳᠤᠷᠭ᠎ᠠ ᠪᠠᠨ ᠳᠡᠯᠭᠡᠨ ᠬᠤᠳᠠᠯᠳᠤᠨ᠎ᠠ᠃ ᠳᠡᠭᠡᠬᠦ ᠳ᠋ᠤ ᠲᠡᠬᠦᠨ ᠤ᠋ ᠦᠨᠡᠨᠴᠢ ᠢᠳᠡᠭᠡᠮᠵᠢ ᠪᠤᠯᠤᠨ ᠬᠢᠩᠭᠠᠨ ᠠᠢᠮᠠᠭ ᠤ᠋ᠨ ᠳᠤᠳᠤᠷᠭ᠎ᠠ ᠶ᠋ᠢᠨ ᠠᠮᠳᠠ ᠰᠢᠮ᠎ᠠ ᠠᠭᠠᠵᠢᠮ ᠶ᠋ᠢᠡᠷ ᠬᠦᠮᠦᠰ ᠲᠤ᠌ ᠮᠡᠳᠡᠷᠡᠭᠳᠡᠵᠦ᠂ ᠨᠡᠩ ᠤᠯᠠᠨ ᠬᠦᠮᠦᠨ ᠬᠢᠩᠭᠠᠨ ᠠᠢᠮᠠᠭ ᠤ᠋ᠨ ᠳᠤᠳᠤᠷᠭ᠎ᠠ ᠢᠳᠡᠬᠦ ᠪᠤᠯᠤᠭᠰᠠᠨ ᠶ᠋ᠢᠡᠷ ᠵᠢᠶᠠᠩ ᠬᠤᠩ ᠢᠥᠢ ᠶ᠋ᠢᠨ ᠠᠷᠠᠯᠵᠢᠶ᠎ᠠ ᠴᠦ᠍ ᠡᠳᠦᠷ ᠡᠴᠡ ᠡᠳᠦᠷ ᠦᠭᠡᠳᠡᠯᠡᠵᠡᠢ᠃

ᠠᠷᠠᠯᠵᠢᠶ᠎ᠠ ᠰᠠᠢᠵᠢᠷᠠᠵᠤ ᠬᠡᠷᠡᠭᠴᠡᠭᠡ ᠨᠡᠮᠡᠭᠳᠡᠬᠦ ᠵᠢ ᠳᠠᠭᠠᠯᠳᠤᠨ ᠲᠡᠷᠡ 《ᠬᠢᠩᠭᠠᠨ ᠠᠢᠮᠠᠭ ᠤ᠋ᠨ ᠳᠤᠳᠤᠷᠭ᠎ᠠ》 ᠬᠡᠮᠡᠬᠦ ᠠᠩᠬᠠᠨ ᠤ᠋ ᠳᠡᠯᠭᠡᠬᠦᠷ ᠶ᠋ᠢᠡᠨ ᠨᠡᠭᠡᠭᠡᠵᠦ᠂ ᠳᠤᠳᠤᠷᠭ᠎ᠠ ᠪᠡᠷ ᠭᠤᠤᠯᠳᠠᠭᠤᠯᠤᠭᠰᠠᠨ ᠬᠢᠩᠭᠠᠨ ᠠᠢᠮᠠᠭ ᠤ᠋ᠨ ᠲᠠᠷᠢᠶᠠᠯᠠᠩ ᠤ᠋ᠨ ᠪᠦᠳᠦᠭᠡᠭᠳᠡᠬᠦᠨ ᠤᠨᠴᠠ ᠭᠠᠷᠤᠯᠳᠠ ᠪᠡᠨ ᠬᠤᠳᠠᠯᠳᠤᠵᠦ ᠡᠬᠢᠯᠡᠪᠠ᠃ 《ᠪᠢ ᠶᠡᠷᠤ ᠨᠢ ᠲᠤᠭᠳᠠᠮᠠᠯ ᠬᠡᠷᠡᠭᠯᠡᠭᠴᠢ ᠲᠠᠢ ᠪᠤᠯᠬᠤ ᠵᠢ ᠠᠩᠬᠠᠷᠴᠤ᠂ ᠢᠳᠡᠭᠡᠯ ᠢ᠋ ᠡᠷᠬᠢᠮᠯᠡᠳᠡᠭ᠃ ᠠᠩᠬ᠎ᠠ ᠡᠬᠢᠯᠡᠭᠡᠳ ᠬᠦᠮᠦᠨ ᠬᠦᠯᠦᠰᠦᠯᠡᠨ ᠨᠤᠲᠤᠭ ᠤ᠋ᠨ ᠳᠠᠬᠢᠶᠠᠨ ᠮᠢᠬ᠎ᠠ᠂ ᠦᠨᠳᠡᠭᠡ᠂ ᠹᠧᠨᠲ᠋ᠢᠶᠤᠤᠷ᠂ ᠳᠠᠪᠤᠰᠤᠯᠠᠭᠰᠠᠨ ᠨᠤᠭᠤᠭ᠎ᠠ᠂ ᠬᠠᠳᠠᠭᠠᠭᠰᠠᠨ ᠪᠤᠷᠴᠠᠭ ᠵᠡᠷᠭᠡ ᠤᠯᠠᠨ ᠲᠦᠷᠦᠯ ᠤ᠋ᠨ ᠪᠦᠳᠦᠭᠡᠭᠳᠡᠬᠦᠨ ᠢ᠋ ᠨᠤᠲᠤᠭ ᠤ᠋ᠨ ᠬᠦᠮᠦᠰ ᠡᠴᠡ ᠵᠠᠬ᠎ᠠ ᠳᠡᠯᠬᠡᠬᠦᠷ ᠤ᠋ᠨ ᠦᠨ᠎ᠠ ᠡᠴᠡ ᠲᠠᠬᠡᠬᠦᠷ ᠬᠤᠳᠠᠯᠳᠤᠨ ᠠᠪᠤᠭᠤᠯᠵᠦ᠂ ᠬᠦᠬᠡᠬᠤᠳᠠ ᠳ᠋ᠤ ᠵᠠᠷᠤᠳᠠᠭ ᠪᠠᠢᠭᠰᠠᠨ᠃ ᠤᠷᠴᠢᠮ ᠤ᠋ᠨ ᠬᠤᠶᠠᠷ ᠵᠢᠯ ᠡᠴᠡ ᠮᠠᠨ ᠤ᠋ ᠨᠤᠲᠤᠭ ᠤ᠋ᠨ ᠳᠠᠬᠢᠶᠠᠨ ᠤ᠋ ᠡᠬᠦᠯᠳᠡᠷ ᠦᠭᠡᠷᠡᠳᠦᠭᠰᠡᠨ ᠡᠴᠡ ᠪᠢ ᠬᠤᠳᠠᠯᠳᠤᠬᠤ ᠪᠠᠨ ᠵᠤᠭᠰᠤᠭᠰᠠᠨ ᠶᠤᠮ》 ᠭᠡᠵᠦ ᠵᠢᠶᠠᠩ ᠬᠤᠩ ᠢᠥᠢ ᠬᠡᠯᠡᠨ᠎ᠠ᠃


804729b0-1f99-4821-8a41-345bc3d6cc1d.png


ᠵᠢᠶᠠᠩ ᠬᠤᠩ ᠢᠤᠢ ᠲᠤᠳᠤᠷᠭ᠎ᠠ᠎ᠪᠠᠨ ᠤᠬᠠᠭᠤᠯᠵᠤ ᠪᠠᠢᠭ᠎ᠠ ᠨᠢ


ᠬᠢᠩᠭᠠᠨ ᠠᠢᠮᠠᠭ ᠤ᠋ᠨ ᠵᠠᠰᠠᠭ ᠤ᠋ᠨ ᠤᠷᠳᠤᠨ 2018 ᠤᠨ ᠡᠴᠡ ᠡᠬᠢᠯᠡᠨ 《ᠬᠢᠩᠭᠠᠨ ᠠᠢᠮᠠᠭ ᠤ᠋ᠨ ᠲᠤᠳᠤᠷᠭ᠎ᠠ》 ᠲᠦᠷᠦᠯ ᠳᠡᠮᠳᠡᠭ ᠢ᠋ ᠴᠤᠭᠴᠠᠯᠠᠵᠤ᠂ 《ᠬᠢᠩᠭᠠᠨ ᠠᠢᠮᠠᠭ ᠤ᠋ᠨ ᠳᠤᠳᠤᠷᠭ᠎ᠠ》 ᠶ᠋ᠢᠨ ᠤᠬᠠᠭᠤᠯᠭ᠎ᠠ ᠪᠤᠷᠤᠯᠠᠭᠤᠯᠭ᠎ᠠ ᠵᠢ ᠶᠡᠬᠡ ᠪᠡᠷ ᠴᠢᠬᠤᠯᠠᠴᠢᠯᠠᠨ ᠬᠢᠭᠰᠡᠨ ᠨᠢ ᠵᠢᠶᠠᠩ ᠬᠤᠩ ᠢᠥᠢ ᠶ᠋ᠢᠨ ᠦᠢᠯᠡᠰ ᠤ᠋ᠨ ᠵᠠᠮ ᠳ᠋ᠤ ᠬᠤᠪᠢᠰᠤᠯᠳᠠ ᠠᠪᠴᠢᠷᠠᠯ᠎ᠠ᠃ ᠲᠡᠷᠡ ᠡᠨᠡ ᠬᠦ᠌ ᠬᠤᠪᠤᠷ ᠨᠠᠨᠳᠢᠨ ᠠᠵᠠ ᠲᠤᠬᠢᠶᠠᠯ ᠢ᠋ ᠠᠳᠬᠤᠨ ᠵᠠᠯᠠᠢᠳ ᠬᠤᠰᠢᠭᠤᠨ ᠤ᠋ ᠱᠦᠢ ᠲᠢᠶᠠᠨ ᠭᠤᠤ ᠢ ᠠᠮᠤ ᠪᠤᠳᠠᠭᠠᠨ ᠤ᠋ ᠺᠤᠮᠫᠠᠨᠢ ᠲᠠᠢ ᠬᠠᠮᠳᠤᠷᠠᠨ ᠦᠯᠦᠬᠡᠢ ᠨᠤᠲᠤᠭ ᠳᠠᠭᠠᠨ ᠵᠠᠯᠠᠢᠳ ᠬᠤᠰᠢᠭᠤᠨ ᠤ᠋ ᠨᠦᠩ ᠢᠥᠢ ᠲᠠᠷᠢᠶᠠᠯᠠᠩ ᠮᠠᠯ ᠠᠵᠤ ᠠᠬᠤᠢ ᠶ᠋ᠢᠨ ᠲᠤᠰᠬᠠᠢ ᠬᠤᠷᠰᠢᠶ᠎ᠠ ᠶ᠋ᠢ ᠪᠠᠢᠭᠤᠯᠤᠭᠰᠠᠨ ᠪᠦᠬᠡᠳ 3 ᠲᠦᠮᠡ ᠭᠠᠷᠤᠢ ᠮᠣ᠌ ᠵᠢᠨ ᠤᠰᠤᠨ ᠲᠤᠳᠤᠷᠭ᠎ᠠ ᠵᠢᠨ ᠰᠠᠭᠤᠷᠢᠨ ᠭᠠᠷᠭᠠᠵᠦ᠂ ᠤᠳᠤ ᠶ᠋ᠢᠨ ᠪᠠᠢᠭ᠎ᠠ 《ᠬᠢᠩᠭᠠᠨ ᠠᠢᠮᠠᠭ ᠤ᠋ᠨ ᠤᠨᠴᠠ ᠭᠠᠷᠤᠯᠳᠠ》 ᠬᠡᠬᠦ ᠲᠤᠮᠤ ᠳᠡᠯᠭᠡᠭᠦᠷ ᠶ᠋ᠢᠡᠨ ᠨᠡᠭᠡᠭᠡᠵᠠᠢ᠃ ᠳᠡᠯᠬᠡᠬᠦᠷ ᠤ᠋ᠨ ᠵᠢᠡᠨ ᠬᠤᠢᠳᠦ ᠬᠠᠨᠠᠨ ᠳᠡᠭᠡᠷ᠎ᠠ ᠪᠤᠭᠳᠠ ᠠᠭᠤᠯᠠ ᠶ᠋ᠢᠨ ᠵᠢᠷᠤᠭ ᠢ᠋ ᠡᠯᠬᠦᠵᠤ᠂ ᠡᠮᠦᠨ᠎ᠠ ᠬᠠᠨᠠᠨ ᠳᠡᠭᠡᠷ᠎ᠡ ᠴᠤᠤᠯ ᠭᠤᠤᠯ ᠤ᠋ᠨ ᠭᠤᠷᠪᠠᠨ ᠤᠯᠠᠷᠢᠯ ᠤ᠋ᠨ ᠦᠵᠡᠮᠵᠢ ᠶ᠋ᠢᠨ ᠵᠢᠷᠤᠭ ᠢ᠋ ᠡᠯᠬᠦᠨ᠂ ᠲᠡᠬᠦᠨ ᠡᠴᠡ ᠪᠠᠨ ᠳᠠᠭᠠᠯᠳᠤᠭᠤᠯᠤᠨ ᠬᠢᠩᠭᠠᠨ ᠨᠤᠲᠤᠭ ᠤ᠋ᠨ ᠠᠭᠤᠯᠠ ᠤᠰᠤ᠂ ᠠᠮᠤ ᠲᠠᠷᠢᠶ᠎ᠠ᠂ ᠮᠠᠯ ᠰᠦᠷᠦᠭ ᠤ᠋ᠨ ᠵᠢᠷᠤᠭ ᠢ᠋ ᠡᠯᠬᠦᠵᠤ᠂ ᠬᠠᠷᠠᠭᠰᠠᠨ ᠪᠤᠯᠭᠠᠨ ᠳ᠋ᠤ ᠪᠤᠬᠢᠷᠳᠤᠯ ᠦᠬᠡᠢ ᠠᠮᠤ ᠳᠠᠷᠢᠶ᠎ᠠ ᠢᠳᠡᠭᠡᠨ ᠤᠮᠳᠠᠭᠠᠨ ᠤ᠋ ᠦᠨᠦᠷ ᠠᠮᠳᠠ ᠵᠢ ᠮᠡᠳᠡᠷᠡᠬᠦᠯᠦᠨ᠎ᠠ᠃ 《ᠪᠢ ᠪᠤᠯ ᠨᠤᠳᠤᠭ ᠤ᠋ᠨ ᠵᠢᠡᠨ ᠪᠤᠭᠳᠠ ᠠᠭᠤᠯᠠᠨ ᠳ᠋ᠤ ᠠᠪᠠᠷᠢᠵᠦ᠂ ᠴᠤᠤᠯ ᠭᠤᠤᠯ ᠳ᠋ᠤ ᠤᠮᠪᠠᠵᠦ ᠦᠰᠦᠭᠰᠡᠨ ᠬᠦᠮᠦᠨ ᠶᠤᠮ》 ᠭᠡᠳ ᠵᠢᠶᠠᠩ ᠬᠤᠩ ᠢᠥᠢ ᠪᠠᠬᠠᠷᠬᠠᠯ ᠲᠦᠷᠦᠨ᠎ᠠ᠃

ᠤᠨᠠᠭᠰᠠᠨ ᠰᠢᠷᠤᠢ ᠠᠯᠳᠠ᠂ ᠤᠤᠭᠤᠭᠰᠠᠨ ᠤᠰᠤ ᠷᠠᠰᠢᠶᠠᠨ ᠭᠡᠳᠡᠭᠴᠢᠯᠡᠨ ᠵᠢᠶᠠᠩ ᠬᠤᠩ ᠢᠥᠢ ᠵᠦᠪᠬᠡᠨ ᠳᠤᠳᠤᠷᠭ᠎ᠠ ᠬᠤᠳᠠᠯᠳᠤᠭᠠᠳ ᠠᠮᠢ ᠪᠠᠨ ᠪᠤᠷᠤᠯᠠᠭᠤᠯᠵᠦ ᠶᠠᠪᠤᠭ᠎ᠠ ᠦᠬᠡᠢ᠂ ᠦᠯᠦᠬᠡᠢ ᠨᠤᠳᠤᠭ ᠤ᠋ᠨ ᠵᠢᠡᠨ ᠪᠠᠢᠭᠠᠯᠢ ᠠᠬᠤᠢ᠂ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠳᠦᠭᠡᠬᠳᠡᠬᠦᠨ᠂ ᠤᠨᠴᠠ ᠭᠠᠷᠤᠯᠳᠠ ᠶ᠋ᠢᠨ ᠨᠡᠷ᠎ᠠ ᠨᠦᠯᠦᠬᠡ ᠵᠢ ᠦᠷᠬᠡᠳᠬᠡᠨ᠂ ᠪᠤᠷᠤᠯᠠᠭᠤᠯᠭ᠎ᠠ ᠰᠤᠷᠳᠠᠯᠴᠢᠯᠠᠭ᠎ᠠ ᠵᠢ ᠬᠤᠤᠰᠯᠠᠭᠤᠯᠤᠨ ᠤᠢᠭ᠎ᠠ ᠦᠬᠡᠢ ᠬᠦᠴᠦ ᠬᠦᠳᠡᠯᠮᠦᠷᠢ ᠪᠠᠨ ᠵᠠᠷᠤᠴᠠᠭᠤᠯᠵᠦ ᠶᠠᠪᠤᠨ᠎ᠠ᠃ ᠲᠡᠷᠡ ᠬᠢᠩᠭᠠᠨ ᠠᠢᠮᠠᠭ ᠤ᠋ᠨ ᠪᠠᠷᠠᠭ᠎ᠠ ᠪᠦᠳᠦᠭᠡᠭᠳᠡᠬᠦᠨ ᠶ᠋ᠢᠡᠷ ᠭᠤᠤᠯᠳᠠᠭᠤᠯᠤᠨ ᠪᠦᠬᠦ ᠤᠷᠤᠨ ᠤ᠋ 12 ᠠᠢᠮᠠᠭ ᠬᠤᠳᠠ ᠶ᠋ᠢᠨ ᠰᠤᠳᠤᠨ ᠪᠠᠷᠠᠭ᠎ᠠ᠂ ᠦᠪᠡᠷ ᠤ᠋ᠨ ᠺᠤᠮᠫᠠᠨᠢ ᠶ᠋ᠢᠨ ᠪᠤᠷᠴᠠ᠂ ᠴᠠᠭᠠᠨ ᠢᠳᠡᠭᠡᠨ ᠶ᠋ᠢᠡᠨ ᠴᠤ᠌ ᠳᠠᠭᠠᠯᠳᠤᠭᠤᠯᠤᠨ ᠬᠤᠳᠠᠯᠳᠤᠵᠦ ᠪᠤᠢ᠃

ᠤᠳᠤ ᠵᠢᠶᠠᠩ ᠬᠤᠩ ᠢᠥᠢ ᠬᠢᠩᠭᠠᠨ ᠠᠢᠮᠠᠭ ᠤ᠋ᠨ ᠵᠠᠰᠠᠭ ᠤ᠋ᠨ ᠤᠷᠳᠤᠨ ᠡᠴᠡ ᠡᠷᠬᠡ ᠤᠯᠭᠤᠭᠰᠠᠨ 《ᠬᠢᠩᠭᠠᠨ ᠠᠢᠮᠠᠭ ᠤ᠋ᠨ ᠤᠨᠴᠠ ᠭᠠᠷᠤᠯᠳᠠ》 ᠬᠡᠮᠡᠬᠦ ᠲᠤᠮᠤ ᠳᠡᠯᠭᠡᠬᠦᠷ ᠢ᠋ ᠡᠵᠡᠩᠨᠡᠬᠦ ᠵᠢᠨ ᠬᠠᠮᠳᠤ ᠵᠠᠯᠠᠢᠳ ᠬᠤᠰᠢᠭᠤᠨ ᠤ᠋ ᠱᠦᠢ ᠲᠢᠶᠠᠨ ᠭᠤᠤ ᠢ ᠠᠮᠤ ᠪᠤᠳᠠᠭᠠᠨ ᠤ᠋ ᠺᠤᠮᠫᠠᠨᠢ ᠶ᠋ᠢᠨ ᠬᠦᠬᠡᠬᠤᠳᠠ ᠳ᠋ᠡᠬᠢ ᠲᠦᠯᠦᠭᠡᠯᠡᠭᠴᠢ ᠪᠡᠷ ᠠᠵᠢᠯᠯᠠᠵᠦ᠂ ᠲᠦᠷᠦᠯ ᠵᠦᠢᠯ᠂ ᠳᠡᠯᠭᠡᠨ ᠪᠤᠷᠤᠯᠠᠭᠤᠯᠭ᠎ᠠ᠂ ᠡᠵᠡᠩᠨᠡᠨ ᠪᠤᠷᠤᠯᠠᠭᠤᠯᠭ᠎ᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠰᠤᠷᠤᠯᠴᠠᠯᠭ᠎ᠠ ᠰᠤᠯᠢᠯᠴᠠᠭ᠎ᠠ ᠵᠢ ᠬᠤᠪᠢᠳᠠᠨ ᠬᠠᠮᠢᠶᠠᠷᠴᠤ᠂ ᠵᠠᠬ᠎ᠠ ᠲᠠᠯᠬᠡᠬᠦᠷ ᠤ᠋ᠨ ᠠᠷᠠᠯᠵᠢᠶ᠎ᠠ ᠦᠷᠢᠰᠦᠯᠳᠦᠬᠡᠨ ᠳ᠋ᠤ ᠤᠬᠠᠭᠠᠨ ᠳᠠᠮᠢᠷ ᠰᠤᠷᠢᠵᠦ ᠶᠠᠪᠤᠨ᠎ᠠ᠃

ᠠᠮᠢᠳᠤᠷᠠᠯ ᠤ᠋ᠨ ᠵᠠᠮ ᠳ᠋ᠤ ᠰᠤᠩᠭᠤᠯᠳᠠ ᠤᠯᠠᠨ ᠲᠤᠬᠢᠶᠠᠯᠳᠤᠳᠠᠭ᠃ 《ᠬᠡᠵᠢᠶ᠎ᠠ ᠬᠠᠮᠢᠭ᠎ᠠ ᠠᠮᠢᠳᠤᠷᠠᠵᠦ᠂ ᠶᠠᠭᠤ ᠬᠢᠭᠰᠡᠨ ᠴᠤ᠌ ᠳᠡᠰᠪᠦᠷᠢᠳᠡᠢ ᠴᠢᠷᠮᠠᠢᠯᠭ᠎ᠠ᠂ ᠦᠨᠡᠨᠴᠢ ᠢᠳᠡᠭᠡᠯ ᠢ᠋ ᠡᠷᠬᠢᠮᠯᠡᠪᠡᠯ ᠯᠠᠪᠳᠠᠢ ᠠᠮᠵᠢᠯᠳᠠ ᠳ᠋ᠤ ᠬᠦᠷᠴᠦ ᠴᠢᠳᠠᠨ᠎ᠠ ᠭᠡᠵᠦ ᠪᠢ ᠪᠤᠳᠤᠳᠠᠭ᠃ ᠮᠠᠨ ᠤ᠋ ᠨᠢᠭᠡ ᠠᠬ᠎ᠠ ᠵᠢᠨ 〈ᠴᠢ ᠳᠤᠳᠤᠷᠭ᠎ᠠ ᠪᠠᠨ ᠬᠤᠳᠠᠯᠳᠤᠵᠦ ᠯᠡ ᠪᠠᠢᠪᠠᠯ ᠳᠤᠳᠤᠷᠭ᠎ᠠ ᠴᠢᠮ᠎ᠠ ᠵᠢ ᠳᠠᠨᠢᠬᠤ ᠡᠳᠦᠷ ᠪᠠᠢᠬᠤ ᠶᠤᠮ〉 ᠭᠡᠰᠡᠨ ᠦᠬᠡ ᠨᠠᠳᠠ ᠳ᠋ᠤ ᠶᠡᠬᠡ ᠵᠤᠷᠢᠭᠵᠢᠭᠤᠯᠤᠯ ᠪᠤᠯᠤᠭᠰᠠᠨ》 ᠭᠡᠵᠦ ᠵᠢᠶᠠᠩ ᠬᠤᠩ ᠢᠥᠢ ᠤᠴᠢᠷᠳᠠᠢ ᠬᠡᠯᠡᠨ᠎ᠠ᠃ ᠲᠡᠬᠦᠨ ᠤ᠋ ᠠᠯᠬᠤᠭᠰᠠᠨ ᠮᠦᠷ ᠪᠦᠳᠦᠭᠡᠭᠰᠡᠨ ᠦᠢᠯᠡᠰ ᠬᠡᠨ ᠨᠢᠭᠡᠨ ᠳ᠋ᠤ ᠰᠡᠩᠬᠡᠷᠡᠬᠦᠯᠦᠯ ᠵᠤᠷᠢᠭᠵᠢᠭᠤᠯᠤᠯ ᠪᠤᠯᠬᠤ ᠨᠢ ᠳᠠᠮᠵᠢᠭ ᠦᠬᠡᠢ᠃

ᠤᠳᠠᠰᠤ ᠲᠤᠤᠭᠠᠷᠴᠤ ᠵᠠᠬᠢᠶᠠᠯᠠᠭ᠎ᠠ ᠢᠷᠡᠪᠡ᠃ ᠵᠢᠶᠠᠩ ᠬᠤᠩ ᠢᠥᠢ ᠪᠠᠷᠠᠭ᠎ᠠ ᠪᠠᠨ ᠠᠴᠢᠵᠦ ᠰᠤᠷᠤᠭᠰᠠᠨ ᠵᠠᠩ ᠶ᠋ᠢᠡᠷ ᠶ᠋ᠢᠡᠨ ᠮᠤᠲ᠋ᠤᠷ ᠶ᠋ᠢᠡᠨ ᠤᠨᠤᠵᠦ ᠶᠠᠭᠠᠷᠠᠪᠴᠢᠯᠠᠨ ᠮᠤᠷᠳᠠᠯ᠎ᠠ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号