ᠳᠠᠮᠢᠷ᠎ᠤᠨ ᠳᠠᠪᠵᠢᠶ᠎ᠠ ᠵᠢ ᠴᠢᠮᠡᠭᠰᠡᠨ ᠳᠤᠯᠭ᠎ᠠ ᠵᠢᠨ ᠴᠢᠯᠠᠭᠤ ᠰᠢᠭ᠋ ᠨᠦᠬᠦᠷᠯᠡᠯ
2026-01-07 11:34:35
ᠵᠣᠬᠢᠶᠠᠭ᠍ᠴᠢ᠄
ᠳᠣᠷᠣᠨ᠎ᠠ
ᠣᠩᠱᠢᠭ᠍ᠰᠠᠨ ᠣᠳᠠᠭ᠎ᠠ᠄
★★★☆☆

ᠬᠦᠵᠢ ᠳᠡᠯᠡᠬᠡᠢ᠎ᠶᠢ ᠳᠠᠢᠪᠠᠲᠠᠯ᠎ᠠ ᠬᠥᠮᠥᠨ᠎ᠦ ᠦᠷᠡᠰ ᠴᠠᠯᠭᠢᠨ 

ᠬᠦᠷᠳᠦᠨ ᠨᠠᠷᠡ᠎ᠶᠢ ᠮᠦᠰᠢᠶᠡᠲᠡᠯ᠎ᠡ ᠠᠵᠠ ᠵᠢᠷᠭᠠᠯ ᠪᠢᠯᠬᠠᠭᠤᠯᠤᠨ

ᠤᠰᠤ ᠨᠤᠲᠤᠭ᠎ᠢᠶᠠᠨ ᠳᠠᠭᠤᠷᠢᠰᠳᠠᠯ᠎ᠠ ᠬᠥᠮᠥᠨ᠎ᠦ ᠦᠷᠡᠰ ᠣᠷᠣᠯᠳᠤᠨ 

ᠠᠭᠤᠯᠠ ᠲᠠᠯ᠎ᠠ᠎ᠪᠠᠨ ᠪᠠᠶᠠᠰᠭᠠᠲᠠᠯ᠎ᠠ ᠠᠮᠵᠢᠯᠲᠠ ᠪᠦᠲᠦᠭᠡᠯ᠎ᠢᠶᠠᠷ ᠭᠠᠩᠭᠠᠷᠠᠵᠠᠢ᠃

ᠡᠮᠦᠨᠡᠭᠡᠨ ᠪᠣᠯᠵᠤ ᠥᠩᠭᠡᠷᠡᠭᠰᠡᠨ ᠠᠷᠪᠠᠨ ᠲᠠᠪᠤᠳᠤᠭᠠᠷ ᠬᠤᠭᠤᠴᠠᠭᠠᠨ᠎ᠤ ᠪᠥᠬᠦ ᠤᠯᠤᠰ᠎ᠤᠨ ᠪᠡᠶ᠎ᠡ᠎ᠶᠢᠨ ᠲᠠᠮᠢᠷ ᠎ᠤᠨ ᠴᠤᠭᠯᠠᠭᠠᠨ᠎ᠳᠤ ᠨᠤᠲᠤᠭ ᠨᠤᠲᠤᠭ ᠎ᠤᠨ ᠲᠠᠮᠢᠷᠴᠢᠳ ᠠᠮᠵᠢᠯᠲᠠ ᠪᠦᠲᠦᠭᠡᠯ ᠢᠷᠠᠭᠤ ᠠᠯᠳᠠᠷ᠎ᠢᠶᠠᠷ ᠡᠩᠭᠡᠷ᠎ᠵᠢᠡᠨ ᠮᠢᠯᠢᠶᠠᠯᠭᠠᠵᠤ᠂ ᠬᠥᠮᠥᠨ ᠵᠣᠨ᠎ᠦ ᠪᠠᠨ ᠬᠠᠢᠷ᠎ᠠ ᠬᠦᠨᠳᠦᠳᠬᠡᠯ ᠎ᠢ ᠬᠦᠯᠢᠶᠡᠭᠰᠡᠨ ᠹᠢᠯᠢᠮ ᠪᠢᠴᠢᠯᠬᠡ ᠴᠠᠬᠢᠮ ᠣᠷᠴᠢᠨ᠎ᠳᠤ ᠥᠷᠭᠡᠨ᠎ᠢᠶᠠᠷ ᠰᠠᠴᠤᠭᠳᠠᠵᠤ ᠥᠩᠭᠡᠷᠡᠯ᠎ᠡ᠃ ᠡᠭᠦᠨ᠎ᠦ ᠳᠤᠮᠳᠠ ᠤᠯᠠᠭᠠᠠᠬᠠᠳᠠ ᠨᠤᠲᠤᠭ᠎ᠲᠠᠢ ᠭᠤᠷᠪᠠᠨ ᠵᠠᠯᠠᠭᠤ ᠲᠠᠮᠢᠷᠴᠢᠨ᠎ᠦ ᠠᠮᠢᠳᠤᠷᠠᠯ ᠲᠡᠮᠡᠴᠡᠯ ᠬᠢᠭᠡᠳ ᠠᠨᠳᠠ᠎ᠶᠢᠨ ᠬᠣᠯᠪᠣᠭ᠎ᠠ ᠨᠢ ᠬᠠᠯᠠᠮᠰᠢᠯ ᠠᠩᠬᠠᠷᠤᠯ ᠎ᠢ ᠶᠡᠬᠡᠳᠡ ᠲᠠᠲᠠᠵᠠᠢ᠃

ᠣᠩᠨᠢᠭᠤᠳ ᠨᠤᠲᠤᠭ᠎ᠲᠠᠢ ᠲᠥᠪᠴᠢᠭᠡᠴᠢ᠂ ᠪᠠᠭᠠᠷᠢᠨ ᠨᠤᠲᠤᠭ᠎ᠲᠠᠢ ᠥᠷᠨᠢᠯ᠂ ᠠᠷᠤ ᠬᠣᠷᠴᠢᠨ ᠨᠤᠲᠤᠭ᠎ᠲᠠᠢ ᠰᠢᠯᠢᠲᠡᠭ ᠭᠤᠷᠪᠠᠭᠤᠯᠠ ᠪᠡᠨ ᠠᠷᠪᠠᠭᠠᠳ ᠨᠠᠰᠤᠨ᠎ᠠᠴᠠ᠎ᠪᠠᠨ ᠡᠬᠢᠯᠡᠨ ᠤᠯᠠᠭᠠᠠᠬᠠᠳᠠ᠎ᠶᠢᠨ ᠪᠡᠶ᠎ᠡ᠎ᠶᠢᠨ ᠲᠠᠮᠢᠷ᠎ᠤᠨ ᠰᠤᠷᠭᠠᠭᠤᠯᠢ᠎ᠳᠤ ᠵᠢᠣᠳᠣᠣ ᠪᠥᠬᠡ ᠎ᠶᠢᠨ ᠮᠡᠷᠭᠡᠵᠢᠯ ᠵᠢᠷ ᠰᠣᠷᠢᠶ᠎ᠠ ᠪᠣᠯᠪᠠᠰᠤᠷᠠᠯ ᠬᠢᠵᠦ ᠡᠬᠢᠯᠡᠭᠰᠡᠨ ᠶᠤᠮ᠃ ᠲᠠᠩᠨᠠᠢ᠎ᠶᠢᠨ ᠭᠤᠷᠪᠠᠨ ᠰᠤᠳᠠᠰᠤ ᠰᠢᠭ᠋ ᠳᠠᠰᠤᠯᠴᠠᠭᠰᠠᠨ ᠲᠠᠯ᠎ᠠ ᠬᠠᠩᠭᠠᠢ ᠎ᠶᠢᠨ ᠬᠥᠪᠡᠭᠦᠳ ᠮᠠᠨᠢ ᠤᠢᠭ᠎ᠠ ᠦᠭᠡᠢ  ᠴᠢᠷᠮᠠᠢᠯᠭ᠎ᠠ᠂ ᠦᠢᠳᠤᠰᠢ ᠦᠭᠡᠢ ᠲᠡᠪᠴᠢᠶᠡᠷᠢ᠎ᠪᠠᠷ ᠤᠷᠣᠯᠳᠤᠨ ᠲᠡᠮᠡᠴᠡᠭᠰᠡᠨ᠎ᠦ ᠬᠠᠷᠢᠭᠤ 2018 ᠣᠨ ᠪᠣᠯᠬᠤ᠎ᠳᠤ ᠥᠪᠥᠷ ᠮᠣᠩᠭᠣᠯ ᠎ᠤᠨ ᠰᠢᠭᠰᠢᠭᠡ ᠪᠠᠭ᠎ᠲᠤ ᠬᠠᠮᠲᠤ᠎ᠳᠠᠭᠠᠨ ᠰᠣᠩᠭᠣᠭᠳᠠᠨ ᠰᠣᠷᠢᠭ᠎ᠠ ᠪᠣᠯᠪᠠᠰᠤᠷᠠᠯ᠎ᠢᠶᠠᠨ ᠦᠷᠭᠦᠯᠵᠢᠯᠡᠭᠦᠯᠵᠡᠢ᠃ ᠬᠠᠷᠠᠬᠠᠨ ᠪᠠᠭ᠎ᠠ ᠎ᠠᠴᠠ ᠎ᠪᠠᠨ  ᠡᠭᠡᠨᠡᠭᠰᠢᠨ ᠨᠥᠬᠥᠷᠯᠡᠭᠰᠡᠨ ᠭᠤᠷᠪᠠᠨ ᠵᠠᠯᠠᠭᠤ ᠮᠠᠨᠢ ᠬᠠᠲᠠᠭᠤ ᠪᠡᠷᠬᠡ ᠪᠣᠯᠪᠠᠰᠤᠷᠠᠯ᠂ ᠬᠠᠯᠠ᠎ᠲᠠᠢ ᠬᠡᠴᠡᠭᠦᠦ ᠡᠳᠦᠷ᠎ᠦᠳ᠎ᠲᠦ ᠨᠢᠭᠡ ᠨᠢ ᠨᠢᠭᠡᠨ᠎ᠢᠶᠠᠨ ᠤᠷᠮ᠎ᠠ᠎ᠪᠡᠷ ᠲᠡᠳᠬᠦᠵᠦ᠂ ᠬᠠᠯᠠᠮᠵᠢ᠎ᠪᠠᠷ ᠲᠠᠮᠨᠠᠨ᠂ ᠦᠢᠲᠠᠶ ᠡᠳᠦᠷ ᠤᠷᠳᠤ ᠬᠣᠨᠣᠭ ᠎ᠤᠳ᠎ᠢ ᠲᠡᠪᠡᠨ ᠲᠣᠭᠤᠯᠤᠭᠰᠠᠭᠠᠷ ᠢᠷᠡᠵᠡᠢ᠃

2025ᠤᠨ᠎ᠤ  ᠪᠥᠬᠦ ᠤᠯᠤᠰ᠎ᠤᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠵᠢᠣᠳᠣᠣ ᠪᠥᠬᠡ᠎ᠶᠢᠨ  ᠪᠠᠷᠢᠯᠳᠤᠭᠠᠨ᠎ᠳᠤ ᠭᠤᠷᠪᠠᠭᠤᠯᠠ᠎ᠪᠠᠨ ᠣᠳᠣ᠌᠎ᠲᠠᠢ ᠴᠣᠭ᠎ᠲᠠᠢ ᠪᠠᠷᠢᠯᠳᠤᠵᠤ ᠣᠯᠠᠨ᠎ᠤ ᠳᠤᠮᠳᠠ ᠪᠠᠨ ᠴᠣᠯᠭᠣᠷᠠᠨ ᠬᠦᠷᠡᠯ ᠮᠧᠳᠠᠯ᠎ᠤᠨ ᠡᠵᠡᠳ ᠪᠣᠯᠵᠠᠢ᠃ ᠤᠷᠤᠰᠬᠠᠭᠰᠠᠨ ᠬᠥᠯᠥᠰᠦ ᠲᠤᠰᠤᠯ᠎ᠤᠨ ᠬᠢᠨᠢ ᠲᠣᠭ᠎ᠠ᠎ᠪᠠᠷ ᠵᠢᠳᠬᠦᠯ ᠎ᠢ ᠨᠢ ᠦᠨᠡᠯᠡᠵᠦ᠂ ᠤᠷᠣᠯᠳᠤᠨ ᠲᠡᠮᠡᠴᠡᠭᠰᠡᠨ ᠴᠢᠷᠮᠠᠢᠯᠭ᠎ᠠ ᠎ᠶᠢᠨ ᠬᠢᠨᠢ ᠬᠢᠷᠢ᠎ᠪᠡᠷ ᠠᠮᠵᠢᠯᠲᠠ᠎ᠶᠢ ᠨᠢ ᠮᠢᠯᠢᠶᠠᠭᠰᠠᠨ ᠤᠯᠤᠰ ᠡᠬᠡ ᠣᠷᠣᠨ᠂ ᠨᠤᠲᠤᠭ ᠤᠰᠤᠨ ᠎ᠤ ᠵᠤᠨ ᠣᠯᠠᠨ᠎ᠤ ᠬᠢᠨᠢ ᠪᠠᠬᠠᠳᠤᠯ ᠬᠦᠨᠳᠦᠳᠬᠡᠯ ᠪᠦᠬᠦᠨ ᠡᠨᠡ ᠭᠤᠷᠪᠠᠭᠤᠯᠠ᠎ᠶᠢᠨ ᠮᠠᠨᠢ ᠬᠠᠮᠤᠭ᠎ᠤᠨ ᠳᠡᠭᠡᠳᠦ ᠢᠷᠠᠭᠤ ᠠᠯᠳᠠᠷ ᠪᠠᠢᠭᠰᠠᠨ ᠪᠣᠯ ᠨᠠᠭᠠᠳᠤᠮ ᠎ᠤᠨ ᠳᠡᠪᠵᠢᠶᠡᠨ᠎ᠳᠤ ᠭᠤᠷᠪᠠᠭᠤᠯᠠ᠎ᠪᠠᠨ ᠲᠠᠪᠢᠵᠤ᠂ ᠨᠠᠢᠷ ᠎ᠤᠨ ᠲᠠᠢᠰᠠᠨ᠎ᠳᠤ ᠭᠤᠷᠪᠠᠭᠤᠯᠠ᠎ᠪᠠᠨ ᠱᠠᠩᠨᠠᠭᠳᠠᠭᠰᠠᠨ ᠨᠢ ᠬᠠᠮᠤᠭ᠎ᠤᠨ ᠡᠷᠬᠢᠮ ᠵᠢᠷᠭᠠᠯ ᠨᠢ ᠪᠠᠢᠭᠰᠠᠨ ᠰᠠᠨᠵᠠᠢ᠃ 

《ᠠᠪᠤ ᠎ᠶᠢᠨ ᠬᠦᠦ ᠠᠳᠠᠯᠢ ᠦᠭᠡᠢ》 ᠭᠡᠳᠡᠭ ᠴᠦ᠍ ᠠᠮᠵᠢᠯᠲᠠ ᠵᠦᠭ ᠲᠡᠮᠡᠥᠯᠦᠭᠰᠡᠨ ᠵᠢᠳᠬᠦᠯ ᠰᠡᠳᠬᠢᠯ ᠨᠢ ᠠᠳᠠᠯᠢᠬᠠᠨ ᠪᠠᠢᠭᠰᠠᠨ ᠪᠣᠯᠬᠣᠷ ᠠᠨᠳᠠ᠎ᠶᠢᠨ ᠬᠣᠯᠪᠣᠭ᠎ᠠ᠂ ᠢᠷᠠᠭᠤ ᠠᠯᠳᠠᠷ ᠠᠯᠢ ᠠᠯᠢ ᠨᠢ ᠴᠦ᠍ ᠲᠥᠷᠥ᠎ᠶᠢᠨ ᠳᠡᠪᠵᠢᠶᠡᠨ᠎ᠤ ᠴᠢᠮᠡᠭ᠂ ᠲᠡᠮᠡᠴᠡᠯ᠎ᠦᠨ ᠤᠯᠪᠠᠭᠠᠨ᠎ᠤ ᠬᠢᠨᠢ ᠭᠠᠢᠬᠠᠮᠰᠢᠭ᠋ ᠪᠣᠯᠤᠭᠰᠠᠨ ᠭᠡᠬᠦ᠎ᠳᠦ ᠢᠯᠡᠭᠦᠳᠡᠬᠦ ᠦᠭᠡᠢ᠃ ᠭᠤᠷᠪᠠᠨ ᠲᠠᠮᠢᠷᠴᠢᠨ ᠮᠠᠨᠢ ᠣᠳᠣ᠌ ᠪᠡᠭᠡᠵᠢᠩ ᠬᠣᠲᠠᠨ᠎ᠠ ᠤᠯᠤᠰ᠎ᠤᠨ ᠵᠢᠣᠳᠣᠣ ᠪᠥᠬᠡ ᠵᠢᠨ ᠠᠩᠭᠢ᠎ᠳᠦ ᠪᠡᠯᠡᠳᠬᠡᠯ ᠪᠣᠯᠪᠠᠰᠤᠷᠠᠯ᠎ᠢᠶᠠᠨ ᠦᠷᠭᠦᠯᠵᠢᠯᠡᠭᠦᠯᠦᠭᠰᠡᠭᠡᠷ᠃ 《ᠬᠤᠷᠳᠤᠨ ᠶᠠᠪᠤᠪᠠᠯ ᠭᠠᠭᠴᠠᠭᠠᠷ᠎ᠢᠶᠠᠨ᠂ ᠬᠣᠯᠠ ᠶᠠᠪᠤᠪᠠᠯ ᠣᠯᠠᠭᠤᠯᠠ᠎ᠪᠠᠨ》 ᠬᠡᠮᠡᠬᠦ ᠠᠪᠤ ᠳᠡᠭᠡᠳᠦ᠎ᠶᠢᠨ ᠦᠨᠡᠨ᠎ᠦ ᠮᠥᠷᠳᠡᠯ ᠵᠢᠡᠷ᠂ᠳᠤᠯᠬᠤ ᠠᠮᠢᠳᠤᠷᠠᠯ᠎ᠳᠠᠭᠠᠨ ᠲᠤᠯᠭ᠎ᠠ᠎ᠶᠢᠨ ᠭᠤᠷᠪᠠᠨ ᠴᠢᠯᠠᠭᠤ ᠰᠢᠭ᠋ ᠨᠦᠬᠦᠷᠯᠡᠵᠦ᠂ ᠳᠠᠮᠢᠷ᠎ᠤᠨ ᠳᠠᠪᠴᠠᠩ ᠎ᠳᠤ ᠨᠡᠷ᠎ᠠ ᠪᠡᠨ ᠳᠠᠭᠤᠷᠢᠰᠬᠠᠵᠤ ᠶᠠᠪᠤᠭᠠᠷᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号