ᠵᠡᠭᠦᠨ ᠦᠵᠦᠮᠦᠴᠢᠨ ᠬᠣᠰᠢᠭᠤᠨ᠎ᠤ ᠡᠵᠢᠨᠠᠭᠤᠷ ᠪᠠᠯᠭᠠᠰᠤᠨ᠎ᠤ ᠰᠠᠢᠨ᠌ᠤ᠋ᠰᠤ ᠭᠠᠴᠠᠭᠠᠨ ᠤ ᠮᠠᠯᠴᠢᠨ ᠠᠯᠲᠠᠨᠲᠣᠭᠣᠰ ᠱᠠᠭ᠎ᠠ ᠶᠢᠨ ᠬᠡᠯᠪᠡᠷᠢ ᠲᠠᠢ ᠴᠣᠺᠤᠯᠠᠳ᠋ ᠬᠢᠵᠦ ᠪᠣᠷᠣᠯᠠᠭᠤᠯᠤᠭᠠᠳ ᠰᠠᠷ᠎ᠠ᠎ᠶᠢᠨ 2 ᠲᠦᠮᠡ ᠭᠠᠷᠤᠢ ᠲᠥᠭᠥᠷᠢᠭ᠎ᠦᠨ ᠣᠷᠣᠯᠭ᠎ᠠ ᠡᠭᠦᠳᠦᠨ᠎ᠡ᠃
ᠠᠯᠲᠠᠨᠲᠣᠭᠣᠰ 2025 ᠤᠨ᠎ᠤ 8 ᠰᠠᠷ᠎ᠠ᠎ᠡᠴᠡ ᠡᠬᠢᠯᠡᠨ ᠬᠥᠳᠡᠭᠡ ᠭᠡᠷ᠎ᠲᠡᠬᠡᠨ 《ᠴᠣᠺᠤᠯᠠᠳ᠋ ᠱᠠᠭ᠎ᠠ》 ᠬᠢᠵᠦ᠂ ᠭᠣᠣᠯᠳᠠᠭᠤ ᠵᠢᠷᠬᠢᠶ᠎ᠠ ᠵᠢᠨ ᠲᠠᠪᠴᠠᠩ ᠪᠣᠯᠣᠨ ᠴᠤᠤᠷᠢᠶ᠎ᠠ ᠲᠠᠪᠴᠠᠩ ᠤᠨ ᠵᠠᠬᠢᠶᠠᠯᠠᠭ᠎ᠠ ᠲᠤᠰᠴᠤ᠂ ᠲᠦᠷᠭᠡᠨ ᠭᠤᠪᠢᠭᠤᠯᠭ᠎ᠠ ᠪᠠᠷ ᠭᠠᠳᠠᠭ᠍ᠰᠢ᠎ᠪᠠᠨ ᠪᠣᠷᠣᠯᠠᠭᠤᠯᠳᠠᠭ᠃ ᠳᠡᠷᠡ ᠪᠡᠷ ᠲᠤᠰᠬᠠᠢ ᠴᠣᠺᠤᠯᠠᠳ᠋ ᠬᠤᠳᠠᠯᠳᠤᠳᠠᠭ ᠳᠡᠯᠭᠡᠭᠦᠷ᠎ᠡᠴᠡ ᠪᠠᠷᠠᠭ᠎ᠠ ᠪᠠᠨ ᠣᠷᠣᠭᠤᠯᠤᠭᠠᠳ ᠴᠠᠭᠠᠨ ᠴᠣᠺᠤᠯᠠᠳ᠋᠂ ᠴᠠᠭᠠᠨ ᠠᠯᠠᠭ ᠴᠣᠺᠤᠯᠠᠳ᠋᠂ ᠵᠢᠮᠢᠰ᠎ᠦᠨ ᠬᠠᠲᠠᠭᠠᠮᠠᠯ᠎ᠲᠠᠢ ᠴᠣᠺᠤᠯᠠᠳ᠋ ᠵᠡᠷᠭᠡ 3 ᠲᠥᠷᠥᠯ᠎ᠦᠨ 《ᠴᠣᠺᠣᠯᠠᠳ᠋ ᠱᠠᠭ᠎ᠠ》 ᠶ᠋ᠢᠨ ᠪᠦᠲᠦᠭᠡᠭᠳᠡᠬᠦᠨ ᠬᠢᠵᠦ᠂ ᠲᠤᠰ ᠲᠤᠰ 20᠂ 30᠂ 35 ᠲᠥᠭᠥᠷᠢᠭ ᠢᠶᠡᠷ ᠬᠤᠳᠠᠯᠳᠤᠵᠤ᠂ ᠰᠠᠷ᠎ᠠ᠎ᠶᠢᠨ 800 ᠬᠠᠢᠷᠴᠠᠭ ᠬᠤᠳᠠᠯᠳᠤᠳᠠᠭ᠃
ᠣᠳᠣ᠌ 《ᠴᠣᠺᠤᠯᠠᠳ᠋ ᠱᠠᠭ᠎ᠠ》 ᠪᠠᠨ ᠦᠪᠦᠷ ᠮᠤᠨᠭᠭᠤᠯ ᠣᠷᠣᠨ᠎ᠤ ᠡᠯ᠎ᠡ ᠠᠢᠮᠠᠭ ᠬᠤᠲᠠ ᠡᠴᠡ ᠭᠠᠳᠠᠨ᠎ᠠ ᠪᠡᠭᠡᠵᠢᠩ᠂ ᠭᠠᠨᠰᠤ᠂ ᠰᠢᠨᠵᠢᠶᠠᠩ᠂ ᠱᠠᠩᠬᠠᠢ᠂ ᠮᠦᠭᠳᠡᠨ ᠵᠡᠷᠭᠡ ᠭᠠᠵᠠᠷ ᠵᠢᠡᠷ ᠭᠤᠪᠢᠭᠤᠯᠵᠦ ᠪᠠᠢᠨ᠎ᠠ᠃ ᠠᠯᠲᠠᠨᠲᠣᠭᠣᠰ᠄ 《ᠮᠣᠩᠭᠣᠯᠴᠤᠳ ᠮᠠᠯ᠎ᠤᠨ ᠱᠠᠭ᠎ᠠ᠎ᠶᠢ ᠶᠡᠬᠡᠳᠡ ᠡᠷᠬᠢᠮᠯᠡᠨ ᠳᠡᠭᠡᠳᠦᠯᠡᠳᠡᠭ ᠡᠴᠡ ᠴᠣᠺᠤᠯᠡᠳ᠋ᠢ ᠱᠠᠭ᠎ᠠ᠎ᠶᠢᠨ ᠬᠡᠪ ᠶᠠᠩᠵᠤ᠎ᠪᠠᠷ ᠬᠢᠪᠡᠯ ᠰᠣᠨᠢᠷᠬᠠᠯᠲᠠᠢ ᠪᠠᠢᠬᠤ ᠭᠡᠵᠦ ᠪᠣᠳᠤᠭᠰᠠᠨ᠃ ᠪᠢ ᠪᠦᠲᠦᠭᠡᠭᠳᠡᠬᠦᠨ ᠦᠪᠡᠨ ᠰᠢᠨ᠎ᠡ ᠰᠣᠷᠭᠣᠭ᠂ ᠦᠨᠦᠷ ᠠᠮᠲᠠ᠂ ᠴᠢᠨᠠᠷ ᠴᠢᠨᠰᠠᠭ᠎ᠠ ᠶᠢ ᠨᠢᠭᠡᠳᠦᠭᠡᠷ ᠲᠤ᠌ ᠲᠠᠯᠪᠢᠵᠤ᠂ ᠪᠣᠭᠣᠳᠠᠯ ᠪᠠᠭᠯᠠᠭ᠎ᠠ᠎ᠪᠠᠨ ᠰᠢᠨᠡᠴᠢᠯᠡᠬᠦ᠎ᠶᠢ ᠴᠦ᠍ ᠶᠡᠬᠡ ᠠᠩᠬᠠᠷᠳᠠᠭ᠃ ᠬᠣᠵᠢᠮ ᠪᠦᠲᠦᠭᠡᠭᠳᠡᠬᠦᠨ᠎ᠦ᠎ᠪᠡᠨ ᠲᠥᠷᠥᠯ ᠵᠦᠢᠯ᠎ᠢ ᠡᠯᠪᠡᠭᠵᠢᠭᠦᠯᠦᠨ᠎ᠡ》 ᠭᠡᠵᠦ ᠤᠷᠮᠠᠲᠠᠢᠬᠠᠨ ᠶᠠᠷᠢᠨ᠎ᠠ᠃