ᠰᠤᠤᠳᠠᠨ ᠬᠠᠮᠳᠤᠯᠢᠭ᠋ᠤᠨ 《ᠳᠡᠭᠷᠢ ᠵᠢᠨ ᠬᠠᠶᠠᠭᠠᠨᠤ ᠴᠤᠤᠷᠢᠶᠠ》 ᠰᠢᠨᠠ ᠴᠤᠮᠤᠭᠤᠨᠲᠠᠷᠬᠠᠭᠠᠬᠤ ᠶᠤᠰᠤᠯᠠᠯ 2025 ᠤᠨ ᠤ12 ᠰᠠᠷᠠᠶᠢᠨ 23ᠦ ᠡᠲᠤᠷ ᠬᠦᠬᠡᠬᠤᠲᠡᠳᠦ ᠠᠮᠵᠢᠯᠳᠡ ᠲᠠᠢ ᠶᠠᠪᠤᠬ᠍ᠳᠠᠯᠠ ᠃
ᠰᠤᠤᠳᠠᠨ ᠬᠠᠮᠳᠤᠯᠢᠭ᠋ ᠨᠢ 《ᠬᠤᠨ ᠭᠠᠯᠠᠭᠤ》᠂ 《ᠯᠤᠨᠳᠤᠨ ᠬᠠᠷᠠ ᠠᠷᠢᠬᠢ》᠂ 《ᠰᠠᠪᠠᠷᠳᠠᠩ》᠂ 《 ᠰᠢᠨᠠ ᠶᠤᠬᠤᠷ》 ᠵᠡᠷᠬᠡ ᠤᠯᠤᠰᠤᠨ ᠲᠤᠳᠤᠭᠠᠳᠤ ᠭᠠᠳᠠᠭᠠᠳᠤ ᠳ᠋ᠤ᠌ ᠦᠷᠬᠡᠨ ᠬᠡᠪᠴᠢᠶᠡ ᠳᠠᠢ ᠤᠯᠠᠮᠵᠢᠯᠠᠭᠳᠠᠭᠰᠠᠨ ᠮᠤᠩᠭᠤᠯ ᠦᠨᠳᠦᠰᠦᠳᠡᠨᠦ 8 ᠰᠤᠩᠭᠤᠳᠠᠭ ᠳᠠᠭᠤᠤ ᠪᠠ ᠠᠷᠡᠳᠤᠨ ᠳᠠᠭᠤᠤ ᠨᠤᠭᠤᠳ ᠲᠦ᠍ ᠤᠷᠢᠳ ᠡᠮᠦᠨᠡ ᠪᠠᠢᠭᠠ ᠦᠬᠡᠢ ᠰᠢᠨᠡᠴᠢᠯᠡᠯᠳᠡ ᠬᠢᠵᠦ ᠴᠤᠮᠤᠭᠢᠶᠡᠨ ᠭᠠᠷᠭᠠᠵᠡᠢ᠃ 《ᠬᠤᠨ ᠭᠠᠯᠠᠭᠤ》᠂ 《ᠯᠤᠨᠳᠤᠨ ᠬᠠᠷᠠ ᠠᠷᠢᠬᠢ》᠂ 《ᠱᠠᠩᠬᠠᠢ ᠬᠢᠴᠡ ᠲᠠᠢ ᠪᠠᠨᠲᠤᠤᠲ》᠂ 《ᠴᠢᠩ ᠴᠠᠭᠠᠨ ᠭᠠᠯᠠᠭᠤ》 ᠵᠡᠷᠭᠡ ᠲᠦᠷᠪᠠᠨ ᠲᠠᠭᠤᠤᠶᠢ ᠠᠩᠭ᠌ᠯᠢ ᠬᠡᠯᠡᠨ ᠲᠡᠭᠡᠷᠡ ᠤᠷᠴᠢᠭᠤᠯᠤᠨ ᠲᠠᠭᠤᠯᠠᠬ᠍ᠰᠠᠨ ᠨᠢ ᠳᠤᠰ ᠴᠤᠮᠤᠭᠤᠨ ᠲᠤᠲᠣ᠌ᠡᠴᠡ ᠲᠤᠳᠤ ᠤᠨᠴᠠᠯᠢᠭ᠋ ᠪᠣᠯᠪᠠ᠃ ᠰᠤᠤᠳᠠᠨ ᠬᠠᠮᠳᠤᠯᠢᠭ᠋ ᠦᠪᠡᠷᠦᠨᠢᠶᠡᠨ ᠤᠨᠴᠠᠯᠢᠭ᠋ᠢᠶᠠᠨ ᠦᠷᠭᠦᠯᠵᠢᠯᠡᠨ ᠪᠠᠳᠠᠷᠠᠭᠤᠯᠵᠤ᠂ ᠨᠠᠢᠷᠵᠢᠨ ᠭᠦᠭᠵᠢᠮᠪᠠ ᠬᠢᠲ᠋ᠠᠷᠤᠨ ᠤᠨᠴᠠᠯᠢᠭ᠋᠂ ᠳᠠᠭᠤᠯᠠᠯᠳᠠ ᠪᠠ ᠦᠬᠦᠯᠡᠯᠳᠡ ᠵᠢᠨ ᠤᠨᠴᠠᠯᠢᠭ᠋ᠢ ᠰᠤᠯᠪᠢᠴᠠᠭᠤᠯᠤᠨ ᠠᠭᠤᠰᠤᠯᠴᠠᠭᠤᠯᠵᠤ᠂ 《ᠯᠤᠨᠳᠤᠨ ᠬᠠᠷᠠ ᠠᠷᠢᠬᠢ》 ᠳ᠋ᠡᠬᠢ ᠳᠠᠯᠠ ᠨᠤᠳᠤᠭᠤᠨ ᠬᠤᠷᠢᠮ ᠨᠠᠢᠷᠢ ᠠᠢᠵᠡᠮᠤᠨ ᠲᠤᠮᠳᠠ ᠬᠦᠭᠵᠢᠬᠡᠵᠦ᠂ 《ᠰᠠᠪᠠᠷᠳᠠᠩ》 ᠪᠦᠵᠢᠭᠦᠨ ᠤᠷᠠᠨ ᠨᠠᠬᠢᠯᠵᠠᠭᠠᠨᠢ ᠠᠶᠠ ᠳᠠᠭᠤᠤ ᠳ᠋ᠤ᠌ ᠠᠭᠤᠰᠬᠠᠵᠤ᠂ ᠨᠡᠩ ᠴᠦ᠍《ᠲᠦᠷᠪᠡᠨ ᠤᠯᠠᠷᠢᠯ》 ᠳ᠋ᠡᠬᠢ ᠳᠠᠯᠠ ᠨᠤᠳᠤᠭᠤᠨ ᠴᠠᠭᠤᠨ ᠥᠩᠭᠡᠶᠢ ᠳᠠᠭᠤᠤ ᠬᠦᠭᠵᠢᠮᠦᠨ ᠪᠤᠳᠠᠳᠤ ᠲᠦᠷᠢ ᠪᠡᠷ ᠢᠯᠡᠷᠡᠬᠦᠯᠦᠭᠰᠡᠨ ᠪᠠᠢᠭᠠ ᠶᠤᠮ ᠃
ᠮᠤᠩᠭᠤᠯ ᠳᠠᠭᠤᠤ ᠵᠢᠨ ᠦᠬᠡ ᠵᠢᠨ ᠤᠤᠯ ᠤᠳᠬᠠᠶᠢ ᠤᠨᠤᠪᠴᠢᠲᠠᠢ ᠪᠡᠷ ᠠᠩᠭ᠌ᠯᠢ ᠬᠡᠯᠡᠨ ᠳ᠋ᠤ᠌ ᠤᠷᠴᠢᠭᠤᠯᠵᠤ᠂ ᠤᠯᠠᠨ ᠤᠯᠤᠰᠤᠨ ᠴᠢᠨᠠᠷᠳᠠᠢ ᠬᠡᠯᠡᠨᠦ ᠠᠨᠢᠰᠤᠶᠢ ᠳᠠᠢᠯᠤᠨ ᠰᠢᠨᠠ ᠵᠠᠮ ᠢ ᠨᠡᠭᠡᠭᠡᠭᠰᠡᠨ ᠶᠠᠪᠤᠳᠠᠯ ᠨᠢ ᠶᠡᠬᠡᠬᠡᠨ ᠤᠳᠬᠠ ᠠᠭᠤᠯᠭᠠ ᠲᠠᠢ ᠪᠢᠯᠡ᠃ ᠳᠤᠰ ᠦᠬᠡᠷᠡᠴᠢᠯᠡᠯᠳᠡ ᠨᠢ ᠦᠨᠳᠦᠰᠦᠳᠡᠨᠦ ᠬᠦᠭᠵᠢᠮ ᠪᠠ ᠤᠳᠤ ᠦᠶᠡ ᠵᠢᠨ ᠳᠠᠭᠤᠤ ᠬᠦᠭᠵᠢᠮ ᠢ ᠠᠭᠤᠰᠬᠠᠬᠤ ᠪᠤᠯᠪᠠᠰᠤᠷᠠᠩᠭᠤᠢ ᠳᠤᠷᠰᠢᠯᠭᠠ ᠶ᠋ᠢ ᠦᠷᠬᠦᠯᠵᠢᠯᠡᠬᠦᠯᠦᠭᠰᠡᠨ ᠵᠢᠡᠷ ᠪᠠᠷᠠᠬᠤ ᠦᠬᠡᠢ᠂ ᠨᠡᠩ ᠴᠦ᠍ ᠨᠠᠢᠷᠵᠢᠨ ᠬᠦᠭᠵᠢᠮ᠂ ᠬᠦᠬᠡᠮᠡᠢ ᠵᠡᠷᠬᠡ ᠪᠤᠳᠠᠰᠤᠨ ᠪᠤᠰᠤ ᠰᠤᠶᠤᠯᠤᠨ ᠦᠪᠦᠨ ᠤᠷᠠᠯᠢᠭ᠋ᠢ ᠳᠡᠯᠡᠬᠡᠢ ᠳ᠋ᠤ᠌ ᠬᠠᠨᠳᠤᠭᠤᠯᠬᠤ ᠴᠠᠭ ᠦᠶᠡ ᠵᠢᠨ ᠱᠠᠭᠠᠷᠳᠠᠯᠭᠠ ᠳ᠋ᠤ᠌ ᠨᠡᠢᠴᠡᠬᠦᠯᠵᠦ᠂ ᠰᠢᠨᠡ ᠲᠤᠷᠰᠢᠴᠡᠪᠡᠷᠢᠶᠡᠨ ᠬᠤᠰᠢᠭᠤᠷᠡᠨ ᠳᠤᠳᠤᠷᠠᠭᠰᠠᠨ ᠪᠠᠢᠨᠠ᠃
ᠰᠤᠤᠳᠠᠨ ᠬᠠᠮᠳᠤᠯᠢᠭ᠋ ᠨᠢ ᠦᠨᠳᠦᠰᠦᠳᠡᠨᠦ ᠤᠨᠴᠠᠯᠢᠭᠳᠤ ᠷᠤᠺ ᠬᠠᠮᠳᠤᠯᠢᠭ᠋ ᠪᠠᠢᠵᠦ᠂ 2013 ᠣᠨᠳᠤ ᠪᠠᠢᠭᠤᠯᠤᠬ᠍ᠳᠠᠨ᠂ ᠨᠠᠢᠷᠵᠢᠨ ᠬᠦᠭᠵᠢᠮᠴᠢᠨ᠂ ᠬᠦᠬᠡᠮᠡᠢᠴᠢᠨ ᠪᠠᠶᠠᠨ᠂ ᠭᠣᠣᠯ ᠲᠠᠭᠤᠴᠢᠨ ᠮᠦᠩᠬᠡᠳᠤᠩᠭᠠᠯᠠᠭ᠂ ᠬᠢᠲ᠋ᠠᠷᠴᠢᠨ ᠭᠠᠩᠭᠠᠩ ᠪᠠ ᠲᠦᠪᠰᠢᠨᠵᠠᠶᠠᠭᠠ᠂ ᠪᠦᠮᠪᠤᠷᠴᠢᠨ ᠮᠦᠷᠡᠨ ᠨᠡᠷ ᠠᠵᠢᠯᠯᠠᠳᠠᠭ᠃ ᠳᠤᠰ ᠬᠠᠮᠲᠤᠯᠢᠭ᠋ ᠨᠢ 2017 ᠣᠨᠳᠤ 《 ᠮᠤᠩᠭᠤᠯ ᠡᠷᠡ ᠭᠦᠮᠤᠨ》 ᠴᠤᠮᠤᠭ᠂ 2019 ᠣᠨᠳᠤ 《ᠨᠠᠷᠠ ᠮᠤᠷᠢ ᠤᠨᠤᠵᠤ ᠶᠠᠪᠤᠬᠤᠪᠠᠷ ᠪᠠᠢᠨᠠ》 ᠬᠡᠬᠦ ᠴᠤᠮᠤᠭᠢᠶᠡᠨ ᠲᠠᠷᠬᠠᠭᠠᠪᠠ᠃ 2024 ᠣᠨᠳᠤ ᠰᠥᠯᠵᠢᠶᠠᠨ ᠳᠡᠭᠡᠷᠡ 《ᠭᠠᠷᠢᠶᠠᠨ ᠳᠡᠭᠡᠭᠰᠢ》᠂ 《up to now》᠂ 《ᠪᠢᠲᠡᠨᠦ ᠠᠮᠢᠲᠤᠷᠡᠯ》᠂ 《ᠡᠵᠡᠨ ᠰᠠᠩ》᠂ 《ᠡᠷᠬᠡ ᠴᠢᠯᠦᠭᠡ》᠂ 《ᠰᠢᠨᠡ ᠶᠤᠬᠤᠷ》᠂ 《ᠴᠢᠨ᠋ᠸᠠ ᠲᠤᠲᠸᠮ》᠂ 《ᠲᠦᠷᠪᠡᠨ ᠤᠯᠡᠷᠢᠯ》 ᠵᠡᠷᠬᠡ ᠲᠠᠭᠤᠤᠪᠠᠨ ᠨᠡᠢᠳᠡᠯᠡᠵᠤ ᠦᠨᠭᠭᠡᠷᠡᠵᠡᠢ᠃