2025ᠤᠨᠤ 12 ᠰᠠᠷᠠᠶᠢᠨ 27 ᠤ᠋ ᠡᠳᠦᠷ᠂ 《ᠠᠯᠠᠱᠠ·ᠲᠡᠮᠡᠭᠡᠨᠦ ᠬᠤᠯᠪᠤᠭᠠᠳᠤ ᠤᠷᠤᠯᠳᠤᠭᠠᠨ》ᠤ ᠬᠤᠷᠳᠤᠨ ᠲᠡᠮᠡᠭᠡᠨ ᠤ᠋ ᠤᠷᠤᠯᠳᠤᠭᠠᠨ ᠶᠠᠪᠤᠬ᠍ᠳᠠᠵᠤ᠂ ᠡᠯ᠎ᠡ ᠭᠠᠵᠠᠷ ᠠ᠋ᠴᠠ ᠢᠷᠡᠭᠰᠡᠨ ᠤᠶᠠᠭᠠᠴᠢᠳ ᠤ᠋ᠨ ᠤᠬᠠᠭᠠᠨ ᠪᠢᠯᠢᠭ ᠢ᠋ ᠰᠢᠯᠭᠠᠵᠤ᠂ ᠤᠶᠠᠬ᠍ᠰᠠᠨ ᠠᠳᠠᠨ ᠤ᠋ ᠬᠤᠷᠳᠤ ᠰᠢᠨᠳᠠᠰᠤ ᠶ᠋ᠢ ᠰᠤᠷᠢᠵᠤ ᠨᠠᠭᠠᠳᠤᠮᠴᠢᠨ ᠤᠯᠠᠨ ᠢ᠋ᠶ᠋ᠠᠨ ᠪᠠᠶᠠᠰᠬᠠᠯ᠎ᠠ᠃
ᠬᠤᠯᠪᠤᠭᠠᠳᠤ ᠤᠷᠤᠯᠳᠤᠭᠠᠨ ᠤ᠋ ᠰᠠᠯᠬᠢ ᠶ᠋ᠢ ᠬᠠᠭᠠᠯᠵᠤ᠂ 2000 ᠮᠧᠲᠷᠦᠨ ᠲᠡᠮᠡᠭᠡᠨ ᠤ᠋ ᠬᠦᠴᠦᠨ ᠵᠠᠯᠭᠠᠬᠤ ᠤᠷᠤᠯᠳᠤᠭᠠᠨ ᠶᠠᠪᠤᠬ᠍ᠳᠠᠵᠤ᠂ ᠠᠯᠠᠱᠠ ᠠᠢᠮᠠᠭ᠂ ᠪᠠᠶᠠᠨᠨᠠᠭᠤᠷ ᠬᠤᠳᠠ ᠵᠡᠷᠭᠡ ᠠᠢᠮᠠᠭ ᠬᠤᠳᠠ ᠶ᠋ᠢᠨ 5 ᠲᠦᠯᠦᠭᠡᠯᠡᠭᠴᠢ ᠶ᠋ᠢᠨ ᠠᠩᠭᠢ ᠶ᠋ᠢᠨ 20 ᠲᠡᠮᠡᠭᠡᠴᠢᠨ ᠤᠷᠤᠯᠴᠠᠵᠤ᠂ ᠬᠤᠷᠴᠠ ᠰᠢᠷᠤᠭᠦᠨ ᠤᠷᠤᠯᠳᠤᠭᠠᠨᠢᠶᠠᠷ ᠲᠠᠮᠵᠢᠨ᠂ ᠡᠵᠡᠨ᠎ᠡ ᠬᠤᠰᠢᠭᠤᠨ ᠤ᠋ ᠲᠦᠯᠦᠭᠡᠯᠡᠭᠴᠢ ᠶ᠋ᠢᠨ ᠠᠩᠭᠢ ᠲᠡᠷᠢᠭᠦᠯᠡᠵᠤ᠂ ᠠᠯᠠᠱᠠ ᠪᠠᠷᠠᠭᠤᠨ ᠬᠤᠰᠢᠭᠤᠨᠤ ᠲᠦᠯᠦᠭᠡᠯᠡᠭᠴᠢᠶᠢᠨ ᠠᠩᠭᠢ ᠲᠡᠳ᠋ᠯᠡᠨ᠂ ᠪᠠᠶᠠᠨᠨᠠᠭᠤᠷ ᠬᠤᠳᠠ ᠶ᠋ᠢᠨ ᠤᠷᠠᠳᠤᠨ ᠬᠤᠢᠳᠤ ᠬᠤᠰᠢᠭᠤᠨ ᠤ᠋ ᠲᠦᠯᠦᠭᠡᠯᠡᠭᠴᠢᠶᠢᠨ ᠠᠩᠭᠢ ᠭᠤᠷᠪᠠᠳᠤᠭᠠᠷᠲᠤ ᠲᠤᠳᠤᠷᠠᠭᠰᠠᠨ ᠪᠠᠢᠨ᠎ᠠ᠃
ᠲᠤᠰ ᠡᠳᠦᠷ ᠤ᠋ᠨ ᠦᠳᠡ ᠶ᠋ᠢᠨ ᠬᠤᠢᠨ᠎ᠠ ᠨᠢ᠂ 3000 ᠮᠸᠲᠷ ᠤ᠋ᠨ ᠲᠣᠷᠣᠮ ᠤ᠋ᠨ ᠣᠷᠣᠯᠳᠤᠭᠠᠨ ᠳᠤ ᠭᠠᠨᠰᠦ᠂ ᠰᠢᠨᠵᠢᠶᠡᠩ᠂ ᠨᠢᠩᠰᠢᠶᠠ᠂ ᠬᠦᠭᠡᠨᠠᠭᠤᠷ᠂ ᠵᠢᠶᠠᠩᠰᠣ᠌᠂ ᠦᠪᠤᠷ ᠮᠤᠩᠭᠤᠯ ᠵᠡᠷᠭᠡ 6 ᠮᠤᠵᠢ ᠣᠷᠣᠨ ᠤ᠋ ᠤᠶᠠᠭᠠᠴᠢᠳ ᠤ᠋ᠨ 82 ᠲᠤᠷᠤᠮ ᠣᠷᠣᠯᠳᠤᠵᠤ᠂ 6 ᠲᠤᠭᠤᠢᠯᠡᠩ ᠬᠣᠪᠢᠶᠠᠭᠰᠠᠨ ᠪᠠᠢᠨ᠎ᠠ ᠃ ᠠᠯᠠᠱᠠ ᠵᠡᠬᠦᠨ ᠬᠣᠰᠢᠭᠤᠨ ᠤ᠋ ᠤᠯᠠᠨᠪᠤᠯᠠᠭ ᠪᠠᠯᠭᠠᠰᠤᠨ ᠤ᠋ ᠴᠠᠭᠠᠨᠳᠡᠷᠡᠰᠣ᠌ ᠭᠠᠴᠠᠭᠠᠨ ᠤ᠋ ᠮᠠᠯᠴᠢᠨ ᠨᠠᠮᠤᠷ᠄ 《 ᠪᠢ ᠡᠨᠡ ᠤᠳᠠᠭ᠎ᠠ ᠬᠣᠶᠠᠷ ᠲᠡᠮᠡᠭᠡ ᠲᠠᠢ ᠢᠷᠡᠭᠰᠡᠨ᠂ 3000 ᠮᠸᠲᠷ ᠤ᠋ᠨ ᠲᠤᠷᠤᠮ ᠤ᠋ᠨ ᠤᠷᠤᠯᠳᠤᠭᠠᠨ ᠪᠠ 5000 ᠮᠸᠲᠷ ᠤ᠋ᠨ ᠬᠤᠷᠳᠤᠨ ᠲᠡᠮᠡᠭᠡᠨ ᠤ᠋ ᠣᠷᠣᠯᠳᠤᠭᠠᠨ ᠳ᠋ᠤ᠌ ᠤᠷᠤᠯᠴᠠᠭᠠᠳ ᠰᠡᠳᠭᠢᠯ ᠪᠠᠶᠠᠷ ᠲᠠᠢ ᠪᠠᠢᠨ᠎ᠠ᠃ ᠠᠯᠠᠱᠠ ᠨᠤᠳᠤᠭ ᠲᠤ᠌ ᠮᠢᠨᠢ ᠪᠦᠬᠦ ᠤᠯᠤᠰ ᠤ᠋ᠨ ᠬᠡᠪᠴᠢᠶ᠎ᠡ ᠲᠠᠢ ᠲᠡᠮᠡᠭᠡᠨ ᠤ᠋ ᠤᠷᠤᠯᠳᠤᠭᠠᠨ ᠢ᠋ ᠵᠤᠬᠢᠶᠠᠨ ᠪᠠᠢᠭᠤᠯᠵᠤ᠂ ᠡᠯ᠎ᠡ ᠭᠠᠵᠠᠷ ᠤᠨ ᠤᠶᠠᠭᠠᠴᠢᠳ ᠲᠠᠢ ᠠᠷᠭ᠎ᠠ ᠲᠤᠷᠰᠢᠯᠭ᠎ᠠ ᠪᠠᠨ ᠰᠤᠯᠢᠯᠴᠠᠨ᠂ ᠬᠠᠮᠳᠤ ᠪᠠᠷ ᠦᠷᠢᠰᠦᠯᠳᠦᠵᠦ ᠪᠠᠢᠭᠠᠳᠤ ᠮᠠᠰᠢ ᠪᠠᠶᠠᠷᠯᠠᠵᠤ ᠪᠠᠢᠨ᠎ᠠ ᠮᠦᠨ ᠴᠤ᠌᠂ ᠬᠤᠪᠢᠶᠠᠷᠢ ᠲᠠᠯᠠᠪᠠᠢ ᠶ᠋ᠢᠨ ᠤᠷᠤᠯᠳᠤᠭᠠᠨ ᠪᠦᠷᠢ ᠳ᠋ᠤ᠌ ᠰᠠᠢᠨ ᠠᠮᠵᠢᠯᠳᠠ ᠤᠯᠬᠤ ᠪᠡᠷ ᠴᠢᠷᠮᠠᠢᠨ᠎ᠠ》 ᠭᠡᠯ᠎ᠠ᠃
ᠬᠤᠷᠳᠤᠨ ᠲᠡᠮᠡᠭᠡᠨ ᠤ᠋ 5000 ᠮᠸᠲᠷ ᠤ᠋ᠨ ᠤᠷᠤᠯᠳᠤᠭᠠᠨ ᠳ᠋ᠤ᠌ ᠭᠠᠵᠡᠷ ᠪᠤᠯᠭᠠᠨᠤ ᠤᠶᠠᠭᠠᠴᠢᠳ ᠤ᠋ᠨ 100 ᠭᠠᠷᠤᠢ ᠬᠤᠷᠳᠤᠨ ᠠᠳᠠ ᠣᠷᠣᠯᠴᠠᠵᠤ᠂ 10 ᠲᠤᠭᠤᠢᠯᠠᠩ ᠬᠤᠪᠢᠶᠠᠨ ᠤᠷᠤᠯᠳᠤᠵᠤ᠂ ᠤᠶᠠᠭᠠᠴᠢ ᠡᠵᠡᠨ ᠤ᠋ ᠤᠬᠠᠭᠠᠨ᠂ ᠤᠨᠤᠬ᠍ᠰᠠᠨ ᠡᠵᠡᠨ ᠤ᠋ ᠤᠷ᠎ᠠ ᠶ᠋ᠢ ᠰᠢᠯᠭᠠᠵᠤ᠂ ᠦᠵᠡᠭᠴᠢ ᠤᠯᠠᠨ ᠤ᠋ ᠤᠤᠬᠠᠢᠯᠠᠯ ᠢ᠋ ᠬᠦᠭᠵᠢᠭᠡᠨ᠎ᠠ᠃