《ᠡᠭᠦᠯᠡᠨ ᠬᠥᠬᠡ》— ᠠᠯᠳᠠᠷᠲᠤ ᠳᠠᠭᠤᠴᠢᠨ ᠨᠡᠷᠡᠨ᠎ᠦ 《ᠰᠡᠳᠬᠢᠯ᠎ᠦᠨ ᠡᠭᠡᠰᠢᠭ》 ᠪᠠᠭ᠍ᠰᠢ ᠰᠤᠷᠤᠭ᠍ᠴᠢᠳ᠎ᠤᠨ ᠬᠠᠮᠲᠤᠷᠠᠭᠰᠠᠨ ᠲᠣᠭᠯᠠᠯᠲᠠ 2025 ᠤᠨ᠎ᠤ 12 ᠰᠠᠷ᠎ᠠ᠎ᠶᠢᠨ 27 ᠤ᠋ ᠡᠳᠦᠷ ᠠᠷᠦ ᠬᠤᠷᠴᠢᠨ ᠬᠤᠰᠢᠭᠤᠨ᠎ᠤ ᠬᠣᠨᠳᠣ᠌ ᠪᠠᠯᠭᠠᠰᠤᠨ᠎ᠠ ᠶᠠᠪᠤᠭᠳᠠᠯᠡ᠃
《ᠪᠣᠭᠳᠠ ᠴᠢᠩᠭᠢᠰ》᠂ 《ᠡᠭᠦᠯᠡᠨ ᠬᠥᠬᠡ 》᠂ 《ᠥᠨᠢᠳᠡ ᠳᠠᠭᠤᠷᠢᠰᠬᠤ ᠡᠭᠦᠯᠡᠨ ᠬᠥᠬᠡ》᠂ 《ᠡᠯᠡᠰᠦ ᠮᠠᠩᠬᠠᠨ ᠨᠤᠲᠤᠭ》᠂ 《ᠠᠯᠲᠠᠨ ᠪᠣᠭᠳᠠ ᠶᠢᠨ ᠰᠢᠯᠢ 》᠂ 《ᠬᠥᠭᠵᠢᠨ ᠴᠡᠴᠡᠭᠯᠡᠭᠰᠡᠨ ᠬᠣᠨᠳᠣ᠌ ᠨᠤᠲᠤᠭ》᠂ 《ᠵᠠᠶᠠᠭᠠᠨᠦ ᠴᠡᠩᠬᠡᠷ ᠬᠣᠨᠳᠣ᠌》 ᠵᠡᠷᠭᠡ 16 ᠳᠤᠭᠯᠠᠯᠳᠠ ᠨᠢ ᠬᠤᠷᠠᠭᠰᠠᠨ ᠣᠯᠠᠨ᠎ᠤ ᠰᠡᠳᠬᠢᠯ᠎ᠢ ᠳᠤᠯᠠᠭᠠᠯᠠᠵᠤ᠂ ᠰᠣᠨᠣᠷ ᠬᠠᠷᠠᠭ᠎ᠠ᠎ᠶᠢ ᠪᠠᠶᠠᠰᠬᠠᠵᠠᠢ᠃
ᠠᠯᠳᠠᠷᠲᠤ ᠳᠠᠭᠤᠴᠢᠨ ᠨᠡᠷᠡᠨ ᠢᠯᠠᠩᠭᠤᠶ᠎ᠠ ᠠᠵᠢᠯ᠎ᠠᠴᠠ᠎ᠪᠠᠨ ᠠᠮᠠᠷᠠᠭᠰᠠᠨ᠎ᠤ ᠳᠠᠷᠠᠭ᠎ᠠ《ᠤᠷᠳᠣ᠌ᠶᠢᠨ ᠳᠠᠭᠤᠤ᠎ᠶᠢ ᠥᠪᠯᠡᠨ ᠤᠯᠠᠮᠵᠢᠯᠠᠬᠤ ᠰᠠᠭᠤᠷᠢᠨ》᠂ 《ᠵᠣᠤ ᠤᠳᠠ ᠠᠷᠠᠳ᠎ᠤᠨ ᠳᠠᠭᠤᠤ᠎ᠶᠢᠨ ᠵᠢᠭᠠᠨ ᠰᠤᠳᠤᠯᠬᠤ ᠰᠠᠭᠤᠷᠢᠨ》᠎ᠢ ᠪᠠᠢᠭᠤᠯᠵᠤ᠂ ᠤᠷᠢᠳ ᠬᠣᠵᠢᠳ 6 ᠤᠳᠠᠭ᠎ᠠ ᠲᠣᠮᠣ᠌ ᠬᠡᠯᠪᠡᠷᠢ᠎ᠶᠢᠨ ᠤᠷᠳᠤ ᠶ᠋ᠢᠨ ᠳᠠᠭᠤᠤ᠎ᠶᠢᠨ ᠪᠣᠯᠪᠠᠰᠤᠷᠠᠯ᠎ᠤᠨ ᠠᠩᠭᠢ ᠡᠷᠬᠢᠯᠡᠵᠦ᠂ ᠰᠣᠷᠣᠭᠰᠠᠨ ᠮᠡᠳᠡᠭᠰᠡᠨ᠎ᠢᠶᠠᠨ ᠠᠷᠠᠳ᠎ᠤᠨ ᠳᠠᠭᠤᠤ᠎ᠳᠤ ᠳᠤᠷᠠᠲᠠᠢ ᠰᠤᠷᠤᠭ᠍ᠴᠢ ᠳᠡᠭᠦᠦᠨᠡᠷᠲᠡᠬᠡᠨ ᠤᠯᠠᠮᠵᠢᠯᠠᠨ᠂ ᠦᠨᠳᠦᠰᠦᠲᠡᠨ᠎ᠦ ᠤᠯᠠᠮᠵᠢᠯᠠᠯᠲᠤ ᠳᠠᠭᠤᠤ ᠤᠷᠠᠯᠢᠭ᠋᠎ᠢᠶᠠᠨ ᠦᠷ᠎ᠡ ᠬᠣᠢᠴᠢᠰᠲᠡᠭᠠᠨ ᠥᠪᠯᠡᠨ ᠤᠯᠠᠮᠵᠢᠯᠠᠬᠤ ᠭᠡᠵᠦ ᠴᠢᠷᠮᠠᠢᠭᠰᠠᠭᠠᠷ ᠢᠷᠡᠵᠡᠢ᠃ ᠲᠡᠷᠡ ᠪᠡᠷ᠂ ᠠᠷᠤ ᠬᠣᠷᠴᠢᠨ ᠬᠣᠰᠢᠭᠤᠨ᠎ᠤ ᠬᠤᠷᠢᠮ ᠨᠠᠢᠷ᠎ᠲᠤ ᠳᠠᠭᠤᠯᠠᠭᠳᠠᠳᠠᠭ 《ᠲᠥᠷᠥ ᠵᠢᠨ ᠳᠥᠷᠪᠡᠨ ᠳᠠᠭᠤᠤ》᠂ 《ᠱᠠᠩ ᠤᠨ ᠨᠠᠢ᠍ᠮᠠᠨ ᠳᠠᠭᠤᠤ》 ᠶ᠋ᠢᠨ ᠳᠠᠭᠤᠯᠠᠬᠤ ᠠᠷᠭ᠎ᠠ ᠪᠠᠷᠢᠯ᠎ᠢ ᠳᠦᠷᠢᠮᠵᠢᠭᠦᠯᠦᠨ᠂ ᠨᠠᠢᠷᠠᠯ ᠳᠠᠭᠤᠤ᠎ᠶᠢᠨ ᠬᠡᠯᠪᠡᠷᠢ᠎ᠪᠡᠷ ᠲᠤᠰ ᠤᠳᠠᠭᠠᠨ᠎ᠤ ᠲᠣᠭᠯᠠᠯᠲᠠ᠎ᠳᠠᠭᠠᠨ ᠳᠠᠭᠤᠯᠠᠭᠰᠠᠨ ᠪᠦᠬᠡᠳ ᠬᠤᠷᠠᠨ ᠴᠤᠭᠯᠠᠷᠠᠭᠰᠠᠨ ᠣᠯᠠᠨ᠎ᠳᠤ ᠥᠪᠡᠷ᠎ᠦᠨ 《ᠡᠭᠦᠯᠡᠨ ᠬᠥᠬᠡ》 ᠭᠡᠰᠡᠨ ᠳᠠᠭᠤᠥ ᠵᠢᠨ ᠴᠣᠮᠣᠭ᠎ᠢᠶᠠᠨ ᠪᠡᠯᠡᠭᠯᠡᠵᠡᠢ᠃
ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠬᠥᠭᠵᠢᠭᠦᠯᠵᠦ᠂ ᠠᠷᠤ ᠬᠣᠷᠴᠢᠨ ᠠᠷᠠᠳ᠎ᠤᠨ ᠳᠠᠭᠤᠤ᠎ᠪᠠᠨ ᠨᠠᠩ ᠢᠯᠡᠭᠦᠦ ᠳᠡᠯᠭᠡᠷᠡᠭᠦᠯᠦᠨ ᠲᠠᠨᠢᠭᠤᠯᠬᠤ ᠵᠣᠷᠢᠯᠭᠠᠪᠦᠬᠦᠢ ᠳᠤᠰ ᠳᠤᠭᠯᠠᠯᠳᠠ ᠵᠢ ᠠᠷᠤ ᠬᠣᠷᠴᠢᠨ ᠬᠣᠰᠢᠭᠤᠨ᠎ᠤ ᠰᠣᠶᠣᠯ ᠵᠢᠭᠤᠯᠴᠢᠯᠠᠯ ᠪᠡᠶ᠎ᠡ᠎ᠶᠢᠨ ᠲᠠᠮᠢᠷ᠎ᠤᠨ ᠲᠣᠪᠴᠢᠶ᠎ᠠ᠎ᠡᠴᠡ ᠭᠣᠣᠯᠯᠠᠨ ᠡᠷᠬᠢᠯᠡᠵᠦ᠂ ᠬᠣᠨᠳᠣ᠌ ᠪᠠᠯᠭᠠᠰᠤ᠎ᠶᠢᠨ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠠᠴᠠ ᠳᠠᠭᠠᠭᠠᠴᠢᠯᠠᠨ ᠡᠷᠬᠢᠯᠡᠨ᠂ ᠠᠷᠤ ᠬᠣᠷᠴᠢᠨ ᠬᠣᠰᠢᠭᠤᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢ ᠠᠬᠢᠭᠤᠯᠬᠤ ᠨᠡᠢᠭᠡᠮᠯᠢᠭ ᠬᠢᠭᠡᠳ 《ᠰᠡᠳᠬᠢᠯ᠎ᠦᠨ ᠡᠭᠡᠰᠢᠭ》 ᠰᠣᠶᠣᠯ ᠤᠷᠠᠯᠢᠭ᠋᠎ᠤᠨ ᠪᠣᠯᠪᠠᠰᠤᠷᠠᠯ᠎ᠤᠨ ᠰᠤᠷᠭᠠᠭᠤᠯᠢ᠎ᠠᠴᠠ ᠬᠠᠮᠵᠢᠨ ᠡᠷᠬᠢᠯᠡᠭᠰᠡᠨ ᠪᠠᠢᠨ᠎ᠠ᠃