ᠰᠢᠨ᠎ᠡ ᠮᠠᠯᠴᠢᠨ ᠲᠠᠷᠢᠶᠠᠴᠢᠨ᠎ᠤ᠋ ᠨᠢᠬᠡ ᠵᠢᠯ ᠎ᠦ᠋ᠨ ᠲᠠᠩᠰᠤᠭ ᠬᠤᠷᠢᠶᠠᠯᠲᠠ
2026-02-10 09:33:00
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠣᠢᠷᠠᠳᠬᠤ᠎ᠪᠠᠷ ᠪᠠᠶᠠᠨᠨᠠᠭᠤᠷ ᠬᠣᠲᠠ᠎ᠶ᠋ᠢᠨ ᠯᠢᠨᠾᠧ ᠲᠣᠭᠣᠷᠢᠭ᠎ᠤ᠋ᠨ ᠪᠠ ᠢ ᠰᠢᠶᠠᠩ ᠎ᠤ᠋ᠨ ᠲᠡᠵᠢᠭᠡᠨ ᠦᠷᠡᠵᠢᠭᠦᠯᠬᠦ ᠲᠣᠮᠣ ᠡᠷᠦᠬᠡ᠎ᠭᠤᠤ ᠶᠤᠸᠠᠨ ᠎ᠤ ᠣᠶᠤᠨᠴᠢᠯᠠᠭᠰᠠᠨ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ᠎ᠲᠤ ᠬᠦᠷᠬᠦ᠎ᠳ᠋ᠦ᠍ ᠲᠠᠷᠭᠤ ᠰᠠᠢᠲᠠᠢ᠂ ᠵᠤᠵᠠᠭᠠᠨ ᠨᠤᠤᠰᠤ ᠲᠠᠢ ᠬᠤᠨᠢᠳ ᠬᠠᠰᠢᠶᠠᠨ ᠲᠤᠳᠤᠷ᠎ᠠ ᠪᠠᠨ ᠲᠠᠪᠠᠲᠠᠢᠬᠠᠨ ᠬᠡᠪᠲᠡᠨ᠎ᠡ᠃ ᠬᠠᠰᠢᠶᠠᠨ᠎ᠲᠤᠳᠤᠷ᠎ᠠ ᠨᠢ ᠰᠠᠯᠬᠢ ᠨᠡᠪᠲᠡᠷᠡᠭᠦᠯᠬᠦ᠂ ᠪᠣᠷᠳᠣᠭ᠎ᠠ ᠬᠦᠷᠭᠡᠬᠦ ᠰᠢᠰᠲ᠋ᠧᠮ ᠪᠦᠷᠢᠨ ᠲᠥᠬᠥᠷ ᠪᠠᠢᠵᠤ᠂ ᠮᠠᠰᠢᠨᠴᠢᠯᠠᠭᠰᠠᠨ ᠲᠥᠬᠥᠭᠡᠷᠦᠮᠵᠢ ᠨᠢ ᠤᠷᠢᠳᠴᠢᠯᠠᠨ ᠨᠠᠢᠷᠠᠭᠤᠯᠤᠭᠰᠠᠨ ᠲᠡᠵᠢᠭᠡᠯ ᠡᠪᠡᠰᠦ᠎ᠶ᠋ᠢ ᠨᠠᠷᠢᠯᠢᠭ ᠣᠨᠣᠪᠴᠢᠲᠠᠢ ᠲᠣᠬᠢᠷᠠᠭᠤᠯᠤᠨ ᠬᠦᠷᠭᠡᠬᠦ ᠴᠢᠳᠠᠮᠵᠢ ᠲᠠᠢ ᠪᠠᠢᠵᠤ᠂ ᠬᠥᠮᠦᠨ᠎ᠦ᠌ ᠬᠦᠴᠦ᠎ᠪᠡᠷ ᠲᠡᠵᠢᠭᠡᠬᠦ ᠥᠪᠡᠷ ᠎ᠦ᠋ᠨ ᠥᠷᠲᠡᠭ᠎ᠢ᠋ ᠪᠠᠭᠠᠰᠬᠠᠭᠰᠠᠨ ᠪᠦᠭᠡᠳ  ᠰᠢᠨᠵᠢᠯᠡᠬᠦ ᠤᠬᠠᠭᠠᠨᠴᠢ ᠴᠢᠨᠠᠷ᠎ᠢ᠋ ᠪᠠᠲᠤᠯᠠᠭᠰᠠᠨ ᠪᠠᠢᠨ᠎ᠠ᠃

︽ᠰᠠᠷ᠎ᠠ ᠰᠢᠨ᠎ᠡ᠎ᠶᠢᠨ ᠪᠠᠶᠠᠷ ᠪᠤᠯᠬᠤ᠎ᠵᠢ ᠲᠠᠭᠠᠯᠳᠤᠨ᠂ ᠬᠤᠨᠢᠨ ᠮᠢᠬᠠᠨ᠎ᠤ᠋ ᠦᠨ᠎ᠡ ᠵᠢᠩ ᠪᠦᠷᠢ ᠎ᠳ᠋ᠡᠭᠡᠨ 29 ᠲᠥᠭᠥᠷᠢᠭ ᠪᠣᠯᠤᠨ ᠨᠡᠮᠡᠭᠳᠡᠵᠦ᠂ ᠨᠢᠭᠡ ᠬᠣᠨᠢ ᠪᠤᠷᠤᠯᠠᠭᠤᠯᠬᠤ ᠪᠦᠷᠢ ᠎ᠪᠠᠰᠠ 60 ᠲᠥᠭᠥᠷᠢᠭ᠎ᠦ᠋ᠨ ᠵᠠᠰᠠᠭ ᠎ᠤ᠋ᠨ ᠣᠷᠳᠣᠨ᠎ᠤ᠋ ᠨᠥᠬᠥᠪᠥᠷᠢ ᠬᠦᠷᠲᠡᠵᠦ᠂ ᠭᠡᠪᠴᠢᠶᠡᠵᠢᠭᠰᠡᠨ ᠲᠡᠵᠢᠭᠡᠨ ᠦᠷᠡᠵᠢᠭᠦᠯᠬᠦ ᠦᠷ᠎ᠡ ᠠᠰᠢᠭ ᠲᠤᠢᠯ᠎ᠤ᠋ᠨ ᠮᠡᠳᠡᠭᠳᠡᠮ᠎ᠡ ᠪᠠᠢᠵᠤ᠂ ᠪᠠᠶᠠᠨ ᠲᠠᠩᠰᠤᠭ ᠬᠥᠷ ᠨᠠᠷᠭᠢᠶᠠᠨ᠎ᠲᠠᠢ ᠰᠢᠨᠡᠯᠡᠬᠦ ᠎ᠳᠦ ᠰᠠᠭᠤᠷᠢ ᠲᠠᠯᠪᠢᠵᠠᠢ︾ᠭᠡᠵᠦ ᠭᠣᠣ ᠶᠤᠸᠠᠨ ᠢᠨᠢᠶᠡᠨ ᠬᠡᠯᠡᠨ᠎ᠡ᠃

23 ᠵᠢᠯ ᠎ᠦ᠋ᠨ ᠬᠤᠨᠢ ᠲᠡᠵᠢᠭᠡᠭᠰᠡᠨ ᠲᠤᠷᠰᠢᠯᠭ᠎ᠠ᠎ᠳᠠᠭᠠᠨ ᠰᠠᠭᠤᠷᠢᠯᠠᠨ᠂ ᠡᠪᠡᠰᠦᠨ᠎ᠦ᠌ ᠰᠢᠮ᠎ᠡ ᠲᠡᠵᠢᠭᠡᠯ᠎ᠢ᠋ ᠲᠣᠬᠢᠷᠠᠭᠤᠯᠬᠤ᠂ ᠭᠡᠮ ᠬᠢᠵᠢᠭ᠎ᠢ᠋ ᠰᠡᠷᠭᠡᠢᠯᠡᠨ ᠬᠢᠵᠠᠭᠠᠷᠯᠠᠬᠤ᠎ᠡᠴᠡ ᠡᠮ᠎ᠡ ᠬᠣᠨᠢᠨ᠎ᠤ᠋ ᠬᠡᠭᠡᠯ ᠬᠠᠮᠠᠭᠠᠯᠠᠬᠤ᠂ ᠲᠦᠯ ᠪᠣᠢᠵᠢᠭᠤᠯᠬᠤ ᠬᠦᠷᠲᠡᠯ᠎ᠡ᠂ ᠭᠤᠤ ᠶᠤᠸᠠᠨ ᠪᠦᠷ ᠲᠤᠳᠤᠷᠬᠠᠢ ᠡᠵᠡᠮᠰᠢᠵᠦ ᠰᠠᠢᠳᠤᠷ ᠠᠷᠭᠠᠴᠠᠭᠠᠵᠤ ᠴᠢᠳᠠᠳᠠᠭ᠃ ᠲᠡᠳᠡᠨ᠎ᠦ᠌ ᠬᠢ 500 ᠡᠮ᠎ᠡ ᠬᠣᠨᠢ᠎ᠲᠠᠢ ᠪᠠᠢᠵᠤ᠂ ᠵᠢᠯ ᠪᠦᠷᠢ 700 ᠲᠦᠯ ᠲᠣᠭᠲᠠᠪᠤᠷᠢᠲᠠᠢ ᠲᠤᠰᠴᠤ᠂ 《ᠪᠣᠢᠵᠢᠭᠤᠯᠬᠤ ᠂ ᠲᠡᠵᠢᠭᠡᠬᠦ ᠂ ᠪᠣᠷᠣᠯᠠᠭᠤᠯᠬᠤ》ᠪᠦᠷᠢᠨ ᠪᠦᠲᠦᠨ ᠠᠵᠤ ᠦᠢᠯᠡᠰ᠎ᠤᠨ ᠬᠡᠯᠬᠢᠶ᠎ᠡ ᠪᠣᠯᠤᠭᠰᠠᠨ ᠪᠠᠢᠨ᠎ᠠ᠃ ᠡᠭᠦᠨ᠎ᠡᠴᠡ ᠭᠠᠳᠠᠨ᠎ᠠ᠂ ᠲᠡᠷᠡ ᠪᠠᠰᠠ ᠡᠷᠭᠢᠨ ᠲᠣᠭᠣᠷᠢᠨ᠎ᠤ᠋ ᠰᠢᠶᠠᠩ ᠪᠠᠯᠭᠠᠰᠤ᠎ᠶᠢᠨ ᠬᠣᠨᠢ᠎ᠶ᠋ᠢ ᠬᠤᠳᠠᠯᠳᠤᠨ ᠠᠪᠴᠤ ᠲᠡᠵᠢᠭᠡᠨ ᠦᠷᠡᠵᠢᠭᠦᠯᠬᠦ ᠬᠡᠪᠴᠢᠶ᠎ᠡ᠎ᠪᠡᠨ ᠤᠯᠠᠮ ᠶᠡᠭᠡᠰᠭᠡᠵᠦ᠂ ᠣᠷᠣᠯᠭ᠎ᠠ ᠨᠡᠮᠡᠭᠳᠡᠭᠦᠯᠬᠦ ᠠᠷᠭ᠎ᠠ ᠵᠠᠮ᠎ᠢ᠋ᠶ᠋ᠠᠨ ᠥᠷᠭᠡᠳᠬᠡᠭᠰᠡᠨ ᠪᠠᠢᠨ᠎ᠠ᠃︽ᠰᠢᠨ᠎ᠡ ᠨᠢᠭᠡᠨ ᠵᠢᠯ᠎ᠳ᠋ᠦ᠍ ᠪᠢ ᠣᠶᠤᠨᠴᠢ ᠬᠢᠨᠠᠨ ᠡᠵᠡᠮᠰᠢᠯ᠎ᠦ᠋ᠨ ᠰᠢᠰᠲ᠋ᠧᠮ᠎ᠢ᠋ ᠦᠷᠭᠦᠯᠵᠢᠯᠡᠨ ᠣᠷᠣᠭᠤᠯᠤᠨ ᠠᠰᠢᠭᠯᠠᠵᠤ᠂ ᠬᠣᠨᠢᠨ ᠰᠦᠷᠦᠭ᠎ᠦ᠋ᠨ ᠡᠷᠡᠭᠦᠯ ᠮᠡᠨᠳᠦ᠎ᠶ᠋ᠢᠨ ᠬᠠᠮᠢᠶᠠᠷᠤᠯᠲᠠ᠎ᠶ᠋ᠢ ᠰᠢᠯᠢᠳᠡᠭᠵᠢᠭᠦᠯᠵᠦ᠂ ᠬᠣᠨᠢᠨ ᠮᠢᠬ᠎ᠠ ᠪᠣᠷᠣᠯᠠᠭᠤᠯᠬᠤ ᠠᠷᠭ᠎ᠠ ᠵᠠᠮ᠎ᠢᠶᠡᠨ ᠤᠯᠠᠮ ᠥᠷᠭᠡᠳᠬᠡᠬᠦ᠎ᠪᠡᠷ ᠲᠥᠯᠥᠪᠯᠡᠵᠦ ᠪᠠᠢᠨ᠎ᠠ︾ᠭᠡᠵᠦ ᠭᠣᠣ ᠶᠤᠸᠠᠨ ᠢᠲᠡᠭᠡᠯ ᠳᠦᠭᠦᠷᠡᠩ ᠢᠯᠡᠳᠬᠡᠨ᠎ᠡ᠃

ᠣᠢᠷ᠎ᠠ᠎ᠶ᠋ᠢᠨ ᠵᠢᠯ᠎ᠡᠴᠡ᠂ ᠤᠯᠤᠰ᠎ᠠ᠋ᠴᠠ ᠲᠠᠷᠢᠶᠠᠯᠠᠩ᠎ᠢ᠋ ᠲᠡᠳᠬᠦᠨ ᠳᠡᠮᠵᠢᠬᠦ ᠲᠥᠷᠥ᠎ᠶ᠋ᠢᠨ ᠪᠣᠳᠣᠯᠭ᠎ᠠ᠎ᠶ᠋ᠢᠨ ᠡᠷᠴᠢᠮ ᠲᠠᠰᠤᠷᠠᠯᠲᠠ ᠦᠭᠡᠢ ᠴᠢᠩᠭ᠋ᠠᠷᠠᠵᠤ᠂ ᠪᠣᠷᠣᠲᠣᠬᠣᠶ ᠣᠷᠣᠨ᠎ᠤ᠋ ᠲᠠᠷᠢᠶᠠᠴᠢᠳ ᠤᠷᠢᠳ ᠬᠣᠵᠢᠳ ᠠᠮᠤ ᠪᠤᠳᠠᠭᠠᠨ᠎ᠤ᠋ ᠨᠥᠬᠥᠪᠥᠷᠢ᠂ ᠪᠤᠭᠤᠳᠠᠢ᠎ᠶ᠋ᠢᠨ ᠳᠠᠷᠠᠭᠠᠬᠢ ᠳᠠᠬᠢᠨ ᠲᠠᠷᠢᠭᠰᠠᠨ ᠨᠥᠬᠥᠪᠥᠷᠢ᠂ ᠡᠭᠡᠯᠵᠢᠯᠡᠨ ᠲᠠᠷᠢᠭᠰᠠᠨ ᠨᠥᠬᠥᠪᠥᠷᠢ ᠵᠡᠷᠭᠡ ᠣᠯᠠᠨ ᠵᠦᠢᠯ᠎ᠦ᠋ᠨ ᠲᠥᠷᠥ᠎ᠶ᠋ᠢᠨ ᠪᠣᠳᠣᠯᠭ᠎ᠠ᠎ᠶ᠋ᠢᠨ ᠠᠰᠢᠭ ᠲᠤᠰᠠ᠎ᠶ᠋ᠢ ᠬᠦᠷᠲᠡᠭᠰᠡᠨ᠎ᠦ᠌ ᠬᠠᠮᠲᠤ᠂ ᠨᠡᠩ ᠣᠯᠠᠨ ᠰᠢᠨ᠎ᠡ ᠲᠠᠷᠢᠶᠠᠴᠢᠨ ᠴᠣᠯᠭᠣᠷᠠᠨ ᠭᠠᠷᠪᠠ᠃ ᠲᠡᠳᠡ ᠤᠯᠠᠮᠵᠢᠯᠠᠯᠲᠤ ᠤᠳᠬ᠎ᠠ ᠠᠭᠤᠯᠭ᠎ᠠ ᠳᠡᠭᠡᠷᠡᠬᠢ ᠲᠠᠷᠢᠶᠠᠴᠢᠨ ᠪᠣᠯᠬᠤ᠎ᠪᠠᠷ ᠪᠠᠷᠠᠬᠤ ᠦᠭᠡᠢ᠂ ᠪᠠᠰᠠ ᠰᠢᠨ᠎ᠡ ᠣᠢᠯᠠᠭᠠᠭᠳᠠᠬᠤᠨ᠂ ᠰᠢᠨ᠎ᠡ ᠮᠡᠷᠭᠡᠵᠢᠯ᠂ ᠰᠢᠨ᠎ᠡ ᠠᠷᠭ᠎ᠠ ᠮᠠᠶᠢᠭ᠎ᠢ᠋ᠶ᠋ᠠᠷ ᠲᠠᠷᠢᠶᠠᠯᠠᠩ᠎ᠳ᠋ᠤ᠌ ᠣᠷᠣᠯᠴᠠᠭᠰᠠᠨ ᠬᠣᠰᠢᠭᠤᠴᠢ ᠪᠣᠯᠪᠠ᠃ ᠲᠦᠷᠦ᠎ᠶᠢᠨ ᠪᠤᠳᠤᠯᠭ᠎ᠠ᠎ᠶᠢᠨ ᠠᠰᠢᠭ ᠬᠦᠷᠲᠡᠭᠡᠮᠵᠢ ᠨᠢ ᠰᠢᠨ᠎ᠡ ᠮᠠᠯᠴᠢᠨ ᠲᠠᠷᠢᠶᠠᠴᠢᠳ᠎ᠤ᠋ᠨ ᠲᠠᠷᠢᠶ᠎ᠠ ᠲᠠᠷᠢᠬᠤ ᠪᠤᠶᠤ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠥᠷᠭᠡᠳᠬᠡᠬᠦ᠂ ᠠᠵᠤ ᠦᠢᠯᠡᠰ᠎ᠤᠨ ᠪᠦᠲᠦᠴᠡ ᠪᠠᠨ ᠰᠠᠢᠵᠢᠷᠠᠭᠤᠯᠬᠤ ᠢᠲᠡᠭᠡᠯ ᠵᠣᠷᠢᠭ᠎ᠢ᠋ ᠤᠯᠠᠮ ᠬᠥᠪᠴᠢᠯᠡᠵᠡᠢ᠃

ᠯᠢᠨᠾᠧ ᠲᠤᠭᠤᠷᠢᠭ᠎ᠤᠨ ᠥᠭᠡᠷ᠎ᠡ ᠨᠢᠭᠡᠨ ᠲᠤᠮᠤ ᠲᠠᠷᠢᠶᠠᠴᠢᠨ ᠡᠷᠦᠭᠡ ᠶᠠᠩ ᡁᠢ ᠴᠢᠤᠸᠠᠨ ᠨᠢᠳᠤᠨᠤᠨ 5000 ᠮᠦ᠍ ᠲᠠᠷᠢᠶᠠᠨ ᠭᠠᠵᠠᠷ᠎ᠤᠨ ᠡᠵᠡᠩᠨᠡᠯᠲᠡ᠎ᠶᠢᠨ ᠡᠷᠭᠡ᠎ᠵᠢ ᠰᠢᠯᠵᠢᠭᠦᠯᠦᠨ ᠠᠪᠴᠤ᠂ 2000 ᠮᠦ᠍ ᠨᠠᠩᠬᠢᠨ ᠡᠷᠳᠡᠨᠢ ᠰᠢᠰᠢ᠂ 1000 ᠮᠦ᠍ ᠲᠡᠵᠢᠭᠡᠯ᠎ᠦ᠋ᠨ ᠡᠷᠳᠡᠨᠢ ᠰᠢᠰᠢ᠂ 1500 ᠮᠦ᠍ ᠨᠠᠷᠠᠨ ᠬᠤᠸᠠᠷ ᠲᠠᠷᠢᠬᠤ᠎ᠶᠢᠨ ᠲᠠᠭᠠᠤ ᠤᠯᠠᠭᠠᠨ ᠪᠤᠭᠤᠳᠠᠢ᠂ ᠲᠥᠪᠡᠳ ᠬᠠᠰᠢ᠂ ᠬᠠᠯᠠᠭᠤᠨ ᠨᠣᠭᠣᠭ᠎ᠠ ᠵᠡᠷᠭᠡ ᠲᠠᠷᠢᠮᠠᠯ᠎ᠢ᠋ ᠬᠣᠯᠢᠨ ᠲᠠᠷᠢᠵᠤ᠂ ᠣᠯᠠᠨ ᠶᠠᠩᠵᠤᠲᠤ ᠲᠠᠷᠢᠮᠠᠯ᠎ᠤᠨ ᠪᠦᠲᠦᠴᠡ᠎ᠵᠢ ᠪᠦᠷᠢᠯᠳᠦᠭᠦᠯᠵᠠᠢ᠃ ᠡᠢᠮᠦᠷᠬᠦᠦ ᠳᠠᠷᠢᠮᠠᠯ᠎ᠤᠨ ᠬᠡᠪ ᠵᠠᠭᠪᠤᠷ ᠨᠢ ᠭᠠᠵᠠᠷ ᠰᠢᠷᠣᠢ᠎ᠶ᠋ᠢᠨ ᠠᠰᠢᠭᠯᠠᠯᠲᠠ᠎ᠶ᠋ᠢᠨ ᠨᠣᠷᠮ᠎ᠠ᠎ᠶ᠋ᠢ ᠳᠡᠭᠡᠭᠰᠢᠯᠡᠭᠦᠯᠦᠭᠰᠡᠨ ᠪᠦᠭᠡᠳ ᠵᠠᠬ᠎ᠠ ᠳᠡᠯᠭᠡᠭᠦᠷ᠎ᠦ᠋ᠨ ᠲᠦᠭᠰᠢᠭᠦᠷᠢ᠎ᠶ᠋ᠢ ᠪᠠᠭᠠᠰᠬᠠᠭᠰᠠᠨ ᠪᠠᠢᠳᠠᠭ ᠃

《ᠡᠨᠡ ᠵᠢᠯ ᠪᠢ ᠪᠤᠭᠤᠳᠠᠢ᠂ ᠡᠷᠳᠡᠨᠢ ᠰᠢᠰᠢ ᠵᠡᠷᠭᠡ ᠠᠮᠤ ᠪᠤᠳᠠᠭᠠᠨ᠎ᠤ᠋ ᠲᠠᠷᠢᠮᠠᠯ᠎ᠤ᠋ᠨ ᠵᠢᠡᠨ ᠲᠠᠯᠠᠪᠠᠢ᠎ᠶ᠋ᠢ ᠤᠯᠠᠮ ᠥᠷᠭᠡᠳᠬᠡᠵᠦ᠂ ᠠᠮᠤ ᠪᠤᠳᠠᠭᠠᠨ᠎ᠤ᠋ ᠦᠢᠯᠡᠳᠪᠦᠷᠢᠯᠡᠯ᠎ᠦ᠋ᠨ ᠬᠣᠷᠢᠭ᠎ᠠ ᠱᠤᠭᠤᠮ᠎ᠢ᠋ ᠪᠠᠲᠤ ᠰᠠᠬᠢᠨ᠎ᠠ᠃ ᠡᠭᠦᠨ᠎ᠦ᠌ ᠬᠠᠮᠲᠤ᠂ ᠭᠠᠵᠠᠷ ᠰᠢᠷᠣᠢ᠎ᠶ᠋ᠢᠨ ᠡᠬᠢ ᠪᠠᠶᠠᠯᠢᠭ᠎ᠤ᠋ᠨ ᠳᠠᠪᠠᠭᠤᠯᠢᠭ ᠪᠣᠯᠤᠨ ᠵᠠᠬ᠎ᠠ ᠳᠡᠯᠭᠡᠭᠦᠷ᠎ᠦ᠋ᠨ ᠬᠡᠷᠡᠭᠴᠡᠭᠡ ᠱᠠᠭᠠᠷᠳᠠᠯᠭ᠎ᠠ᠎ᠳ᠋ᠤ᠌ ᠲᠦᠰᠢᠭᠯᠡᠨ᠂ ᠶᠡᠬᠡ ᠬᠤᠳᠠ᠎ᠳᠤ  ᠬᠠᠩᠭᠠᠬᠤ ᠢᠳᠡᠰᠢᠨ ᠨᠣᠭᠣᠭ᠎ᠠ᠎ᠶ᠋ᠢᠨ ᠠᠵᠤ ᠦᠢᠯᠡᠰ᠎ᠢ᠋ ᠢᠳᠡᠪᠬᠢᠲᠡᠢ ᠬᠥᠭᠵᠢᠭᠦᠯᠵᠦ᠂ ᠲᠠᠷᠢᠮᠠᠯ᠎ᠤ᠋ᠨ ᠠᠵᠤ ᠦᠢᠯᠡᠰ᠎ᠦ᠋ᠨ ᠴᠢᠨᠠᠷ ᠰᠠᠢᠲᠠᠢ᠂ ᠨᠡᠮᠡᠯᠲᠡ ᠥᠷᠲᠡᠭ ᠶᠡᠬᠡᠲᠡᠢ ᠪᠠᠢᠬᠤ ᠴᠢᠭᠯᠡᠯ ᠳᠠᠢᠰᠢ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠤᠨ᠎ᠠ》᠃  ᠢᠷᠡᠭᠡᠳᠦᠢ ᠵᠢᠡ ᠬᠥᠭᠵᠢᠯᠲᠡ᠎ᠶ᠋ᠢᠨ ᠵᠢᠷᠤᠭ ᠲᠥᠰᠥᠪ ᠵᠢᠡᠨ ᠶᠠᠩ ᡁᠢ ᠴᠢᠤᠸᠠᠨ᠎ᠢᠨᠭᠬᠢᠵᠦ ᠶᠠᠷᠢᠯ᠎ᠠ᠃

ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ᠎ᠡᠴᠡ ᠡᠷᠴᠢᠮᠵᠢᠭᠦᠯᠦᠨ ᠲᠠᠷᠢᠬᠤ ᠬᠦᠷᠲᠡᠯ᠎ᠡ᠂ ᠤᠯᠠᠮᠵᠢᠯᠠᠯᠲᠤ ᠲᠤᠷᠰᠢᠯᠭ᠎ᠠ᠎ᠳ᠋ᠤ᠌ ᠲᠦᠰᠢᠭᠯᠡᠬᠦ ᠡᠴᠡ ᠰᠢᠨᠵᠢᠯᠡᠬᠦ ᠤᠬᠠᠭᠠᠨ᠎ᠤ ᠬᠦᠴᠦᠨ ᠴᠢᠳᠠᠯ᠎ᠳ᠋ᠤ᠌ ᠲᠦᠰᠢᠭᠯᠡᠬᠦ ᠬᠦᠷᠲᠡᠯ᠎ᠡ᠂ ᠭᠠᠭᠴᠠᠭᠠᠷ ᠠᠵᠢᠯᠯᠠᠵᠤ ᠭᠠᠭᠴᠠᠭᠠᠷ ᠲᠡᠮᠡᠴᠡᠬᠦ᠎ᠡᠴᠡ ᠨᠢᠭᠡ ᠭᠠᠵᠠᠷ᠎ᠤᠨ ᠠᠵᠤ ᠦᠢᠯᠡᠰ᠎ᠤᠨ ᠬᠥᠭᠵᠢᠯᠲᠡ᠎ᠵᠢ ᠳᠠᠢᠴᠢᠯᠠᠬᠤ ᠬᠦᠷᠲᠡᠯ᠎ᠡ᠂ ᠪᠠᠶᠠᠨᠨᠠᠭᠤᠷ ᠬᠣᠲᠠ᠎ᠳᠤ ᠡᠢᠮᠦ ᠦᠯᠢᠭᠡᠷ ᠵᠢᠱ᠌ᠢᠶ᠎ᠡ ᠭᠠᠭᠴᠠ ᠬᠤᠶᠠᠷ ᠪᠢᠰᠢ ᠪᠠᠢᠳᠠᠭ᠃ ᠲᠠᠷᠢᠮᠠᠯ᠎ᠤ᠋ᠨ ᠬᠡᠪᠴᠢᠶ᠎ᠡ᠎ᠶ᠋ᠢᠨ ᠥᠷᠭᠡᠵᠢᠯ ᠪᠠ ᠠᠵᠤ ᠦᠢᠯᠡᠰ᠎ᠦ᠋ᠨ ᠪᠦᠲᠦᠴᠡ᠎ᠶ᠋ᠢᠨ ᠰᠢᠯᠢᠳᠡᠭᠵᠢᠯ᠎ᠢ᠋ ᠳᠠᠭᠠᠯᠳᠤᠨ᠂ ᠢᠷᠡᠭᠡᠳᠦᠢ᠎ᠳ᠋ᠦ᠍ ᠨᠡᠩ ᠣᠯᠠᠨ ᠰᠢᠨ᠎ᠡ ᠮᠠᠯᠴᠢᠨ ᠲᠠᠷᠢᠶᠠᠴᠢᠨ ᠨᠡᠩ ᠣᠯᠠᠨ ᠲᠣᠰᠬᠣᠨ᠎ᠤ᠋ ᠠᠷᠠᠳ᠎ᠢ᠋ ᠲᠠᠢᠴᠢᠯᠠᠨ ᠣᠳᠣ ᠦᠶ᠎ᠡ᠎ᠶ᠋ᠢᠨ ᠲᠠᠷᠢᠶᠠᠯᠠᠩ᠎ᠤ᠋ᠨ ᠬᠥᠭᠵᠢᠯᠲᠡ᠎ᠳ᠋ᠦ᠍ ᠣᠷᠣᠯᠴᠠᠭᠤᠯᠵᠤ᠂ 《ᠠᠮᠤ ᠪᠤᠳᠠᠭ᠎ᠠ ᠲᠠᠷᠢᠬᠤ᠎ᠳ᠋ᠤ᠌ ᠵᠣᠷᠢᠯᠲᠠ᠎ᠲᠠᠢ᠂ ᠲᠡᠵᠢᠭᠡᠨ ᠦᠷᠡᠵᠢᠭᠦᠯᠬᠦ᠎ᠳ᠋ᠦ᠍ ᠦᠷ᠎ᠡ ᠠᠰᠢᠭ᠎ᠲᠠᠢ》 ᠰᠠᠢᠨ ᠰᠠᠢᠬᠠᠨ ᠠᠮᠢᠳᠤᠷᠠᠯ ᠎ᠢ᠋ ᠡᠨᠡᠬᠦ ᠭᠠᠵᠠᠷ ᠨᠤᠳᠤᠭ ᠲᠡᠭᠡᠷ᠎ᠡ ᠦᠨᠳᠦᠰᠦ ᠬᠠᠳᠬᠤᠭᠤᠯᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号