ᠭᠤᠸᠠᠩᠳᠦ᠋ᠩ᠎ᠦᠨ ᠬᠡᠦᠬᠡᠨ ᠮᠢᠩᠭᠠᠨ ᠭᠠᠵᠠᠷ᠎ᠤᠨ ᠠᠯᠤᠰ ᠡᠴᠡ ᠬᠦᠬᠡᠬᠤᠳᠠ᠎ᠳᠦ ᠢᠷᠡᠵᠦ ᠰᠢᠨᠡᠯᠡᠪᠠ
2026-02-19 11:20:24
ᠵᠣᠬᠢᠶᠠᠭ᠍ᠴᠢ᠄
​ᠯᠢ ᠭᠦᠸᠧ ᠫᠢᠩ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 13᠎ᠤ᠋ ᠡᠳᠦᠷ᠂ ᠭᠤᠸᠠᠩᠳᠦ᠋ᠩ᠎ᠦᠨ ᠵᠦᠩᠱᠠᠨ ᠡᠴᠡ ᠢᠷᠡᠭ᠌ᠰᠡᠨ 15 ᠨᠠᠰᠤᠲᠠᠢ ᠥᠬᠢᠨ ᠰᠦᠨ ᠺᠸ ᠬᠥᠬᠡᠬᠣᠲᠠ᠎ᠶ᠋ᠢᠨ ᠲᠡᠷᠭᠡᠨ ᠦᠷᠳᠡᠭᠡ᠎ᠡᠴᠡ ᠭᠠᠷᠤᠮᠠᠭ᠍ᠴᠠ ᠡᠨᠡ ᠬᠦ᠌ ᠬᠤᠳᠠ᠎ᠶ᠋ᠢ ᠰᠣᠨᠢᠷᠬᠠᠨ ᠠᠵᠢᠭ᠍ᠯᠠᠪᠠ᠃ ᠡᠨᠳᠡᠬᠢ ᠠᠭᠠᠷ᠎ᠤᠨ ᠳᠤᠯᠠᠭᠠᠨ ᠲᠠᠭᠠᠯᠠᠮᠵᠢᠲᠠᠶ᠂ ᠵᠡᠭᠡᠯᠢ ᠭᠤᠳᠤᠮᠵᠢ ᠴᠡᠪᠡᠷ ᠴᠡᠮᠴᠡᠭᠡᠷ ᠪᠠᠢᠵᠤ᠂ ᠬᠡᠳᠦᠢᠪᠡᠷ ᠪᠤᠳᠤᠭᠰᠠᠨ ᠲᠠᠢ ᠨᠢ ᠠᠳᠠᠯᠢ ᠴᠠᠰᠤ ᠯᠠᠪᠰᠠᠯᠠᠬᠤ ᠦᠵᠡᠮᠵᠢ ᠪᠠᠢᠭᠰᠠᠨ ᠦᠭᠡᠢ᠎ᠴᠤ᠂ ᠴᠡᠭᠡᠵᠢ ᠠᠭᠤᠵᠢᠷᠠᠭᠤᠯᠤᠮ᠎ᠠ ᠴᠡᠪᠡᠷ ᠠᠮᠢᠰᠬᠤᠭ᠎ᠠ ᠠᠯᠤᠰ ᠬᠣᠯᠠ ᠡᠴᠡ ᠢᠷᠡᠭ᠌ᠰᠡᠨ ᠳᠠᠪᠠᠭᠠᠨ ᠦᠪᠦᠷ᠎ᠤᠨ ᠬᠡᠦᠬᠡᠨ ᠤ᠋ ᠰᠡᠳᠭᠢᠯ᠎ᠢ ᠳᠠᠢᠪᠤᠰᠢᠷᠠᠭᠤᠯᠵᠠᠢ᠃ ᠬᠥᠬᠡᠬᠣᠲᠠ᠎ᠳᠦ ᠨᠤᠳᠤᠭᠰᠢᠭᠰᠠᠨ ᠠᠪᠠᠭ᠎ᠠ ᠡᠵᠢ᠎ᠶ᠋ᠢᠨ᠎ᠢᠶᠡᠨ ᠨᠢᠭᠡ ᠭᠡᠷ᠎ᠦᠨ ᠬᠢᠨ᠎ᠲᠡᠶ ᠮᠤᠷᠢᠨ ᠵᠢᠯ᠎ᠦᠨ ᠴᠠᠭᠠᠨ ᠰᠠᠷ᠎ᠠ ᠵᠢ ᠪᠡᠯᠭᠡᠯᠡᠬᠦ᠌᠎ᠶ᠋ᠢᠨ ᠲᠥᠯᠥᠭᠡ ᠲᠡᠷᠡ ᠮᠢᠩᠭᠠᠨ ᠭᠠᠵᠠᠷ ᠠᠶᠠᠯᠠᠨ ᠬᠦᠷᠴᠦ ᠢᠷᠡᠭᠰᠡᠨ ᠨᠢ ᠡᠨᠡ ᠪᠢᠯᠡ᠃

2 ᠰᠠᠷ᠎ᠠ᠎ᠶ᠋ᠢᠨ 14 ᠤ᠋ ᠡᠳᠦᠷ᠂ ᠰᠦᠨ ᠺᠸ ᠪᠦᠯᠦ᠍ ᠠᠬ᠎ᠠ ᠲᠠᠢ ᠪᠠᠨ ᠥᠪᠥᠷ ᠮᠣᠩᠭᠣᠯ᠎ᠤᠨ ᠮᠠ ᠽᠦᠩ ᠱᠠᠨ ᠴᠠᠨᠠᠯᠠᠯᠳᠠ᠎ᠶ᠋ᠢᠨ ᠲᠠᠯᠠᠪᠠᠢ᠎ᠳᠤ ᠬᠦᠷᠴᠦ᠍᠂ ᠮᠥᠰᠥ᠍ ᠴᠠᠰᠤᠨ᠎ᠤ ᠠᠩᠬᠠᠨ᠎ᠤ ᠠᠶᠠᠯᠠᠯ᠎ᠢᠶᠠᠨ ᠡᠬᠢᠯᠡᠭᠦᠯᠪᠡ᠃ ᠴᠡᠨᠡᠯᠡᠯᠳᠡ᠎ᠶᠢᠨ ᠳᠠᠯᠠᠪᠠᠢ᠎ᠳᠦ ᠴᠠᠰᠤᠨ ᠴᠡᠴᠡᠭ ᠨᠡᠷᠡᠨ᠎ᠦ ᠭᠡᠷᠡᠯ᠎ᠳᠦ ᠭᠢᠯᠠᠯᠵᠠᠨ᠂ ᠡᠢᠮᠦ ᠵᠤᠵᠠᠭᠠᠨ ᠴᠠᠰᠤ᠎ᠶ᠋ᠢ ᠪᠠᠷᠤᠭ ᠣᠯᠵᠤ ᠦᠵᠡᠭᠡ ᠦᠭᠡᠢ ᠡᠮᠦᠨᠡᠳᠦ ᠤᠷᠤᠨ ᠤ᠋ ᠬᠡᠦᠬᠡᠨ ᠰᠦᠨ ᠺᠧ ᠡᠨᠡ᠎ᠬᠦ ᠦᠵᠡᠮᠵᠢ ᠵᠢ ᠬᠠᠷᠠᠭᠠᠳ ᠦᠪᠡᠷ᠎ᠤᠨ ᠡᠷᠬᠡ ᠦᠭᠡᠢ ᠳᠤᠭᠳᠤᠯᠵᠤ ᠪᠠᠢᠯ᠎ᠠ᠃ ᠴᠠᠰᠤᠨ᠎ᠳᠦ ᠭᠤᠯᠭᠤᠬᠤ ᠬᠤᠪᠴᠠᠰᠤ ᠡᠮᠦᠰᠴᠦ᠍᠂ ᠴᠠᠨ᠎ᠠ᠎ᠪᠠᠨ ᠭᠢᠰᠭᠢᠵᠦ᠍᠂ ᠠᠯᠭᠠᠰᠠᠨ ᠰᠠᠨᠳᠤᠷᠴᠤ᠌ ᠪᠠᠢ᠍ᠢ᠍ᠭ᠍ᠰᠠᠨ ᠡᠴᠡ᠎ᠪᠡᠨ ᠠᠭᠠᠵᠢᠮ᠎ᠢᠶᠠᠷ ᠲᠡᠩᠴᠡᠭᠦᠷᠢ᠎ᠪᠡᠨ ᠣᠯᠵᠤ ᠵᠣᠷᠢᠭ᠍ᠲᠠᠢ ᠭᠤᠯᠭᠤᠵᠤ ᠡᠬᠢᠯᠡᠬᠦᠶ᠎ᠡ᠂ ᠰᠠᠯᠬᠢ ᠰᠡᠷᠴᠢᠬᠢᠨᠡᠨ ᠴᠠᠰᠤᠨ ᠯᠠᠪᠰᠠ ᠳᠠᠭᠠᠯᠳᠤᠨ ᠪᠦᠵᠢᠭᠯᠡᠵᠦ᠂ ᠬᠦᠷ ᠪᠠᠶᠠᠷ ᠬᠦᠭᠵᠢᠨ ᠢᠷᠡᠪᠡ᠃ 《ᠪᠢ ᠠᠩᠬ᠎ᠠ ᠤᠳᠠᠭ᠎ᠠ ᠴᠠᠰᠤᠨ ᠳᠡᠭᠡᠷ᠎ᠡ ᠨᠠᠭᠠᠳᠴᠤ᠌ ᠪᠠᠢᠨ᠎ᠠ᠂ ᠨᠡᠭᠡᠷᠡᠨ ᠭᠤᠶᠤ ᠡ᠂ ᠡᠨᠡ ᠪᠣᠯ ᠡᠮᠦᠨᠡᠲᠦ ᠣᠷᠣᠨ᠎ᠳᠤ ᠡᠳ᠋ᠯᠡᠵᠦ ᠳᠡᠢᠯᠬᠦ ᠦᠭᠡᠢ ᠱᠢᠨ᠎ᠡ ᠵᠢᠯ᠎ᠦᠨ ᠪᠠᠶᠠᠷ ᠪᠠᠬᠠᠳᠤᠯ ᠪᠣᠯᠤᠨ᠎ᠠ!》 ᠭᠡᠵᠦ ᠰᠦᠨ ᠺᠧ ᠪᠠᠶᠠᠰᠤᠭᠰᠠᠨ ᠰᠡᠳᠬᠢᠯ᠎ᠢᠶᠡᠨ ᠨᠢᠭᠤᠯ ᠦᠭᠡᠢ ᠶᠠᠷᠢᠪᠠ᠃

ᠰᠥᠨᠢ᠎ᠶ᠋ᠢᠨ ᠬᠥᠱᠢᠭᠡ ᠪᠠᠭᠤᠵᠦ ᠪᠤᠭᠤᠮᠳᠠ᠎ᠶᠢᠨ ᠭᠠᠳᠠᠨᠠᠬᠢ ᠬᠠᠭᠤᠴᠢᠨ ᠵᠡᠭᠡᠯᠢ᠎ᠳᠦ ᠬᠥᠮᠦᠨ ᠤᠯᠠᠨ ᠴᠤᠪᠤᠷᠠᠯᠳᠤᠵᠤ᠂ ᠰᠦᠨ ᠺᠸ ᠴᠸ᠋ ᠭᠡᠷ ᠪᠦᠯᠢ ᠪᠠᠷ ᠵᠢᠡᠨ ᠵᠡᠭᠡᠯᠢ ᠭᠤᠳᠤᠮᠵᠢ᠎ᠶᠢᠨ ᠬᠦᠷ ᠬᠥᠭ᠌ᠵᠢᠶᠡᠨ ᠤ᠋ ᠳᠤᠮᠳᠠ ᠠᠭᠤᠰᠤᠯᠴᠠᠨ ᠤᠷᠤᠪᠠ᠃ ᠴᠠᠭᠠᠰᠤᠨ ᠬᠠᠢᠴᠢᠯᠠᠮᠠᠯ᠂ ᠬᠠᠭᠠᠷᠢᠮᠠᠯ ᠵᠢᠷᠤᠭ᠂ ᠱᠢᠬᠢᠷ ᠬᠡᠦᠬᠡᠯᠳᠡᠢ ᠵᠡᠷᠭᠡ᠎ᠵᠢ ᠬᠢᠬᠦ ᠤᠷ᠎ᠠ ᠮᠡᠷᠭᠡᠵᠢᠯ᠎ᠦᠨ ᠲᠣᠭ᠍ᠯᠠᠯᠲᠠ ᠬᠦᠮᠦᠰ᠎ᠤᠨ ᠬᠠᠷᠠᠭ᠎ᠠ ᠵᠢ ᠪᠤᠯᠢᠶᠠᠨ᠎ᠠ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭ᠍ᠴᠢ ᠤᠷᠠᠨ ᠭᠠᠷ᠎ᠢᠶᠠᠷ᠎ᠢᠶᠠᠨ ᠡᠷᠳᠡᠮ᠎ᠢᠶᠡᠨ ᠭᠠᠢᠬᠠᠭᠤᠯᠵᠤ᠂ ᠬᠠᠢᠴᠢ᠂ ᠤᠯᠠᠭᠠᠨ ᠦᠩᠭᠡ᠎ᠶᠢᠨ ᠴᠠᠭᠠᠰᠤ ᠪᠡᠷ ᠦᠵᠡᠵᠦ ᠪᠠᠢᠳᠠᠯ᠎ᠠ ᠠᠵᠢᠨᠠᠢ ᠬᠦᠯᠦᠭ ᠬᠠᠢᠴᠢᠯᠠᠨ ᠭᠠᠷᠭᠠᠪᠠ; ᠨᠢᠭᠡ ᠬᠠᠯᠪᠠᠭ᠎ᠠ ᠬᠠᠢᠯᠤᠭᠰᠠᠨ ᠱᠢᠬᠢᠷ᠎ᠢ ᠨᠢᠭᠡ ᠬᠡᠰᠡᠭ ᠴᠢᠯᠠᠭᠤᠨ ᠬᠠᠪᠲᠠᠰᠤ ᠳᠡᠭᠡᠷ᠎ᠡ ᠳᠤᠰᠤᠭᠠᠬᠤ᠎ᠳᠦ ᠬᠡᠰᠡᠭ ᠵᠠᠭᠤᠷ᠎ᠠ᠎ᠶᠢᠨ ᠬᠤᠭᠤᠷᠤᠨᠳᠤ ᠴᠠᠷᠴᠠᠭᠠᠳ ᠠᠮᠢᠳᠤ ᠳᠦᠷᠰᠦᠯᠢᠭ ᠱᠢᠬᠢᠷ ᠵᠢᠷᠤᠭ ᠪᠣᠯᠪᠠ᠃ ᠰᠦᠨ ᠺᠧ ᠰᠠᠢᠨ ᠳᠤᠷ᠎ᠠ ᠡᠴᠡ ᠪᠠᠨ ᠠᠵᠢᠯᠯᠠᠭ᠎ᠠ᠎ᠳᠦ ᠣᠷᠣᠯᠴᠠᠵᠤ᠂ ᠥᠪᠡᠷ᠎ᠦᠨ ᠭᠠᠷ᠎ᠢᠶᠡᠷ᠎ᠢᠶᠡᠨ ᠱᠢᠬᠢᠷ ᠤᠨᠠᠭ᠎ᠠ ᠵᠢᠷᠤᠪᠠ᠃ 《ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶ᠎ᠡ᠎ᠪᠡᠷ᠎ᠢᠶᠡᠨ ᠮᠡᠳᠡᠷᠡᠵᠦ᠍᠂ ᠨᠣᠮ ᠪᠢᠴᠢᠭ ᠳᠡᠭᠡᠷᠡᠬᠢ ᠨᠡᠷ᠎ᠡ ᠦᠭᠡ ᠨᠢᠳᠦᠨ᠎ᠳᠦ ᠦᠵᠡᠭ᠌ᠳᠡᠵᠦ᠍᠂ ᠭᠠᠷ᠎ᠲᠤ ᠪᠠᠷᠢᠭ᠍ᠳᠠᠮ᠎ᠠ ᠠᠯᠠᠭᠠᠨ ᠳᠡᠭᠡᠷ᠎ᠡ ᠠᠮᠢᠯᠠᠭᠰᠠᠨ ᠰᠣᠶᠣᠯ ᠪᠣᠯᠵᠠᠢ》 ᠭᠡᠵᠦ ᠰᠦᠨ ᠺᠧ ᠪᠠᠶᠠᠷᠯᠠᠨ ᠶᠠᠷᠢᠨ᠎ᠠ᠃

ᠬᠤᠯᠠ ᠦᠭᠡᠢ ᠪᠠᠢᠭ᠎ᠠ ᠠᠷᠠᠰᠤᠨ ᠤᠷᠠᠯᠠᠯ᠎ᠤᠨ ᠦᠶ᠋ᠯᠡᠳᠭᠡᠯ᠎ᠳᠦ ᠭᠠᠷ ᠤᠷᠠᠴᠤᠳ ᠶᠠᠭ ᠢᠰᠡᠭᠡᠶ ᠵᠢᠷᠤᠭ ᠡᠰᠭᠡᠵᠦ᠂ ᠲᠠᠯ᠎ᠠ ᠨᠤᠲᠤᠭ᠎ᠤᠨ ᠭᠣᠶᠣ ᠦᠵᠡᠮᠵᠢ ᠪᠠ ᠴᠠᠭᠠᠨ ᠰᠠᠷ᠎ᠠ᠎ᠶ᠋ᠢᠨ ᠵᠥᠩᠨᠡᠯ᠎ᠢ ᠨᠡᠢᠯᠡᠬᠦᠯᠦᠨ ᠤᠷᠠᠯᠠᠵᠤ᠂ ᠡᠷᠲᠡᠨ᠎ᠦ ᠤᠷ᠎ᠠ ᠮᠡᠷᠭᠡᠵᠢᠯ᠎ᠳᠦ ᠰᠢᠨ᠎ᠡ ᠠᠮᠢᠵᠢᠷᠠᠯ᠎ᠤᠨ ᠬᠦᠴᠦᠨ ᠤᠯᠭᠤᠪᠠ᠃ ᠰᠦᠨ ᠺᠧ ᠴᠢᠮᠡᠭᠡ ᠦᠭᠡᠢ ᠬᠠᠷᠠᠵᠤ ᠪᠠᠢᠭᠰᠠᠨ᠎ᠢᠶᠡᠨ ᠬᠡᠳᠦᠨ ᠬᠠᠭᠤᠳᠠᠰᠤ ᠬᠤᠳᠠᠯᠳᠤᠨ ᠠᠪᠴᠤ᠌ ᠬᠠᠮᠲᠤ ᠨᠦᠬᠦᠳ ᠳᠡᠭᠡᠨ ᠪᠡᠯᠡᠭ ᠬᠦᠷᠭᠡᠬᠦ ᠪᠡᠷ ᠰᠢᠢᠳᠪᠡ᠃

ᠮᠥᠰᠥ᠍ ᠴᠠᠰᠤᠨ᠎ᠳᠦ ᠬᠠᠨᠳᠠᠯ᠎ᠠ ᠪᠠᠨ ᠨᠠᠭᠠᠳᠴᠤ᠂ ᠪᠣᠳᠠᠰ᠎ᠤᠨ ᠪᠤᠰᠤ ᠰᠣᠶᠣᠯ᠎ᠤᠨ ᠥᠪ᠎ᠢᠶᠡᠷ ᠬᠠᠷᠠᠭ᠎ᠠ ᠪᠠᠨ ᠳᠡᠯᠡᠭᠰᠡᠨ ᠰᠦᠨ ᠺᠸ᠎ᠶᠢᠨ ᠬᠦᠰᠡᠨ ᠬᠦᠯᠢᠶᠡᠵᠦ ᠪᠠᠢᠭ᠎ᠠ ᠪᠠᠰᠠ ᠨᠢᠭᠡ ᠵᠦᠢᠯ ᠭᠡᠪᠡᠯ ᠳᠠᠷᠤᠢ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠭᠤᠷᠪᠠᠨ᠎ᠳᠤ ᠢᠯᠢ᠎ᠶ᠋ᠢᠨ ᠡᠷᠡᠭᠦᠯ ᠮᠡᠨᠳᠦ᠍᠎ᠶ᠋ᠢᠨ ᠬᠥᠨᠳᠡᠶ᠎ᠳᠦ ᠬᠦᠷᠴᠦ᠍ ᠪᠣᠭᠣᠮᠲᠠ ᠱᠢᠪᠲᠤᠯᠬᠤ᠂ ᠠᠷᠠᠳ᠎ᠤᠨ ᠵᠠᠩ ᠦᠢᠯᠡ᠎ᠶ᠋ᠢᠨ ᠲᠣᠭ᠍ᠯᠠᠯᠲᠠ᠂ ᠠᠵᠤ ᠦᠶ᠋ᠯᠡᠳᠪᠦᠷᠢ᠎ᠶ᠋ᠢᠨ ᠵᠢᠭᠤᠯᠴᠢᠯᠠᠯ᠎ᠢ ᠨᠢᠭᠡ ᠴᠣᠭ᠍ᠴᠠᠵᠢᠭᠤᠯᠤᠭ᠍ᠰᠠᠨ ᠴᠠᠭᠠᠨ ᠰᠠᠷ᠎ᠠ᠎ᠶ᠋ᠢᠨ ᠵᠢᠭᠤᠯᠴᠢᠯᠠᠯ᠎ᠤᠨ ᠦᠪᠡᠳᠡᠭ᠌ᠰᠢ ᠴᠤᠭ᠍ᠯᠠᠭᠠᠨ᠎ᠢ ᠪᠡᠶᠡᠴᠢᠯᠡᠨ ᠣᠢᠯᠠᠭᠠᠬᠤ ᠶᠠᠪᠤᠳᠠᠯ ᠪᠤᠯᠤᠨ᠎ᠠ᠃

ᠰᠦᠨ ᠺᠧ ᠡᠭᠦᠨ᠎ᠤ ᠳᠤᠬᠠᠢ ᠠᠯᠢ ᠡᠷᠲᠡ ᠡᠴᠡ ᠨᠠᠷᠢᠯᠢᠭ ᠲᠥᠯᠥᠪᠯᠡᠭᠡ ᠬᠢᠵᠡᠢ᠄ ᠠᠵᠢᠯᠯᠠᠭ᠎ᠠ᠎ᠳᠦ ᠳᠤᠬᠢᠷᠠᠭᠤᠯᠤᠭᠰᠠᠨ ᠤᠷᠤᠯᠳᠤᠭᠠᠨ᠎ᠢ ᠪᠦᠬᠦᠨ᠎ᠢ ᠪᠡᠶᠡᠯᠡᠭᠦᠯᠵᠦ ᠬᠠᠷᠠᠭᠠᠯᠵᠠᠬᠰᠠᠨ ᠳᠠᠮᠠᠭ᠎ᠠ ᠵᠢ ᠳᠠᠷᠤᠭᠤᠯᠵᠤ ᠠᠪᠤᠭᠠᠳ᠂ ᠰᠣᠶᠣᠯ᠎ᠤᠨ ᠡᠭᠦᠳᠦᠯᠲᠡ᠎ᠶ᠋ᠢᠨ ᠲᠣᠮᠣ ᠪᠡᠯᠡᠭ᠎ᠢ ᠰᠣᠯᠢᠵᠤ ᠠᠪᠤᠨ᠎ᠠ; ᠯᠤᠤ ᠳᠤᠭᠯᠠᠬᠤ ᠪᠦᠵᠢᠭ ᠠᠷᠰᠯᠠᠨ ᠳᠤᠭᠯᠠᠬᠤ ᠪᠥᠵᠢᠭ᠌ ᠵᠡᠷᠭᠡ ᠤᠯᠠᠮᠵᠢᠯᠠᠯᠲᠤ ᠲᠣᠭ᠍ᠯᠠᠯᠲᠠ᠎ᠶ᠋ᠢ ᠰᠤᠨᠢᠷᠬᠠᠵᠤ᠂ ᠳᠤᠭᠯᠠᠯᠳᠠ᠎ᠶᠢᠨ ᠳᠠᠯᠠᠪᠠᠢ ᠪᠡᠷ ᠳᠤᠭᠤᠷᠢᠵᠤ ᠶᠠᠪᠤᠬᠤ ᠬᠣᠳᠣᠭᠴᠢᠨ᠂ ᠴᠡᠴᠡᠭ ᠤ᠋ᠨ ᠳᠠᠭᠢᠨᠢ ᠵᠢ ᠬᠠᠷᠠᠨ᠎ᠠ; ᠦᠩᠭᠡᠳᠦ ᠳ᠋ᠧᠩᠯᠦ᠍᠂ ᠴᠠᠭᠠᠨ ᠰᠠᠷ᠎ᠠ᠎ᠶ᠋ᠢᠨ ᠵᠠᠰᠠᠯ ᠴᠢᠮᠡᠭ᠌ᠯᠡᠯ᠎ᠦᠨ ᠳᠤᠮᠳᠠ ᠱᠢᠨ᠎ᠡ ᠵᠢᠯ᠎ᠦᠨ ᠳᠦᠷᠰᠦ ᠰᠢᠩᠭᠡᠭᠡᠯᠳᠡ ᠰᠢᠩᠭᠡᠭᠡᠨ᠎ᠡ᠃ ᠡᠭᠦᠨ᠎ᠡᠴᠡ ᠭᠠᠳᠠᠨ᠎ᠠ ᠲᠡᠷᠡ ᠪᠠᠰᠠ ᠣᠶᠤᠨᠴᠢ ᠦᠶ᠋ᠯᠡᠳᠪᠦᠷᠢᠯᠡᠯ᠎ᠦᠨ ᠱᠤᠭᠤᠮ᠎ᠢ ᠲᠣᠭᠣᠷᠢᠨ ᠦᠵᠡᠵᠦ᠍᠂ 《ᠨᠢᠭᠡ ᠰᠢᠷᠬᠡᠭ ᠡᠪᠡᠰᠦ᠎ᠡᠴᠡ ᠨᠢᠭᠡ ᠴᠣᠮᠣ ᠰᠦ ᠪᠤᠯᠬᠤ》 ᠭᠠᠢᠬᠠᠮᠱᠢᠭ᠍ᠲᠤ ᠠᠶᠠᠨ᠎ᠢ ᠪᠡᠶ᠎ᠡ᠎ᠪᠡᠷ᠎ᠢᠶᠡᠨ ᠭᠡᠷᠡᠴᠢᠯᠡᠬᠦ᠌᠎ᠶ᠋ᠢ ᠲᠤᠢᠯ᠎ᠢᠶᠠᠷ ᠬᠦᠰᠡᠨ᠎ᠡ ᠁

ᠡᠨᠡ ᠪᠦᠬᠦᠨ ᠨᠢ ᠮᠢᠩᠭᠠᠨ ᠭᠠᠵᠠᠷ᠎ᠤᠨ ᠬᠤᠯᠠ ᠡᠴᠡ ᠠᠷᠤ ᠭᠠᠵᠠᠷ᠎ᠤᠨ ᠴᠠᠭᠠᠨ ᠰᠠᠷ᠎ᠠ ᠵᠢ ᠵᠤᠷᠢᠵᠤ ᠢᠷᠡᠭᠰᠡᠨ ᠳᠡᠭᠦᠨ᠎ᠳᠦ ᠮᠠᠷᠲᠠᠭ᠍ᠳᠠᠰᠢ ᠦᠭᠡᠢ ᠳᠤᠷᠠᠰᠤᠮᠵᠢ ᠦᠯᠡᠳᠡᠭᠡᠬᠦ ᠨᠢ ᠯᠠᠪᠳᠠᠢ᠃ ᠡᠨᠡ ᠬᠦ᠌ ᠮᠣᠷᠢᠨ ᠵᠢᠯ᠎ᠦᠨ ᠴᠠᠭᠠᠨ ᠰᠠᠷ᠎ᠠ᠎ᠳᠤ ᠬᠥᠬᠡᠬᠣᠲᠠ ᠨᠡᠭᠡᠭᠡᠯᠲᠡᠲᠡᠶ ᠪᠠᠭ᠍ᠲᠠᠭᠠᠮᠵᠢᠲᠠᠶ ᠣᠪᠣᠷ ᠪᠠᠢᠳᠠᠯ᠎ᠢᠶᠡᠷ᠂ ᠬᠠᠯᠠᠭᠤᠨ ᠳᠤᠯᠠᠭᠠᠨ ᠬᠥᠷ ᠬᠥᠭ᠌ᠵᠢᠶᠡᠨᠲᠡᠶ ᠠᠭᠤᠷ ᠠᠮᠢᠰᠭᠤᠯ᠎ᠢᠶᠠᠷ ᠠᠯᠤᠰ ᠬᠣᠯᠠ ᠡᠴᠡ ᠠᠢᠯᠴᠢᠯᠠᠵᠤ ᠢᠷᠡᠭ᠌ᠰᠡᠨ ᠡᠮᠦᠨᠡᠲᠦ ᠣᠷᠣᠨ᠎ᠤ ᠬᠡᠦᠬᠡᠨ᠎ᠳᠦ ᠥᠪᠥᠷ ᠮᠣᠩᠭᠣᠯ᠎ᠤᠨ ᠴᠠᠭᠠᠨ ᠰᠠᠷ᠎ᠠ ᠴᠠᠰᠤ᠎ᠮᠥᠰᠥ᠍ ᠲᠠᠶ᠂ ᠰᠣᠶᠣᠯ᠎ᠲᠠᠶ᠂ ᠪᠠᠶᠠᠷ ᠪᠠᠶᠠᠰᠤᠯ᠎ᠲᠠᠶ᠂ ᠨᠠᠩ ᠴᠤ᠌ ᠮᠠᠷᠲᠠᠭ᠍ᠳᠠᠰᠢ ᠥᠬᠡᠶ ᠵᠣᠯ ᠵᠢᠷᠭᠠᠯ ᠪᠠ ᠵᠤᠯᠭᠠᠯᠳᠠ᠎ᠲᠠᠶ ᠭᠡᠳᠡᠭ᠎ᠢ ᠦᠨᠡᠨ ᠬᠦ᠌ ᠮᠡᠳᠡᠷᠡᠭᠦᠯᠦᠯ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号