2 ᠰᠠᠷ᠎ᠠ᠎ᠶ᠋ᠢᠨ 14 ᠤ᠋ ᠡᠳᠦᠷ᠂ ᠠᠭᠤᠷ ᠠᠮᠢᠰᠬᠤᠯ ᠬᠦᠢᠳᠠᠨ ᠪᠠᠢᠬᠰᠠᠨ ᠴᠤ᠌ ᠤᠯᠠᠭᠠᠨᠴᠠᠪ ᠬᠤᠳᠠ᠎ᠶ᠋ᠢᠨ ᠵᠢᠨᠢᠩ ᠲᠣᠭᠣᠷᠢᠭ ᠤᠨ ᠴᠠᠭᠠᠨᠨᠠᠭᠤᠷ ᠪᠠᠯᠭᠠᠰᠤᠨ ᠳ᠋ᠤ ᠤᠨᠴᠠ ᠵᠢᠨ ᠬᠦᠭᠵᠢᠶᠠᠨ ᠳᠠᠢ ᠪᠠᠢᠯ᠎ᠠ᠃
ᠯᠢ ᠮᠢᠩ ᠴᠠᠭ᠍ᠳᠠᠭᠠᠨ᠎ᠤ ᠬᠤᠪᠴᠠᠰᠤ᠎ᠪᠠᠨ ᠡᠮᠤᠰᠴᠤ᠂ ᠵᠥᠷᠢᠴᠡᠯ᠎ᠢ ᠡᠶᠡᠳᠡᠭᠦᠯᠬᠦ᠌ ᠠᠵᠢᠯ᠎ᠤᠨ ᠲᠡᠮᠳᠡᠭ᠌ᠯᠡᠯ᠎ᠦᠨ ᠳᠡᠪᠲᠡᠷᠵᠢᠡᠨ ᠠᠪᠴᠤ᠌ ᠲᠤᠰᠬᠤᠨ ᠤ ᠠᠷᠠᠳ ᠭᠤᠤ ᠡᠦ ᠯᠦ᠍᠎ᠶ᠋ᠢᠨ ᠭᠡᠷ ᠢ᠋ ᠴᠢᠭᠯᠡᠪᠡ᠃ ᠵᠠᠮ ᠵᠠᠭᠤᠷ᠎ᠠ ᠲᠡᠭᠦᠨ᠎ᠦ ᠲᠠᠷᠢᠬᠢᠨ᠎ᠳᠤ ᠭᠤᠤ ᠡᠦ ᠯᠦ᠍ ᠬᠥᠮᠥᠰᠭᠡ ᠵᠠᠩᠭᠢᠳᠤᠨ ᠵᠣᠪᠠᠵᠤ᠂ ᠲᠡᠭᠦᠨ᠎ᠡᠴᠡ ᠲᠤᠰᠠᠯᠠᠮᠵᠢ ᠭᠤᠶᠤᠵᠤ ᠪᠠᠢᠬᠰᠠᠨ ᠪᠠᠢᠳᠠᠯ ᠠᠬᠢᠨ ᠲᠠᠬᠢᠨ ᠪᠤᠳᠤᠬᠳᠠᠵᠤ ᠪᠠᠢᠯ᠎ᠠ᠂ ᠡᠨᠡ ᠤᠳᠠᠭ᠎ᠠ ᠭᠡᠷ ᠲᠤᠨᠢ ᠬᠦᠷᠤᠭᠡᠳ ᠲᠡᠭᠦᠨ᠎ᠲᠡᠶ ᠠᠭᠤᠵᠢᠷᠠᠳᠠᠯ᠎ᠠ ᠵᠤᠭᠤᠬᠳᠠᠨᠠ ᠭᠡᠵᠤ ᠲᠤᠳᠤᠷ᠎ᠠ ᠪᠡᠨ ᠪᠤᠳᠤᠵᠤ ᠲᠦᠷᠭᠡᠯᠡᠨ ᠠᠯᠬᠤᠯᠠᠨ᠎ᠠ᠃
《ᠤᠳᠠᠯ ᠦᠭᠡᠢ ᠰᠢᠨᠡᠯᠡᠬᠦ ᠭᠡᠵᠤ ᠪᠠᠢᠬᠤ ᠳ᠋ᠤ ᠪᠠᠰᠠ ᠲᠤᠰᠭᠠᠢᠯᠠᠨ ᠬᠦᠷᠴᠤ ᠢᠷᠠᠯ᠎ᠠ᠃ ᠲᠠ ᠴᠠᠭ ᠢᠮᠬᠠᠳᠠ ᠮᠠᠨ᠎ᠤ ᠲᠦᠯᠦᠬᠡ ᠰᠠᠨᠠᠭᠠᠰᠢᠷᠠᠵᠤ ᠪᠠᠢᠨ᠎ᠠ᠂ ᠦᠨᠡᠭᠡᠷ ᠵᠦᠳᠠᠷᠠᠯᠠ》 ᠃ ᠭᠣᠣ ᠡᠦ ᠯᠦ᠍ ᠬᠣᠯᠠ᠎ᠡᠴᠡ ᠲᠡᠬᠦᠨ᠎ᠢ ᠤᠭ᠍ᠲᠤᠨ ᠢᠷᠡᠵᠦ᠍᠂ ᠯᠢ ᠮᠢᠩ᠎ᠤᠨ ᠭᠠᠷ᠎ᠡᠴᠡ ᠠᠳᠭᠤᠭᠠᠳ ᠪᠠᠶᠠᠷᠯᠠᠵᠤ ᠲᠤᠬᠳᠤᠯᠤᠬᠰᠡᠨ ᠰᠡᠳᠬᠢᠯᠭᠡ ᠪᠡᠨ ᠲᠠᠷᠤᠵᠤ ᠶᠠᠳᠠᠨ᠎ᠠ᠃
ᠯᠢ ᠮᠢᠩ ᠢᠨᠢᠶᠡᠮᠰᠦᠭ᠌ᠯᠡᠭ᠌ᠰᠡᠭᠡᠷ᠄ 《ᠤᠳᠠᠯ ᠦᠭᠡᠢ ᠱᠢᠨᠡᠯᠡᠬᠦ᠌ ᠭᠡᠵᠦ᠍ ᠪᠤᠢ᠂ ᠲᠠᠨᠠᠷᠢ ᠦᠵᠡᠬᠦ᠌᠎ᠪᠡᠷ ᠢᠷᠡᠵᠦ᠍ ᠪᠠᠢᠨ᠎ᠠ᠂ ᠪᠦᠷ ᠠᠮᠤᠷ ᠲᠦᠪᠱᠢᠨ᠂ ᠰᠡᠳᠭᠢᠯ ᠰᠠᠨᠠᠭ᠎ᠠ ᠲᠠᠢᠪᠤᠩ ᠪᠠᠢᠪᠡᠯ ᠰᠠᠶᠢ ᠪᠠᠶᠠᠷ ᠬᠦᠷ ᠲᠠᠢ ᠪᠡᠷ ᠰᠢᠨᠡᠯᠡᠵᠤ ᠴᠢᠳᠠᠨ᠎ᠠ》 ᠭᠡᠵᠦ᠍ ᠬᠡᠯᠡᠭᠡᠳ ᠭᠤᠤ ᠡᠦ ᠯᠦ᠍ᠶ᠋ᠢ ᠳᠠᠭᠠᠵᠤ ᠭᠡᠷ᠎ᠲᠦᠨᠢ ᠣᠷᠣᠪᠠ᠃
ᠯᠢ ᠮᠢᠩ᠂ ᠡᠨᠡ ᠵᠢᠯ 58 ᠨᠠᠰᠤᠲᠠᠶ᠂ ᠤᠯᠠᠭᠠᠨᠴᠠᠪ ᠬᠣᠲᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠵᠢᠨᠢᠩ ᠲᠣᠭᠣᠷᠢᠭ᠎ᠤᠨ ᠳᠣᠲᠣᠭᠠᠳᠤ᠎ᠶ᠋ᠢ ᠬᠠᠮᠠᠭᠠᠯᠠᠬᠤ ᠬᠤᠪᠢᠶᠠᠷᠢ ᠲᠣᠪᠴᠢᠶ᠎ᠠ᠎ᠶ᠋ᠢᠨ ᠴᠠᠭᠠᠨᠨᠠᠭᠤᠷ ᠳᠡᠬᠢ ᠲᠣᠮᠢᠯᠠᠭ᠍ᠰᠠᠨ ᠰᠠᠯᠪᠤᠷᠢ᠎ᠶ᠋ᠢᠨ《ᠯᠢ ᠠᠪᠤᠭᠠᠢ ᠵᠢᠨ ᠡᠶᠡᠳᠡᠭᠦᠯᠭᠡ》 ᠠᠵᠢᠯᠯᠠᠬᠤ ᠲᠠᠰᠤᠭ᠎ᠤᠨ ᠡᠶᠡᠳᠡᠭᠦᠯᠦᠭ᠌ᠴᠢ ᠪᠣᠯᠤᠨ᠎ᠠ᠃ ᠲᠣᠮᠢᠯᠠᠭ᠍ᠰᠠᠨ ᠰᠠᠯᠪᠤᠷᠢ᠎ᠳᠤ ᠢᠷᠡᠭᠡᠳ ᠨᠢᠭᠡᠨᠲᠡ 12 ᠵᠢᠯ ᠪᠣᠯᠪᠠ᠂ ᠲᠡᠷᠡ ᠲᠤᠬᠠᠢᠯᠠᠬᠰᠡᠨ ᠠᠵᠢᠯ ᠳ᠋ᠠᠭᠠᠨ ᠴᠠᠭᠠᠷᠠᠵᠤ᠂ ᠡᠨᠡ ᠭᠠᠵᠠᠷ᠎ᠤᠨ ᠬᠦᠮᠦᠰ᠎ᠢ ᠰᠠᠢᠨ ᠳᠠᠨᠢᠵᠦ᠂ ᠤᠯᠠᠨ ᠲᠦᠮᠡᠨ᠎ᠦ ᠪᠤᠳᠤᠯ ᠰᠡᠳᠭᠢᠯ᠎ᠢ ᠨᠡᠩ ᠣᠢᠯᠠᠭᠠᠳᠠᠭ᠃ ᠲᠡᠷᠡ ᠤᠴᠢᠷ ᠶᠠᠪᠤᠳᠠᠯ ᠱᠢᠢᠳᠪᠦᠷᠢᠯᠡᠬᠦ᠌᠎ᠳᠡᠭᠡᠨ ᠭᠣᠣᠯᠴᠢ᠂ ᠦᠭᠡ ᠬᠡᠯᠡᠬᠦ᠌ ᠨᠢ ᠦᠨᠡᠨᠴᠢ᠂ ᠬᠥᠮᠦᠨ᠎ᠳᠦ ᠡᠶᠡᠯᠰᠡᠭ ᠳᠣᠲᠣᠨᠣ ᠪᠠᠢᠵᠤ᠂ ᠤᠯᠠᠨ ᠲᠦᠮᠡᠨ᠎ᠦ ᠰᠡᠳᠭᠢᠯ ᠳ᠋ᠡᠬᠢ《ᠭᠡᠷ᠎ᠦᠨ ᠬᠥᠮᠤᠨ》 ᠨᠢ ᠪᠤᠯᠵᠠᠢ᠃
ᠨᠢᠳᠤᠨᠤᠨ᠎ᠤ 9 ᠰᠠᠷ᠎ᠠ᠎ᠳᠤ᠂ ᠴᠠᠭᠠᠨᠨᠠᠭᠤᠷ ᠪᠠᠯᠭᠠᠰᠤᠨ᠎ᠳᠤ ᠵᠠᠯᠭᠠᠭ᠎ᠠ᠎ᠪᠠᠷ ᠶᠡᠬᠡ ᠪᠣᠷᠣᠭᠠᠨ ᠣᠷᠣᠵᠤ᠂ ᠤᠰᠤᠨ ᠭᠠᠮᠱᠢᠭ ᠪᠣᠯᠪᠠ᠃ ᠡᠷᠬᠢᠨ ᠲᠣᠭᠣᠷᠢᠨ᠎ᠤ ᠲᠣᠰᠭᠣᠨ᠎ᠤ ᠠᠷᠠᠳ ᠦᠶᠡᠷ ᠤᠰᠤᠲᠤᠯ ᠡᠴᠡ ᠰᠡᠷᠭᠡᠢᠯᠡᠬᠦ ᠵᠢᠨ ᠲᠥᠯᠥᠭᠡ᠂ ᠥᠪᠡᠷ ᠲᠡᠭᠡᠨ ᠵᠠᠮ ᠭᠠᠷᠭᠠᠵᠤ ᠤᠰᠤᠨ ᠰᠤᠪᠠᠭ ᠮᠠᠯᠲᠠᠪᠠ᠂ ᠭᠡᠲᠡᠯ᠎ᠡ ᠰᠠᠨᠠᠮᠰᠠᠷ ᠦᠭᠡᠢ᠎ᠪᠡᠷ ᠵᠡᠷᠭᠡᠯᠡᠳᠡᠭᠡ ᠠᠢᠯ᠎ᠤᠨ ᠬᠢᠨ ᠪᠣᠷᠣᠭᠠᠨ᠎ᠤ ᠤᠰᠤ᠎ᠶ᠋ᠢ ᠭᠤᠤ ᠦ᠋ ᠯᠦ᠍᠎ᠶ᠋ᠢᠨ ᠵᠢᠮᠢᠰ᠎ᠦᠨ ᠬᠦᠷᠢᠶᠡᠯᠡᠩᠵᠥᠭ ᠵᠠᠯᠠᠵᠤ ᠣᠷᠣᠭᠤᠯᠤᠭ᠍ᠰᠠᠨ᠎ᠡᠴᠡ ᠵᠢᠮᠢᠰ᠎ᠦᠨ ᠮᠣᠳᠣ ᠨᠢ ᠤᠰᠤᠳᠤᠵᠤ᠂ ᠬᠣᠶᠠᠷ ᠬᠡᠷ᠎ᠢᠶᠡᠷ᠎ᠢᠶᠡᠨ ᠵᠥᠷᠢᠴᠡᠯ ᠮᠥᠷᠭᠥᠯᠳᠦᠭᠡᠨ ᠡᠭᠦᠰᠴᠡᠢ᠃ ᠯᠢ ᠮᠢᠩ ᠡᠨᠡ ᠪᠠᠢᠳᠠᠯ᠎ᠢ ᠮᠡᠳᠡᠭ᠌ᠰᠡᠨ᠎ᠦ ᠳᠠᠷᠠᠭ᠎ᠠ ᠲᠡᠷᠡ ᠳᠠᠷᠤᠢ᠎ᠳᠤ᠎ᠨᠢ ᠲᠤᠬᠠᠢ᠎ᠶ᠋ᠢᠨ ᠲᠠᠯᠠᠪᠠᠢ᠎ᠳᠤ ᠬᠦᠷᠴᠦ᠍ ᠪᠠᠢᠴᠠᠭᠠᠨ ᠦᠵᠡᠪᠡ᠂ ᠲᠡᠷᠡ ᠲᠣᠰᠭᠣᠨ᠎ᠤ ᠠᠷᠠᠳ᠎ᠤᠨ ᠦᠶᠡᠷ ᠤᠰᠤᠲᠤᠯ᠎ᠢ ᠠᠷᠢᠯᠭᠠᠵᠤ ᠥᠪᠡᠷ ᠢ ᠪᠡᠨ ᠠᠪᠤᠷᠠᠬᠤ ᠬᠦᠴᠢᠷᠳᠡᠯ᠎ᠢ ᠣᠢᠯᠠᠭᠠᠵᠤ ᠪᠠᠢᠬᠤ᠎ᠪᠦᠭᠡᠳ ᠪᠠᠰᠠ ᠭᠤᠤ ᠦ᠋ ᠯᠦ᠍᠎ᠶ᠋ᠢᠨ ᠬᠣᠬᠢᠷᠠᠯ ᠤᠴᠠᠷᠠᠬᠰᠠᠨ ᠪᠠᠢᠳᠠᠯ᠎ᠢ ᠥᠷᠥ᠍ ᠡᠪᠡᠳᠴᠦ᠍᠂ ᠬᠣᠶᠠᠷ ᠲᠠᠯ᠎ᠠ᠎ᠶ᠋ᠢᠨ ᠬᠢᠨᠢ ᠬᠦᠯᠢᠴᠡᠩᠭᠦᠢ᠎ᠪᠡᠷ ᠢᠳᠭᠠᠨ ᠲᠠᠢᠳᠭᠤᠷᠠᠭᠤᠯᠪᠠ᠃ ᠪᠦᠬᠦᠯᠢ ᠭᠤᠷᠪᠠᠨ ᠡᠳᠦᠷ᠎ᠦᠨ ᠬᠤᠭᠤᠴᠠᠭᠠᠨ᠎ᠳᠤ᠂ ᠲᠡᠷᠡ ᠲᠠᠷᠢᠶᠠᠨ ᠳᠤᠮᠳᠠ ᠨᠠᠭᠠᠰᠢ ᠴᠠᠭᠠᠰᠢ ᠶᠠᠪᠤᠵᠤ᠂ ᠭᠡᠷ᠎ᠲᠦᠨᠢ ᠬᠦᠷᠴᠦ᠍ ᠶᠣᠰᠣ ᠶᠠᠷᠢᠵᠤ᠂ ᠨᠥᠭᠥᠭᠡ ᠡᠲᠡᠭᠡᠳᠢᠶᠡᠷᠨᠢ ᠭᠤᠤ ᠦ᠋ ᠯᠦ᠍ᠳᠦ ᠵᠣᠬᠢᠬᠤ ᠠᠵᠤ ᠠᠬᠤᠢ᠎ᠶ᠋ᠢᠨ ᠲᠥᠯᠥᠪᠦᠷᠢ ᠥᠭ᠌ᠭᠥᠭᠦᠯᠵᠦ᠍᠂ ᠡᠴᠦᠰ᠎ᠲᠡᠬᠡᠨ ᠬᠣᠶᠠᠷ ᠠᠢᠯ ᠤ᠋ᠨ ᠵᠦᠷᠢᠴᠡᠯ ᠢ᠋ ᠰᠢᠢᠳᠪᠤᠷᠢᠯᠡᠵᠤ ᠂ ᠬᠤᠶᠠᠷ ᠲᠠᠯ᠎ᠠ ᠪᠡᠷ᠎ᠢᠶᠡᠨ ᠭᠠᠷ ᠠᠳᠭᠤᠯᠴᠠᠨ ᠡᠪᠯᠡᠷᠡᠪᠡ᠃
ᠴᠠᠭᠠᠨᠨᠠᠭᠤᠷ ᠳᠡᠬᠢ ᠲᠣᠮᠢᠯᠠᠭ᠍ᠰᠠᠨ ᠰᠠᠯᠪᠤᠷᠢ ᠨᠢ ᠵᠢᠨᠢᠩ ᠲᠣᠭᠣᠷᠢᠭ᠎ᠤᠨ ᠬᠣᠲᠠ ᠬᠥᠳᠡᠭᠡ᠎ᠶ᠋ᠢᠨ ᠠᠭᠤᠯᠵᠠᠷ᠎ᠲᠤ ᠪᠠᠢᠷᠢᠯᠠᠵᠤ᠂ ᠬᠠᠮᠢᠶᠠᠷᠬᠤ ᠬᠠᠷᠢᠶ᠎ᠠ ᠣᠷᠣᠨ᠎ᠤ ᠶᠡᠷᠦᠩᠬᠡᠶ ᠲᠠᠯᠠᠪᠠᠶ ᠨᠢ 278 ᠲᠡᠭ᠌ᠰᠢ ᠳᠥᠷᠪᠡᠯᠵᠢᠨ ᠺᠢᠯᠣᠮᠧᠲ᠋ᠷ ᠪᠠᠢᠵᠤ᠂ 7 ᠨᠡᠢᠭᠡᠮ ᠲᠣᠭᠣᠷᠢᠭ᠂ 17 ᠲᠣᠰᠭᠣᠨ᠎ᠤ ᠠᠷᠠᠳ᠎ᠤᠨ ᠵᠥᠪᠯᠡᠯ᠂ 103 ᠠᠢᠯ ᠲᠣᠰᠭᠣᠨ᠎ᠢ ᠬᠠᠮᠤᠷᠴᠤ ᠪᠤᠢ᠃ ᠬᠠᠷᠢᠶ᠎ᠠ ᠣᠷᠣᠨᠳ᠋ᠡᠬᠢ ᠬᠥᠮᠦᠨ ᠠᠮᠠᠣᠯᠠᠨ᠂ ᠭᠡᠷ ᠪᠦᠯᠢ᠎ᠶ᠋ᠢᠨ ᠵᠥᠷᠢᠴᠡᠯ᠂ ᠬᠥᠷᠰᠢ ᠵᠡᠷᠭᠡᠯᠡᠳᠡᠭᠡ᠎ᠶ᠋ᠢᠨ ᠬᠤᠭᠤᠷᠤᠨᠳᠤᠬᠢ ᠵᠠᠷᠭᠤᠯᠳᠤᠭᠠᠨ᠂ ᠲᠠᠷᠢᠶᠠᠨ ᠭᠠᠵᠠᠷ᠎ᠲᠠᠢ ᠬᠤᠯᠪᠤᠬᠳᠠᠬᠰᠡᠨ ᠮᠠᠷᠭᠤᠯᠳᠤᠭᠠᠨ᠂ ᠡᠳ᠋ ᠪᠣᠳᠠᠰ᠎ᠤᠨ ᠬᠣᠬᠢᠷᠠᠯ᠎ᠤᠨ ᠲᠤᠬᠠᠢ ᠵᠢᠵᠢᠭ ᠰᠠᠵᠢᠭ ᠶᠠᠪᠤᠳᠠᠯ ᠵᠡᠷᠭᠡ ᠭᠠᠳᠠᠨᠠᠬᠢ ᠬᠥᠮᠦᠰ᠎ᠦᠨ ᠦᠵᠡᠬᠦ᠌ᠳ᠋ᠤ 《ᠠᠷᠰᠠᠷ ᠶᠠᠪᠤᠳᠠᠯ》 ᠨᠢ ᠪᠦᠬᠦ᠌ ᠴᠠᠭ᠍ᠳᠠᠭᠠᠨ᠎ᠤ ᠮᠡᠳᠡᠬᠦᠯᠦᠯᠳᠡ ᠵᠢᠨ ᠤᠴᠢᠷ ᠶᠠᠪᠤᠳᠠᠯ᠎ᠤᠨ ᠬᠠᠭᠠᠰ᠎ᠢ ᠨᠢ ᠡᠵᠡᠯᠡᠳᠡᠭ᠃ ᠡᠳᠡᠭᠡᠷ ᠨᠢ ᠦᠵᠡᠬᠦ ᠳ᠋ᠤ ᠪᠠᠭ᠎ᠠ ᠶᠠᠪᠤᠳᠠᠯ ᠪᠤᠯᠪᠠᠴᠤ ᠰᠡᠳᠭᠢᠯ᠎ᠦᠨ ᠵᠠᠩᠭᠢᠷᠠᠭᠠᠰᠤᠶ᠋ᠢ ᠠᠯᠳᠠᠷᠠᠭᠠᠬᠤ ᠦᠭᠡᠢ ᠪᠣᠯ ᠨᠢᠭᠡ ᠭᠡᠷ᠎ᠦᠨ ᠠᠮᠤᠷ ᠲᠣᠭ᠍ᠲᠠᠭᠤᠨ᠂ ᠨᠢᠭᠡ ᠭᠠᠵᠠᠷ ᠣᠷᠣᠨ᠎ᠤ ᠠᠮᠤᠷ ᠲᠦᠪᠱᠢᠨ᠎ᠢ ᠨᠥᠯᠥᠭᠡᠯᠡᠵᠦ ᠮᠡᠳᠡᠨ᠎ᠠ᠃
2021 ᠣᠨ᠎ᠳᠤ᠂ ᠴᠠᠭᠠᠨᠨᠠᠭᠤᠷ ᠳᠡᠬᠢ ᠲᠣᠮᠢᠯᠠᠭ᠍ᠰᠠᠨ ᠰᠠᠯᠪᠤᠷᠢ ᠵᠢᠩᠬᠢᠨᠢ᠎ᠪᠡᠷ ᠫᠠᠢᠰᠠ ᠡᠯᠭᠦᠨ 《ᠯᠢ ᠠᠪᠤᠭᠠᠢ ᠵᠢᠨ ᠡᠶᠡᠳᠡᠭᠦᠯᠭᠡ》 ᠵᠢᠨ ᠠᠵᠢᠯᠯᠠᠬᠤ ᠲᠠᠰᠤᠭ᠎ᠢ ᠪᠠᠢᠭᠤᠯᠵᠤ᠂ ᠲᠤᠰᠭᠠᠢᠯᠠᠨ ᠦᠨᠳᠦᠰᠦᠨ ᠱᠠᠲᠤᠨ᠎ᠤ ᠵᠥᠷᠢᠴᠡᠯ᠎ᠦᠨ《ᠬᠦᠴᠢᠷ ᠠᠰᠠᠭᠤᠳᠠᠯ》 ᠢ᠋ ᠱᠢᠢᠳᠪᠦᠷᠢᠯᠡᠵᠦ᠍᠂ ᠤᠯᠠᠨ ᠲᠦᠮᠡᠨ᠎ᠦ ᠰᠡᠳᠭᠢᠯ ᠳᠡᠬᠢ 《ᠲᠦᠪᠡᠭᠲᠡᠶ ᠶᠠᠪᠤᠳᠠᠯ》 ᠢ᠋ ᠱᠢᠢᠳᠪᠦᠷᠢᠯᠡᠪᠡ᠃ ᠠᠵᠢᠯᠯᠠᠬᠤ ᠲᠠᠰᠤᠭ ᠨᠢ ᠲᠥᠷᠥᠯ ᠬᠤᠪᠢᠶᠠᠨ ᠠᠷᠭ᠎ᠠ ᠪᠣᠳᠣᠯᠭ᠎ᠠ ᠬᠡᠷᠡᠭ᠌ᠯᠡᠵᠦ᠍ ᠤᠷᠠᠨ᠎ᠢᠶᠡᠷ ᠱᠢᠶ᠋ᠳᠪᠦᠷᠢᠯᠡᠬᠦ᠌᠎ᠶ᠋ᠢ ᠪᠠᠷᠢᠮᠲᠠᠯᠠᠵᠤ᠂ ᠠᠷᠠᠳ᠎ᠤᠨ ᠰᠡᠳᠭᠢᠯ᠎ᠢ ᠳᠤᠯᠠᠭᠠᠴᠠᠭᠤᠯᠵᠤ᠂ ᠵᠥᠷᠢᠴᠡᠯ᠎ᠢ ᠡᠷᠲᠡ ᠢᠯᠡᠷᠡᠭᠦᠯᠵᠦ᠍᠂ ᠪᠠᠭ᠎ᠠ ᠳᠡᠭᠡᠷ᠎ᠡ ᠨᠢ ᠠᠷᠢᠯᠭᠠᠪᠠ᠃ ᠠᠵᠢᠯᠯᠠᠬᠤ ᠲᠠᠰᠤᠭ ᠪᠠᠢᠭᠤᠯᠤᠭ᠍ᠳᠠᠭ᠍ᠰᠠᠨ᠎ᠡᠴᠡ ᠤᠳᠤ ᠪᠣᠯᠲᠠᠯ᠎ᠠ᠂ ᠡᠯ᠎ᠡ ᠲᠥᠷᠥᠯ᠎ᠦᠨ ᠵᠠᠭᠤᠷᠠᠯᠳᠤᠭᠠᠨ᠎ᠢ ᠨᠡᠢᠲᠡ 600 ᠭᠠᠷᠤᠶ ᠤᠳᠠᠭ᠎ᠠ ᠡᠶᠡᠳᠡᠭᠦᠯᠵᠦ᠍᠂ ᠡᠶᠡᠳᠡᠭᠦᠯᠦᠭᠡᠳ ᠪᠦᠲᠦᠭ᠌ᠰᠡᠨ ᠨᠣᠷᠮ᠎ᠠ ᠨᠢ 100% ᠳ᠋ᠤ ᠬᠦᠷᠴᠡᠶ᠃
《ᠪᠢ ᠤᠳᠠᠯ ᠦᠭᠡᠢ ᠠᠵᠢᠯ᠎ᠡᠴᠡ᠎ᠪᠠᠨ ᠠᠮᠠᠷᠠᠬᠤ ᠭᠡᠵᠦ᠍ ᠪᠤᠢ᠂ ᠨᠡᠩ ᠤᠯᠠᠨ ᠬᠥᠮᠦᠨ᠎ᠳᠦ ᠡᠶᠡᠳᠡᠭᠦᠯᠬᠦ᠌ ᠠᠷᠭ᠎ᠠ ᠤᠬᠠᠭᠠᠨ᠎ᠢ ᠰᠤᠷᠭᠠᠵᠤ᠂ ᠤᠯᠠᠨ ᠲᠦᠮᠡᠨ᠎ᠳᠦ ᠨᠡᠩ ᠰᠠᠢᠲᠤᠷ ᠦᠢᠯᠡᠴᠢᠯᠡᠭᠦᠯᠦᠨ᠎ᠡ》᠃ ᠯᠢ ᠮᠢᠩ ᠥᠪᠡᠷ᠎ᠢᠶᠡᠨ ᠡᠶᠡᠳᠡᠭᠦᠯᠭᠡ ᠭᠢᠳᠡᠭᠪᠦᠭᠡᠳ ᠪᠠᠰᠠ ᠠᠬᠠᠮᠠᠳ ᠴᠠᠭᠳᠠᠭ᠎ᠠ ᠡᠴᠨ ᠵᠠᠯᠠᠭᠤ ᠨᠢᠬᠡ ᠦᠶ᠎ᠠ ᠵᠢᠨ ᠭᠢᠨ ᠳ᠋ᠤ ᠡᠷᠳᠡᠮ ᠤᠬᠠᠭᠠᠨ᠎ᠢᠶᠡᠨ ᠤᠯᠠᠮᠵᠢᠯᠠᠵᠤ ᠳᠠᠭᠠᠭᠤᠯᠬᠤ ᠦᠢᠯᠡᠳᠦᠯ᠎ᠢᠶᠡᠨ ᠢᠳᠡᠪᠬᠢᠲᠡᠶ ᠪᠠᠳᠠᠷᠠᠭᠤᠯᠵᠠᠶ᠃ ᠲᠡᠷᠡ ᠲᠤᠮᠢᠯᠠᠬᠰᠠᠨ ᠰᠠᠯᠪᠤᠷᠢ ᠵᠢᠨ ᠠᠷᠠᠳ ᠤᠨ ᠲᠤᠰᠠᠯᠠᠭ᠍ᠴᠢ ᠴᠠᠭ᠍ᠳᠠᠭ᠎ᠠ ᠪᠠᠨ ᠳᠠᠭᠠᠭᠤᠯᠤᠨ ᠠᠢᠯ ᠡᠷᠦᠬᠡ᠎ᠪᠡᠷ ᠬᠥᠨᠵᠡᠭᠡᠢᠷᠠᠵᠤ᠂ ᠲᠤᠬᠠᠶ᠎ᠶ᠋ᠢᠨ ᠲᠠᠯᠠᠪᠠᠶ᠎ᠳᠤ ᠵᠢᠭᠠᠨ ᠰᠤᠷᠭᠠᠵᠤ᠂ ᠣᠯᠠᠨ᠎ᠤ ᠦᠶ᠋ᠯᠡᠳᠦᠯᠭᠡ᠎ᠶ᠋ᠢᠨ ᠳᠤᠮᠳᠠ ᠲᠤᠷᠱᠢᠯᠭ᠎ᠠ ᠬᠤᠷᠠᠮᠳᠤᠭᠤᠯᠬᠤ ᠵᠢ ᠵᠢᠯᠤᠭᠤᠳᠪᠠ᠃
ᠤᠳᠤ᠂ ᠯᠢ ᠮᠢᠩ ᠮᠥᠨ ᠡᠶᠡᠳᠡᠭᠦᠯᠶᠠ ᠵᠢᠨ ᠡᠮᠦᠨ᠎ᠡ ᠹᠷᠣᠨᠲᠵᠢᠡᠨ ᠪᠠᠲᠤ ᠰᠠᠬᠢᠵᠤ᠂ ᠡᠳᠦᠷ ᠪᠦᠷᠢ ᠣᠯᠠᠨ ᠲᠦᠮᠡᠨ᠎ᠢ ᠬᠦᠯᠢᠶᠡᠨ ᠠᠪᠴᠤ᠌᠂ ᠬᠡᠷᠡᠭ᠎ᠦᠨ ᠪᠠᠢᠳᠠᠯ᠎ᠢ ᠵᠠᠳᠠᠯᠵᠤ᠂ ᠵᠥᠷᠢᠴᠡᠯ᠎ᠢ ᠱᠢᠢᠳᠪᠦᠷᠢᠯᠡᠵᠦ᠍ ᠪᠠᠢᠨ᠎ᠠ᠃
《ᠪᠢ ᠡᠨᠡ ᠠᠵᠢᠯ᠎ᠳ᠋ᠠᠭᠠᠨ ᠦᠨᠡᠨ ᠰᠡᠳᠭᠢᠯ ᠡᠴᠡ᠎ᠪᠡᠨ ᠬᠠᠢᠷᠠᠲᠠᠢ᠃ ᠤᠯᠠᠨ ᠤ᠋ ᠰᠡᠳᠬᠢᠯ ᠤ᠋ᠨ ᠵᠠᠩᠭᠢᠷᠡᠭᠠ ᠵᠢ ᠠᠯᠳᠠᠷᠠᠭᠠᠨ ᠠᠢᠯ ᠤᠨ ᠠᠬ᠎ᠠ ᠳᠡᠭᠦᠦ᠍᠎ᠨᠡᠷ ᠭᠠᠷ ᠠᠳᠭᠤᠯᠴᠠᠨ ᠡᠶᠡᠳᠡᠪᠡᠯ ᠶᠠᠭᠤᠨ᠎ᠡᠴᠡ ᠴᠤ᠌ ᠡᠷᠭᠢᠮ ᠶᠤᠮ》 ᠭᠡᠵᠦ᠍ ᠯᠢ ᠮᠢᠩ ᠢᠨᠢᠶᠡᠮᠰᠦᠭ᠌ᠯᠡᠨ ᠬᠡᠯᠡᠪᠡ᠃