ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠩᠬᠢᠮ ᠡᠴᠡ ᠤᠢᠯᠠᠭᠠᠭᠰᠠᠨ ᠢ᠋ᠢᠡᠷ᠂ ᠰᠠᠶᠢᠬᠠᠨ ᠦᠩᠬᠡᠷᠡᠭᠰᠡᠨ ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠳ᠋ᠤ ᠮᠠᠨ ᠤ᠋ ᠤᠷᠤᠨ ᠤ᠋ ᠣᠷᠣᠨ ᠪᠦᠰᠡ ᠠᠯᠤᠰᠯᠠᠨ ᠵᠤᠷᠴᠢᠭᠰᠠᠨ ᠠᠶᠠᠨᠴᠢᠨ 3949.91 ᠲᠦᠮᠡᠨ ᠬᠥᠮᠦᠨ ᠤᠳᠠᠭ᠎ᠠ ᠳ᠋ᠤ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 28.42% ᠵᠢᠨᠷ ᠨᠡᠮᠡᠭ᠌ᠳᠡᠨ᠂ ᠲᠡᠦᠬᠡ ᠢ᠋ᠢᠨ ᠱᠢᠨ᠎ᠡ ᠲᠡᠮᠳᠡᠭ᠌ᠯᠡᠯ ᠢ᠋ ᠡᠭᠦᠳᠪᠡ᠃
ᠡᠨᠡ ᠵᠢᠯ ᠤ᠋ᠨ ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠳ᠋ᠤ᠂ ᠪᠥᠬᠥ᠌ ᠣᠷᠣᠨ ᠤ᠋ ᠡᠵᠡᠩᠨᠡᠯᠲᠡ ᠢ᠋ᠢᠨ ᠴᠢᠨᠠᠷᠲᠠᠶ ᠠᠶᠠᠨᠴᠢᠳ ᠤ᠋ᠨ ᠵᠦᠭᠡᠭᠡᠪᠦᠷᠢ ᠢ᠋ᠢᠨ ᠬᠡᠮᠵᠢᠶ᠎ᠠ 247.39 ᠲᠦᠮᠡᠨ ᠬᠥᠮᠦᠨ ᠤᠳᠠᠭ᠎ᠠ ᠳ᠋ᠤ ᠬᠦᠷᠴᠤ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 4.18% ᠪᠡᠷ ᠨᠡᠮᠡᠭᠳᠡᠪᠠ᠃ ᠡᠭᠦᠨ ᠳ᠋ᠤ ᠲᠦᠷᠭᠡᠨ ᠤ᠋ ᠵᠠᠰᠠᠮᠠᠯ ᠵᠠᠮ ᠵᠢᠡᠷ ᠣᠷᠣᠨ ᠪᠦᠰᠡ ᠠᠯᠤᠰᠯᠠᠨ ᠵᠤᠷᠴᠢᠬᠰᠠᠨ ᠠᠶᠠᠨᠴᠢᠨ 1171.99 ᠲᠦᠮᠡᠨ ᠬᠥᠮᠦᠨ ᠤᠳᠠᠭ᠎ᠠ ᠳ᠋ᠤ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 30.75% ᠪᠡᠷ ᠨᠡᠮᠡᠭᠳᠡᠨ᠂ ᠲᠦᠷᠭᠡᠨ ᠤ᠋ ᠵᠠᠰᠠᠮᠠᠯ ᠵᠠᠮ ᠤ᠋ᠨ ᠲᠡᠷᠭᠡᠨ ᠤ᠋ ᠤᠷᠤᠰᠭᠠᠯ ᠤ᠋ᠨ ᠶᠡᠷᠦᠩᠬᠡᠶ ᠬᠡᠮᠵᠢᠶ᠎ᠡ 474.94 ᠲᠦᠮᠡ ᠳ᠋ᠤ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 23.7% ᠪᠡᠷ ᠨᠡᠮᠡᠭ᠌ᠳᠡᠵᠤ᠂ ᠡᠩ ᠤ᠋ᠨ ᠤᠯᠤᠰ ᠤ᠋ᠨ ᠪᠠ ᠮᠤᠵᠢ ᠢ᠋ᠢᠨ ᠵᠠᠰᠠᠮᠠᠯ ᠵᠠᠮ ᠵᠢᠡᠷ ᠣᠷᠣᠨ ᠪᠦᠰᠡ ᠠᠯᠤᠰᠯᠠᠨ ᠵᠤᠷᠴᠢᠬᠰᠠᠨ ᠠᠶᠠᠨᠴᠢᠨ 2552.47 ᠲᠦᠮᠡᠨ ᠬᠥᠮᠦᠨ ᠤᠳᠠᠭ᠎ᠠ ᠳ᠋ᠤ ᠬᠥᠷᠴᠤ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 28.44% ᠪᠡᠷ ᠨᠡᠮᠡᠭᠳᠡᠪᠠ᠃
ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠳ᠋ᠤ᠂ ᠪᠥᠬᠥ᠌ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠰᠠᠯᠠᠭ᠎ᠠ ᠮᠥᠴᠢᠷ ᠤ᠋ᠨ ᠬᠢᠨ ᠠᠶᠠᠨᠴᠢᠳ ᠤ᠋ᠨ ᠣᠷᠭᠢᠯ ᠬᠤᠭᠤᠴᠠᠭ᠎ᠠ ᠪᠠ ᠴᠠᠰᠤ ᠲᠠᠢ ᠬᠦᠶ᠋ᠲᠡᠨ ᠴᠠᠬ ᠠᠭᠤᠷ ᠲᠠᠪᠬᠤᠴᠠᠭᠰᠠᠨ ᠪᠠᠢᠳᠠᠯ ᠢ᠋ ᠪᠦᠲᠦᠮᠵᠢᠲᠡᠢ ᠠᠷᠭᠠᠴᠠᠭᠠᠬᠤ ᠢ᠋ᠢᠨ ᠲᠦᠯᠦᠭᠡ ᠨᠡᠢᠲᠡ 1156 ᠰᠠᠭᠤᠷᠢ ᠴᠠᠰᠤ ᠴᠡᠪᠡᠷᠯᠡᠬᠦ᠌ ᠮᠠᠱᠢᠨ᠂ 723 ᠲᠣᠨ ᠴᠠᠰᠤ ᠬᠠᠢᠯᠤᠭᠤᠯᠬᠤ ᠡᠳ᠋᠂ 332 ᠪᠣᠰᠣᠭ᠎ᠠ ᠳᠥᠷᠪᠡᠯᠵᠢᠨ ᠮᠧᠲ᠋ᠷ ᠭᠤᠯᠭᠤᠬᠤ ᠡᠴᠡ ᠰᠡᠷᠭᠡᠢᠯᠡᠬᠦ᠌ ᠮᠠᠲ᠋ᠧᠷᠢᠶᠠᠯ ᠲᠤᠬᠢᠷᠠᠭᠤᠯᠤᠨ᠂ 6.02 ᠲᠦᠮᠡᠨ ᠺᠢᠯᠣᠮᠧᠲ᠋ᠷ ᠵᠠᠮ ᠤ᠋ᠨ ᠴᠠᠰᠤ ᠢ᠋ᠢ ᠴᠡᠪᠡᠷᠯᠡᠵᠤ᠂ ᠰᠠᠯᠬᠢ ᠰᠢᠭᠤᠷᠭᠠᠨ ᠡᠴᠡ ᠪᠤᠯᠵᠤ ᠬᠠᠰᠢᠬᠳᠠᠬᠰᠠᠨ 217 ᠮᠠᠰᠢᠨ ᠲᠡᠷᠭᠡ᠂ 606 ᠬᠦᠮᠦᠨ ᠢ᠋ ᠠᠪᠤᠷᠠᠨ ᠲᠤᠰᠠᠯᠠᠵᠠᠢ; ᠪᠥᠬᠥ᠌ ᠣᠷᠣᠨ ᠤ᠋ ᠲᠦᠷᠭᠡᠨ ᠤ᠋ ᠵᠠᠰᠠᠮᠠᠯ ᠵᠠᠮ ᠵᠢᠴᠢ ᠡᠩ ᠤ᠋ᠨ ᠤᠯᠤᠰ ᠤ᠋ᠨ ᠪᠠ ᠮᠤᠵᠢ ᠢ᠋ᠢᠨ ᠭᠤᠤᠯ ᠱᠤᠭᠤᠮ ᠤ᠋ᠨ ᠦᠶ᠋ᠯᠡᠴᠢᠯᠡᠭᠡᠨ ᠤ᠋ ᠲᠣᠭᠣᠷᠢᠭ ᠲᠦ᠍ ᠡᠳ᠋ ᠪᠠᠷᠠᠭ᠎ᠠ ᠨᠥᠭᠡᠴᠡᠯᠡᠬᠦ᠌ ᠪᠠ ᠬᠣᠯᠪᠣᠭᠠᠯᠠᠨ ᠬᠥᠳᠡᠯᠦᠯᠴᠡᠬᠦ᠌ ᠠᠵᠢᠯ ᠢ᠋ ᠰᠠᠢᠲᠤᠷ ᠬᠢᠵᠦ᠍᠂ ᠲᠡᠷᠭᠡ ᠵᠣᠭ᠍ᠰᠣᠭᠠᠬᠤ᠂ ᠴᠠᠬᠢᠯᠭᠠᠨ ᠴᠡᠨᠡᠭ᠌ᠯᠡᠬᠦ᠌᠂ ᠲᠣᠰᠣ ᠨᠡᠮᠡᠬᠦ᠌ ᠵᠡᠷᠭᠡ ᠦᠨᠳᠦᠰᠦᠨ ᠦᠶ᠋ᠯᠡᠴᠢᠯᠡᠭᠡ ᠢ᠋ᠢ ᠪᠠᠲᠤᠯᠠᠪᠠ᠃ ᠡᠬᠦᠨ ᠤ᠋ ᠬᠠᠮᠳᠤ ᠵᠢᠷᠭᠢᠶ᠎ᠠ ᠢ᠋ᠢᠨ ᠤᠯᠠᠨ ᠨᠡᠢᠲᠡ ᠢ᠋ᠢᠨ ᠲᠠᠪᠴᠡᠡᠭ᠂ ᠵᠠᠰᠠᠮᠠᠯ ᠵᠠᠮ ᠤ᠋ᠨ ᠪᠠᠢᠳᠠᠯ ᠤ᠋ᠨ ᠱᠢᠭᠤᠳ ᠨᠡᠪᠲᠡᠷᠡᠭᠦᠯᠭᠡ᠂ ᠰᠣᠨᠢᠨ ᠮᠡᠳᠡᠭᠡᠨ ᠤ᠋ ᠵᠠᠭᠤᠴᠢᠯᠠᠭᠤᠷ᠂ ᠭᠤᠤ ᠳ᠋ᠸ᠂ ᠪᠠᠶ ᠳ᠋ᠦ᠋ ᠵᠡᠷᠭᠡ ᠲᠠᠪᠴᠠᠩ ᠢ᠋ᠢᠡᠷ ᠳᠠᠮᠵᠢᠨ ᠴᠠᠭ ᠠᠭᠤᠷ ᠤ᠋ᠨ ᠰᠡᠷᠡᠮᠵᠢᠯᠡᠭᠦᠯᠦᠯ᠂ ᠵᠠᠰᠠᠮᠠᠯ ᠵᠠᠮ ᠤ᠋ᠨ ᠪᠠᠢᠳᠠᠯ ᠤ᠋ᠨ ᠮᠡᠳᠡᠭᠡ ᠵᠠᠩᠭᠢ ᠢ᠋ᠢ ᠨᠡᠢᠲᠡᠯᠡᠵᠦ᠍᠂ ᠣᠯᠠᠨ ᠲᠦᠮᠡᠨ ᠤ᠋ ᠠᠶᠠᠨ ᠤ᠋ ᠱᠤᠭᠤᠮ ᠢ᠋ᠢᠡᠨ ᠵᠦᠶ ᠵᠣᠬᠢᠰᠲᠠᠶ ᠲᠥᠯᠥᠪᠵᠢᠭᠦᠯᠤᠨ᠂ ᠠᠮᠤᠷ ᠲᠦᠪᠱᠢᠨ ᠠᠶᠠᠯᠠᠬᠤ ᠳ᠋ᠤ ᠪᠦᠬᠦ ᠬᠦᠴᠦᠨ ᠢ᠋ᠢᠡᠷ ᠢ᠋ᠢᠡᠨ ᠦᠢᠯᠡᠴᠢᠯᠡᠭᠰᠡᠨ ᠪᠠᠢᠨ᠎ᠠ᠃