ᠬᠦᠬᠡᠬᠤᠲᠠ ᠢ᠋ᠢᠨ ᠲᠡᠮᠤᠷ ᠵᠠᠮ ᠤ᠋ᠨ ᠲᠤᠪᠴᠢᠶ᠎ᠠ 94.4 ᠲᠦᠮᠡᠨ ᠠᠶᠠᠨᠴᠢᠨ ᠵᠦᠭᠡᠭᠡᠪᠦᠷᠢᠯᠡᠪᠠ
2026-02-26 10:17:50
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

2026 ᠣᠨ ᠤ᠋ ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠳ᠋ᠤ᠂ ᠬᠥᠬᠡᠬᠣᠲᠠ ᠢ᠋ᠢᠨ ᠲᠡᠮᠤᠷ ᠵᠠᠮ ᠤ᠋ᠨ ᠲᠣᠪᠴᠢᠶ᠎ᠠ 94.4 ᠲᠦᠮᠡᠨ ᠠᠶᠠᠨᠴᠢᠨ  (ᠤᠳᠠᠭ᠎ᠠ) ᠵᠦᠭᠡᠭᠡᠪᠦᠷᠢᠯᠡᠵᠤ᠂ ᠡᠳᠦᠷ ᠳᠤᠮᠳᠠᠴᠢ ᠪᠡᠷ 10.5 ᠲᠦᠮᠡᠨ(ᠤᠳᠠᠭ᠎ᠠ) ᠠᠶᠠᠨᠴᠢᠨ ᠵᠦᠭᠡᠭᠡᠪᠦᠷᠢᠯᠡᠪᠠ᠃ ᠡᠬᠦᠨ ᠳ᠋ᠤ ᠠᠶᠠᠨᠴᠢᠳ ᠤ᠋ᠨ ᠣᠷᠭᠢᠯ ᠤ᠋ᠨ ᠬᠤᠭᠤᠴᠠᠭ᠎ᠠ 2 ᠰᠠᠷ᠎ᠠ ᠢ᠋ᠢᠨ 23 ᠤ᠋ ᠡᠳᠦᠷ ᠲᠤᠬᠢᠶᠠᠵᠤ᠂ ᠲᠤᠰ ᠡᠳᠤᠷ ᠲᠦ᠍ 17 ᠲᠦᠮᠡᠨ ᠠᠶᠠᠨᠴᠢᠨ(ᠤᠳᠠᠭ᠎ᠠ) ᠵᠦᠭᠡᠭᠡᠪᠦᠷᠢᠯᠡᠭᠰᠡᠨ ᠪᠠᠢᠨ᠎ᠠ᠃

ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠳ᠋ᠤ᠂ ᠬᠥᠬᠡᠬᠣᠲᠠ ᠢ᠋ᠢᠨ ᠲᠡᠮᠤᠷ ᠵᠠᠮ ᠤ᠋ᠨ ᠲᠤᠪᠴᠢᠶ᠎ᠠ ᠨᠢᠭᠡ ᠡᠳᠦᠷ᠎ᠲᠦ ᠬᠠᠮᠤᠭ ᠤ᠋ᠨ ᠤᠯᠠᠨ᠎ᠳᠠᠭᠠᠨ 309 ᠡᠭᠡᠯᠵᠢ ᠠᠶᠠᠨᠴᠢᠳ ᠤ᠋ᠨ ᠭᠠᠯᠲᠤ ᠲᠡᠷᠭᠡ ᠶᠠᠪᠤᠭᠤᠯᠵᠤ᠂ 34 ᠡᠭᠡᠯᠵᠢ ᠬᠦᠳᠡᠯᠭᠡᠭᠦ ᠬᠦᠴᠦᠨᠲᠤ ᠭᠠᠯᠲᠤ ᠲᠡᠷᠭᠡ ᠢ᠋ᠢ ᠲᠠᠬᠢᠨ ᠬᠣᠯᠪᠣᠵᠤ᠂ ᠵᠦᠭᠡᠭᠡᠪᠦᠷᠢ ᠢ᠋ᠢᠨ ᠴᠢᠳᠠᠪᠤᠷᠢ ᠢ᠋ᠢ ᠭᠣᠣᠯᠳᠠᠭᠤ ᠥᠪᠥᠷ ᠮᠣᠩᠭᠣᠯ ᠤ᠋ᠨ ᠳᠤᠮᠳᠠ ᠪᠡᠶ᠎ᠠ ᠪᠤᠯᠤᠨ ᠪᠠᠷᠠᠭᠤᠨ ᠪᠡᠶ᠎ᠠ ᠢ᠋ᠢᠨ ᠬᠤᠳᠠ ᠢ᠋ᠢᠨ ᠬᠣᠭᠣᠷᠣᠨᠳᠣ ᠵᠢᠴᠢ ᠬᠥᠬᠡᠬᠣᠲᠠ᠂ ᠪᠤᠭᠤᠲᠤ ᠡᠴᠡ ᠪᠡᠭᠡᠵᠢᠩ᠂ ᠰᠢ ᠠᠨ ᠵᠢᠴᠢ ᠵᠡᠭᠦᠨ ᠬᠣᠢᠲᠤ ᠣᠷᠣᠨ ᠬᠦᠷᠬᠦ ᠴᠢᠭ᠌ᠯᠡᠯ ᠳ᠋ᠤ ᠲᠥᠪᠯᠡᠷᠡᠭᠦᠯᠪᠠ᠃ ᠡᠨᠡ ᠵᠢᠯ ᠪᠣᠯ ᠪᠤᠭᠤᠲᠤ — ᠢᠷᠭᠠᠶ ᠬᠦᠷᠬᠦ ᠲᠦᠷᠭᠡᠨ ᠤ᠋ ᠲᠡᠮᠦᠷ ᠵᠠᠮ ᠨᠡᠪᠲᠡᠷᠡᠭ᠌ᠰᠡᠨ ᠤ᠋ ᠳᠠᠷᠠᠭᠠᠬᠢ ᠠᠩᠬᠠᠳᠠᠭ᠍ᠴᠢ ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭ᠎ᠠ ᠪᠠᠢᠵᠤ᠂ ᠵᠠᠮ ᠳᠠᠭᠠᠤ ᠢ᠋ᠢᠨ ᠪᠤᠭᠤᠲᠤ ᠥᠷᠲᠡᠭᠡ᠂ ᠪᠠᠶᠠᠨᠨᠠᠭᠤᠷ ᠥᠷᠲᠡᠭᠡ᠂ ᠦᠬᠠᠶ ᠥᠷᠲᠡᠭᠡ ᠢ᠋ᠢᠨ ᠡᠳᠦᠷ ᠳᠤᠮᠳᠠᠴᠢ ᠢ᠋ᠢᠨ ᠠᠶᠠᠨᠴᠢᠨ ᠤ᠋ ᠬᠡᠮᠵᠢᠶ᠎ᠠ ᠨᠢᠳᠤᠨᠤᠨ ᠤ᠋ ᠴᠠᠭᠠᠨ ᠰᠠᠷ᠎ᠠ ᠢ᠋ᠢᠨ ᠠᠮᠠᠷᠠᠯᠲᠠ ᠢ᠋ᠢᠨ ᠬᠤᠭᠤᠴᠠᠭᠠᠨ ᠤ᠋ ᠬᠢ ᠡᠴᠡ ᠲᠤᠰ ᠲᠤᠰ 4.88%᠂ 11.8% ᠪᠠ 61.4% ᠪᠡᠷ ᠨᠡᠮᠡᠭ᠌ᠳᠡᠪᠡ᠃

ᠤᠢᠯᠠᠭᠠᠭᠰᠠᠨ ᠢ᠋ᠢᠡᠷ᠂ ᠴᠠᠭᠠᠨ ᠰᠠᠷ᠎ᠠ ᠢ᠋ᠢᠨ ᠠᠷᠪᠠᠨ ᠲᠠᠪᠤᠨ ᠡᠴᠡ ᠡᠮᠦᠨ᠎ᠡ ᠥᠪᠥᠷ ᠮᠣᠩᠭᠣᠯ ᠤ᠋ᠨ ᠳᠤᠮᠳᠠ ᠪᠡᠶ᠎ᠠ ᠪᠤᠯᠤᠨ ᠪᠠᠷᠠᠭᠤᠨ ᠪᠡᠶ᠎ᠠ ᠢ᠋ᠢᠨ ᠲᠡᠮᠦᠷ ᠵᠠᠮ ᠤ᠋ᠨ ᠠᠶᠠᠨᠴᠢᠳ ᠤ᠋ᠨ ᠤᠷᠤᠰᠭᠠᠯ ᠬᠠᠷᠢᠴᠠᠩᠭᠤᠶ᠎ᠲᠣᠭ᠍ᠲᠠᠭᠤᠨ ᠪᠠᠢᠵᠤ᠂ ᠬᠠᠯᠠᠮᠱᠢᠯ ᠵᠠᠮ ᠱᠤᠭᠤᠮ ᠨᠢ ᠬᠥᠬᠡᠬᠣᠲᠠ᠂ ᠪᠤᠭᠤᠲᠤ᠂ ᠣᠷᠳᠣᠰ᠂ ᠤᠯᠠᠭᠠᠨᠴᠠᠪ᠂ ᠪᠠᠶᠠᠨᠨᠠᠭᠤᠷ᠂ ᠦᠬᠠᠶ ᠵᠡᠷᠭᠡ ᠭᠠᠵᠠᠷ ᠤ᠋ᠨ ᠬᠣᠲᠠ ᠢ᠋ᠢᠨ ᠬᠣᠭᠣᠷᠣᠨᠳᠣ ᠵᠢᠴᠢ ᠡᠯ᠎ᠡ ᠭᠠᠵᠠᠷ ᠡᠴᠡ ᠪᠡᠭᠡᠵᠢᠩ᠂ ᠱᠠᠩᠬᠠᠶ ᠪᠠ ᠵᠡᠭᠦᠨ ᠬᠣᠢᠲᠤ ᠣᠷᠣᠨ ᠬᠦᠷᠬᠦ ᠴᠢᠭ᠌ᠯᠡᠯ ᠳ᠋ᠤ ᠲᠥᠪᠯᠡᠷᠡᠬᠦ ᠪᠤᠯᠤᠨ᠎ᠠ᠃ ᠲᠡᠮᠦᠷ ᠵᠠᠮ ᠤ᠋ᠨ ᠰᠠᠯᠠᠭ᠎ᠠ ᠮᠥᠴᠢᠷ  ᠠᠶᠠᠨᠴᠢᠳ ᠤ᠋ᠨ ᠤᠷᠤᠰᠭᠠᠯ ᠤ᠋ᠨ ᠪᠠᠢᠳᠠᠯ ᠢ᠋ ᠦᠨᠳᠦᠰᠦᠯᠡᠨ ᠭᠠᠯᠲᠤ ᠲᠡᠷᠭᠡᠨ ᠤ᠋ ᠠᠶᠠᠯᠠᠯ ᠤ᠋ᠨ ᠵᠢᠷᠤᠭ ᠲᠠᠭᠠᠨ ᠬᠥᠳᠡᠯᠦᠩᠭᠦᠶ ᠪᠡᠷ ᠲᠣᠬᠢᠷᠠᠭᠤᠯᠤᠯᠲᠠ ᠬᠢᠵᠦ᠍᠂ ᠵᠥᠭᠡᠭᠡᠪᠦᠷᠢ ᠢ᠋ᠢᠨ ᠴᠢᠳᠠᠪᠤᠷᠢ ᠪᠠᠨ ᠦᠷᠭᠦᠯᠵᠢᠯᠡᠨ ᠨᠡᠮᠡᠭ᠌ᠳᠡᠭᠦᠯᠵᠦ᠍᠂ ᠠᠶᠠᠨᠴᠢᠳ ᠤ᠋ᠨ ᠠᠶᠠᠯᠠᠯ ᠤ᠋ᠨ ᠬᠡᠷᠡᠭ᠌ᠴᠡᠭᠡ ᠢ᠋ᠢ ᠪᠦᠬᠦ ᠬᠦᠴᠤᠨ ᠵᠢᠡᠷ ᠬᠠᠩᠭᠠᠬᠤ ᠪᠤᠯᠤᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号