ᠰᠤᠷᠪᠤᠯᠵᠢᠯᠠᠭᠴᠢ ᠤᠯᠠᠭᠠᠨ ᠮᠣᠷᠢᠨ ᠵᠢᠯ ᠤ᠋ᠨ ᠴᠠᠭᠠᠨ ᠰᠠᠷ᠎ᠠ ᠶ᠋ᠢᠨ ᠬᠤᠭᠤᠴᠠᠭᠠᠨ ᠳ᠋ᠦ ᠥᠪᠥᠷ ᠮᠣᠩᠭᠣᠯ ᠮᠦᠽᠧᠶ 6 ᠶᠡᠬᠡ ᠦᠵᠡᠬᠦᠯᠬᠡ ᠭᠠᠷᠭᠠᠵᠦ᠂ ᠱᠢᠨ᠎ᠡ ᠶ᠋ᠢᠨ ᠨᠢᠭᠡᠨ ᠡᠴᠡ ᠱᠢᠨ᠎ᠡ ᠶ᠋ᠢᠨ ᠲᠤᠯᠤᠭᠠᠨ ᠪᠣᠯᠲᠠᠯ᠎ᠠ 7 ᠡᠳᠤᠷ ᠲᠦ᠍ 10 ᠲᠦᠮᠡ ᠭᠠᠷᠤᠢ ᠦᠵᠡᠬᠴᠢ ᠵᠢ ᠭᠥᠯᠢᠶᠡᠨ ᠠᠪᠴᠠᠢ᠃ ᠡᠬᠦᠨ ᠤ᠋ ᠬᠠᠮᠳᠤ ᠨᠡᠢᠭᠡᠮ ᠤ᠋ᠨ ᠬᠥᠮᠦᠵᠢᠯ ᠤ᠋ᠨ ᠠᠵᠢᠯᠯᠠᠭ᠎ᠠ ᠵᠢ 106 ᠲᠠᠯᠠᠪᠠᠢ ᠥᠷᠨᠢᠭᠦᠯᠵᠤ᠂ ᠦᠵᠡᠭ᠌ᠴᠢᠳ ᠲᠦ᠍ ᠪᠣᠳᠠᠰ ᠤ᠋ᠨ ᠪᠤᠰᠤ ᠰᠣᠶᠣᠯ ᠤ᠋ᠨ ᠥᠪ ᠢ᠋ ᠤᠯᠠᠮᠵᠢᠯᠠᠨ ᠵᠠᠯᠭᠠᠮᠵᠢᠯᠠᠵᠤ᠂ ᠠᠳᠤᠭᠤᠨ ᠰᠣᠶᠣᠯ ᠤ᠋ᠨ ᠥᠨᠢ ᠤᠳᠠᠭᠠᠨ ᠤᠯᠠᠮᠵᠢᠯᠠᠯ ᠪᠠ ᠥᠷᠭᠡᠨ ᠳᠡᠯᠭᠡᠷ ᠭᠦᠨ ᠭᠦᠨᠵᠡᠭᠡᠶ ᠵᠢ ᠣᠢᠯᠠᠭᠠᠭᠤᠯᠤᠭᠰᠠᠨ ᠪᠠᠢᠨ᠎ᠠ᠃
6 ᠶᠡᠬᠡ ᠦᠵᠡᠭᠦᠯᠭᠡ ᠨᠢ ᠬᠦᠮᠦᠰ ᠲᠦ᠍ ᠴᠠᠭᠠᠨ ᠰᠠᠷ᠎ᠠ᠂ ᠠᠮᠠᠷᠠᠯᠳᠠ ᠵᠢᠨ ᠡᠳᠦᠷ ᠵᠢᠡᠨ ᠤᠳᠬ᠎ᠠ ᠳᠡᠬᠦᠰ ᠦᠩᠭᠡᠷᠡᠬᠦᠯᠬᠦ ᠳ᠋ᠦ ᠬᠠᠨᠤᠮᠵᠢᠳᠠᠢ ᠰᠤᠩᠭᠤᠯᠳᠠ ᠬᠠᠩᠭᠠᠪᠠ᠃ ᠡᠬᠦᠨ ᠳ᠋ᠦ᠂《ᠠᠳᠤᠭᠤ ᠪᠡᠷ ᠭᠠᠩᠭᠠᠷᠠᠭᠰᠠᠨ ᠴᠠᠭᠠᠨ ᠰᠠᠷ᠎ᠠ — ᠤᠯᠠᠭᠠᠨ ᠮᠣᠷᠢᠨ ᠵᠢᠯ ᠤ᠋ᠨ ᠪᠥᠬᠥ᠌ ᠪᠥᠮᠪᠥᠷᠴᠡᠭ ᠤ᠋ᠨ ᠠᠷᠪᠠᠨ ᠬᠣᠶᠠᠷ ᠵᠢᠯ ᠤ᠋ᠨ ᠰᠣᠶᠣᠯ ᠤ᠋ᠨ ᠬᠠᠮᠲᠤᠷᠠᠭ᠍ᠰᠠᠨ ᠦᠵᠡᠭᠦᠯᠭᠡ》ᠳ᠋ᠦ ᠠᠳᠤᠭᠤᠨ ᠰᠣᠶᠣᠯ ᠢ᠋ᠶ᠋ᠠᠷ ᠰᠡᠳᠦᠪᠯᠡᠭ᠌ᠰᠡᠨ 400 ᠭᠠᠷᠤᠢ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠬᠡᠷᠡᠯ ᠵᠢᠷᠤᠭ ᠵᠢᠴᠢ 50 ᠱᠢᠬᠠᠮ (ᠢᠵᠢ) ᠬᠣᠪᠣᠷ ᠨᠠᠨᠳᠢᠨ ᠲᠡᠦᠬᠡ ᠶ᠋ᠢᠨ ᠳᠤᠷᠠᠰᠭᠠᠯᠲᠤ ᠵᠦᠢᠯ ᠢ᠋ ᠡᠮᠬᠢᠳᠭᠡᠨ ᠴᠤᠭ᠍ᠯᠠᠭᠤᠯᠵᠤ᠂ ᠦᠵᠡᠭ᠌ᠴᠢᠳ ᠲᠦ᠍ ᠠᠳᠤᠭᠤᠨ ᠰᠣᠶᠣᠯ ᠤ᠋ᠨ ᠭᠦᠨ ᠬᠦᠨᠵᠡᠬᠡᠢ ᠠᠭᠤᠯᠤᠭ᠍ᠳᠠᠬᠤᠨ ᠢ᠋ ᠣᠢᠯᠠᠭᠠᠭᠤᠯᠵᠠᠢ; 《ᠢᠵᠢᠯᠢᠰᠢᠨ ᠳᠡᠯᠭᠡᠷᠡᠭᠰᠡᠨ ᠶᠡᠬᠡ ᠵᠤᠬᠢᠶᠠᠩᠭᠤᠢ — ᠥᠪᠥᠷ ᠮᠣᠩᠭᠣᠯ ᠣᠷᠣᠨ ᠤ᠋ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ ᠭᠣᠣᠯ ᠰᠡᠳᠦᠪᠲᠦ ᠦᠵᠡᠭᠦᠯᠭᠡ》 ᠳ᠋ᠦ 169(ᠢᠵᠢ)ᠲᠡᠦᠬᠡ ᠶ᠋ᠢᠨ ᠳᠤᠷᠠᠰᠭᠠᠯᠲᠤ ᠵᠦᠢᠯ ᠢ᠋ ᠳᠡᠯᠭᠡᠵᠦ᠂ ᠦᠨᠳᠦᠰᠦᠲᠡᠨ ᠨᠤᠭᠦᠳ ᠤ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤ᠋ᠨ ᠰᠡᠳᠭᠢᠯ ᠬᠥᠳᠡᠯᠭᠡᠮ᠎ᠡ ᠦᠯᠢᠭᠡᠷ ᠢ᠋ ᠶᠠᠷᠢᠵᠠᠢ; 《ᠪᠠᠳᠠᠷᠠᠩᠭᠤᠢ ᠲᠦᠷᠦ ᠵᠢᠨ ᠶᠡᠬᠡ ᠵᠤᠬᠢᠶᠠᠩᠭᠤᠢ 〈ᠳᠤᠮᠳᠠᠳᠤ ᠤᠯᠤᠰ ᠤ᠋ᠨ ᠦᠶ᠎ᠡ ᠦᠶ᠎ᠡ ᠶ᠋ᠢᠨ ᠵᠢᠷᠤᠭ ᠤ᠋ᠨ ᠲᠣᠮᠣ ᠰᠠᠯᠪᠤᠷᠢ〉 ᠶ᠋ᠢᠨ ᠭᠤᠤᠯ ᠰᠡᠳᠦᠪᠲᠦ ᠦᠵᠡᠭᠦᠯᠭᠡ》 ᠳ᠋ᠤ ᠬᠠᠷ᠎ᠠ ᠬᠣᠲᠠ ᠶ᠋ᠢᠨ ᠬᠠᠭᠤᠴᠢᠰ ᠡᠷᠳᠡᠨᠢ ᠶ᠋ᠢ ᠣᠢᠷ᠎ᠠ ᠵᠠᠶ ᠡᠴᠡ ᠰᠣᠨᠢᠷᠬᠠᠭᠤᠯᠵᠤ᠂ ᠡᠷᠲᠡᠨ ᠤ᠋ ᠬᠥᠮᠦᠰ ᠤ᠋ᠨ ᠭᠤᠤ᠎ᠠ ᠲᠠᠭᠠᠱᠢᠶᠠᠯ ᠪᠣᠯᠤᠨ ᠤᠷᠠᠯᠢᠭ ᠤ᠋ᠨ ᠲᠦᠪᠰᠢᠨ ᠢ᠋ ᠰᠣᠨᠢᠷᠬᠠᠭᠤᠯᠤᠨ᠂ ᠵᠦᠩᠶᠤᠧᠠᠨ ᠣᠷᠣᠨ ᠪᠣᠯᠤᠨ ᠪᠠᠷᠠᠭᠤᠨ ᠣᠷᠣᠨ ᠤ᠋ ᠤᠷ᠎ᠠ ᠮᠡᠷᠭᠡᠵᠢᠯ ᠤ᠋ᠨ ᠬᠡᠪ ᠨᠠᠮᠪᠠ ᠶ᠋ᠢᠨ ᠠᠭᠤᠰᠤᠯᠴᠠᠯ ᠤ᠋ᠨ ᠭᠤᠤ᠎ᠠ ᠰᠠᠢᠬᠠᠨ ᠢ᠋ ᠰᠣᠨᠢᠷᠬᠠᠭᠤᠯᠪᠠ;《ᠵᠢᠤᠢ ᠶᠠᠨ ᠪᠠᠭᠤᠷᠢ ᠵᠢᠨ ᠬᠤᠯᠤᠰᠤᠨ ᠴᠤᠭᠤᠳᠠᠰᠤ ᠵᠢᠨ ᠲᠤᠰᠭᠠᠶ ᠰᠡᠳᠦᠪᠲᠦ ᠦᠵᠡᠭᠦᠯᠭᠡ》 ᠨᠢ ᠵᠢᠤᠢ ᠶᠠᠨ ᠪᠠᠭᠤᠷᠢ ᠡᠴᠡ ᠣᠯᠳᠠᠭ᠍ᠰᠠᠨ ᠬᠤᠯᠤᠰᠤᠨ ᠴᠤᠭᠤᠳᠠᠰᠤ ᠪᠡᠷ ᠬᠠᠨ ᠤᠯᠤᠰ ᠤ᠋ᠨ ᠦᠶ᠎ᠡ ᠶ᠋ᠢᠨ ᠬᠢᠯᠢ ᠬᠢᠵᠠᠭᠠᠷ ᠤ᠋ᠨ ᠳᠠᠢᠨ ᠳᠠᠵᠢᠨ ᠪᠣᠯᠤᠨ ᠣᠯᠠᠨ ᠦᠨᠳᠦᠰᠦᠲᠡᠨ ᠬᠠᠮᠲᠤ ᠣᠷᠣᠱᠢᠭ᠍ᠰᠠᠨ ᠠᠮᠢᠳᠤ ᠳᠦᠷᠰᠦᠯᠢᠭ ᠵᠢᠷᠤᠭ ᠢ᠋ ᠳᠠᠬᠢᠨ ᠢᠯᠡᠷᠡᠭᠦᠯᠪᠡ; ᠢᠷᠡᠨ ᠤ᠋ 5 ᠮᠦᠽᠧᠶ ᠡᠴᠡ ᠢᠷᠡᠭ᠌ᠰᠡᠨ 151 ᠢᠵᠢ ᠲᠥᠯᠥᠭᠡᠯᠡᠬᠦ᠌ ᠴᠢᠨᠠᠷᠲᠠᠶ ᠲᠡᠦᠬᠡ ᠶ᠋ᠢᠨ ᠳᠤᠷᠠᠰᠭᠠᠯᠲᠤ ᠵᠦᠶ᠋ᠯᠡᠰ ᠨᠢ ᠦᠵᠡᠭ᠌ᠴᠢᠳ ᠢ᠋ ᠳᠠᠭᠠᠭᠤᠯᠤᠨ ᠤᠯᠤᠰ ᠠᠯᠤᠰᠯᠠᠭ᠍ᠰᠠᠨ ᠪᠣᠯᠪᠠᠰᠤᠨ ᠤ᠋ ᠴᠤᠤᠷᠢᠶ᠎ᠠ ᠵᠢ ᠮᠡᠳᠡᠷᠡᠬᠦᠯᠵᠦ᠍᠂《ᠨᠡᠭᠦᠳᠡᠯ ᠤᠳᠤᠳ — ᠫᠸᠷᠰ ᠤ᠋ᠨ ᠰᠣᠶᠣᠯ ᠤᠷᠠᠯᠢᠭ ᠤ᠋ᠨ ᠦᠨᠡᠲᠦ ᠡᠷᠳᠡᠨᠢᠰ ᠤ᠋ᠨ ᠦᠵᠡᠭᠦᠯᠭᠡ》 ᠨᠢ ᠫᠸᠷᠰ ᠤ᠋ᠨ ᠮᠢᠩᠭᠠᠨ ᠣᠨ ᠤ᠋ ᠥᠩᠭᠡ ᠦᠵᠡᠮᠵᠢ ᠵᠢ ᠰᠣᠨᠢᠷᠬᠠᠭᠤᠯᠤᠭᠰᠠᠨ ᠪᠠᠢᠨ᠎ᠠ᠃ ᠡᠬᠦᠨ ᠡᠴᠡ ᠭᠠᠳᠠᠨ᠎ᠠ᠂ ᠮᠤᠷᠢᠨ ᠵᠢᠯ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠦᠵᠡᠬᠦᠯᠬᠡ ᠨᠢ ᠪᠠᠰᠠ ᠡᠮᠡᠭᠡᠯ᠂ ᠮᠤᠷᠢᠨ ᠬᠤᠭᠤᠷ᠂ ᠬᠠᠳᠭᠤᠮᠠᠯ᠂ ᠠᠷᠠᠰᠤᠨ ᠤᠷᠠᠯᠠᠯ ᠵᠡᠷᠭᠡ ᠤᠯᠠᠨ ᠵᠦᠢᠯ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠤᠷ᠎ᠠ ᠮᠡᠷᠭᠡᠵᠢᠯ ᠢ᠋ ᠦᠵᠡᠬᠦᠯᠵᠡᠢ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号