ᠤᠡᠭᠰᠢᠯᠭᠠᠵᠢᠨ ᠬᠦᠳᠤᠯᠤᠮᠵᠢ
25 ᠵᠢᠯ ᠤ᠋ᠨ ᠠᠮᠢ ᠠᠬᠤᠢ ᠵᠢᠨ ᠶᠡᠷᠦᠩᠬᠡᠢ ᠵᠠᠰᠠᠯᠳᠠ ᠪᠡᠷ ᠳᠠᠮᠵᠢᠨ ᠠᠯᠠᠱᠠ ᠠᠭᠤᠯᠠᠨ ᠤ᠋ ᠠᠮᠢ ᠠᠬᠤᠶ ᠣᠷᠴᠢᠨ ᠲᠣᠭᠣᠷᠢᠨ ᠢᠯᠡᠳᠲᠡ ᠰᠠᠢᠵᠢᠷᠠᠵᠤ᠂ ᠠᠮᠢ ᠠᠬᠤᠶ ᠵᠢᠨ ᠱᠢᠰᠲ᠋ᠧᠮ ᠤ᠋ᠨ ᠣᠯᠠᠨ ᠶᠠᠩᠵᠤᠲᠤ ᠴᠢᠨᠠᠷ᠂ ᠲᠣᠭ᠍ᠲᠠᠪᠤᠷᠢᠲᠤ ᠴᠢᠨᠠᠷ᠂ ᠦᠷᠭᠦᠯᠵᠢᠯᠡᠬᠦ᠌ ᠴᠢᠨᠠᠷ ᠲᠠᠰᠤᠷᠠᠯᠲᠠ ᠥᠬᠡᠶ ᠳᠡᠭᠡᠭᠰᠢᠯᠡᠨ᠂ 《ᠪᠣᠬᠢᠷᠲᠤᠯ ᠦᠭᠡᠢ ᠬᠠᠯᠬᠠᠪᠴᠢ》ᠪᠤᠯᠵᠤ᠂ ᠮᠠᠨ ᠤ᠋ ᠤᠯᠤᠰ ᠤ᠋ᠨ ᠪᠠᠷᠠᠭᠤᠨ ᠬᠣᠢᠲᠤ ᠵᠢᠨ ᠠᠮᠢ ᠠᠬᠤᠢ ᠵᠢᠨ ᠰᠡᠷᠭᠦᠭᠡᠨ ᠵᠠᠰᠠᠯᠳᠠᠵᠢᠨ ᠠᠮᠢᠳᠤᠯᠢᠭ ᠵᠢᠱ᠌ᠢᠶ᠎ᠡ ᠪᠤᠯᠪᠠ᠃
ᠥᠷᠯᠥᠭᠡ ᠵᠢᠨ ᠨᠡᠷᠨᠨ ᠠᠯᠠᠱᠠ ᠠᠭᠤᠯᠠ ᠶ᠋ᠢ ᠭᠡᠢᠬᠦᠯᠬᠦᠶᠡ᠂ ᠠᠯᠠᠱᠠ ᠠᠭᠤᠯᠠ ᠵᠢᠨ ᠤᠯᠤᠰ ᠤ᠋ᠨ ᠲᠠᠰ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠵᠢᠨ ᠵᠡᠭᠦᠨ ᠬᠡᠢᠳ ᠤ᠋ᠨ ᠬᠠᠮᠢᠶᠠᠷᠤᠯᠲᠠ ᠵᠢᠨ ᠥᠷᠲᠡᠭᠡ ᠵᠢᠨ ᠴᠢᠶᠠᠨ ᠵᠢᠨ ᠬᠠᠮᠢᠶᠠᠷᠤᠨ ᠬᠠᠮᠠᠭᠠᠯᠠᠬᠤ ᠥᠷᠲᠡᠭᠡ ᠵᠢᠨ ᠳᠠᠷᠤᠭ᠎ᠠ ᠭᠸ ᠬᠠᠶ ᠴᠦᠨ ᠨᠢᠭᠡ ᠡᠳᠦᠷ ᠤ᠋ᠨ ᠲᠣᠭᠣᠷᠢᠨ ᠬᠠᠮᠠᠭᠠᠯᠠᠬᠤ ᠠᠵᠢᠯ ᠵᠢᠡᠨ ᠡᠬᠢᠯᠡᠭᠦᠯᠪᠡ᠃ ᠵᠢᠯᠣᠭᠣᠴᠢ ᠥᠬᠡᠶ ᠨᠢᠰᠭᠡᠯ ᠣᠭ᠍ᠲᠠᠷᠭᠤᠶ ᠳ᠋ᠤ ᠬᠦᠭᠡᠷᠦᠨ ᠨᠢᠰᠬᠦ ᠳ᠋ᠤ ᠢᠭᠴᠤ ᠰᠠᠬᠤᠯᠢᠭ ᠭᠠᠴᠤᠷ᠎ᠠ ᠪᠠ ᠢᠳᠡᠰᠢᠯᠡᠵᠤ ᠪᠠᠢᠭ᠎ᠠ ᠶᠠᠩᠬᠢᠷ ᠤ᠋ᠨ ᠰᠦᠷᠦᠭ ᠰᠡᠭᠦᠳᠡᠷᠯᠡᠬᠦ ᠮᠠᠰᠢᠨ ᠤ᠋ ᠳᠤᠷᠠᠨ ᠳ᠋ᠤ ᠲᠤᠳᠤᠷᠠᠵᠤ᠂ ᠭᠠᠵᠠᠷ ᠪᠣᠯᠭᠠᠨ ᠳ᠋ᠤ ᠠᠮᠢᠵᠢᠷᠠᠯ ᠤ᠋ᠨ ᠬᠦᠴᠦᠨ ᠵᠢᠡᠷ ᠪᠢᠯᠬᠠᠨ᠎ᠠ ᠃
《 ᠪᠠᠭ᠎ᠠ ᠳ᠋ᠠᠭᠠᠨ ᠪᠢ ᠠᠪᠤ ᠲᠠᠢ ᠪᠡᠨ ᠠᠯᠠᠱᠠ ᠠᠭᠤᠯᠠᠨ ᠳ᠋ᠤ ᠢᠮᠠᠭ᠎ᠠ ᠬᠠᠷᠢᠭᠤᠯᠵᠤ ᠠᠮᠢᠳᠤᠷᠠᠵᠤ ᠪᠠᠢᠵᠠᠢ᠂ ᠲᠡᠷᠡ ᠦᠶ᠎ᠡ ᠳ᠋ᠦ ᠢᠮᠠᠭ᠎ᠠ ᠠᠭᠤᠯᠠᠨ ᠳ᠋ᠡᠬᠢ ᠡᠪᠡᠰᠦ ᠵᠢ ᠭᠦᠯᠢᠢᠲᠡᠯᠡ ᠮᠡᠷᠡᠭᠡᠳ᠂ ᠡᠪᠡᠰᠤ ᠤᠷᠭᠤᠮᠠᠯ ᠰᠡᠷᠭᠦᠵᠦ᠍ ᠳᠡᠢᠯᠬᠦ᠌ ᠦᠭᠡᠢ ᠪᠠᠢᠵᠠᠢ᠃ ᠠᠭᠤᠯᠠ ᠵᠢ ᠪᠢᠲᠡᠭᠦᠮᠵᠢᠯᠡᠵᠤ ᠪᠡᠯᠴᠢᠭᠡᠷᠯᠡᠭᠦᠯᠬᠦ ᠶ᠋ᠢ ᠴᠠᠭᠠᠵᠠᠯᠠᠭ᠍ᠰᠠᠨ ᠤ᠋ ᠳᠠᠷᠠᠭ᠎ᠠ ᠣᠢᠲᠤ ᠭᠠᠵᠠᠷ ᠤ᠋ᠨ ᠤᠷᠭᠤᠮᠠᠯ ᠤ᠋ᠨ ᠬᠤᠴᠢᠯᠭ᠎ᠠ ᠵᠢᠯ ᠡᠴᠡ ᠪᠡᠨ ᠵᠢᠯ ᠰᠠᠢᠵᠢᠷᠠᠵᠤ᠂ ᠡᠨᠡ ᠬᠡᠰᠡᠭ ᠬᠥᠬᠡᠮᠳᠦᠭ ᠠᠭᠤᠯᠠ ᠵᠢ ᠰᠠᠬᠢᠨ ᠬᠠᠮᠠᠭᠠᠯᠠᠵᠤ ᠴᠢᠳᠠᠭ᠍ᠰᠠᠨ ᠳ᠋ᠠᠭᠠᠨ ᠪᠢ ᠮᠠᠰᠢ ᠣᠮᠣᠭ᠍ᠰᠢᠵᠤ ᠪᠠᠢᠨ᠎ᠠ》ᠭᠡᠵᠦ᠍ ᠭᠸ ᠬᠠᠢ ᠴᠦᠨ ᠪᠠᠶᠠᠷᠳᠠᠢᠬᠠᠨ ᠭᠡᠯᠡᠨ᠎ᠠ᠃
ᠠᠯᠠᠱᠠ ᠠᠭᠤᠯᠠ ᠵᠢ ᠰᠠᠢᠲᠤᠷ ᠬᠠᠮᠠᠭᠠᠯᠠᠬᠤ ᠵᠢᠨ ᠲᠥᠯᠥᠭᠡ᠂ 1999 ᠣᠨ ᠳ᠋ᠤ ᠠᠯᠠᠱᠠ ᠠᠭᠤᠯᠠ ᠳᠠᠭᠠᠤ ᠵᠢᠨ 31.2 ᠲᠦᠮᠡᠨ ᠮᠦ᠍ ᠤᠷᠤᠨ ᠪᠦᠰᠡ ᠵᠢ ᠪᠡᠯᠴᠢᠭᠡᠷᠯᠡᠭᠦᠯᠬᠦ ᠶ᠋ᠢ ᠴᠠᠭᠠᠵᠠᠯᠠᠬᠤ ᠣᠷᠣᠨ ᠪᠤᠯᠭᠠᠨ ᠲᠣᠭ᠍ᠲᠠᠭᠠᠵᠤ᠂ ᠪᠡᠯᠴᠢᠭᠡᠷᠯᠡᠭᠦᠯᠬᠦ ᠶ᠋ᠢ ᠪᠦᠬᠦ᠌ ᠲᠠᠯ᠎ᠠ ᠪᠡᠷ ᠴᠠᠭᠠᠵᠠᠯᠠᠪᠠ; 2000 ᠣᠨ ᠳ᠋ᠤ ᠪᠠᠢᠭᠠᠯᠢᠯᠢᠭ ᠤᠢ ᠵᠢ ᠬᠠᠮᠠᠭᠠᠯᠠᠬᠤ ᠢᠨᠵᠧᠨᠧᠷᠢᠩ ᠢ᠋ ᠪᠦᠬᠦ᠌ ᠲᠠᠯ᠎ᠠ ᠪᠡᠷ ᠡᠬᠢᠯᠡᠭᠦᠯᠵᠦ᠍᠂ ᠬᠠᠮᠠᠭᠠᠯᠠᠯᠲᠠ ᠵᠢᠨ ᠣᠷᠣᠨ ᠳ᠋ᠠᠬᠢ ᠪᠠᠢᠭᠠᠯᠢᠯᠢᠭ ᠤᠢ ᠵᠢ ᠣᠭ᠍ᠲᠣᠯᠬᠤ ᠪᠣᠷᠣᠯᠠᠭᠤᠯᠬᠤ ᠵᠢ ᠲᠤᠢᠯᠪᠤᠷᠢᠲᠠᠢ ᠴᠠᠭᠠᠵᠠᠯᠠᠪᠠ᠃ ᠡᠭᠦᠨᠡᠴᠡ ᠭᠠᠳᠠᠨ᠎ᠠ᠂ 1043 ᠮᠠᠯᠵᠢᠬᠤ ᠡᠷᠦᠬᠡ ᠳ᠋ᠦ ᠬᠣᠯᠪᠣᠭ᠍ᠳᠠᠭ᠍ᠰᠠᠨ 《ᠠᠮᠢ ᠠᠬᠤᠶ ᠵᠢᠨ ᠨᠡᠭᠦᠯᠭᠡᠨ ᠰᠢᠯᠵᠢᠭᠦᠯᠬᠦ》 ᠶ᠋ᠢ ᠡᠮᠬᠢ ᠵᠢᠷᠤᠮ ᠲᠠᠶ ᠪᠡᠷ ᠠᠬᠢᠭᠤᠯᠪᠠ; ᠠᠯᠠᠱᠠ ᠠᠭᠤᠯᠠᠨ ᠳ᠋ᠤ ᠣᠷᠳᠣ ᠬᠤᠭᠤᠴᠠᠭ᠎ᠠ ᠪᠡᠷ ᠮᠠᠯ ᠮᠠᠯᠵᠢᠵᠤ ᠪᠠᠢᠭ᠍ᠰᠠᠨ 4300 ᠮᠠᠯᠴᠢᠨ ᠤᠯᠠᠮᠵᠢᠯᠠᠯᠲᠤ ᠦᠶ᠋ᠯᠡᠳᠪᠦᠷᠢᠯᠡᠯ ᠤ᠋ᠨ ᠠᠷᠭ᠎ᠠ ᠮᠠᠶᠢᠭᠵᠢᠡᠨ ᠬᠤᠪᠢᠷᠠᠭᠤᠯᠵᠤ᠂ ᠵᠤᠷᠢᠭᠤᠳᠠ ᠵᠢᠨ ᠴᠢᠨᠠᠷᠲᠠᠢ ᠪᠡᠷ ᠠᠮᠢ ᠠᠬᠤᠶ ᠵᠢ ᠡᠪᠳᠡᠬᠦ᠌ ᠪᠤᠯᠤᠮᠵᠢ ᠶ᠋ᠢ ᠡᠬᠢ ᠡᠭᠦᠰᠦᠯᠡᠴᠡ ᠨᠢ ᠲᠡᠰᠦᠯᠪᠡ᠃ ᠪᠡᠯᠴᠢᠭᠡᠷᠯᠡᠭᠦᠯᠬᠦ ᠶ᠋ᠢ ᠴᠠᠭᠠᠵᠠᠯᠠᠬᠤ ᠲᠥᠷᠥ ᠵᠢᠨ ᠪᠣᠳᠣᠯᠭ᠎ᠠ ᠵᠢᠨ ᠬᠡᠷᠡᠭ᠌ᠵᠢᠭᠦᠯᠦᠭ᠌ᠳᠡᠬᠦ ᠶ᠋ᠢ ᠳᠠᠭᠠᠯᠳᠤᠨ᠂ ᠭᠧ ᠬᠠᠶ ᠴᠦᠨ ᠤ᠋ ᠬᠢᠨ ᠦᠶ᠎ᠡ ᠵᠢᠨ ᠦᠶ᠎ᠡ ᠠᠮᠢᠳᠤᠷᠠᠵᠤ ᠪᠠᠢᠭ᠍ᠰᠠᠨ ᠠᠭᠤᠯᠠᠨ ᠣᠶ ᠡᠴᠡ ᠨᠡᠭᠦᠵᠦ᠍ ᠭᠠᠷᠪᠠ ᠃ ᠤᠳᠤ ᠣᠢ ᠬᠠᠮᠠᠭᠠᠯᠠᠭ᠍ᠴᠢ ᠪᠣᠯᠤᠭ᠍ᠰᠠᠨ ᠤ᠋ ᠬᠤᠪᠢ ᠳ᠋ᠤ᠂ ᠲᠡᠷᠡ ᠪᠠᠯᠴᠢᠷ ᠪᠠᠭ᠎ᠠ ᠡᠴᠡ ᠪᠠᠨ ᠮᠠᠯ ᠤ᠋ᠨ ᠪᠡᠯᠴᠢᠭᠡᠷ ᠵᠢᠡᠨ ᠰᠠᠬᠢᠨ ᠬᠠᠮᠠᠭᠠᠯᠠᠭᠰᠠᠭᠠᠷ ᠠᠵᠢ᠃
ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ ᠂ ᠠᠯᠠᠱᠠ ᠠᠭᠤᠯᠠ ᠵᠢᠨ ᠠᠮᠢ ᠠᠬᠤᠢ ᠵᠢᠨ ᠵᠠᠰᠠᠯᠲᠠ ᠵᠢᠨ ᠡᠷᠴᠢᠮ ᠦᠷᠭᠦᠯᠵᠢᠯᠡᠨ ᠴᠢᠩᠭᠠᠷᠠᠪᠠ ᠃ 2016 — 2021 ᠣᠨ ᠳ᠋ᠤ ᠠᠯᠠᠱᠠ ᠠᠢᠮᠠᠭ ᠨᠡᠢᠲᠡ 7.6 ᠳ᠋ᠦᠩᠱᠢᠭᠤᠷ ᠲᠥᠭᠥᠷᠢᠭ ᠤ᠋ᠨ ᠪᠠᠯᠠ ᠣᠷᠣᠭᠤᠯᠵᠤ ᠂ ᠬᠠᠮᠠᠭᠠᠯᠠᠯᠲᠠ ᠵᠢᠨ ᠣᠷᠣᠨ ᠤ᠋ ᠡᠷᠬᠢᠨ ᠲᠣᠭᠣᠷᠢᠨ ᠳ᠋ᠡᠬᠢ ᠣᠷᠴᠢᠨ ᠲᠣᠭᠣᠷᠢᠨ ᠢ᠋ ᠴᠡᠭ᠌ᠴᠡᠯᠡᠨ ᠵᠠᠰᠠᠬᠤ᠂ ᠠᠮᠢ ᠠᠬᠤᠶ ᠵᠢᠨ ᠬᠡᠮ ᠰᠣᠭᠣᠭ ᠢ᠋ ᠲᠥᠪᠯᠡᠷᠡᠭᠦᠯᠦᠨ ᠴᠡᠭ᠌ᠴᠡᠯᠡᠨ ᠵᠠᠰᠠᠬᠤ ᠵᠢᠴᠢ ᠨᠠᠷᠢᠯᠢᠭ ᠣᠨᠣᠪᠴᠢᠲᠠᠶ ᠪᠡᠷ ᠵᠠᠰᠠᠬᠤ《ᠭᠤᠷᠪᠠᠨ ᠶᠡᠬᠡ ᠪᠤᠭᠤᠮᠲᠠ ᠱᠢᠪᠲᠤᠯᠤᠯᠲᠠ ᠵᠢᠨ ᠳᠠᠢᠯᠠᠯᠳᠤᠭᠠᠨ》 ᠢ᠋ ᠵᠠᠯᠭᠠᠭ᠎ᠠ ᠪᠡᠷ ᠡᠬᠢᠯᠡᠭᠦᠯᠪᠡ; 2021 — 2023 ᠣᠨ ᠳ᠋ᠤ ᠪᠠᠰᠠ 57.8 ᠳ᠋ᠦᠩᠱᠢᠭᠤᠷ ᠲᠥᠭᠥᠷᠢᠭ ᠤ᠋ᠨ ᠪᠡᠯᠡ ᠣᠷᠣᠭᠤᠯᠵᠤ ᠠᠭᠤᠷᠬᠠᠢ ᠵᠢᠨ ᠠᠮᠢ ᠠᠬᠤᠢ ᠣᠷᠴᠢᠨ ᠲᠣᠭᠣᠷᠢᠨ ᠢ᠋ ᠲᠤᠰᠭᠠᠢ ᠴᠡᠭ᠌ᠴᠡᠯᠡᠨ ᠵᠠᠰᠠᠬᠤ ᠠᠵᠢᠯ ᠢ᠋ ᠡᠬᠢᠯᠡᠭᠦᠯᠪᠡ ᠃ 2018 — 2020 ᠣᠨ ᠳ᠋ᠤ ᠠᠯᠠᠱᠠ ᠠᠢᠮᠠᠭ ᠵᠢᠯᠤᠭᠤᠴᠢ ᠦᠭᠡᠢ ᠨᠢᠰᠭᠡᠯ ᠪᠠ ᠬᠥᠮᠦᠨ ᠤ᠋ ᠬᠦᠴᠦᠨ ᠢ᠋ ᠤᠶᠠᠯᠳᠤᠭᠤᠯᠬᠤ ᠠᠷᠭ᠎ᠠ ᠬᠡᠯᠪᠡᠷᠢ ᠪᠡᠷ ᠳᠠᠮᠵᠢᠨ᠂ 2.6 ᠲᠦᠮᠡᠨ ᠮᠤ᠌ ᠵᠢᠨ ᠵᠠᠰᠠᠯᠲᠠ ᠵᠢᠨ ᠣᠷᠣᠨ ᠳ᠋ᠤ ᠨᠤᠭᠤᠭᠠᠷᠠᠭᠤᠯᠤᠯᠳᠠ ᠬᠢᠪᠠ᠃ ᠡᠳᠦᠭᠡ ᠠᠯᠠᠱᠠ ᠠᠭᠤᠯᠠᠨ ᠳ᠋ᠤ ᠬᠦᠷᠪᠡᠯ᠂ ᠥᠩᠭᠡᠷᠡᠭ᠌ᠰᠡᠨ ᠳ᠋ᠦ ᠰᠡᠢᠷᠡᠭ ᠪᠠᠢᠭ᠍ᠰᠠᠨ ᠤᠢ ᠮᠣᠳᠣ ᠬᠥᠬᠡᠷᠡᠨ ᠨᠣᠭᠣᠭᠠᠷᠠᠵᠤ᠂ ᠨᠢᠴᠦᠭᠦᠨ ᠠᠭᠤᠯᠠ ᠴᠤ᠌ ᠢᠭᠴᠤ ᠰᠠᠬᠤᠯᠢᠭ ᠤᠢ ᠳ᠋ᠤ ᠬᠤᠴᠢᠭ᠍ᠳᠠᠵᠠᠢ᠃
ᠣᠢᠷ᠎ᠠ ᠵᠢᠨ ᠵᠢᠯ ᠤ᠋ᠨ ᠲᠤᠷᠰᠢ᠂ ᠠᠯᠠᠱᠠ ᠠᠢᠮᠠᠭᠤᠨ ᠬᠢᠨ ᠠᠯᠠᠱᠠ ᠠᠭᠤᠯᠠᠨ ᠤ᠋ ᠪᠡᠯᠴᠢᠭᠡᠷᠯᠡᠭᠦᠯᠬᠦ ᠵᠢ ᠴᠠᠭᠠᠵᠠᠯᠠᠬᠤ ᠣᠶ ᠱᠢᠭᠤᠶ ᠵᠢ ᠰᠡᠷᠭᠦᠭᠡᠬᠦ᠌ ᠠᠮᠢ ᠠᠬᠤᠶ ᠣᠷᠴᠢᠨ ᠲᠣᠭᠣᠷᠢᠨ ᠢ᠋ ᠶᠡᠷᠦᠩᠬᠡᠢᠯᠡᠨ ᠵᠠᠰᠠᠬᠤ ᠵᠢ ᠠᠬᠢᠭᠤᠯᠬᠤ ᠵᠢᠨ ᠬᠠᠮᠲᠤ᠂ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠵᠢᠨ ᠣᠶ ᠱᠢᠭᠤᠶ ᠪᠡ ᠨᠤᠲᠤᠭ ᠪᠡᠯᠴᠢᠭᠡᠷ ᠤ᠋ᠨ ᠲᠦᠶ᠋ᠮᠡᠷ ᠢ᠋ ᠰᠡᠷᠭᠡᠢᠯᠡᠬᠦ᠌ ᠪᠠᠢᠳᠠᠯ ᠲᠠᠶ ᠤᠶᠠᠯᠳᠤᠭᠤᠯᠤᠨ᠂《ᠬᠦᠮᠦᠨ ᠤ᠋ ᠬᠦᠴᠦᠨ ᠤ᠋ ᠰᠡᠷᠭᠡᠢᠯᠡᠯᠲᠡ + ᠲᠧᠭᠨᠢᠭ ᠮᠡᠷᠭᠡᠵᠢᠯ ᠤ᠋ᠨ ᠰᠡᠷᠭᠡᠢᠯᠡᠯᠲᠡ》 ᠵᠢᠨ ᠪᠣᠰᠣᠭ᠎ᠠ ᠴᠣᠭ᠍ᠴᠠᠲᠤ ᠬᠠᠮᠢᠶᠠᠷᠤᠨ ᠬᠠᠮᠠᠭᠠᠯᠠᠬᠤ ᠱᠢᠰᠲ᠋ᠧᠮ ᠵᠢᠡᠷ ᠳᠠᠮᠵᠢᠨ᠂ ᠬᠠᠮᠠᠭᠠᠯᠠᠯᠲᠠ ᠵᠢᠨ ᠣᠷᠣᠨ ᠤ᠋ ᠣᠶ ᠱᠢᠭᠤᠶ ᠪᠠ ᠨᠤᠲᠤᠭ ᠪᠡᠯᠴᠢᠭᠡᠷ ᠢ᠋ ᠬᠠᠮᠢᠶᠠᠷᠤᠨ ᠡᠵᠡᠮᠳᠡᠬᠦ᠌ ᠡᠷᠴᠢᠮ ᠵᠢᠡᠨ ᠲᠠᠰᠤᠷᠠᠯᠲᠠ ᠥᠬᠡᠶ ᠴᠢᠩᠭᠠᠷᠠᠭᠤᠯᠵᠤ᠂ ᠡᠳᠦᠷ ᠲᠤᠲᠤᠮ ᠤ᠋ᠨ ᠴᠠᠭ᠍ᠳᠠᠨ ᠬᠠᠮᠠᠭᠠᠯᠠᠬᠤ ᠰᠠᠭᠤᠷᠢᠨ ᠳᠡᠭᠡᠷ᠎ᠡ ᠵᠢᠯᠣᠭᠣᠴᠢ ᠥᠬᠡᠶ ᠨᠢᠰᠭᠡᠯ ᠵᠢᠡᠷ ᠬᠢᠨᠠᠨ ᠬᠡᠮᠵᠢᠬᠦ᠌ ᠮᠡᠷᠭᠡᠵᠢᠯ ᠵᠢᠡᠷ ᠳᠠᠮᠵᠢᠨ ᠳᠠᠭᠠᠭᠤᠯᠢ ᠣᠳᠣᠨ ᠤ᠋ ᠭᠠᠵᠠᠷ ᠤ᠋ᠨ ᠵᠢᠷᠤᠭ ᠪᠠ ᠥᠨᠳᠥᠷ ᠲᠣᠳᠣᠴᠠᠲᠤ ᠰᠡᠭᠦᠳᠡᠷᠯᠡᠬᠦ ᠮᠠᠰᠢᠨ ᠢ᠋ ᠠᠴᠢᠶᠠᠯᠠᠵᠤ᠂ ᠭᠠᠯ ᠲᠦᠢᠮᠡᠷ ᠤ᠋ᠨ ᠠᠶᠤᠯ ᠤ᠋ᠨ ᠳᠠᠯᠳᠠ ᠬᠡᠮ ᠰᠤᠭᠤᠭ ᠢ᠋ ᠶᠡᠬᠡ ᠬᠡᠪᠴᠢᠶ᠎ᠡ ᠪᠡᠷ ᠴᠠᠭ ᠲᠤᠬᠠᠶ ᠳ᠋ᠤᠨᠢ ᠬᠢᠨᠠᠨ ᠡᠵᠡᠮᠳᠡᠪᠡ᠃ ᠣᠳᠣ ᠪᠣᠯᠲᠠᠯ᠎ᠠ ᠠᠯᠠᠱᠠ ᠠᠭᠤᠯᠠᠨ ᠳ᠋ᠤ 76 ᠵᠢᠯ ᠳᠠᠷᠠᠭᠠᠯᠠᠨ ᠲᠤᠮᠤ ᠬᠡᠪᠴᠢᠶᠡᠨ ᠤ᠋ ᠣᠶ ᠱᠢᠭᠤᠶ ᠵᠢᠨ ᠲᠦᠢᠮᠡᠷ ᠭᠠᠷᠤᠭ᠍ᠰᠠᠨ ᠦᠭᠡᠶ ᠃
ᠠᠯᠠᠱᠠ ᠠᠭᠤᠯᠠ ᠵᠢᠨ ᠱᠦᠢ ᠮᠦᠸᠸ ᠭᠸᠦ ᠶᠡᠷᠦᠩᠬᠡᠢᠯᠡᠭ᠌ᠰᠡᠨ ᠰᠤᠳᠤᠯᠤᠨ ᠰᠤᠷᠤᠯᠴᠠᠬᠤ ᠰᠠᠭᠤᠷᠢᠨ ᠳ᠋ᠤ᠂ ᠠᠯᠠᠱᠠ ᠠᠭᠤᠯᠠ ᠵᠢᠨ ᠤᠢ ᠱᠢᠭᠤᠢ ᠵᠢᠨ ᠣᠶᠤᠨᠴᠢ ᠬᠠᠮᠢᠶᠠᠷᠤᠯᠲᠠ ᠵᠢᠨ ᠲᠠᠪᠴᠠᠩ ᠢ᠋ ᠠᠱᠢᠭ᠍ᠯᠠᠯᠲᠠ ᠳ᠋ᠤ ᠣᠷᠣᠭᠤᠯᠵᠤ᠂ ᠲᠤᠮᠤ ᠳ᠋ᠠᠢᠲ᠋ᠠ ᠪᠡᠷ ᠬᠢᠨᠠᠨ ᠬᠡᠮᠵᠢᠬᠦ᠌᠂ ᠸᠢᠳᠢᠣ᠋ ᠪᠡᠷ ᠲᠣᠭᠣᠷᠢᠨ ᠬᠠᠮᠠᠭᠠᠯᠠᠬᠤ ᠪᠠ ᠣᠶᠤᠨᠴᠢ ᠪᠡᠷ ᠤᠷᠢᠳᠴᠢᠯᠠᠨ ᠰᠡᠷᠡᠮᠵᠢᠯᠡᠭᠦᠯᠬᠦ᠌ ᠪᠡᠷ ᠳᠠᠮᠵᠢᠨ ᠤᠢ ᠱᠢᠭᠤᠢ ᠵᠢᠨ ᠲᠦᠢᠮᠡᠷ ᠢ᠋ ᠰᠡᠷᠭᠡᠢᠯᠡᠬᠦ᠌ ᠪᠠ ᠡᠬᠢ ᠪᠠᠶᠠᠯᠢᠭ ᠤ᠋ᠨ ᠬᠠᠮᠢᠶᠠᠷᠤᠯᠲᠠ ᠵᠢ ᠠᠦ᠋ᠲ᠋ᠣᠴᠢᠯᠠᠬᠤ᠂ ᠤᠶᠤᠨᠴᠢᠯᠠᠬᠤ ᠵᠢ ᠪᠡᠶᠡᠯᠡᠭᠦᠯᠪᠡ᠃
《ᠲᠠᠪᠴᠠᠩᠨᠢ ᠠᠯᠠᠱᠠ ᠠᠭᠤᠯᠠ ᠵᠢᠨ ᠬᠠᠮᠠᠭᠠᠯᠠᠯᠲᠠ ᠵᠢᠨ ᠣᠷᠣᠨ ᠤ᠋ ᠪᠥᠬᠥ᠌ ᠣᠷᠣᠨ ᠪᠦᠰᠡᠵᠢᠨ ᠦᠨᠴᠦᠭ ᠪᠤᠯᠤᠩ ᠪᠦᠷᠢ ᠶ᠋ᠢ ᠬᠢᠨᠠᠨ ᠡᠵᠡᠮᠳᠡᠵᠦ᠍᠂ ᠠᠯᠠᠱᠠ ᠠᠭᠤᠯᠠ ᠵᠢᠨ ᠣᠶ ᠱᠢᠭᠤᠶ ᠵᠢᠨ ᠡᠬᠢ ᠪᠠᠶᠠᠯᠢᠭ ᠢ᠋ ᠬᠠᠮᠠᠭᠠᠯᠠᠬᠤ᠂ ᠲᠦᠶ᠋ᠮᠡᠷ ᠤ᠋ᠨ ᠪᠠᠢᠳᠠᠯ ᠢ᠋ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠳ᠋ᠦ ᠬᠦᠴᠦᠲᠡᠶ ᠪᠠᠲᠤᠯᠠᠭ᠎ᠠ ᠬᠠᠩᠭᠠᠵᠤ ᠪᠠᠢᠨ᠎ᠠ》ᠭᠡᠵᠦ᠍ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠵᠢᠨ ᠭᠠᠯ ᠰᠡᠷᠭᠡᠢᠯᠡᠬᠦ᠌ ᠠᠯᠪᠠᠨ ᠬᠡᠷ ᠤ᠋ᠨ ᠡᠷᠬᠢᠯᠡᠭ᠌ᠴᠢ ᠸᠠᠩ ᠵᠢᠩ ᠮᠢᠨ ᠬᠡᠯᠡᠨ᠎ᠡ᠃
ᠠᠯᠠᠱᠠ ᠠᠭᠤᠯᠠᠨ ᠳ᠋ᠤ 25 ᠵᠢᠯ ᠠᠭᠤᠯᠠ ᠵᠢ ᠪᠢᠲᠡᠭᠦᠮᠵᠢᠯᠡᠨ ᠤᠢ ᠰᠢᠭᠤᠢᠵᠢ ᠨᠤᠭᠤᠭᠠᠷᠠᠭᠤᠯᠪᠠ᠃ ᠬᠠᠮᠤᠭ ᠤ᠋ᠨ ᠱᠢᠨ᠎ᠡ ᠬᠢᠨᠠᠨ ᠬᠡᠮᠵᠢᠭ᠌ᠰᠡᠨ ᠲᠣᠭ᠎ᠠ ᠪᠠᠷᠢᠮᠲᠠ ᠳ᠋ᠤ ᠢᠯᠡᠷᠡᠭᠦᠯᠦᠭ᠌ᠰᠡᠨ ᠵᠢᠡᠷ᠂ ᠬᠠᠮᠠᠭᠠᠯᠠᠯᠲᠠ ᠵᠢᠨ ᠣᠷᠣᠨ ᠪᠠᠢᠭᠤᠯᠤᠭ᠍ᠳᠠᠬᠤ ᠡᠴᠡ ᠡᠮᠦᠨᠡᠬᠢ ᠲᠡᠶ ᠬᠠᠷᠢᠴᠠᠭᠤᠯᠪᠠᠯ᠂ ᠣᠶ ᠱᠢᠭᠤᠶ ᠵᠢᠨ ᠲᠠᠯᠠᠪᠠᠶ 32.14 ᠲᠦᠮᠡᠨ ᠮᠥ᠍ ᠪᠠᠢᠭ᠍ᠰᠠᠨ ᠡᠴᠡ ᠪᠠᠨ 58.2 ᠲᠦᠮᠡᠨ ᠮᠥ᠍ ᠪᠤᠯᠵᠤ ᠨᠡᠮᠡᠭᠳᠡᠨ᠂ ᠣᠶ ᠱᠢᠭᠤᠶ ᠵᠢᠨ ᠪᠦᠷᠬᠦᠴᠡ 31.6% ᠪᠠᠢᠭ᠍ᠰᠠᠨ ᠡᠴᠡ ᠪᠠᠨ 57.3% ᠪᠣᠯᠤᠨ ᠳᠡᠭᠡᠭ᠌ᠰᠢᠯᠡᠵᠦ᠍᠂ ᠣᠶ ᠱᠢᠭᠤᠶ ᠪᠠ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠶᠡᠷᠦᠩᠬᠡᠶ ᠪᠦᠷᠬᠦᠴᠡ 80% ᠳ᠋ᠤ ᠬᠦᠷᠪᠠ ᠃
ᠠᠯᠠᠱᠠ ᠠᠭᠤᠯᠠ ᠮᠠᠨ ᠤ᠋ ᠤᠯᠤᠰ ᠤ᠋ᠨ ᠪᠠᠷᠠᠭᠤᠨ ᠬᠣᠢᠲᠤ ᠣᠷᠣᠨ ᠤ᠋ ᠴᠢᠬᠤᠯᠠ ᠠᠮᠢ ᠠᠬᠤᠶ ᠵᠢᠨ ᠠᠮᠤᠷ ᠲᠦᠪᠱᠢᠨ ᠤ᠋ ᠬᠠᠯᠬᠠᠪᠴᠢ ᠪᠣᠯᠬᠤ ᠪᠡᠷ ᠪᠠᠷᠠᠬᠤ ᠥᠬᠡᠶ᠂ ᠨᠠᠩ ᠴᠤ᠌ ᠬᠠᠲᠤᠨ ᠭᠤᠤᠯ ᠤ᠋ᠨ ᠰᠠᠪᠠ ᠭᠠᠵᠠᠷ᠂ ᠨᠢᠩᠱᠢᠶᠠ ᠵᠢᠨ ᠲᠠᠯ᠎ᠠ ᠭᠠᠵᠠᠷ᠂ ᠪᠣᠷᠣᠲᠣᠬᠣᠶ ᠵᠢᠨ ᠲᠠᠯ᠎ᠠ ᠭᠠᠵᠠᠷ ᠵᠢᠴᠢ ᠪᠠᠷᠠᠭᠤᠨ ᠬᠣᠢᠲᠤ ᠣᠷᠣᠨ᠂ ᠤᠮᠠᠷᠠᠲᠤ ᠣᠷᠣᠨ ᠤ᠋ ᠠᠮᠢ ᠠᠬᠤᠶ ᠵᠢᠨ ᠠᠮᠤᠷ ᠲᠦᠪᠱᠢᠨ ᠢ᠋ ᠱᠢᠭᠤᠳ ᠨᠥᠯᠥᠭᠡᠯᠡᠵᠦ᠍ ᠪᠤᠢ᠃ ᠡᠳᠦᠭᠡ᠂ 25 ᠵᠢᠯ ᠤ᠋ᠨ ᠱᠢᠰᠲ᠋ᠧᠮ ᠲᠡᠶ ᠵᠠᠰᠠᠯᠲᠠ ᠪᠡᠷ ᠳᠠᠮᠵᠢᠨ ᠠᠯᠠᠱᠠ ᠠᠭᠤᠯᠠ 《ᠠᠮᠢ ᠠᠬᠤᠢ ᠵᠢᠨ ᠱᠢᠷᠬᠠ ᠰᠣᠷᠪᠢ 》 ᠡᠴᠡ ᠪᠡᠨ 《ᠪᠣᠬᠢᠷᠲᠤᠯ ᠦᠭᠡᠢ ᠬᠠᠯᠬᠠᠪᠴᠢ 》 ᠪᠤᠯᠵᠤ ᠬᠤᠪᠢᠷᠠᠨ᠂ ᠮᠠᠨ ᠤ᠋ ᠤᠯᠤᠰ ᠤ᠋ᠨ ᠪᠠᠷᠠᠭᠤᠨ ᠬᠣᠢᠲᠤ ᠵᠢᠨ ᠠᠮᠢ ᠠᠬᠤᠢ ᠵᠢ ᠰᠡᠷᠭᠦᠭᠡᠬᠦ᠌ ᠠᠮᠢᠳᠤᠯᠢᠭ ᠵᠢᠱ᠌ᠢᠶ᠎ᠡ ᠪᠣᠯᠵᠠᠢ᠃
ᠠᠯᠠᠱᠠ ᠠᠭᠤᠯᠠᠨ ᠤ᠋ ᠳᠠᠯᠠᠶ ᠵᠢᠨ ᠲᠦᠪᠱᠢᠨᠡᠴᠡ 2800 ᠮᠧᠲ᠋ᠷ ᠡᠷᠭᠦᠭ᠌ᠳᠡᠭ᠌ᠰᠡᠨ ᠭᠣᠣᠯ ᠣᠷᠭᠢᠯ ᠤ᠋ᠨ ᠬᠠᠪᠢ ᠳ᠋ᠤ᠂ ᠭᠡᠳᠤ ᠤᠯᠠᠭᠠᠨ ᠤ᠋ ᠭᠡᠷᠡᠯ ᠵᠢᠷᠤᠭ ᠤ᠋ᠨ ᠮᠠᠱᠢᠨ ᠵᠢᠡᠷ ᠴᠠᠭᠠᠨ ᠢᠷᠪᠢᠰ ᠢ᠋ ᠣᠯᠠᠨᠲᠠ ᠰᠡᠭᠦᠳᠡᠷᠯᠡᠪᠡ᠃《ᠦᠷᠭᠦᠯᠵᠢᠯᠡᠨ ᠮᠥᠷᠳᠡᠬᠦ᠌ ᠪᠡᠷ ᠳᠡᠮᠵᠢᠨ ᠭᠤᠷᠪᠠ ᠳᠥᠷᠪᠡᠨ ᠴᠠᠭᠠᠨ ᠢᠷᠪᠢᠰ ᠡᠨᠳᠡ ᠤᠷᠤᠩᠨᠠᠨ ᠠᠮᠢᠳᠤᠷᠠᠵᠤ ᠂ ᠶᠠᠪᠤᠵᠤ ᠰᠠᠭᠤᠬᠤ ᠤᠯᠠ ᠮᠥᠷ ᠨᠢ ᠠᠭᠤᠯᠠᠨ ᠬᠢᠷ᠎ᠠ ᠪᠣᠯᠤᠨ ᠬᠠᠪᠴᠢᠯ ᠵᠢᠯᠠᠭ᠎ᠠ ᠪᠡᠷ ᠲᠦᠭᠡᠵᠦ᠍ ᠪᠤᠢ᠂ ᠴᠢᠨᠠᠭ᠍ᠰᠢᠯᠠᠨ ᠬᠡᠷᠡᠯ ᠵᠢᠷᠤᠭ ᠤ᠋ᠨ ᠮᠠᠱᠢᠨ ᠲᠡᠳᠡᠨᠤᠰ ᠤ᠋ᠨ ᠬᠠᠷᠢᠶ᠎ᠠ ᠭᠠᠵᠠᠷ ᠵᠢᠡᠨ ᠲᠡᠮᠳᠡᠭ᠌ᠯᠡᠵᠤ ᠪᠠᠢᠭ᠎ᠠ ᠦᠶ᠋ᠯᠡ ᠠᠵᠢᠯᠯᠠᠭ᠎ᠠ ᠵᠢ ᠴᠤ᠌ ᠰᠡᠭᠦᠳᠡᠷᠯᠡᠪᠡ》 ᠭᠡᠵᠤ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠵᠢᠨ ᠬᠡᠭᠡᠷ᠎ᠡ ᠵᠢᠨ ᠠᠮᠢᠲᠠᠨ ᠤᠷᠭᠤᠮᠠᠯ ᠢ᠋ ᠬᠠᠮᠠᠭᠠᠯᠠᠬᠤ ᠰᠠᠯᠠᠭᠠᠨ ᠤ᠋ ᠠᠵᠢᠯᠲᠠᠨ ᠱᠢᠤᠢ ᠬᠤᠤ ᠰᠤᠷᠪᠤᠯᠵᠢᠯᠠᠭ᠍ᠴᠢ ᠳ᠋ᠤ ᠬᠡᠯᠡᠨ᠎ᠡ᠃
ᠴᠠᠭᠠᠨ ᠢᠷᠪᠢᠰ ᠤ᠋ᠨ ᠡᠨᠳᠡ ᠨᠤᠲᠤᠭᠰᠢᠭᠰᠠᠨ ᠨᠢ ᠠᠯᠠᠱᠠ ᠠᠭᠤᠯᠠᠨ ᠤ᠋ ᠠᠮᠢ ᠠᠬᠤᠢ ᠵᠢᠨ ᠱᠢᠰᠲ᠋ᠧᠮ ᠪᠦᠬᠦ ᠴᠤᠭᠴᠠ ᠪᠡᠷ ᠦᠷᠭᠦᠯᠵᠢᠯᠡᠨ ᠰᠠᠢᠵᠢᠷᠠᠵᠤ ᠪᠠᠢᠬᠤ ᠵᠢ ᠭᠦᠢᠴᠡᠳ ᠬᠠᠷᠠᠭᠤᠯᠵᠤ ᠪᠤᠢ᠃ ᠥᠨᠥᠳᠦᠷ ᠤ᠋ᠨ ᠠᠯᠠᠱᠠ ᠠᠭᠤᠯᠠᠨ ᠳ᠋ᠤ ᠡᠬᠡ ᠬᠠᠭᠤᠷᠠᠶ ᠵᠢᠨ ᠰᠡᠭᠡᠷᠲᠡᠨ 352 ᠲᠦᠷᠦᠯ᠂ ᠡᠭᠦᠨ ᠳ᠋ᠦ ᠤᠯᠤᠰ ᠤ᠋ᠨ ᠭᠤᠤᠯᠳᠠᠯᠭ᠎ᠠ ᠲᠠᠶ ᠬᠠᠮᠠᠭᠠᠯᠠᠬᠤ ᠠᠮᠢᠳᠤ ᠪᠣᠳᠠᠰ ᠤ᠋ᠨ ᠲᠥᠷᠥᠯ 75 ᠪᠠᠢᠵᠤ᠂ ᠬᠦᠳᠡᠷᠢ᠂ ᠡᠯᠡᠰᠦᠨ ᠴᠥᠯ ᠤ᠋ᠨ ᠮᠤᠤᠷ ᠣᠶ ᠵᠢᠨ ᠳᠤᠮᠳᠠᠭᠤᠷ ᠰᠦᠯᠵᠢᠯᠳᠦᠵᠦ᠍᠂ ᠬᠠᠯᠵᠠᠨ ᠪᠦᠷᠭᠦᠳ᠂ ᠰᠠᠬᠠᠯᠲᠤ ᠲᠠᠰ ᠬᠦᠭᠡ ᠣᠭ᠍ᠲᠠᠷᠭᠤᠶ ᠪᠡᠷ ᠴᠢᠯᠦᠭᠡᠳᠠᠢ ᠨᠢᠰᠤᠨ᠎ᠠ᠃ ᠲᠦᠷᠰᠤ ᠵᠢᠨ ᠰᠦᠷᠦᠭ ᠤ᠋ᠨ ᠲᠣᠭ᠎ᠠ ᠨᠠᠩ ᠴᠤ᠌ ᠶᠡᠬᠡ ᠪᠡᠷ ᠨᠡᠮᠡᠭ᠌ᠳᠡᠵᠦ᠍᠂ ᠶᠠᠩᠬᠢᠷ 2001 ᠣᠨ ᠳ᠋ᠤ 1.6 ᠲᠦᠮᠡ ᠪᠠᠢᠭ᠍ᠰᠠᠨ ᠡᠴᠡ ᠪᠠᠨ ᠨᠡᠮᠡᠭ᠌ᠳᠡᠭᠡᠳ ᠤᠳᠤ 5 ᠲᠦᠮᠡ ᠭᠠᠷᠤᠶ ᠪᠣᠯᠵᠣ᠂ ᠲᠤᠷᠤᠭ ᠪᠤᠭᠤ 2000 ᠭᠠᠷᠤᠶ ᠪᠠᠢᠭ᠍ᠰᠠᠨ ᠡᠴᠡ ᠪᠠᠨ ᠨᠡᠮᠡᠭ᠌ᠳᠡᠭᠡᠳ 7000 ᠭᠠᠷᠤᠶ ᠪᠣᠯᠵᠠᠶ ᠃
25 ᠵᠢᠯ ᠤ᠋ᠨ ᠲᠤᠷᠰᠢ᠂ ᠠᠯᠠᠱᠠ ᠠᠭᠤᠯᠠᠨ ᠳ᠋ᠤ ᠠᠯᠢ ᠣᠯᠠᠨ ᠬᠠᠮᠠᠭᠠᠯᠠᠯᠲᠠ ᠪᠥᠲᠥᠭᠡᠨ ᠪᠠᠢᠭᠤᠯᠤᠯᠲᠠ ᠵᠢ ᠬᠡᠷᠡᠭᠵᠢᠭᠦᠯᠦᠭᠰᠡᠨ ᠵᠢᠡᠷ ᠠᠯᠠᠱᠠ ᠠᠭᠤᠯᠠᠨ ᠤ᠋ ᠠᠮᠢ ᠠᠬᠤᠶ ᠣᠷᠴᠢᠨ ᠲᠣᠭᠣᠷᠢᠨ ᠢᠯᠡᠳᠲᠡ ᠰᠠᠢᠵᠢᠷᠠᠵᠤ᠂ ᠠᠮᠢ ᠠᠬᠤᠶ ᠵᠢᠨ ᠱᠢᠰᠲ᠋ᠧᠮ ᠤ᠋ᠨ ᠣᠯᠠᠨ ᠶᠠᠩᠵᠤᠲᠤ ᠴᠢᠨᠠᠷ᠂ ᠲᠣᠭ᠍ᠲᠠᠪᠤᠷᠢᠲᠤ ᠴᠢᠨᠠᠷ᠂ ᠦᠷᠭᠦᠯᠵᠢᠯᠡᠬᠦ᠌ ᠴᠢᠨᠠᠷ ᠲᠠᠰᠤᠷᠠᠯᠲᠠ ᠥᠬᠡᠶ ᠳᠡᠭᠡᠭᠰᠢᠯᠡᠨ᠂ ᠠᠮᠢ ᠠᠬᠤᠶ ᠣᠷᠴᠢᠨ ᠲᠣᠭᠣᠷᠢᠨ ᠤ᠋ ᠬᠠᠮᠠᠭᠠᠯᠠᠯᠲᠠ ᠲᠠᠰᠤᠷᠠᠯᠲᠠ ᠦᠭᠡᠢ ᠰᠠᠢᠵᠢᠷᠠᠪᠠ᠃ ᠡᠳᠦᠭᠡ᠂ ᠪᠠᠷ᠎ᠠ ᠲᠠᠰᠤᠷᠠᠭᠠᠳ ᠤᠯᠠᠨ ᠵᠢᠯ ᠪᠣᠯᠤᠭ᠍ᠰᠠᠨ ᠠᠮᠢᠳᠤ ᠪᠣᠳᠠᠰ ᠤ᠋ᠨ ᠲᠦᠷᠦᠯ ᠡᠬᠡ ᠪᠠᠢᠭᠠᠯᠢ ᠳ᠋ᠠᠭᠠᠨ ᠪᠤᠴᠠᠨ ᠢᠷᠡᠵᠦ᠍᠂ ᠠᠮᠢ ᠠᠬᠤᠢ ᠵᠢᠨ ᠳᠤᠤᠷ ᠢ᠋ ᠲᠠᠬᠢᠨᠳᠠ ᠨᠢᠭᠲᠠ ᠰᠦᠯᠵᠢᠪᠡ᠃ 《ᠪᠠᠢᠭᠠᠯᠢ ᠵᠢᠨ ᠤᠷᠭᠤᠮᠠᠯ ᠤ᠋ᠨ ᠭᠧᠨ ᠤ᠋ ᠬᠥᠮᠥᠷᠭᠡ》 ᠪᠣᠯᠤᠭ᠍ᠰᠠᠨ ᠤ᠋ ᠬᠤᠪᠢ ᠳ᠋ᠤ ᠂ ᠠᠯᠠᠱᠠ ᠠᠭᠤᠯᠠᠨ ᠳ᠋ᠤ ᠪᠠᠰᠠ 788 ᠵᠦᠢᠯ ᠤ᠋ᠨ ᠴᠣᠷᠭᠣ ᠱᠢᠷᠬᠡᠭ᠌ᠲᠦ ᠤᠷᠭᠤᠮᠠᠯ ᠪᠠᠢᠵᠤ᠂ ᠡᠭᠦᠨ ᠳ᠋ᠤ ᠤᠯᠤᠰ ᠤ᠋ᠨ ᠭᠣᠣᠯᠳᠠᠯᠭ᠎ᠠ ᠲᠠᠶ ᠬᠠᠮᠠᠭᠠᠯᠠᠬᠤ 13 ᠵᠦᠢᠯ ᠤ᠋ᠨ ᠤᠷᠭᠤᠮᠠᠯ ᠪᠤᠢ᠃ ᠣᠷᠴᠢᠮ ᠤ᠋ᠨ ᠵᠢᠯ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠳ᠋ᠤ ᠪᠠᠰᠠ ᠣᠯᠠᠨ ᠵᠦᠶ᠋ᠯ ᠤ᠋ᠨ ᠴᠠᠬᠢᠷᠮ᠎ᠠ ᠵᠢᠨ ᠢᠵᠠᠭᠤᠷ ᠤ᠋ᠨ ᠤᠷᠭᠤᠮᠠᠯ ᠢ᠋ ᠱᠢᠨ᠎ᠡ ᠪᠡᠷ ᠢᠯᠡᠷᠡᠭᠦᠯᠪᠡ ᠃
《ᠣᠳᠣᠬᠠᠨ ᠳ᠋ᠤ᠂ ᠬᠣᠶᠠᠳᠤᠭᠠᠷ ᠤᠳᠠᠭᠠᠨ ᠤ᠋ ᠶᠡᠷᠦᠩᠬᠡᠢᠯᠡᠭ᠌ᠰᠡᠨ ᠱᠢᠨᠵᠢᠯᠡᠬᠦ᠌ ᠤᠬᠠᠭᠠᠨ ᠤ᠋ ᠪᠠᠢᠴᠠᠭᠠᠯᠲᠠᠳ᠋ᠤ ᠢᠯᠡᠷᠡᠭᠦᠯᠦᠭ᠌ᠰᠡᠨ ᠵᠢᠡᠷ᠂ ᠠᠯᠠᠱᠠ ᠠᠭᠤᠯᠠ ᠵᠢᠨ ᠴᠠᠬᠢᠷᠮ᠎ᠠ ᠵᠢᠨ ᠢᠵᠠᠭᠤᠷ ᠤ᠋ᠨ ᠤᠷᠭᠤᠮᠠᠯ ᠪᠠᠰᠠ ᠬᠡᠳᠦᠨ ᠵᠦᠶ᠋ᠯ ᠵᠢᠡᠷ ᠨᠡᠮᠡᠭ᠌ᠳᠡᠭ᠌ᠰᠡᠨ ᠪᠠᠢᠨ᠎ᠠ᠂ ᠡᠨᠡ ᠪᠣᠯ ᠤᠷᠤᠰᠢᠨ ᠠᠮᠢᠳᠤᠷᠠᠬᠤ ᠤᠷᠴᠢᠨ ᠲᠤᠭᠤᠷᠢᠨ ᠳ᠋ᠠᠭᠠᠨ ᠨᠡᠯᠢᠶᠡᠳ ᠦᠨᠳᠦᠷ ᠱᠠᠭᠠᠷᠳᠠᠯᠭ᠎ᠠ ᠲᠠᠢ ᠤᠷᠭᠤᠮᠠᠯ ᠪᠤᠯᠤᠨ᠎ᠠ᠃ ᠲᠤᠰ ᠤᠳᠠᠭ᠎ᠠ ᠵᠢᠨ ᠢᠯᠡᠷᠡᠭᠦᠯᠦᠯᠲᠡ ᠨᠢ ᠴᠠᠬᠢᠷᠮ᠎ᠠ ᠵᠢᠨ ᠢᠵᠠᠭᠤᠷ ᠤ᠋ᠨ ᠤᠷᠭᠤᠮᠠᠯ ᠤ᠋ᠨ ᠠᠯᠠᠱᠠ ᠠᠭᠤᠯᠠᠨ ᠳ᠋ᠤ ᠲᠠᠷᠬᠠᠵᠤ ᠪᠠᠢᠭ᠎ᠠ ᠳᠦᠷᠰᠦ ᠵᠢᠨ ᠰᠦᠷᠦᠭ ᠤ᠋ᠨ ᠲᠣᠭ᠎ᠠ ᠬᠡᠮᠵᠢᠶ᠎ᠡ ᠵᠢ ᠥᠷᠭᠡᠳᠭᠡᠭ᠌ᠰᠡᠨ ᠵᠢᠡᠷ ᠪᠠᠷᠠᠬᠤ ᠥᠬᠡᠶ᠂ ᠪᠠᠰᠠ ᠠᠯᠠᠱᠠ ᠠᠭᠤᠯᠠ ᠵᠢᠨ ᠠᠮᠢ ᠠᠬᠤᠶ ᠣᠷᠴᠢᠨ ᠲᠣᠭᠣᠷᠢᠨ ᠠᠯᠬᠤᠮ ᠠᠯᠬᠤᠮ ᠵᠢᠡᠷ ᠰᠠᠢᠵᠢᠷᠠᠵᠤ ᠪᠠᠢᠬᠤ ᠵᠢ ᠴᠢᠨᠠᠭᠰᠢᠳᠠ ᠨᠤᠲᠠᠯᠠᠭᠰᠠᠨ ᠪᠠᠢᠨ᠎ᠠ》 ᠭᠡᠵᠤ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠵᠢᠨ ᠡᠬᠢ ᠪᠠᠶᠠᠯᠢᠭ ᠣᠶ ᠱᠢᠭᠤᠶ ᠵᠢᠨ ᠶᠠᠪᠤᠳᠠᠯ ᠤ᠋ᠨ ᠰᠠᠯᠠᠭᠠᠨ ᠤ᠋ ᠳᠠᠷᠤᠭ᠎ᠠ ᠰᠦ᠍ ᠶᠦᠨ ᠰᠤᠷᠪᠤᠯᠵᠢᠯᠠᠭ᠍ᠴᠢ ᠳ᠋ᠤ ᠬᠡᠯᠡᠨ᠎ᠡ᠃