ᠦᠪᠤᠷ ᠮᠤᠡᠭᠭᠤᠯᠤᠨ ᠠᠭᠠᠷ ᠮᠠᠨᠳᠠᠯ ᠤ᠋ᠨ ᠪᠣᠬᠢᠷᠳᠤᠯ ᠢ᠋ ᠰᠡᠷᠭᠡᠢᠯᠡᠨ ᠵᠠᠰᠠᠬᠤ ᠠᠵᠢᠯ ᠲᠡᠦᠬᠡᠲᠦ ᠴᠢᠨᠠᠷᠲᠠᠢ ᠳᠠᠪᠠᠯᠲᠠ ᠳ᠋ᠤ᠌ ᠬᠦᠷᠴᠡᠢ
ᠰᠠᠢᠬᠠᠨ ᠵᠦᠢᠯ ᠰᠣᠷᠢᠨᠵᠢᠨ ᠬᠦᠷᠦ ᠰᠢᠭ ᠲᠠᠲᠠᠬᠣ ᠬᠦᠴᠦᠨ ᠲᠠᠢ ᠭᠡᠳᠡᠭ ᠵᠢᠡᠷ᠂ ᠠᠮᠠᠷᠠᠯᠲᠠ ᠵᠢᠨ ᠴᠢᠯᠦᠭᠡ ᠪᠡᠷᠵᠢᠡᠨ ᠬᠣᠲᠠᠶᠢᠨ ᠲᠠᠪᠴᠢᠭᠣ ᠣᠷᠴᠢᠨ᠂ ᠣᠲᠣᠭ᠎ᠠ ᠮᠠᠨᠠᠨ ᠡᠴᠡ ᠵᠠᠢᠲᠠᠵᠦ ᠬᠦᠲᠡᠭᠡᠶᠢᠨ ᠰᠡᠷᠢᠬᠦᠨ ᠠᠭᠠᠷ᠂ ᠰᠠᠢᠬᠠᠨ ᠦᠵᠡᠮᠵᠢᠶᠢ ᠵᠣᠷᠢᠲᠠᠬ ᠬᠦᠮᠦᠨ ᠤᠯᠠᠨ ᠪᠤᠯᠵᠠᠢ᠃ ᠴᠡᠪᠡᠷ ᠠᠭᠠᠷᠢ ᠴᠡᠭᠡᠵᠢ ᠪᠠᠨ ᠠᠭᠤᠵᠢᠷᠠᠲᠠᠯ᠎ᠠ ᠠᠮᠢᠰᠭᠤᠯᠯᠠᠵᠤ᠂ ᠰᠠᠢᠬᠠᠨ ᠦᠵᠡᠮᠵᠢ ᠪᠡᠷ ᠰᠠᠳᠬᠢᠯ ᠵᠢᠡᠨ ᠤᠮᠳᠠᠯᠠᠬᠤ ᠭᠡᠭᠴᠢ ᠪᠠᠰᠠ ᠨᠢᠭᠡᠨ ᠠᠵᠠ ᠵᠢᠷᠭᠠᠯ ᠪᠤᠯᠬᠤ ᠰᠠᠨ᠃ ᠡᠳᠦᠭᠡ᠂ ᠰᠢᠯᠢᠲᠡᠭ ᠰᠠᠢᠨ ᠠᠮᠢ ᠠᠬᠣᠢ ᠣᠷᠴᠢᠨ ᠲᠣᠭᠣᠷᠢᠨ ᠨᠢ ᠠᠷᠠᠳ ᠤᠯᠠᠨᠤ ᠠᠮᠢᠲᠣᠷᠠᠯᠤᠨ ᠴᠢᠨᠠᠷ ᠴᠢᠨᠰᠠᠭᠠᠶᠢ ᠰᠠᠢᠵᠢᠷᠠᠭᠣᠯᠬᠤ ᠪᠠ ᠤᠯᠠᠨ ᠲᠦᠮᠡᠨ ᠤ᠋ ᠵᠢᠷᠭᠠᠯᠳᠤ ᠲᠦᠷᠦᠭᠳᠡᠯ᠂ ᠬᠦᠷᠲᠡᠮᠵᠢᠶᠢᠨ ᠲᠦᠷᠦᠭᠳᠡᠯᠢ ᠲᠡᠭᠡᠭᠰᠢᠯᠡᠬᠦᠯᠬᠦ ᠵᠢᠨ ᠰᠠᠭᠣᠷᠢ ᠪᠣᠯᠣᠨ ᠪᠠᠲᠣᠯᠠᠭ᠎ᠠ ᠪᠣᠯᠤᠭᠰᠠᠨ ᠨᠢ ᠳᠠᠮᠵᠢᠭ ᠦᠭᠡᠢ᠃
ᠬᠦᠬᠡ ᠣᠭ᠍ᠲᠠᠷᠭᠤᠢᠶ᠋ᠢ ᠬᠠᠮᠠᠭᠠᠯᠠᠬᠤ ᠳᠠᠢᠯᠠᠯᠳᠤᠭᠠᠨᠢ ᠭᠦᠨᠵᠡᠭᠡᠢ ᠰᠠᠢᠲᠤᠷ ᠬᠢᠵᠦ᠍᠂ ᠣᠷᠴᠢᠨ ᠲᠣᠭᠣᠷᠢᠨ ᠠᠭᠠᠷᠤᠨ ᠶᠠᠰᠤ ᠴᠢᠨᠠᠷ ᠢ᠋ ᠳᠠᠰᠤᠷᠠᠯᠳᠠ ᠦᠭᠡᠢ ᠰᠠᠢᠵᠢᠷᠠᠭᠤᠯᠬᠤ ᠪᠣᠯ ᠮᠠᠨᠤ ᠤᠯᠤᠰᠤᠨ ᠤᠮᠠᠷᠠᠲᠤᠶ᠋ᠢᠨ ᠴᠢᠬᠤᠯᠠ ᠠᠮᠢ ᠠᠬᠤᠢᠶ᠋ᠢᠨ ᠠᠮᠤᠷ ᠲᠦᠪᠱᠢᠨᠦ ᠬᠠᠯᠬᠠᠪᠴᠢᠶ᠋ᠢ ᠪᠠᠢᠭᠤᠯᠬᠤᠶ᠋ᠢᠨ ᠴᠢᠬᠤᠯᠠ ᠠᠭᠤᠯᠭ᠎ᠠ ᠪᠣᠯᠤᠨ᠎ᠠ᠃ ᠥᠪᠥᠷ ᠮᠣᠩᠭᠣᠯ ᠠᠮᠢ ᠠᠬᠤᠢ ᠵᠢ ᠤᠷᠢᠳ ᠵᠢᠡᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠭᠦᠯᠬᠦ ᠪᠡᠷ ᠤᠳᠤᠷᠢᠳᠤᠮᠵᠢ ᠪᠤᠯᠭᠠᠵᠤ᠂ ᠠᠭᠠᠷ ᠮᠠᠨᠳᠠᠯ ᠤ᠋ᠨ ᠪᠣᠬᠢᠷᠳᠤᠯ ᠢ᠋ ᠰᠡᠷᠭᠡᠢᠯᠡᠨ ᠵᠠᠰᠠᠬᠤ ᠠᠵᠢᠯ ᠲᠡᠦᠬᠡᠲᠦ ᠴᠢᠨᠠᠷᠲᠠᠢ ᠳᠠᠪᠠᠯᠲᠠ ᠳ᠋ᠤ᠌ ᠬᠦᠷᠴᠤ᠂ 2025 ᠣᠨ ᠳ᠋ᠤ᠌ ᠪᠦᠬᠦ ᠣᠷᠣᠨ ᠤ᠋ PM2.5 ᠵᠢᠨ ᠳᠤᠮᠳᠠᠴᠢ ᠥᠳᠬᠡᠴᠡ ᠳᠣᠷᠣᠭᠰᠢᠯᠠᠭᠠᠳ ᠪᠣᠰᠤᠭ᠎ᠠ ᠳᠥᠷᠪᠡᠯᠵᠢᠨ ᠮᠧᠲ᠋ᠷ ᠪᠦᠷᠢ ᠳ᠋ᠤ 22 ᠮᠢᠺᠷᠥᠭᠷᠠᠮ ᠪᠣᠯᠵᠤ᠂ ᠠᠭᠠᠷ ᠤ᠋ᠨ ᠶᠠᠰᠤ ᠴᠢᠨᠠᠷ ᠱᠢᠯᠢᠳᠡᠭ ᠰᠠᠢᠨ ᠡᠳᠦᠷᠦᠨ ᠲᠣᠭ᠎ᠠ ᠵᠢᠨ ᠬᠠᠷᠢᠴᠠᠯᠨᠢ 92.1% ᠳ᠋ᠦ᠍ ᠬᠦᠷᠴᠦ᠂ 12 ᠠᠢᠮᠠᠭ ᠬᠣᠲᠠ ᠵᠢᠨ ᠠᠭᠠᠷ ᠤ᠋ᠨ ᠶᠠᠰᠤ ᠴᠢᠨᠠᠷ ᠪᠦᠬᠦ ᠲᠠᠯ᠎ᠠ ᠪᠠᠷ ᠪᠠᠷᠢᠮᠵᠢᠶ᠎ᠠ ᠳ᠋ᠤ᠌ ᠬᠦᠷᠪᠠ᠃
ᠥᠪᠥᠷ ᠮᠣᠩᠭᠣᠯ 《ᠠᠭᠠᠷ ᠮᠠᠨᠳᠠᠯ ᠤ᠋ᠨ ᠪᠣᠬᠢᠷᠲᠤᠯ ᠢ᠋ ᠰᠡᠷᠭᠡᠢᠯᠡᠨ ᠵᠠᠰᠠᠬᠤ ᠳᠦᠷᠢᠮ》 ᠳ᠋ᠦ᠍ ᠵᠠᠰᠠᠪᠤᠷᠢ ᠣᠷᠣᠭᠤᠯᠵᠤ ᠂ ᠣᠷᠣᠨ ᠪᠦᠰᠡ ᠵᠢᠨ ᠬᠠᠮᠵᠢᠯᠴᠠᠨ ᠵᠠᠰᠠᠬᠤ ᠠᠵᠢᠯ ᠢ᠋ ᠬᠠᠤᠯᠢ ᠵᠢᠨ ᠪᠠᠳᠤᠯᠠᠭ᠎ᠠ ᠲᠠᠢ ᠪᠤᠯᠭᠠᠪᠠ; ᠬᠥᠬᠡᠬᠣᠲᠠ ᠪᠤᠭᠤᠲᠤ ᠣᠷᠳᠣᠰ ᠤᠯᠠᠭᠠᠨᠴᠠᠪ ᠬᠣᠲᠠ ᠬᠣᠯᠪᠣᠭᠠᠯᠠᠨ ᠰᠡᠷᠭᠡᠢᠯᠡᠵᠦ ᠬᠣᠯᠪᠣᠭᠠᠯᠠᠨ ᠡᠵᠡᠮᠳᠡᠬᠦ ᠲᠣᠭᠲᠠᠴᠠ ᠪᠠᠢᠭᠤᠯᠵᠤ᠂ ᠦᠬᠠᠢ ᠵᠢᠴᠢ ᠡᠷᠭᠢᠨ ᠲᠣᠭᠣᠷᠢᠨ ᠤ᠋ ᠭᠠᠵᠠᠷ ᠣᠷᠣᠨ ᠳ᠋ᠤ᠌ ᠡᠭᠡᠯᠵᠢᠯᠡᠨ ᠵᠢᠵᠢᠭᠦᠷᠯᠡᠬᠦ ᠳᠦᠷᠢᠮ ᠢ᠋ ᠬᠡᠷᠡᠭᠵᠢᠭᠦᠯᠪᠡ ; 《ᠳᠠᠭᠠᠭᠤᠯᠢ ᠣᠳᠣᠨ + ᠵᠢᠯᠤᠭᠤᠴᠢ ᠥᠬᠡᠢ ᠨᠢᠰᠬᠡᠯ + ᠬᠥᠮᠦᠨ ᠤ᠋ ᠬᠦᠴᠦ ᠪᠡᠷ ᠴᠠᠭᠳᠠᠨ ᠪᠠᠢᠴᠠᠭᠠᠬᠤ 》 《ᠲᠡᠭᠷᠢ ᠭᠠᠵᠠᠷ ᠣᠭᠲᠠᠷᠭᠤᠢ》 ᠵᠢᠨ ᠬᠢᠨᠠᠨ ᠰᠢᠨᠵᠢᠬᠦ ᠰᠦᠯᠵᠢᠶ᠎ᠡ ᠵᠢ ᠪᠠᠢᠭᠤᠯᠪᠠ; ᠡᠰᠢ ᠰᠦᠷᠡᠯ ᠰᠢᠲᠠᠭᠠᠬᠤ ᠵᠢ ᠴᠠᠭᠠᠵᠠᠯᠠᠬᠤ ᠣᠷᠣᠨ ᠬᠣᠯᠪᠣᠭᠠᠯᠠᠨ ᠬᠥᠳᠡᠯᠦᠯᠴᠡᠵᠦ ᠬᠠᠮᠢᠶᠠᠷᠤᠨ ᠡᠵᠡᠮᠳᠡᠪᠡ; ᠠᠵᠤ ᠦᠢᠯᠡᠰ ᠤ᠋ᠨ ᠪᠣᠬᠢᠷᠲᠤᠯ ᠦᠭᠡᠢ ᠬᠡᠯᠪᠡᠷᠢ ᠪᠠᠨ ᠬᠤᠪᠢᠷᠠᠭᠤᠯᠬᠤ ᠠᠵᠢᠯ ᠢᠯᠡᠳᠳᠡ ᠦᠷ᠎ᠡ ᠪᠦᠲᠦᠮᠵᠢ ᠣᠯᠵᠤ᠂ ᠪᠣᠯᠣᠳ ᠲᠡᠮᠦᠷ᠂ ᠬᠡᠦᠷᠰᠢᠭᠦᠯᠬᠦ ᠵᠡᠷᠭᠡ ᠠᠵᠢᠯ ᠲᠥᠷᠥᠯ ᠤ᠋ᠨ ᠣᠨᠴᠠᠭᠠᠢ ᠭᠠᠳᠠᠭᠰᠢᠯᠠᠭᠤᠯᠤᠯᠲᠠ ᠵᠢᠨ ᠬᠢᠵᠠᠭᠠᠷ ᠭᠡᠮᠵᠢᠶ᠎ᠡ ᠵᠢ ᠳᠤᠭᠳᠠᠭᠠᠨ ᠬᠡᠷᠡᠭᠵᠢᠭᠦᠯᠪᠡ ᠁᠃
《ᠠᠭᠠᠷ ᠲᠡᠭᠷᠢ ᠮᠢᠨᠢ ᠴᠡᠩᠭᠡᠷ ᠶ᠋ᠢᠡᠷ ᠵᠢᠡᠨ ᠪᠠᠢᠭᠠᠰᠠᠢ᠂ ᠠᠭᠣᠲᠠᠮ ᠲᠠᠯ᠎ᠠ ᠮᠢᠨᠢ ᠨᠣᠭᠣᠭᠠᠨ ᠶ᠋ᠢᠡᠷ ᠵᠢᠡᠨ ᠪᠠᠢᠭᠠᠰᠠᠢ ᠁》 ᠭᠡᠵᠦ ᠲᠠᠭᠣᠯᠠᠬᠰᠠᠨ ᠰᠢᠬ ᠶ᠋ᠢᠡᠨ ᠬᠦᠮᠦᠨ ᠪᠣᠯᠭᠠᠨ ᠴᠡᠪᠡᠷ ᠠᠭᠠᠷ ᠴᠡᠯᠮᠡᠭ ᠳᠡᠭᠷᠢ ᠲᠠᠢ ᠠᠬᠣᠢ ᠣᠷᠴᠢᠨ ᠢ᠋ ᠬᠦᠰᠡᠨ ᠬᠦᠭᠡᠭᠡᠴᠡᠯᠳᠤᠳᠡᠭᠤᠨ ᠬᠤᠢᠨ᠎ᠠ᠂ ᠦᠵᠡᠰᠬᠦᠯᠡᠩᠳᠦ ᠰᠠᠢᠬᠠᠨ ᠦᠪᠤᠷ ᠮᠤᠡᠭᠭᠤᠯᠵᠢᠡᠨ ᠨᠠᠡᠭ ᠰᠠᠢᠳᠤᠷ ᠪᠦᠳᠦᠭᠡᠨ ᠪᠠᠢᠭᠤᠯᠵᠦ᠂ ᠠᠮᠢ ᠠᠬᠤᠢ ᠤᠷᠴᠢᠨ ᠲᠤᠭᠤᠷᠢᠨᠵᠢᠡᠨ ᠬᠠᠮᠠᠭᠠᠯᠠᠵᠦ ᠶᠠᠪᠣᠬᠣ ᠨᠢ ᠬᠦᠮᠤᠨ ᠪᠦᠬᠦᠨᠤ ᠡᠬᠦᠷᠭᠡ ᠬᠠᠷᠢᠭᠤᠴᠠᠯᠭ᠎ᠠ ᠭᠡᠯᠳᠠᠢ᠃