ᠮᠣᠷᠢ ᠮᠢᠨᠢ᠂ ᠦᠵᠡᠰᠭᠦᠯᠡᠩ᠎ᠤᠨ ᠲᠡᠭᠡᠳᠦ ᠪᠦᠷᠢᠳᠦᠭ᠌ᠰᠡᠨ ᠬᠦᠯᠦᠭ ᠮᠢᠨᠢ᠃ ᠦᠨᠢ ᠡᠷᠳᠡᠨ᠎ᠤ ᠣᠨ ᠵᠢᠯ᠎ᠤᠨ ᠪᠣᠭᠤᠷᠣᠯ ᠰᠠᠬᠢᠭᠤᠰᠦ ᠴᠢᠨᠣ ᠦᠩᠭᠡ ᠪᠣᠳᠤᠭᠢ ᠭᠠᠢᠬᠠᠮᠱᠢᠭ᠎ᠤᠨ ᠰᠣᠣ᠎ᠪᠠᠷ ᠨᠠᠢᠷᠠᠨ ᠨᠠᠢᠷᠠᠭ᠍ᠰᠠᠨ ᠣᠷᠴᠢᠯᠠᠩ᠎ᠤᠨ ᠵᠢᠰᠦ ᠮᠢᠨᠢ᠃ ᠲᠡᠷᠨ ᠣᠯᠠᠨ ᠵᠢᠰᠦᠮᠢ ᠮᠣᠩᠭᠤᠯ ᠬᠡᠯᠨ᠎ᠪᠠᠷ ᠲᠣᠳᠣᠯᠠᠨ ᠨᠡᠷᠡᠯᠡᠭ᠌ᠰᠡᠨ ᠪᠣᠳᠣᠯ᠎ᠤᠨ ᠭᠠᠢᠬᠠᠮᠱᠢᠭ᠍ᠳᠦ ᠪᠣᠳᠤᠭ ᠮᠢᠨᠢ᠂ ᠣᠶᠣᠨ ᠣᠬᠠᠭᠠᠨ᠎ᠤ ᠬᠠᠷᠠᠭ᠎ᠠ᠎ᠶ᠋ᠢ ᠲᠡᠯᠡᠭᠰᠡᠨ ᠠᠳᠣᠭᠤᠨ᠎ᠤ ᠮᠢᠨᠢ ᠵᠢᠰᠦ ᠭᠡᠳᠡᠭ ᠣᠷᠴᠢᠯᠠᠩ ᠲᠠᠨᠢᠭᠤᠯᠣᠭ᠍ᠰᠠᠠ ᠬᠡᠣᠬᠡᠨ ᠬᠠᠷᠠᠭ᠎ᠠ ᠶᠣᠮ ᠡ! ᠣᠬᠠᠭᠠᠨ᠎ᠤ ᠮᠢᠨᠢ ᠦᠷᠭᠡᠨ ᠵᠠᠢ᠎ᠳᠤ ᠠᠳᠣᠭᠤᠨ᠎ᠤ ᠵᠢᠰᠦᠮ ᠬᠠᠩᠭᠢᠨᠠᠲᠠᠯ᠎ᠠ ᠦᠥᠷᠰᠡᠵᠦ᠍ ᠪᠠᠢᠳᠠᠭ᠃ ᠲᠡᠭ᠌ᠷᠢ᠎ᠠᠴᠠ᠂ ᠭᠠᠵᠠᠷ᠎ᠠᠴᠠ᠂ ᠲᠠᠯ᠎ᠠ᠎ᠠᠴᠠ᠂ ᠣᠰᠣᠨ᠎ᠠᠴᠠ ᠁ ᠬᠡᠮᠡᠨ ᠡᠨᠡ ᠣᠮᠡᠷᠡᠳᠦ᠍ᠶ᠋ᠢᠨ ᠦᠨᠳᠦᠷᠯᠢᠭ᠎ᠤᠨ ᠰᠠᠯᠬᠢ ᠵᠢᠪᠡᠷ᠂ ᠡᠭᠡᠱᠢᠭ ᠲᠠᠭᠤᠣ᠂ ᠴᠠᠭ ᠬᠤᠭᠤᠴᠠᠭ᠎ᠠ ᠁ ᠠᠯᠢ ᠪᠦᠬᠦᠨ᠎ᠠᠴᠠ ᠪᠦᠷ ᠭᠦᠨ ᠨᠠᠷᠢᠨ ᠣᠢ ᠲᠣᠢ᠎ᠳᠤ ᠪᠠᠭ᠍ᠲᠠᠮᠠ ᠦᠭᠡᠢ ᠭᠢᠯᠪᠠᠭᠠᠨ᠂ ᠴᠣᠣᠷᠢᠶ᠎ᠠ ᠁ ᠭᠱᠠᠨ᠎ᠠᠴᠠ ᠶᠢᠰᠦᠨ ᠱᠢᠳᠢ᠎ᠶ᠋ᠢ ᠠᠪᠴᠦ᠍ ᠡᠨᠠ ᠣᠯᠠᠨ ᠠᠳᠣᠭᠤᠨ᠎ᠤ ᠮᠢᠨᠢ ᠵᠢᠰᠦ᠎ᠶ᠋ᠢ ᠪᠦᠳᠦᠭᠡᠭ᠌ᠰᠡᠨ᠂ ᠪᠦᠳᠦᠭᠡᠵᠦ᠍ ᠪᠠᠢᠭ᠎ᠠ ᠮᠢᠨᠣ ᠮᠣᠩᠭᠤᠯ᠎ᠤᠨ ᠦᠨᠳᠦᠷᠯᠢᠭ᠃ ᠴᠢᠨᠣ ᠵᠢᠰᠦᠨ᠎ᠳᠤ ᠬᠦᠮᠦᠨ᠎ᠤ ᠣᠶᠣᠨ᠎ᠠᠴᠠ ᠪᠣᠷᠬᠠᠨ᠎ᠤ ᠣᠶᠣᠨ ᠬᠦᠷᠳᠡᠯ᠎ᠡ ᠪᠠᠭ᠍ᠳᠠᠨ᠎ᠠ᠂ ᠮᠢᠨᠣ ᠮᠣᠩᠭᠤᠯ ᠠᠳᠣᠭᠤᠨ᠎ᠤ ᠵᠢᠰᠦ ᠮᠢᠨᠢ!
ᠮᠣᠷᠢᠨ᠎ᠤ ᠮᠢᠨᠢ ᠨᠢᠳᠦᠨ᠎ᠠᠴᠠ ᠣᠨ ᠵᠢᠯ ᠡᠬᠢᠯᠡᠨ᠎ᠡ᠂ ᠲᠡᠷᠨ ᠳᠦᠷᠯᠡᠭᠡᠷ ᠲᠣᠩᠭᠠᠯᠠᠭ᠎ᠠᠴᠠ᠂ ᠲᠡᠭᠦᠨ᠎ᠤ ᠭᠠᠢᠬᠠᠮᠱᠢᠭ᠍ᠳᠦ ᠬᠠᠷᠠᠴᠠᠨ᠎ᠳᠤ ᠮᠠᠨ᠎ᠤ ᠲᠡᠣᠬᠡ ᠪᠣᠢ᠃ ᠨᠠᠷᠢᠨ ᠨᠠᠨᠳᠢᠨ ᠰᠣᠷᠮᠣᠣᠰᠣ᠂ ᠠᠯᠲᠠᠨ ᠲᠣᠭᠤᠷᠠᠢ᠂ ᠨᠢᠭᠤᠴᠠ ᠨᠡᠷᠢᠨ ᠡᠷᠭᠢᠭᠦᠯᠭᠡ ᠬᠡᠳ ᠡᠨᠡ ᠳᠦᠷᠰᠦ ᠪᠦᠳᠦᠭᠡᠭ᠌ᠴᠢ ᠮᠢᠨᠣ ᠮᠣᠩᠭᠤᠯ᠎ᠤᠨ ᠦᠨᠳᠦᠷᠯᠢᠭ᠎ᠤᠨ ᠣᠰᠣ ᠪᠡᠯᠴᠢᠭᠡᠷ᠂ ᠴᠠᠭ ᠠᠭᠠᠷ᠂ ᠣᠨ ᠵᠢᠯ᠎ᠤᠨ ᠣᠷᠣᠰᠭᠠᠯ ᠁ ᠨᠠᠨᠳᠢᠨ ᠡᠷᠬᠢᠮ ᠮᠢᠨᠢ ᠁ ᠭᠠᠳᠠᠭᠠᠳᠣ ᠲᠦᠷᠰᠦ᠎ᠠᠴᠠ ᠲᠣᠳᠣᠭᠠᠳᠦ ᠴᠢᠨᠠᠷ᠎ᠢ ᠪᠦᠳᠦᠭᠡᠭ᠌ᠴᠢ ᠡᠷᠬᠢᠮ ᠠᠷᠢᠭᠤᠨ ᠣᠨ ᠵᠢᠯ ᠮᠢᠨᠢ᠃ ᠬᠠᠬᠢᠷ ᠬᠦᠢᠲᠡᠨ᠂ ᠪᠦᠭ᠌ᠴᠢᠮ ᠬᠠᠯᠠᠭᠤᠨ᠂ ᠲᠣᠭ᠍ᠰᠢᠨ ᠱᠢᠭᠤᠷᠭ᠎ᠠ᠂ ᠬᠠᠪᠣᠷ᠎ᠤᠨ ᠬᠠᠪᠰᠠᠷᠭ᠎ᠠ ᠪᠦᠭᠦᠨ ᠴᠢᠨᠣ ᠭᠤᠸ᠎ᠠ ᠦᠵᠡᠰᠭᠦᠯᠡᠩ᠂ ᠴᠢᠨᠣ ᠡᠷᠬᠢᠮ ᠨᠠᠨᠳᠢᠨ ᠴᠢᠨᠠᠷ᠎ᠢ ᠪᠦᠳᠦᠭᠡᠵᠡᠢ᠃ ᠡᠷᠬᠢᠮ ᠠᠷᠢᠭᠤᠨ ᠮᠢᠨᠢ᠂ ᠨᠦᠭᠦᠭᠡ ᠨᠣᠳᠣᠭ᠍ᠴᠢ᠂ ᠡᠬᠡ ᠣᠷᠣᠨᠴᠢ᠂ ᠠᠯᠣᠰ᠎ᠤᠨ ᠠᠶᠠᠨ᠎ᠳᠤ ᠴᠣᠴᠠᠰᠢ ᠦᠭᠡᠢ᠂ ᠲᠡᠰᠪᠦᠷᠢ ᠲᠠᠭᠠᠭᠠᠴᠠ ᠲᠠᠢ᠂ ᠡᠵᠡᠨ ᠳ᠋ᠡᠭᠡᠨ ᠡᠯᠢᠭ᠌ᠡᠰᠡᠭ᠂ ᠵᠣᠷᠢᠭ᠍ᠰᠡᠨ ᠭᠠᠵᠠᠷ ᠵᠦᠭ ᠶ᠋ᠢᠡᠨ ᠴᠣᠴᠠᠯᠲᠠ ᠦᠭᠡᠢ ᠲᠡᠮᠠᠴᠡᠭ᠌ᠴᠢ ᠭᠡᠳ ᠮᠠᠨ᠎ᠤ ᠮᠡᠳᠡᠭᠡᠳ ᠯᠡ ᠪᠠᠢᠭ᠎ᠠ ᠡᠷᠬᠢᠮ ᠳᠣᠳᠣᠭᠠᠳᠣ ᠴᠢᠨᠠᠷ ᠡᠯᠢᠭᠡ ᠵᠢᠷᠦᠬᠡ᠎ᠶ᠋ᠢ ᠲᠠᠲᠠᠲᠠᠯ᠎ᠠ ᠦᠥᠷᠰᠡᠭᠡᠳ ᠪᠠᠢᠭ᠎ᠠ᠎ᠨᠢ ᠠᠶᠠᠯᠭᠤ ᠢᠷᠠᠭᠤ᠂ ᠰᠡᠳᠭᠢᠯ ᠮᠡᠳᠡᠷᠡᠯ᠎ᠢ ᠡᠵᠡᠮᠳᠡᠭ᠌ᠴᠢ ᠶᠣᠮ ᠤᠤ? ᠮᠣᠷᠢ ᠮᠢᠨᠢ᠃ ᠭᠡᠶ᠎ᠡ ᠬᠦᠯᠦᠭ ᠮᠢᠨᠢ ᠬᠦᠮᠦᠨ ᠪᠢᠳᠡᠨ᠎ᠳᠤ ᠪᠣᠷᠬᠠᠨ᠎ᠤ ᠪᠡᠯᠡᠭ᠌ᠯᠡᠭ᠌ᠰᠡᠨ ᠡᠷᠳᠡᠨᠢ ᠭᠡᠳᠡᠭ᠎ᠢ ᠮᠣᠩᠬᠠᠭ ᠪᠢ ᠬᠤᠵᠢᠳ ᠣᠬᠠᠭᠠᠷᠠᠨ ᠪᠠᠢᠨ᠎ᠠ ᠳ᠋ᠠ᠃ ᠠᠯᠳᠠᠷᠳᠣ ᠠᠳᠣᠭᠤᠨ ᠰᠣᠳᠣᠷᠤᠳᠢ ᠬᠠᠷᠠᠬᠤ᠎ᠳᠤ ᠠᠳᠣᠭᠤᠨ᠎ᠤ ᠣᠷᠣᠭᠤᠯᠤᠨ ᠭᠤᠪᠢᠯ ᠢ ᠬᠦᠮᠦᠨ ᠪᠡᠯᠴᠢᠷ ᠭᠡᠵᠦ᠍ ᠲᠡᠮᠳᠡᠭ᠌ᠯᠡᠨ᠂ ᠬᠦᠮᠦᠨ᠎ᠤ ᠠᠷᠠᠭ ᠶᠠᠰᠣ ᠬᠤᠶᠠᠷ ᠵᠠᠭᠤ ᠪᠦᠭᠡᠳ ᠵᠢᠷᠭᠤᠭ᠎ᠠ ᠪᠠᠢᠬᠤ᠎ᠳᠤ ᠠᠳᠣᠭᠤᠨ᠎ᠤ ᠠᠷᠠᠭ ᠶᠠᠰᠣ ᠬᠤᠶᠠᠷ ᠵᠠᠭᠤ ᠪᠦᠬᠡᠳ ᠲᠠᠪᠤ ᠪᠠᠢᠳᠠᠭ᠎ᠨᠢ ᠪᠠᠰᠨ ᠬᠦᠯᠦᠭ ᠡᠵᠡᠨ᠎ᠤ ᠵᠠᠶᠠᠭ᠎ᠠ ᠭᠡᠮᠡᠷ ᠶᠡᠭᠡ ᠬᠤᠯᠡ᠎ᠶ᠋ᠢ ᠪᠣᠳᠣᠭ᠍ᠳᠠᠭᠤᠯᠣᠨᠠ᠂ ᠣᠶᠣᠨ ᠪᠢᠯᠢᠭ ᠮᠢᠨᠢ᠂ ᠣᠳᠣᠮ᠎ᠳᠦ ᠬᠤᠷᠳᠦᠨ ᠠᠵᠢᠨᠠᠢ ᠮᠢᠨᠢ!
ᠠᠷᠭ᠎ᠠ ᠦᠭᠡᠢ ᠯᠡ ᠵᠠᠶᠠᠭ᠎ᠠ ᠲᠠᠪᠢᠯᠠᠩ ᠶᠣᠮ ᠤᠤ ᠳ᠋ᠠ᠂ ᠠᠮᠠᠭᠠᠢ᠂ ᠲᠦᠷᠦᠭᠡ ᠁ ᠠᠯᠢ ᠰᠠᠢᠬᠠᠨ ᠮᠣᠷᠢᠳ᠎ᠤᠨ ᠮᠢᠨᠢ ᠣᠷᠠᠨ ᠭᠤᠸ᠎ᠠ ᠴᠢᠮᠡᠭ᠌ᠴᠢᠶᠢ ᠮᠣᠩᠭᠤᠯ ᠬᠦᠮᠦᠨ᠎ᠤ ᠣᠶᠣᠨ ᠨᠡᠭᠡᠭᠡᠵᠦ᠍᠂ ᠲᠦᠷᠦᠭᠡᠨ ᠲᠡᠭᠡᠷ᠎ᠡ᠎ᠠᠴᠠ ᠬᠤᠯᠡ᠎ᠶ᠋ᠢ ᠬᠠᠷᠠᠵᠦ᠍᠂ ᠲᠦᠷᠦᠭᠡᠨ ᠲᠡᠭᠡᠷ᠎ᠡ ᠴᠢᠯᠦᠭᠡᠲᠡᠢ ᠰᠡᠳᠭᠢᠨ᠂ ᠲᠦᠷᠦᠭᠡᠨ ᠲᠡᠭᠡᠷ᠎ᠡ ᠦᠨᠳᠡᠢᠵᠦ᠍ ᠢᠷᠡᠭ᠌ᠰᠡᠨ ᠲᠡᠯᠡᠬᠡᠢ ᠮᠢᠨᠢ᠃ ᠠᠮᠠᠭᠠᠢ ᠮᠢᠨᠢ ᠬᠦᠯᠦᠭ ᠬᠦᠮᠦᠨ ᠬᠤᠶᠠᠷ᠎ᠤᠨ ᠰᠠᠨᠠᠭ᠎ᠠ ᠵᠠᠶᠠᠭ᠎ᠠ᠎ᠶ᠋ᠢ ᠬᠤᠯᠪᠣᠨ ᠮᠡᠳᠡᠷᠡᠭᠦᠯᠵᠦ᠍᠂ ᠵᠠᠬ᠎ᠠ ᠦᠭᠡᠢ ᠠᠭᠤᠳᠠᠮ᠎ᠢ ᠵᠣᠷᠢᠭᠤᠯᠣᠨ ᠴᠢᠳᠠᠭ᠍ᠰᠠᠨ ᠶᠣᠮ᠃ ᠨᠠᠢ᠍ᠮᠠᠨ ᠰᠠᠢᠬᠠᠨ ᠭᠠᠨᠵᠣᠭᠠᠨ᠎ᠳᠤ ᠣᠷᠴᠢᠯᠠᠩ᠎ᠤᠨ ᠰᠠᠢᠬᠠᠨ᠎ᠢ ᠭᠠᠨᠵᠣᠭᠠᠯᠠᠨ᠂ ᠨᠠᠷᠠᠨ ᠰᠠᠷᠠᠨ ᠪᠦᠭᠦᠷᠭᠡᠨ᠎ᠳᠤ ᠠᠰᠠᠵᠦ᠍ ᠶᠠᠪᠣᠭ᠍ᠰᠠᠨ ᠬᠦᠮᠦᠨ ᠵᠠᠶᠠᠭ᠎ᠠ ᠮᠢᠨᠢ ᠬᠦᠯᠦᠭ ᠮᠣᠷᠢᠳ ᠲᠠᠢ᠎ᠪᠠᠨ ᠪᠦᠳᠦᠭᠡᠭ᠌ᠰᠡᠨ ᠲᠡᠣᠬᠡ ᠯᠡ ᠶᠣᠮ ᠳ᠋ᠠ᠃ ᠬᠠᠲᠠᠭᠤ ᠬᠦᠳᠡᠭᠦᠦ ᠬᠤᠷᠸ᠎ᠠ᠎ᠠᠴᠠ ᠠᠪᠣᠭ᠍ᠰᠠᠨ ᠲᠡᠰᠪᠦᠷᠢ ᠲᠠᠭᠠᠭᠠᠴᠠ᠂ ᠬᠤᠯᠡ᠎ᠶ᠋ᠢᠨ ᠠᠶᠠᠨ᠎ᠳᠤ ᠴᠣᠴᠠᠰᠢ ᠦᠭᠡᠢ ᠰᠦᠰᠦ ᠵᠣᠷᠢᠭ ᠮᠢᠨᠢ ᠬᠦᠯᠦᠭ᠎ᠤᠨ ᠨᠢᠷᠦᠭᠤᠨ᠎ᠳᠤ ᠲᠠᠪᠲᠠᠭ᠍ᠳᠠᠬᠰᠠᠨᠨᠢ ᠢᠯᠡᠭᠡᠨ ᠡ!
ᠲᠡᠷᠨ ᠵᠢᠯ ᠨᠡᠢᠳᠡ᠎ᠶ᠋ᠢᠨ ᠰᠦᠷᠦᠭ᠎ᠤᠨ ᠦᠨᠦᠴᠢᠨ ᠣᠨᠠᠭ᠎ᠠ᠎ᠶ᠋ᠢ ᠮᠠᠨ᠎ᠤ᠎ᠳᠤ ᠡᠪᠦᠯᠵᠢᠭᠦᠯᠬᠦ᠌ᠠᠴᠠ ᠨᠦᠭᠦᠭᠡ ᠡᠷᠳᠡᠨᠢ᠎ᠶ᠋ᠢᠨ ᠬᠦᠯᠦᠭ ᠢᠶᠠᠨ ᠪᠢ ᠠᠩᠬ᠎ᠠ ᠣᠯᠵᠦ᠍ ᠠᠪᠣᠭ᠍ᠰᠠᠨ ᠶᠣᠮ᠃ ᠨᠢᠳᠦᠨ ᠨᠤᠣᠬᠠᠪᠠᠨ ᠲᠠᠭ᠎ᠠ ᠶᠠᠳᠠᠭ᠍ᠰᠠᠨ ᠬᠠᠷ᠎ᠠ ᠣᠨᠠᠭ᠎ᠠ ᠡᠪᠡᠰᠦᠨ ᠬᠠᠱᠢᠶᠠᠨ᠎ᠳᠤ ᠪᠠᠢᠬᠤ᠎ᠪᠠᠷ ᠣᠢᠷᠠᠳ᠎ᠦᠨ᠂ ᠮᠠᠭᠠᠵᠢᠵᠦ᠍ ᠮᠠᠯᠲᠠᠵᠦ᠍ ᠡᠳᠦᠷᠵᠢᠨ ᠣᠢᠷ᠎ᠠ ᠪᠠᠢᠵᠦ᠍᠂ ᠣᠰᠣᠨ᠎ᠳᠤ ᠬᠦᠳᠦᠯᠦᠨ ᠡᠪᠡᠰᠦ ᠣᠢᠷᠠᠲᠣᠭᠤᠯᠣᠨ᠂ ᠪᠣᠷᠳᠤᠭ᠎ᠠ ᠬᠤᠭᠤᠯᠠᠨ᠎ᠳᠤ ᠲᠠᠰᠭᠠᠵᠦ᠍ ᠡᠬᠢᠯᠡᠭ᠌ᠰᠡᠨ᠃ ᠬᠠᠪᠣᠷ᠎ᠨᠢ ᠨᠣᠭᠤᠭ᠎ᠠ᠎ᠲᠠᠢ ᠵᠣᠯᠭᠠᠨ ᠭᠤᠣᠵᠢᠵᠦ᠍ ᠴᠠᠢᠷᠠᠨ ᠣᠯᠠᠮ ᠰᠠᠢᠬᠠᠨ ᠪᠣᠯᠵᠦ᠍᠂ ᠨᠠᠳᠠ᠎ᠲᠠᠢ ᠪᠡᠷᠬᠡ ᠲᠠᠰᠴᠦ᠍ ᠬᠤᠯᠠ᠎ᠠᠴᠠ ᠦᠦᠷᠰᠡᠨ ᠲᠠᠪᠬᠢᠵᠦ᠍ ᠢᠷᠡᠨ᠎ᠡ᠃ ᠨᠢᠭᠡ ᠦᠳᠡᠰᠢ ᠪᠦᠯᠦ ᠠᠬ᠎ᠠ ᠮᠢᠨᠢ ᠮᠠᠨ᠎ᠤ᠎ᠳᠤ ᠢᠷᠡᠭᠡᠳ ᠨᠦᠭᠦᠭᠡ ᠬᠠᠷ᠎ᠠ ᠲᠠᠭ᠎ᠠ᠎ᠶ᠋ᠢ ᠬᠠᠷᠠᠨ᠄ 《ᠬᠦᠶᠢ ᠡᠨᠡ ᠴᠢᠨᠢ ᠰᠠᠢᠬᠠᠨ ᠪᠣᠯᠴᠢᠬᠠᠵᠠᠢ᠃ ᠰᠠᠢᠨ ᠮᠣᠷᠢ ᠪᠣᠯᠣᠨ᠎ᠠ᠂ ᠨᠣᠭᠤᠭᠠᠨ ᠮᠣᠷᠢ ᠶᠣᠮ ᠪᠠᠢᠨ᠎ᠠ᠃ ᠬᠤᠪᠣᠷ ᠬᠤᠪᠣᠷ》 ᠭᠡᠵᠦ᠍ ᠠᠳᠣᠭᠤᠴᠢᠨ ᠬᠦᠮᠦᠨ᠎ᠤ ᠠᠮᠠᠨ ᠪᠡᠯᠭᠡ ᠠᠢᠯᠠᠳᠣᠨ ᠨᠠᠮᠠᠶ᠋ᠢ ᠵᠠᠢᠳᠠᠯᠠᠭᠤᠯᠵᠦ᠍᠂ ᠪᠢ ᠬᠦᠯᠦᠭ᠎ᠤᠨ ᠨᠢᠷᠣᠭᠤᠨ᠎ᠠᠴᠠ ᠠᠩᠬ᠎ᠠ ᠬᠦᠮᠦᠨ᠎ᠤ ᠬᠤᠷᠸ᠎ᠠ᠎ᠶ᠋ᠢ ᠬᠠᠷᠠᠭ᠍ᠰᠠᠨ ᠪᠢᠯᠨ᠃ ᠬᠣᠵᠢᠮ ᠨᠢ ᠰᠣᠷᠭᠠᠭᠤᠯᠢ ᠰᠣᠶᠣᠯ᠎ᠤᠨ ᠮᠦᠷ ᠬᠦᠭᠡᠭᠡᠵᠦ᠍ ᠶᠠᠪᠣᠬᠣ ᠳ᠋ᠦ ᠬᠦᠭᠡᠷᠦᠬᠦᠢ ᠬᠠᠷ᠎ᠠ ᠲᠠᠭ᠎ᠠ ᠮᠢᠨᠢ ᠨᠡᠢᠳᠡ᠎ᠶ᠋ᠢᠨ ᠰᠦᠷᠦᠭ᠎ᠲᠡᠭᠡᠨ ᠪᠣᠴᠠᠨ᠂ ᠬᠡᠵᠢᠶ᠎ᠡ ᠰᠡᠭᠦᠯᠡᠷ᠎ᠨᠢ ᠨᠠᠮᠠᠶ᠋ᠢ ᠠᠩᠬ᠎ᠠ ᠲᠣᠮᠳᠠᠳᠣ᠎ᠳᠤ ᠰᠣᠷᠣᠯᠴᠠᠵᠦ ᠪᠠᠢᠬᠤ᠎ᠳᠤ ᠨᠦᠭᠦᠭᠡ ᠬᠠᠷ᠎ᠠ ᠲᠠᠭ᠎ᠠ ᠴᠢᠨᠢ ᠶᠣᠰᠣᠲᠠᠢ ᠬᠤᠷᠳᠣᠨ ᠠᠵᠢᠨᠠᠢ ᠪᠣᠯᠵᠦ᠍ ᠰᠣᠮᠣ ᠬᠤᠱᠢᠭᠤ᠂ ᠬᠠᠮᠢᠭ᠎ᠠ ᠬᠠᠮᠢᠭ᠎ᠠ ᠬᠤᠷᠳᠣᠯᠠᠯᠠ ᠭᠡᠵᠦ᠍ ᠠᠪᠤ ᠬᠢᠭᠡᠳ ᠪᠦᠯᠦ ᠠᠬ᠎ᠠ᠎ᠶᠢᠨ ᠶᠠᠷᠢᠶ᠎ᠠ᠎ᠶᠢ ᠰᠣᠨᠣᠰᠴᠦ᠍ ᠪᠠᠶᠠᠷᠯᠠᠨ ᠬᠦᠭᠡᠷᠦᠬᠦᠢ ᠨᠣᠭᠤᠭᠠᠨ ᠣᠨᠠᠭ᠎ᠠ ᠮᠢᠨᠢ ᠬᠡᠮᠡᠨ ᠲᠡᠭᠦᠨ᠎ᠤ ᠲᠣᠬᠠᠢ ᠣᠮᠣᠭ᠍ᠰᠢᠵᠦ᠍ ᠶᠠᠪᠣᠭ᠍ᠰᠠᠨ ᠣᠨ ᠵᠢᠯ ᠲᠡᠷᠨ ᠬᠤᠯᠨ ᠲᠣᠬᠤᠮᠲᠠᠢᠶ᠋ᠢᠨ ᠵᠡᠷᠭᠡᠯᠭᠡᠨᠳᠤ ᠵᠢᠷᠪᠢᠯᠵᠡᠨ ᠣᠳᠴᠠᠢ᠃ ᠦᠨᠳᠦᠷ ᠲᠣᠮᠳᠠᠳᠣ᠎ᠳᠤ ᠰᠣᠷᠣᠯᠴᠠᠵᠦ᠍ ᠪᠠᠢᠬᠰᠠᠨ ᠵᠣᠨ ᠨᠣᠳᠤᠭ᠎ᠤᠨ᠎ᠢᠶᠠᠨ ᠣᠪᠣᠭᠠᠨ ᠲᠠᠬᠢᠯᠭ᠎ᠠ᠎ᠳᠤ ᠬᠦᠷᠬᠦ᠌᠎ᠳᠤ ᠪᠦᠯᠦ ᠠᠬ᠎ᠠ᠄ 《ᠵᠠ ᠵᠠ᠂ ᠡᠨᠡ ᠵᠢᠯ ᠴᠢ ᠢᠷᠡᠭ᠌ᠰᠡᠨ ᠰᠠᠢᠨ ᠪᠣᠯᠣᠯ᠎ᠠ᠃ ᠴᠢᠨᠣ ᠮᠣᠷᠢ ᠴᠢᠨᠢ ᠢᠷᠡᠭ᠌ᠰᠡᠨ ᠱᠢᠦ!》 ᠭᠡᠳ ᠨᠠᠮᠠᠶ᠋ᠢ ᠲᠠᠭᠠᠭᠤᠯᠣᠨ ᠣᠷᠣᠯᠳᠣᠭᠠᠨᠤ ᠭᠠᠵᠠᠷ ᠣᠴᠢᠪᠠᠯ ᠮᠣᠷᠢ ᠮᠢᠨᠢ ᠲᠠᠨᠢᠭ᠍ᠳᠠᠬᠤ ᠦᠭᠡᠢ ᠰᠠᠢᠬᠠᠨ ᠬᠦᠯᠦᠭ ᠪᠣᠯᠵᠦ᠍᠂ ᠨᠠᠮᠠᠶ᠋ᠢ ᠣᠢᠷᠠᠳᠬᠤ ᠪᠠᠷ ᠦᠦᠷᠰᠡᠨ ᠦᠨᠦᠷᠯᠡᠵᠦ᠍᠂ ᠪᠢ ᠠᠷᠠᠢ ᠯᠡ ᠲᠠᠭᠤ ᠲᠠᠯᠪᠢᠭ᠍ᠰᠠᠨ ᠦᠭᠡᠢ᠂ ᠨᠢᠳᠦ ᠪᠣᠷᠣᠭᠤᠯᠠᠨ ᠪᠠᠢᠵᠦ᠍ ᠨᠢᠯᠪᠣᠰᠣ᠎ᠪᠠᠨ ᠲᠣᠭ᠍ᠲᠠᠭᠠᠵᠦ᠍ ᠪᠢᠯᠨ᠃ ᠮᠣᠷᠢ ᠭᠡᠳᠡᠭ ᠰᠠᠢᠬᠠᠨ ᠡᠯᠢᠭ᠌ᠡᠰᠡᠭ ᠠᠮᠢᠲᠠᠨ᠎ᠢ ᠪᠢ ᠡᠯᠢᠭᠡ ᠵᠢᠷᠦᠬᠡ᠎ᠪᠠᠷ ᠢᠶᠠᠨ ᠮᠡᠳᠡᠷᠡᠵᠦ᠍ ᠪᠢᠯᠨ᠂ ᠲᠡᠷᠨ ᠵᠣᠨ᠃
ᠨᠦᠭᠦᠭᠡ ᠭᠠᠷ᠎ᠢ ᠦᠨᠦᠷᠯᠡᠭ᠌ᠰᠡᠨ ᠮᠡᠳᠡᠷᠡᠮᠵᠢ ᠵᠢᠷᠦᠬᠡ ᠰᠡᠳᠭᠢᠯ᠎ᠳᠤ ᠬᠤᠨᠢᠶᠠᠰᠦ ᠪᠣᠯᠣᠨ ᠲᠣᠭ᠍ᠲᠠᠭ᠍ᠰᠠᠨ ᠶᠣᠮ ᠤᠤ ᠪᠣᠣ ᠮᠡᠳᠡ᠃ ᠵᠢᠯ᠎ᠳᠤ ᠨᠢᠭᠡ ᠬᠤᠶᠠᠷ ᠣᠳᠠᠭ᠎ᠠ ᠨᠣᠭᠤᠭᠠᠨ ᠣᠨᠠᠭ᠎ᠠ ᠵᠡᠭᠦᠳᠦᠨ᠎ᠳᠤ ᠢᠷᠡᠨ ᠭᠠᠷ᠎ᠢ ᠮᠢᠨᠢ ᠦᠨᠦᠷᠯᠡᠨ ᠰᠣᠴᠢᠨ ᠰᠡᠷᠢᠳᠡᠭ ᠪᠣᠯᠣᠭ᠍ᠰᠠᠨ ᠶᠣᠮ ᠳ᠋ᠠ᠂ ᠪᠣᠷᠬᠠᠨ ᠮᠢᠨᠢ᠃
ᠵᠢᠷᠠᠨ ᠭᠠᠵᠠᠷ᠎ᠤᠨ ᠠᠯᠣᠰ᠎ᠤᠨ ᠮᠣᠷᠢᠨ᠎ᠤ ᠣᠷᠣᠯᠳᠣᠭᠠᠨ᠎ᠳᠤ ᠮᠣᠩᠭᠤᠯ ᠮᠣᠷᠢᠳ ᠯᠡ ᠱᠢᠨᠳᠠᠰᠣ ᠦᠵᠡᠭᠦᠯᠦᠨ ᠲᠠᠪᠬᠢᠵᠦ᠍ ᠢᠷᠡᠳᠡᠭᠢ ᠣᠳᠣ ᠭᠠᠳᠠᠨ᠎ᠠ ᠳᠣᠳᠣᠨ᠎ᠠ᠎ᠶ᠋ᠢᠨ ᠬᠢᠨ ᠪᠦᠷ ᠯᠡ ᠭᠠᠢᠬᠠᠵᠦ᠍ ᠪᠠᠢᠳᠠᠭ᠃ ᠪᠣᠭᠤᠨᠢ ᠪᠠᠬᠢᠮ ᠴᠦ᠍ ᠮᠣᠩᠭᠤᠯ ᠮᠣᠷᠢᠨ᠎ᠤ ᠠᠯᠣᠰ᠎ᠤᠨ ᠡᠨᠡ ᠲᠡᠰᠪᠦᠷᠢ ᠲᠠᠭᠠᠭᠠᠴᠠ ᠪᠣᠰᠣᠳ ᠡᠭᠦᠯᠳᠡᠷ ᠲᠠᠢ ᠬᠠᠷᠢᠴᠠᠭᠤᠯᠬᠤ᠎ᠶ᠋ᠢᠨ ᠠᠷᠭ᠎ᠠ ᠦᠭᠡᠢ᠃ ᠶᠣᠰᠣᠲᠠᠢ ᠯᠡ ᠲᠡᠭ᠌ᠷᠢ᠎ᠶ᠋ᠢᠨ ᠬᠦᠯᠦᠭ ᠭᠡᠳᠡᠭ᠎ᠢᠶᠠᠨ ᠦᠵᠡᠭᠦᠯᠦᠨ᠎ᠡ᠃ ᠡᠨᠡ ᠶᠡᠭᠡ ᠬᠠᠳᠠᠭᠤ ᠱᠢᠷᠦᠭᠦᠨ ᠪᠠᠢᠭᠠᠯᠢ ᠠᠬᠤᠢ ᠳ᠋ᠦ ᠮᠣᠩᠭᠤᠯ᠎ᠤᠨ ᠦᠨᠳᠦᠷᠯᠢᠭ᠎ᠠᠴᠠ ᠠᠪᠣᠭ᠍ᠰᠠᠨ ᠪᠡᠶ᠎ᠡ ᠱᠢᠨᠳᠠᠰᠣ᠂ ᠲᠡᠭᠡᠭᠡᠳ ᠯᠡ ᠢᠯᠡᠷᠡᠨ᠎ᠡ᠃ ᠦᠷᠭᠡᠨ ᠠᠭᠤᠳᠠᠮ ᠬᠡᠭᠡᠷ᠎ᠡ ᠲᠡᠯ᠎ᠡ᠎ᠳᠤ ᠬᠦᠯᠦᠭ ᠬᠦᠮᠦᠨ ᠬᠤᠶᠠᠷ ᠣᠷᠳᠦ ᠣᠳᠠᠭᠠᠨ ᠵᠢᠯ ᠲᠡᠣᠬᠡ᠎ᠶ᠋ᠢ ᠪᠦᠳᠦᠭᠡᠬᠦ᠌ ᠳ᠋ᠡᠭᠡᠨ ᠣᠷᠳᠦ᠍ᠶ᠋ᠢᠨ ᠲᠠᠭᠤᠣ ᠬᠡᠮᠡᠬᠦ᠌ ᠲᠡᠭ᠌ᠷᠢ ᠭᠠᠵᠠᠷ᠎ᠤᠨ ᠵᠠᠢ᠎ᠶᠢ ᠬᠡᠮᠵᠢᠭ᠌ᠰᠡᠨ ᠱᠢᠷᠣᠩᠬᠠᠢᠶ᠋ᠢ ᠪᠦᠳᠦᠭᠡᠵᠡᠢ᠃
ᠮᠣᠩᠭᠤᠯ ᠮᠣᠷᠢᠨ᠎ᠤ ᠵᠢᠰᠦᠮ᠎ᠳᠤ ᠨᠢᠭᠡᠨ ᠭᠠᠢᠬᠠᠯᠲᠠᠢ ᠵᠢᠰᠦᠮ ᠪᠠᠢᠳᠠᠭ᠃ ᠲᠡᠯᠡᠬᠡᠢ ᠨᠡᠢᠳᠡ᠎ᠶ᠋ᠢᠨ ᠬᠦᠬᠡ ᠦᠩᠭᠡ᠎ᠶ᠋ᠢ ᠮᠣᠩᠭᠤᠯᠴᠣᠳ ᠪᠣᠷᠣ ᠭᠡᠵᠦ᠍ ᠬᠡᠯᠡᠵᠦ᠍ ᠪᠠᠢᠳᠠᠭ᠃ ᠡᠷᠳᠡᠮᠳᠡᠳ᠎ᠤᠨ ᠰᠣᠳᠣᠯᠭᠠᠨ ᠶᠠᠩᠵᠦ᠍ ᠶᠠᠩᠵᠦ᠍᠎ᠶᠢᠨ ᠪᠠᠢᠵᠦ᠂ ᠵᠠᠷᠢᠮ᠎ᠨᠢ ᠪᠣᠷᠬᠠᠨ ᠬᠠᠯᠳᠣᠨ ᠠᠭᠤᠯᠠ᠎ᠲᠠᠢ ᠬᠤᠯᠪᠣᠨ ᠲᠠᠢᠯᠪᠣᠷᠢᠯᠠᠳᠠᠭ᠃ ᠵᠠᠷᠢᠮ᠎ᠨᠢ ᠪᠣᠷᠭᠠᠰᠣ ᠮᠣᠳᠣᠯᠤᠭᠠ ᠴᠦ᠍ ᠬᠤᠯᠪᠣᠨ ᠶᠠᠷᠢᠳᠠᠭ᠂ ᠪᠠᠰᠨ ᠵᠠᠷᠢᠮ᠎ᠨᠢ ᠪᠣᠷᠬᠠᠨ ᠲᠡᠭ᠌ᠷᠢ᠎ᠲᠠᠢ ᠴᠦ᠍ ᠬᠤᠯᠪᠣᠨ ᠦᠭᠦᠯᠡᠳᠡᠭ᠃ ᠶᠠᠷᠣᠨᠢ ᠠᠯᠢ ᠠᠯᠢ᠎ᠨᠢ ᠴᠦ᠍ ᠪᠣᠯᠣᠮᠵᠢ᠎ᠲᠠᠢ ᠪᠠᠢᠳᠠᠭ᠃ ᠪᠦᠷ ᠯᠡ ᠡᠨᠡ ᠵᠢᠰᠦᠮ ᠢ ᠬᠦᠨᠳᠦᠯᠡᠨ ᠲᠡᠭᠡᠳᠦᠯᠡᠭ᠌ᠰᠡᠨ ᠣᠳᠭᠠᠲᠠᠢᠨᠢ ᠢᠯᠡᠳᠳᠡ᠃ ᠬᠢᠯᠭᠠᠰᠣᠨ ᠰᠣᠶᠣᠯ ᠭᠡᠳᠡᠭ ᠶᠡᠭᠡ ᠭᠠᠢᠬᠠᠮᠱᠢᠭ᠎ᠢ ᠮᠣᠩᠭᠤᠯᠴᠣᠳ ᠪᠢᠳᠡ ᠯᠡ ᠪᠦᠳᠦᠭᠡᠵᠡᠢ᠃ ᠪᠢᠳᠡ ᠬᠦᠯᠦᠭ ᠮᠣᠷᠢᠳᠢ ᠲᠡᠩᠳᠡᠭᠦᠦ ᠶᠡᠭᠡ ᠣᠢᠯᠠᠭᠠᠨ ᠮᠡᠳᠡᠷᠡᠵᠦ᠍᠂ ᠲᠠᠨᠢᠨ ᠣᠬᠠᠭ᠍ᠰᠠᠨᠤ ᠳᠣᠳᠣ ᠵᠢᠱᠶ᠋ᠶ᠎ᠡ ᠳ᠋ᠡ ᠡᠨᠡ ᠦᠭᠡ᠂ ᠡᠨᠡ ᠵᠢᠰᠦᠮ ᠣᠶᠣᠨ ᠣᠬᠠᠭᠠᠨ᠎ᠠᠴᠠ ᠣᠨᠳᠣᠷᠣᠨ ᠬᠠᠷᠠᠭ᠎ᠠ᠎ᠶ᠋ᠢ ᠮᠢᠨᠢ ᠬᠦᠷᠳᠡᠯ᠎ᠡ ᠦᠪᠡᠷᠮᠢᠴᠠ ᠪᠦᠳᠦᠭᠡᠵᠦ᠍ ᠪᠠᠢᠨ᠎ᠠ ᠤᠤ ᠭᠡᠮᠡᠷ᠃
ᠣᠳᠣᠮ ᠰᠣᠳᠣᠷ᠎ᠢᠶᠠᠨ ᠮᠡᠳᠡᠳᠡᠭ ᠮᠣᠩᠭᠤᠯ ᠮᠣᠷᠢᠳ ᠬᠠᠪᠣᠷ ᠬᠠᠪᠣᠷ ᠪᠠᠢᠳᠠᠰᠣᠪᠠᠨ ᠬᠠᠰᠣᠵᠦ᠍᠂ ᠦᠷ᠎ᠡ ᠣᠳᠣᠮ᠎ᠢᠶᠠᠨ ᠴᠡᠪᠡᠷ ᠪᠠᠢᠯᠭᠠᠳᠠᠭ ᠪᠣᠷᠬᠠᠨ ᠣᠬᠠᠭᠠᠨ᠎ᠲᠠᠢ ᠰᠡᠷᠭᠦᠯᠡᠩ ᠠᠮᠢᠲᠠᠨ᠃ ᠰᠣᠷᠭᠠᠭᠤᠯᠢ᠎ᠶ᠋ᠢᠨ ᠮᠢᠨᠢ ᠮᠠᠨᠠᠭᠠᠴᠢ ᠲᠣᠭᠤ ᠭᠡᠳᠡᠭ ᠡᠪᠦᠭᠡᠨ ᠵᠠᠯᠠᠭᠤ ᠳ᠋ᠠᠭᠠᠨ ᠬᠠᠰᠢᠷ ᠠᠳᠣᠭᠤᠴᠢᠨ ᠪᠠᠢᠭ᠍ᠰᠠᠨ᠃ ᠬᠠᠶᠠ ᠪᠢ ᠰᠡᠯᠡᠭᠦᠦ ᠦᠶ᠎ᠡ᠎ᠳᠡᠭᠡᠨ ᠡᠪᠦᠭᠡᠨ᠎ᠠᠴᠠ ᠠᠳᠣᠭᠤᠨ᠎ᠤ ᠵᠣᠭᠤᠭ ᠰᠣᠨᠣᠰᠭᠤ ᠲᠣᠷᠠᠲᠠᠢ᠃ ᠬᠠᠪᠣᠷ ᠬᠠᠰᠣᠭ᠍ᠳᠠᠭ᠍ᠰᠠᠨ ᠪᠠᠢᠳᠠᠰᠣ ᠵᠢ ᠶᠠᠭᠠᠬᠢᠵᠦ᠍ ᠡᠷᠢᠬᠦ᠌ ᠲᠣᠬᠠᠢ ᠡᠪᠦᠭᠡᠨ ᠲᠡᠷᠡ ᠣᠳᠠᠭ᠎ᠠ ᠢᠡᠭ᠌ᠭᠢᠵᠦ᠍ ᠶᠠᠷᠢᠵᠠᠢ᠄ ᠪᠠᠢᠳᠠᠰᠦ ᠬᠦᠨᠳᠡᠯᠡᠨ ᠭᠤᠣᠯ ᠵᠦᠭ ᠬᠠᠰᠣᠭ᠍ᠳᠠᠨ ᠶᠠᠪᠣᠳᠠᠭ᠃ ᠶᠠᠭᠠᠬᠢᠭ᠍ᠰᠠᠨ ᠴᠦ᠍ ᠭᠤᠣᠯ ᠣᠷᠣᠭᠤᠳᠠᠨ ᠦᠭ᠌ᠰᠦᠨ ᠶᠠᠪᠣᠬᠤ ᠦᠭᠡᠢ᠃ ᠲᠡᠷᠨ ᠡᠳᠦᠷ᠎ᠤᠨ ᠵᠢᠪᠠᠷ᠎ᠤᠨ ᠵᠡᠭᠦᠨ ᠪᠠᠷᠠᠭᠤᠨ᠎ᠢ᠎ᠨᠢ ᠲᠣᠭ᠍ᠳᠠᠭᠠᠴᠢᠬᠠᠪᠠᠯ ᠵᠢᠪᠠᠷ ᠪᠠᠷᠢᠭᠠᠳ ᠯᠠ ᠡᠷᠢᠬᠦ᠌᠎ᠳᠤ ᠵᠡᠭᠦᠨ ᠪᠠᠷᠠᠭᠤᠨ ᠭᠤᠣᠯ᠎ᠠᠴᠠ ᠣᠯᠣᠨ᠎ᠠ ᠱᠢᠦ ᠭᠡᠵᠡᠢ᠃ ᠠᠲᠣᠭᠣ ᠭᠡᠲᠡᠭ ᠭᠠᠢᠬᠠᠯᠲᠠᠢ ᠮᠡᠷᠭᠡᠨ ᠠᠳᠣᠭᠤᠰᠣ᠃ ᠨᠢᠭᠡ ᠭᠤᠣᠯ᠎ᠤᠨ᠎ᠬᠢᠨ ᠭᠡᠳᠡᠭ ᠦᠪᠡᠷ ᠵᠠᠭᠤᠷ᠎ᠠ ᠭᠡᠳᠡᠭ ᠢ ᠮᠡᠳᠡᠷᠡᠭ᠌ᠰᠡᠨ ᠪᠠᠢᠬ᠎ᠠ᠃ ᠲᠡᠭᠦᠨ᠎ᠢ᠎ᠨᠢ ᠮᠠᠯᠴᠢ ᠠᠳᠣᠭᠤᠴᠢᠨ ᠣᠳᠣᠮᠤᠨᠬᠢᠨ ᠬᠢᠷᠠᠬᠠᠢ ᠠᠵᠢᠵᠠᠢ᠃ ᠮᠠᠯ ᠡᠵᠡᠨ ᠭᠡᠳᠡᠭ ᠢᠩᠭᠢᠵᠦ᠍ ᠯᠡ ᠢᠷᠡᠨ᠎ᠡ᠃ ᠲᠣᠭᠤ ᠠᠪᠤ᠎ᠶ᠋ᠢᠨ ᠪᠡᠶ᠎ᠡ ᠬᠦᠳᠡᠷ ᠴᠢᠬᠢᠷᠠᠭ᠃ ᠢᠳᠡ ᠵᠠᠯᠠᠭᠤ ᠳ᠋ᠠᠭᠠᠨ ᠰᠠᠢᠬᠠᠨ ᠪᠠᠷᠢᠯᠳᠣᠵᠦ᠍᠂ ᠮᠣᠷᠢᠨ ᠲᠡᠭᠡᠷ᠎ᠡ ᠨᠠᠰᠣ᠎ᠶ᠋ᠢ ᠡᠯᠡᠭᠡᠭᠰᠡᠨ ᠡᠪᠦᠬᠡᠨ᠎ᠤ ᠪᠠᠶ᠎ᠠ ᠬᠠᠳᠠ ᠴᠢᠯᠠᠭᠤ ᠮᠡᠳᠦ ᠪᠠᠬᠢ ᠬᠠᠳᠠᠭᠤ᠂ ᠬᠠᠨ ᠠᠭᠤᠯᠨ ᠮᠡᠳᠦ ᠰᠦᠷ ᠵᠢᠪᠬᠤᠭ᠎ᠠ᠎ᠲᠠᠢ᠂ ᠣᠢ ᠲᠣᠢ ᠨᠢ ᠭᠠᠢᠬᠠᠯᠲᠠᠢ ᠬᠤᠷᠴᠠ ᠬᠦᠩᠭᠡᠨ᠃ ᠣᠳᠣ ᠲᠡᠯᠡᠬᠡᠢ ᠲᠡᠭᠡᠷ᠎ᠡ ᠮᠣᠷᠢ ᠣᠨᠣᠭᠤᠯᠣᠨ ᠬᠡᠣᠬᠡᠳ᠎ᠤᠨ ᠭᠠᠬᠴᠠᠭᠠᠷᠳᠠᠯ ᠭᠠᠩᠰᠠᠷᠠᠯ᠎ᠤᠨ ᠡᠪᠡᠳᠴᠢᠨ᠎ᠢ ᠠᠨᠠᠭᠠᠵᠦ᠍ ᠪᠠᠢᠬᠤ᠎ᠶ᠋ᠢ ᠪᠢ ᠲᠦᠷᠦᠭᠦᠬᠡᠨ ᠰᠣᠨᠢᠨ᠎ᠠᠴᠠ ᠬᠠᠷᠠᠯ᠎ᠠ᠃ ᠶᠣᠰᠣᠲᠠᠢ ᠵᠦᠪ ᠵᠢᠯᠣᠭᠤ᠃ ᠮᠣᠷᠢᠨ᠎ᠤ ᠨᠢᠷᠣᠭᠤᠨᠤ ᠰᠠᠵᠢᠯᠠᠬᠤ ᠰᠡᠭ᠌ᠰᠦᠷᠬᠦ᠌ ᠬᠦᠳᠡᠯᠭᠡᠭᠡᠨ᠎ᠨᠢ ᠬᠦᠮᠦᠨ᠎ᠤ ᠪᠡᠶ᠎ᠡ᠎ᠶ᠋ᠢᠨ ᠡᠯ᠎ᠡ ᠡᠷᠬᠡᠳᠡᠨᠢ ᠬᠦᠳᠡᠯᠭᠡᠭᠡᠨ᠎ᠳᠤ ᠣᠷᠣᠭᠤᠯᠣᠨ᠂ ᠬᠡᠣᠬᠡᠳ ᠵᠠᠯᠠᠭᠤᠴᠣᠳ᠎ᠤᠨ ᠪᠡᠶ᠎ᠡ ᠪᠢᠯᠳᠡᠷ᠎ᠤᠨ ᠭᠤᠸ᠎ᠠ ᠰᠠᠢᠬᠠᠨ ᠢ ᠲᠣᠭ᠍ᠲᠠᠭᠠᠳᠠᠭ ᠪᠦᠭᠡᠳ ᠵᠦᠪ ᠬᠦᠳᠡᠯᠭᠡᠭᠡᠨ᠎ᠨᠢ ᠣᠶᠣᠨ ᠣᠬᠠᠭᠠᠨ᠎ᠤ ᠦᠰᠦᠯᠳᠡ᠎ᠶᠢ ᠨᠦᠯᠦᠭᠡᠯᠡᠵᠦ᠂ ᠣᠶᠣᠨ ᠣᠬᠠᠭ᠎ᠠ᠎ᠨᠢ ᠬᠤᠷᠴᠠ ᠰᠡᠷᠭᠡᠭ ᠪᠣᠯᠭᠠᠨ᠎ᠠ ᠭᠡᠳᠡᠭ᠎ᠢ ᠲᠡᠯᠡᠬᠡᠢ᠎ᠶ᠋ᠢᠨ ᠡᠷᠳᠡᠮᠳᠡᠳ ᠪᠠᠷᠢᠮᠳᠡ᠎ᠲᠠᠢ ᠨᠣᠳᠠᠯᠠᠨ ᠭᠠᠷᠭᠠᠵᠠᠢ᠃
ᠬᠤᠯᠡ᠎ᠶ᠋ᠢᠨ ᠠᠶᠠᠨ᠎ᠳᠤ ᠴᠣᠴᠠᠰᠢ ᠦᠭᠡᠢ ᠬᠦᠯᠦᠭ ᠮᠣᠷᠢᠳ᠎ᠤᠨ ᠬᠠᠴᠢᠨ ᠭᠠᠢᠬᠠᠯᠲᠠᠢ ᠦᠯᠢᠭᠡᠷ ᠭᠡᠪᠡᠯ ᠬᠡᠳᠦᠨ ᠮᠢᠩᠭᠠᠨ ᠪᠡᠷ᠎ᠡ᠎ᠶ᠋ᠢᠨ ᠠᠯᠣᠰ᠎ᠠᠴᠠ ᠨᠣᠳᠤᠭ ᠵᠦᠭ᠎ᠢᠶᠠᠨ ᠲᠡᠮᠡᠦᠯᠦᠭ᠌ᠰᠡᠨ ᠰᠡᠳᠭᠢᠯ ᠶᠣᠮ᠃ ᠮᠣᠩᠭᠤᠯ ᠠᠳᠣᠭᠤ ᠨᠣᠳᠣᠭ᠍ᠴᠢ᠃ ᠲᠡᠬᠦᠨ᠎ᠤ ᠲᠡᠰᠪᠦᠷᠢ ᠳᠠᠭᠠᠭᠠᠴᠠ᠎ᠶᠢ ᠪᠣᠰᠣᠳ ᠮᠣᠷᠢᠳ᠎ᠲᠠᠢ ᠬᠠᠷᠢᠴᠠᠭᠤᠯᠬᠤ᠎ᠶ᠋ᠢᠨ ᠠᠷᠭ᠎ᠠ ᠦᠭᠡᠢ᠃ ᠬᠦᠭᠡᠷᠦᠬᠦᠢ ᠳᠡᠷᠨ ᠰᠡᠳᠭᠢᠯ᠂ ᠲᠡᠷᠨ ᠬᠠᠳᠠᠭᠤ ᠬᠦᠮᠦᠨ ᠠᠷᠢᠶᠠᠲᠠᠨ᠎ᠤ ᠱᠢᠨᠣᠯᠳᠦ ᠬᠠᠷᠠᠴᠠᠨ ᠲᠣᠮᠳᠠᠭᠤᠷ᠂ ᠦᠯᠦᠰᠭᠦ ᠣᠮᠳᠠᠭᠠᠰᠭᠤᠶ᠋ᠢᠨ ᠵᠣᠪᠠᠯᠠᠩ ᠲᠣᠮᠳᠠᠭᠤᠷ ᠨᠣᠳᠤᠭ ᠵᠦᠭ᠎ᠢᠶᠠᠨ᠂ ᠵᠣᠷᠢᠭ᠍ᠰᠠᠨ ᠵᠦᠭ᠎ᠢᠶᠠᠨ ᠲᠡᠮᠡᠦᠯᠦᠨ᠎ᠡ᠃ ᠡᠭᠡᠯ ᠪᠣᠷᠣᠬᠠᠨ ᠮᠠᠯᠴᠢᠨ ᠠᠮᠢᠳᠣᠷᠠᠯ᠎ᠠᠴᠠ ᠲᠦᠷᠦ᠍ ᠲᠦᠮᠡᠨ᠎ᠤ ᠬᠦᠨᠳᠦᠳᠭᠡᠯ ᠬᠦᠷᠳᠡᠯ᠎ᠡ ᠮᠠᠨ᠎ᠤ ᠠᠮᠢᠳᠣᠷᠠᠯ᠎ᠳᠤ ᠠᠳᠣᠭᠤ ᠶᠡᠭᠡ ᠭᠦᠨ ᠠᠭᠤᠰᠴᠦ᠍ ᠣᠷᠣᠵᠠᠢ᠃ ᠨᠦᠭᠦᠭᠡ ᠨᠣᠳᠤᠭ ᠪᠣᠴᠠᠳᠠᠭ ᠬᠦᠯᠦᠭ᠎ᠤᠨ ᠰᠣᠷᠮᠣᠣᠰᠦᠶ᠋ᠢ ᠬᠠᠢᠴᠢᠯᠠᠨ ᠨᠣᠳᠤᠭ ᠨᠣᠳᠤᠭ᠎ᠤᠨ ᠶᠠᠩᠵᠦ᠍᠎ᠶ᠋ᠢᠨ ᠳᠣᠮᠢ ᠬᠢᠭ᠌ᠰᠡᠨ ᠨᠠᠷᠢᠨ ᠰᠠᠢᠬᠠᠨ ᠣᠬᠠᠭᠠᠨ᠎ᠲᠠᠢ ᠬᠦᠯᠦᠭ ᠬᠦᠮᠦᠨ ᠬᠤᠶᠠᠷ᠎ᠢ ᠬᠤᠯᠪᠣᠭ᠍ᠰᠠᠨ ᠣᠬᠠᠭᠠᠳᠣ ᠠᠷᠠᠳ ᠲᠦᠮᠡᠨ ᠶᠣᠮ ᠳ᠋ᠠ᠃ ᠠᠳᠣᠭᠤ ᠡᠪᠱᠢᠶᠡᠬᠦ᠌ᠶ᠋ᠢ ᠪᠣᠶᠠᠨ ᠭᠡᠵᠦ᠍ ᠪᠡᠯᠭᠡᠱᠢᠶᠡᠨ᠂ ᠮᠣᠷᠢ ᠪᠠᠭᠤᠳᠠᠭ ᠱᠠᠭ᠎ᠠ᠎ᠪᠠᠨ ᠨᠠᠨᠳᠢᠩᠨᠠᠨ᠂ ᠦᠨᠳᠦᠷ ᠪᠣᠷᠣ᠎ᠪᠠᠨ ᠲᠠᠬᠢᠨ᠂ ᠡᠮᠡᠭᠡᠯ᠂ ᠣᠷᠭ᠎ᠠ᠂ ᠴᠡᠭᠡ᠎ᠶ᠋ᠢ ᠣᠨᠴᠠ ᠲᠡᠭᠡᠳᠦᠯᠡᠭ᠌ᠰᠡᠨ ᠰᠠᠢᠬᠠᠨ ᠵᠠᠩᠱᠢᠯ᠎ᠳᠦ ᠠᠷᠠᠳ ᠵᠣᠨ ᠶᠣᠮ ᠪᠢᠳᠡ᠃ ᠮᠣᠷᠢᠨ ᠲᠣᠯᠣᠭᠠᠢ ᠮᠣᠯᠣᠷ ᠡᠷᠳᠡᠨᠢ᠂ ᠠᠳᠣᠭᠤᠨ ᠣᠪᠣᠭᠠᠨᠤ ᠲᠠᠬᠢᠯᠭ᠎ᠠ ᠡᠭᠦᠰᠭᠡᠨ᠂ ᠠᠳᠣᠭᠤ᠎ᠪᠠᠨ ᠱᠢᠨᠡᠯᠡᠭᠦᠯᠵᠦ᠍᠂ ᠬᠡᠭᠦᠦ ᠪᠠᠷᠢᠬᠤ ᠨᠠᠢᠷ᠂ ᠲᠠᠮᠠᠭᠠᠨ ᠨᠠᠢᠷ ᠬᠢᠵᠦ᠍᠂ ᠬᠡᠢᠮᠣᠷᠢ ᠬᠡᠮᠡᠬᠦ᠌ ᠱᠢᠳᠢᠳᠦ ᠦᠭᠡ ᠪᠦᠳᠦᠭᠡᠨ᠂ ᠴᠣᠣᠳᠣ᠎ᠶ᠋ᠢᠨ ᠴᠠᠭᠠᠭ᠍ᠴᠢ ᠬᠡᠬᠦᠦ ᠴᠣᠣᠷᠠᠢ ᠴᠠᠭᠠᠨ ᠣᠨᠠᠭ᠎ᠠ ᠬᠡᠮᠡᠨ ᠦᠯᠢᠭᠡᠷ᠎ᠤᠨ ᠲᠠᠯᠠᠢ᠎ᠳᠤ ᠬᠡᠣᠬᠡᠳ ᠠᠴᠢᠷ᠎ᠢᠶᠠᠨ ᠦᠰᠭᠡᠭ᠌ᠰᠡᠨ ᠠᠳᠣᠭᠤᠨ᠎ᠤ ᠰᠣᠶᠣᠯ᠎ᠢ ᠶᠠᠷᠢᠭᠠᠳ ᠦᠯᠦ᠍ ᠪᠠᠷᠠᠨᠠᠮ᠃
ᠢᠷᠠᠭᠤ ᠰᠠᠢᠬᠠᠨ ᠮᠣᠩᠭᠤᠯ ᠬᠡᠯᠡᠨ᠎ᠳᠤ ᠮᠢᠨᠢ ᠠᠳᠣᠭᠤᠨ᠎ᠤ ᠠᠯᠲᠠᠨ ᠲᠣᠭᠤᠷᠠᠢ ᠭᠢᠯᠠᠯᠵᠠᠨ ᠲᠠᠴᠢᠬᠢᠨᠡᠵᠦ᠂ ᠠᠵᠢᠷᠭᠠᠨ ᠪᠣᠷᠣᠭᠠᠨ᠂ ᠠᠵᠢᠷᠭᠠᠨ ᠦᠶᠡᠷ᠂ ᠠᠯᠲᠠᠨ ᠰᠠᠨᠳᠠᠯᠢ᠂ ᠪᠠᠶᠠᠨ ᠬᠤᠳᠣᠭᠤᠳᠣ᠂ ᠮᠣᠷᠢᠨ ᠵᠡᠭᠡᠷᠭᠡᠨ᠎ᠡ᠂ ᠮᠣᠷᠢᠨ ᠬᠡᠳᠡᠭᠡᠨ᠎ᠡ᠂ ᠮᠣᠷᠢᠨ ᠱᠢᠪᠠᠭ ᠁ ᠲᠠᠭᠤᠳᠠᠭ᠍ᠳᠠᠨ ᠣᠨᠠᠭᠠᠨ ᠵᠡᠯ᠎ᠡ᠎ᠶ᠋ᠢᠨ ᠱᠢᠪᠱᠢᠯᠭᠡ᠂ ᠠᠵᠢᠷᠭ᠎ᠠ ᠲᠠᠯᠪᠢᠬᠤ ᠱᠢᠪᠰᠢᠯᠭᠡ᠂ ᠵᠦᠢᠷ ᠰᠡᠴᠡᠨ ᠦᠭᠡ᠂ ᠢᠷᠦᠭᠡᠯ ᠮᠠᠭ᠍ᠳᠠᠭᠠᠯ ᠬᠤᠯᠪᠣᠭ᠍ᠳᠠᠵᠦ᠍ ᠪᠢᠯᠡ᠃ 《ᠭᠤᠳᠣᠩ ᠢᠳᠡᠪᠡᠯ ᠮᠣᠷᠢ ᠱᠢᠷᠪᠠᠨᠠ᠂ ᠪᠦᠳᠦᠷᠬᠡᠢ ᠢᠳᠡᠪᠡᠯ ᠮᠣᠷᠢ ᠪᠦᠳᠦᠷᠢᠨ᠎ᠡ》᠂ 《ᠠᠭ᠍ᠳᠠ᠎ᠶ᠋ᠢᠨ ᠰᠠᠢᠨ᠎ᠢ ᠣᠨᠣᠨ ᠪᠠᠢᠵᠦ᠍᠂ ᠠᠨᠳᠠ᠎ᠶ᠋ᠢᠨ ᠰᠠᠢᠨ᠎ᠢ ᠬᠠᠨᠢᠯᠠᠨ ᠪᠠᠢᠵᠦ᠍》 ᠬᠡᠮᠡᠨ ᠬᠦᠳᠡᠭᠡᠨ᠎ᠤ ᠬᠦᠬᠡ ᠡᠪᠦᠭᠡᠳ ᠶᠠᠷᠢᠵᠦ᠍ ᠯᠡ ᠪᠠᠢᠳᠠᠭ ᠪᠣᠶᠠᠨ ᠶᠣᠮ᠃ ᠮᠣᠷᠢᠨ ᠬᠤᠭᠤᠷ᠂ ᠮᠣᠷᠢᠨ ᠪᠦᠵᠢᠭ ᠭᠡᠵᠦ᠍ ᠪᠦᠳᠦᠭᠡᠨ ᠠᠯᠲᠠᠨ ᠲᠡᠯᠡᠬᠡᠢ᠎ᠳᠤ ᠠᠳᠣᠭᠤ᠎ᠳᠦ ᠨᠣᠳᠤᠭ᠎ᠤᠨ ᠰᠠᠢᠬᠠᠨ᠎ᠢᠶᠠᠨ ᠭᠠᠢᠬᠠᠭᠤᠯᠵᠦ᠍ ᠢᠷᠡᠭ᠌ᠰᠡᠨ ᠪᠢᠯᠡ ᠪᠢᠳᠡ᠃
ᠡᠷᠳᠡᠨ᠎ᠤ ᠰᠣᠳᠣᠷ ᠲᠡᠮᠳᠡᠭ᠌ᠯᠡᠯ᠎ᠳᠤ ᠴᠦ᠍ ᠬᠦᠯᠦᠭ ᠮᠣᠷᠢᠨ᠎ᠤ ᠡᠷᠬᠢᠮ ᠨᠠᠨᠳᠢᠨ᠎ᠢ ᠲᠣᠷᠠᠢᠲᠠᠯᠠ ᠦᠯᠡᠳᠡᠭᠡᠵᠦ ᠲᠡᠮᠲᠡᠭᠯᠡᠭᠰᠡᠨ ᠶᠣᠮ᠃《ᠬᠠᠭᠤᠴᠢᠨ ᠲᠠᠩ ᠣᠯᠣᠰ᠎ᠤᠨ ᠪᠢᠴᠢᠭ ᠲᠠᠭᠤᠣ ᠬᠦᠭ᠌ᠵᠢᠮ᠎ᠤᠨ ᠲᠡᠮᠳᠡᠭ᠌ᠯᠡᠯ》᠎ᠤᠨ 《ᠬᠣ᠌ᠶ᠋ᠢᠨ ᠦᠯᠢᠭᠡᠷ ᠲᠠᠭᠤᠣ》ᠳ᠋ᠦ᠄
《ᠦᠯᠦᠭᠡᠢ ᠨᠣᠳᠤᠭ ᠴᠢ ᠯᠢᠶᠠᠨ ᠱᠠᠨ᠎ᠢᠶᠠᠨ ᠠᠯᠳᠠᠭᠠᠳ
ᠦᠨᠢᠷ ᠰᠦᠷᠦᠭ ᠮᠢᠨᠢ ᠦᠰᠭᠦ᠎ᠪᠠᠨ ᠪᠣᠯᠢᠵᠡᠢ
ᠦᠵᠡᠮᠵᠢᠳᠦ ᠠᠭᠤᠯᠠ ᠶᠠᠨ ᡁᠢ ᠱᠠᠨ᠎ᠢᠶᠠᠨ ᠠᠯᠳᠠᠭᠠᠳ
ᠦᠵᠡᠰᠭᠦᠯᠡᠩ ᠬᠡᠣᠬᠡᠨᠴᠣᠳ ᠴᠦ᠍ ᠦᠩᠭᠡ ᠵᠢᠰᠦ᠎ᠪᠠᠨ ᠠᠯᠳᠠᠵᠠᠢ》 ᠬᠡᠮᠡᠨ ᠬᠦᠯᠦᠭ ᠨᠣᠳᠤᠭ᠎ᠤᠨ ᠰᠠᠢᠬᠠᠨ ᠬᠤᠯᠪᠣᠭ᠎ᠠ᠎ᠶ᠋ᠢ ᠢᠯᠡᠷᠬᠡᠢᠯᠡᠭ᠌ᠰᠡᠨ ᠲᠠᠭᠤᠣ᠎ᠪᠠᠨ ᠭᠢᠩᠱᠢᠵᠦ᠍ ᠶᠠᠪᠣᠵᠠᠢ᠃
ᠭᠠᠢᠬᠠᠮᠱᠢᠭ᠍ᠳᠦ ᠮᠣᠩᠭᠤᠯ ᠮᠣᠷᠢ ᠮᠢᠨᠢ᠂ ᠭᠠᠢᠬᠠᠮᠱᠢᠭ᠍ᠳᠦ ᠰᠠᠢᠬᠠᠨ ᠮᠣᠩᠭᠤᠯ᠎ᠤᠨ ᠦᠨᠳᠦᠷᠯᠢᠭ ᠮᠢᠨᠢ᠂ ᠪᠢᠳᠡᠨ᠎ᠤ ᠴᠢᠰᠦᠨ᠎ᠳᠤ ᠡᠷᠳᠡᠨᠢ᠎ᠶ᠋ᠢᠨ ᠬᠦᠯᠦᠭ ᠦᠦᠷᠰᠡᠯᠳᠦᠨ ᠲᠠᠪᠬᠢᠯᠳᠦᠵᠦ᠍ ᠪᠠᠢᠨᠠᠮ᠃ ᠦᠴᠦᠭᠡᠲᠦᠷ ᠰᠦᠨᠢ ᠪᠢ ᠬᠠᠷ᠎ᠠ ᠪᠠᠭ᠎ᠠ᠎ᠶ᠋ᠢᠨ ᠨᠣᠭᠤᠭᠠᠨ ᠣᠨᠠᠭ᠎ᠠ ᠪᠠᠨ ᠵᠡᠭᠦᠳᠦᠯᠡᠵᠡᠢ᠃ ᠠᠳᠣᠭᠤᠨ ᠰᠦᠷᠦᠭ ᠲᠦ᠍ ᠴᠢᠨᠢ ᠪᠣᠮ᠎ᠤᠨ ᠲᠠᠮᠠᠭ᠎ᠠ ᠲᠠᠷᠣᠬᠤ ᠭᠡᠵᠦ᠍ ᠪᠣᠢ ᠬᠡᠮᠡᠨ ᠶᠠᠷᠢᠭᠠᠳ ᠭᠠᠷ᠎ᠢ ᠮᠢᠨᠢ ᠦᠨᠦᠷᠯᠡᠵᠦ᠍ ᠪᠠᠢᠬᠤ᠎ᠳᠤ ᠰᠣᠴᠢᠨ ᠰᠡᠷᠡᠭᠡᠳ ᠪᠡᠯᠭᠡᠱᠢᠶᠡᠨ ᠲᠠᠢᠪᠣᠭᠤᠬᠠᠨ ᠪᠣᠰᠴᠦ᠍ ᠨᠣᠮ ᠰᠣᠳᠣᠷ᠎ᠢᠶᠠᠨ ᠳᠡᠯᠭᠡᠯ᠎ᠡ ᠁ ᠮᠣᠩᠭᠤᠯ᠎ᠤᠨ ᠦᠨᠳᠦᠷᠯᠢᠭ ᠲᠦ᠍ ᠪᠣᠰᠤᠭ᠎ᠠ ᠣᠨᠠᠭ᠎ᠠ ᠣᠯᠠᠨ ᠲᠦᠷᠦᠵᠦ᠍᠂ ᠬᠤᠷᠳᠣᠨ ᠠᠵᠢᠨᠠᠢ ᠲᠦᠷᠭᠡᠯᠡᠵᠦ᠍᠂ ᠠᠯᠣᠰ᠎ᠤᠨ ᠵᠠᠮ᠎ᠳᠤ ᠴᠣᠴᠠᠰᠢ ᠦᠭᠡᠢ ᠠᠷᠢᠭᠤᠨ ᠨᠠᠨᠳᠢᠨ ᠠᠷᠭᠤᠮᠠᠭ ᠬᠦᠯᠦᠭ᠎ᠤᠨ ᠣᠶᠣᠨ ᠣᠬᠠᠭᠠᠨ᠂ ᠬᠦᠴᠦ᠍ ᠱᠢᠨᠳᠠᠰᠣ ᠠᠯᠲᠠᠨ ᠲᠡᠯᠡᠬᠡᠢ᠎ᠳᠤ ᠲᠠᠭᠤᠷᠢᠰᠦᠨ᠂ ᠬᠢᠯᠭᠠᠰᠣᠨ ᠰᠦᠯᠳᠡ ᠪᠢᠳᠡᠨ᠎ᠢ ᠢᠪᠡᠭᠡᠳᠦᠭᠡᠢ!