ᠠᠳᠤᠭᠤᠨ ᠡᠷᠢᠭᠡᠰ
2026-03-04 16:43:01
ᠵᠣᠬᠢᠶᠠᠭ᠍ᠴᠢ᠄
ᠪᠠᠢ ᠰᠢᠶᠠᠨ ᠪᠢᠯᠢᠭᠲᠦ ᠪᠤᠤ ᠰᠠᠷᠠᠭᠤᠯ ᠳ᠋ᠠᠢ ᠰᠢᠶᠦᠢ᠍ᠩ ᠰᠠᠷᠭᠠᠢ
ᠣᠩᠱᠢᠭ᠍ᠰᠠᠨ ᠣᠳᠠᠭ᠎ᠠ᠄
★★★☆☆

—— ᠤᠯᠠᠭᠠᠨ ᠮᠤᠷᠢᠨ ᠵᠢᠯ ᠎ᠤᠨ ᠴᠠᠭᠠᠨ ᠰᠠᠷ᠎ᠠ᠎ᠳᠤ ᠵᠤᠷᠢᠭᠤᠯᠤᠭᠰᠠᠨ ᠤᠨᠴᠠ ᠤᠬᠠᠭᠠᠯᠠᠯ ( ᠨᠠᠢ᠍ᠮᠠ )


QQ20260304-164002.png

ᠠᠳᠤᠭᠤ ᠬᠦᠮᠦᠨ ᠬᠤᠶᠠᠷ ᠤ᠋ᠨ ᠡᠬᠡᠨᠡᠭᠰᠢᠨ ᠲᠠᠰᠤᠯᠴᠠᠭᠰᠠᠨ ᠪᠠᠷᠢᠯᠳᠤᠯᠭ᠎ᠠ  ᠨᠢ ᠲᠡᠤᠬᠡ ᠢ᠋ᠢᠨ ᠤᠷᠳᠤ ᠠᠶᠠᠨ ᠳ᠋ᠤ᠌ ᠪᠢᠴᠢᠭᠯᠡᠭᠳᠡᠵᠤ᠂ ᠠᠳᠤᠭᠤ ᠨᠢ ᠬᠦᠮᠦᠨ ᠲᠦᠷᠦᠯᠬᠢᠳᠡᠨ ᠤ᠋ ᠤᠷᠤᠰᠢᠨ ᠲᠤᠭᠳᠠᠨᠢᠬᠤ ᠠᠵᠤ ᠠᠮᠢᠳᠤᠷᠡᠯ ᠤ᠋ᠨ ᠬᠡᠷᠡᠭᠴᠡᠬᠡ ᠱᠠᠭᠠᠷᠳᠠᠯᠭ᠎ᠠ ᠢ᠋ᠢ ᠬᠠᠨᠭᠭᠠᠵᠤ᠂ ᠠᠴᠢᠶ᠎ᠠ  ᠲᠡᠭᠡᠭᠡᠪᠤᠷᠢ᠂ ᠠᠨᠭ᠌ ᠬᠦᠷᠦᠬᠡ᠂ ᠲᠠᠢᠨ ᠪᠠᠢᠯᠳᠤᠭᠠᠨ᠂ ᠮᠠᠯ ᠠᠵᠤ ᠠᠬᠤᠢ ᠢ᠋ᠢᠨ ᠤᠢᠯᠡᠳᠪᠤᠷᠢᠯᠡᠯ ᠳ᠋ᠤ᠌ ᠦᠨᠡᠯᠡᠵᠤ ᠪᠠᠷᠠᠰᠢ ᠦᠬᠡᠢ ᠬᠤᠪᠢ ᠨᠡᠮᠡᠷᠢ ᠦᠵᠡᠬᠦᠯᠦᠭᠰᠡᠨ ᠪᠠ ᠲᠡᠯᠡᠬᠡᠢ ᠵᠢᠨ ᠪᠤᠯᠪᠠᠰᠤᠨ ᠎ᠤ  ᠬᠦᠭᠵᠢᠯᠳᠡ᠂ ᠲᠤᠮᠳᠠᠳᠤ ᠤᠯᠤᠰ ᠎ᠤᠨ  ᠪᠤᠯᠪᠠᠰᠤᠨ ᠎ᠤ  ᠬᠦᠭᠵᠢᠯᠳᠡ ᠵᠢᠴᠢ ᠲᠤᠮᠳᠠᠳᠤ ᠵᠢᠨ ᠰᠤᠶᠤᠯ ᠎ᠤᠨ ᠦᠪ ᠲᠦ᠍ ᠬᠡᠮᠵᠢᠶᠡᠯᠡᠰᠢ ᠦᠬᠡᠢ ᠦᠨ᠎ᠠ  ᠦᠷᠳᠡᠭ ᠨᠡᠮᠡᠷᠢᠯᠡᠪᠡ᠃ ᠬᠦᠮᠦᠨ ᠲᠦᠷᠦᠯᠬᠢᠳᠡᠨ ᠠᠳᠤᠭᠤ ᠢ᠋ᠢ ᠭᠠᠷᠰᠢᠭᠤᠯᠤᠡ ᠡᠳ᠋ᠯᠡᠵᠦ ᠭᠡᠷᠡᠭᠯᠡᠭᠡᠳ ᠨᠡᠯᠢᠶᠡᠳ ᠤᠷᠳᠤ ᠲᠡᠦᠭᠡᠨ ᠬᠤᠭᠤᠴᠠᠭ᠎ᠠ  ᠵᠢ ᠦᠨᠭᠬᠡᠷᠡᠬᠡᠵᠤ᠂ ᠠᠳᠤᠭᠤ ᠮᠠᠯᠵᠢᠬᠤ ᠲᠠᠯ᠎ᠠ  ᠪᠡᠷ ᠡᠯᠪᠡᠭ ᠪᠠᠶᠠᠯᠢᠭ ᠠᠷᠭ᠎ᠠ  ᠲᠤᠷᠰᠢᠯᠭ᠎ᠠ  ᠪᠠ ᠠᠳᠤᠭᠤᠨ ᠤ᠋ ᠲᠤᠬᠠᠢ ᠵᠠᠨᠭ᠌ ᠤᠢᠯᠡ ᠨᠤᠬᠦᠳ ᠢ᠋ ᠡᠬᠦᠳᠦᠨ ᠪᠦᠳᠦᠬᠡᠵᠤ᠂ ᠠᠳᠤᠭᠤ ᠲᠡᠯᠯᠡᠬᠦ᠂ ᠦᠷᠢᠶ ᠎ᠠ ᠬᠠᠭᠠᠷᠢᠬᠤ᠂ ᠡᠮᠨᠢᠭ ᠰᠤᠷᠭᠠᠬᠤ ᠵᠡᠷᠬᠡ ᠲᠤᠰᠬᠠᠢ ᠮᠡᠷᠬᠡᠵᠢᠯ ᠎ᠤᠨ ᠠᠭᠤᠯᠭ᠎ᠠ ᠪᠤᠯᠤᠨ ᠤᠯᠠᠮᠵᠢᠯᠠᠭᠳᠠᠨ ᠢᠷᠡᠵᠡᠢ᠃ ᠤᠷᠳᠤ ᠬᠤᠭᠤᠴᠠᠭᠠᠨ ᠎ᠤ ᠲᠤᠷᠰᠢᠬᠢ ᠠᠳᠤᠭᠤ ᠮᠠᠯᠵᠢᠬᠤ ᠦᠢᠯᠡᠳᠪᠦᠷᠢᠯᠡᠯ ᠎ᠤᠨ  ᠶᠠᠪᠤᠴᠠ  ᠳ᠋ᠤ ︽ᠠᠳᠤᠭᠤᠴᠢᠨ᠂ ᠤᠷᠭᠠᠴᠢᠨ᠂ ᠡᠮᠨᠢᠭᠴᠢᠨ᠂ ᠤᠶᠠᠭᠠᠴᠢᠨ᠂ ᠤᠨᠤᠭᠠᠴᠢᠨ᠂ ᠮᠠᠨᠠᠭᠠᠴᠢᠨ᠂ ᠨᠤᠭᠳᠤᠴᠢᠨ︾ ᠵᠡᠷᠭᠡ ᠨᠡᠷ᠎ᠠ ᠦᠭᠡᠰ ᠪᠤᠢ ᠪᠤᠯᠵᠦ᠂ ᠦᠭᠡᠰ ᠎ᠤᠨ  ᠰᠠᠩ ᠎ᠢ  ᠪᠠᠶᠠᠯᠢᠬᠵᠢᠭᠤᠯᠤᠭᠰᠠᠨ ᠪᠦᠭᠡᠳ ᠡᠳᠡᠭᠡᠷ ᠬᠦᠮᠦᠰ ᠎ᠤᠨ  ᠦᠢᠯᠡ ᠭᠡᠷᠡᠭ ᠲᠦ᠍ ᠵᠤᠬᠢᠴᠠᠭᠰᠠᠨ ᠠᠮᠢᠳᠤᠷᠠᠯ ᠦᠢᠯᠡᠳᠪᠦᠷᠢᠯᠡᠯ ᠎ᠤᠨ  ᠵᠠᠩ ᠦᠢᠯᠡ ᠪᠠ ᠰᠤᠶᠤᠯ ᠪᠤᠯᠪᠠᠰᠤᠨ ᠪᠤᠢ ᠪᠤᠯᠵᠦ ᠬᠦᠭᠵᠢᠨ ᠲᠡᠯᠭᠡᠷᠡᠭᠰᠡᠨ ᠪᠠᠢᠨ᠎ᠠ ᠃ 


ᠡᠮᠨᠢᠭ ᠰᠤᠷᠭᠠᠬᠤ

ᠡᠮᠨᠢᠭᠴᠢᠨ ᠬᠦᠮᠦᠨ ᠤᠨᠤᠵᠤ ᠡᠳ᠋ᠯᠡᠬᠡᠳᠤᠢ ᠮᠤᠷᠢᠳ ᠢ᠋ ᠬᠠᠵᠠᠭᠠᠷ ᠨᠤᠭᠳᠤ᠂  ᠴᠢᠳᠤᠷ ᠲᠤᠱᠠ᠂  ᠡᠮᠡᠬᠡᠯ ᠳ᠋ᠤ᠌ ᠲᠠᠰᠬᠠᠵᠤ᠂ ᠲᠠᠷᠠᠭ᠎ᠠ ᠨᠢ ᠬᠦᠳᠦᠯᠵᠤ ᠰᠤᠷᠭᠠᠨ᠂ ᠤᠨᠤᠯᠭ᠎ᠠ ᠳ᠋ᠤ᠌ ᠤᠷᠤᠭᠤᠯᠳᠠᠭ᠃ ᠡᠮᠨᠢᠭᠴᠢᠨ ᠡᠮᠨᠢᠭ ᠰᠤᠷᠭᠠᠬᠤ ᠳ᠋ᠤ᠌ ᠤᠮᠤᠭᠯᠠᠨᠭ᠌ ᠵᠠᠨᠭ᠌ ᠢ᠋ ᠨᠢ ᠲᠠᠷᠤᠵᠤ᠂  ᠵᠢᠯᠤᠭᠤ ᠲᠠᠭᠠᠭᠤᠯᠤᠨ ᠠᠮᠠ ᠮᠡᠳᠡᠬᠦᠯᠵᠤ᠂ ᠮᠤᠷᠢᠨ ᠳ᠋ᠤ᠌ ᠬᠡᠮ ᠰᠠᠭᠤᠯᠭᠠᠬᠤ ᠡᠴᠡ ᠬᠢᠴᠢᠶᠡᠨ᠂ ᠠᠭᠠᠰᠢ ᠵᠠᠨᠭ᠌ ᠢ᠋ ᠨᠢ ᠰᠠᠢᠬᠠᠨ ᠵᠠᠰᠠᠵᠤ ᠤᠨᠤᠰᠢ ᠢ᠋ᠢ ᠨᠢ ᠬᠦᠢᠴᠡᠳ ᠤᠷᠤᠭᠤᠯᠳᠠᠭ᠃  ᠡᠮᠨᠢᠭᠴᠢᠨ ᠡᠮᠨᠢᠭ ᠰᠤᠷᠭᠠᠬᠤ ᠳ᠋ᠤ᠌ ᠰᠢᠭᠤᠳ ᠤᠨᠤᠬᠤ ᠪᠤᠶᠤ ᠠᠭᠠᠵᠢᠮ ᠲᠠᠰᠬᠠᠨ ᠰᠤᠷᠭᠠᠬᠤ ᠬᠤᠶᠠᠷ ᠵᠦᠢᠯ ᠪᠠᠢᠵᠤ᠂ ᠵᠠᠢᠳᠠᠯᠠᠵᠤ ᠤᠨᠤᠵᠤ ᠲᠤᠢᠯᠠᠭᠤᠯᠬᠤ ᠪᠡ ᠡᠮᠡᠬᠡᠯ ᠲᠠᠢ ᠤᠨᠤᠵᠤ ᠲᠤᠢᠯᠠᠭᠤᠯᠳᠠᠭ᠃ ᠰᠠᠢᠨ ᠡᠮᠨᠢᠭᠴᠢᠨ ᠪᠤᠯ ᠡᠮᠨᠢᠭ ᠵᠢᠡᠨ ᠡᠮᠡᠬᠡᠯᠯᠡᠮᠡᠭᠴᠡ ᠪᠡᠨ ᠰᠢᠭᠤᠳ ᠮᠤᠷᠳᠠᠨ ᠲᠤᠢᠯᠠᠭᠤᠯᠵᠤ᠂ ᠲᠤᠢᠯᠠᠬᠤ ᠪᠡᠨ ᠪᠤᠯᠢᠬᠤ ᠳ᠋ᠤ᠌ ᠠᠭᠠᠵᠢᠮ ᠢ᠋ᠢᠡᠷ ᠠᠮᠠ ᠢ᠋ᠢ ᠵᠠᠯᠠᠵᠤ ᠰᠤᠷᠭᠠᠨ᠂  ᠡᠮᠡᠬᠡᠯ ᠲᠠᠢ ᠡᠮᠨᠢᠭ ᠤᠨᠤᠬᠤ ᠳ᠋ᠤ᠌ ᠪᠡᠨ ᠲᠤᠢᠯᠠᠳᠠᠭ ᠮᠤᠷᠢᠨ ᠳ᠋ᠤ᠌ ᠪᠤᠯ ᠲᠦᠷᠦᠬᠡ ᠪᠡᠨ ᠴᠢᠨᠭᠭ᠎ᠠ ᠲᠦᠷᠦᠬᠡᠯᠡᠵᠤ᠂ ᠬᠤᠶᠠᠷ ᠬᠦᠯ ᠢ᠋ᠢᠡᠨ ᠰᠠᠢᠨ ᠬᠠᠪᠴᠢᠨ᠂ ᠲᠦᠷᠦᠬᠡᠨ ᠲᠡᠬᠡᠷ᠎ᠡ ᠪᠡᠨ ᠦᠨᠳᠡᠢᠵᠤ ᠲᠦᠢᠯᠠᠭᠤᠯᠵᠤ᠂ ᠵᠠᠢᠳᠠᠨᠭ᠌ ᠲᠤᠢᠯᠠᠭᠤᠯᠬᠤ ᠳ᠋ᠤ᠌ ᠬᠦᠯ ᠢ᠋ᠢᠡᠷ ᠰᠠᠢᠨ ᠬᠠᠪᠴᠢᠵᠤ᠂ ᠨᠢᠬᠡ ᠭᠠᠷ ᠢ᠋ᠢᠡᠷ ᠢ᠋ᠢᠡᠨ ᠵᠢᠯᠤᠭᠤ ᠪᠡᠨ ᠴᠢᠨᠭᠭ᠎ᠠ ᠪᠠᠷᠢᠵᠤ᠂ ᠨᠦᠬᠦᠬᠡ ᠭᠠᠷ ᠢ᠋ᠢᠡᠷ ᠢ᠋ᠢᠡᠨ ᠮᠤᠨᠳᠠᠭᠠᠨ ᠡᠴᠡ ᠨᠢ ᠪᠠᠷᠢᠨ ᠬᠡᠳᠡᠢᠵᠤ ᠰᠠᠭᠤᠳᠠᠭ᠃

ᠡᠮᠨᠢᠭ ᠰᠤᠷᠭᠠᠬᠤ ᠳ᠋ᠤ᠌ ᠬᠠᠪᠤᠷ ᠠᠬᠢ ᠨᠢᠳᠤᠯᠵᠤ ᠦᠰᠦ ᠲᠠᠭᠠᠬᠢ ᠨᠢ ᠤᠨᠠᠬᠤ ᠦᠶ᠎ᠡ ᠪᠡᠷ ᠨᠤᠭᠤᠭᠠᠨ ᠳ᠋ᠤ᠌ ᠴᠠᠳᠴᠤ ᠲᠠᠷᠭᠤᠯᠠᠬᠤ ᠡᠴᠡ ᠡᠮᠤᠨ᠎ᠡ ᠲᠠᠭ᠎ᠠ ᠢ᠋ᠢᠨ ᠦᠶ ᠎ᠡ ᠳ᠋ᠤᠨᠢ ᠰᠤᠷᠭᠠᠪᠠᠯ ᠪᠤᠯᠴᠢᠨᠭ᠌ ᠰᠢᠷᠪᠤᠰᠤ ᠨᠢ ᠴᠢᠨᠭᠭᠠᠷᠠᠵᠤ ᠢᠳᠡ ᠴᠢᠳᠡᠯ ᠰᠠᠭᠤᠵᠤ᠂ ᠡᠴᠡᠵᠤ ᠲᠤᠷᠠᠬᠤ ᠨᠢ ᠪᠠᠭ᠎ᠠ᠂ ᠡᠳ᠋ᠯᠡᠬᠡ ᠲᠠᠭᠠᠭᠠᠬᠤ ᠨᠢ ᠰᠠᠢᠨ ᠪᠤᠯᠳᠠᠭ᠃ ᠡᠮᠨᠡᠭᠴᠢᠨ ᠬᠦᠮᠦᠨ ᠡᠮᠨᠢᠭ ᠠᠳᠤᠭᠤᠨ ᠤ᠋ ᠲᠤᠢᠯᠠᠵᠤ ᠪᠤᠯᠬᠢᠬᠤ ᠳ᠋ᠤ᠌ ᠤᠢᠴᠢᠵᠤ ᠤᠨᠠᠬᠤ ᠦᠬᠡᠢ ᠨᠢᠷᠤᠭᠤᠨ ᠳ᠋ᠤ᠌ ᠲᠤᠭᠳᠠᠵᠤ ᠴᠢᠳᠠᠬᠤ ᠡᠰᠡᠬᠦ ᠨᠢ ᠴᠢᠬᠤᠯᠠ ᠲᠠᠯ᠎ᠠ ᠪᠤᠯᠪᠠᠴᠤ ᠵᠠᠨᠭᠬᠢᠯᠠᠭ᠎ᠠ ᠨᠢ ᠡᠮᠨᠢᠭ ᠢ᠋ ᠬᠡᠷᠬᠢᠨ ᠰᠤᠷᠭᠠᠬᠤ ᠮᠡᠷᠬᠡᠵᠢᠯ ᠤ᠋ᠨ ᠰᠠᠢᠨ ᠮᠠᠭᠤ ᠳ᠋ᠤ᠌ ᠪᠠᠢᠵᠤ ᠂ ᠰᠤᠷᠭᠠᠭᠰᠠᠨ ᠡᠮᠨᠢᠭ ᠤ᠋ᠨ ᠬᠢᠨᠢ ᠶᠠᠮᠠᠷ ᠪᠤᠯᠤᠭᠰᠠᠨ ᠢ᠋ᠢᠡᠷ ᠮᠡᠳᠡᠭᠳᠡᠨ᠎ᠡ᠃ ᠡᠮᠨᠢᠭᠴᠢᠨ ᠡᠮᠨᠢᠭ ᠰᠤᠷᠭᠠᠬᠤ ᠳ᠋ᠤ᠌ ᠶᠠᠭᠤᠨ ᠤ᠋ ᠡᠮᠤᠨ᠎ᠡ ᠲᠡᠬᠦᠨ ᠲᠠᠢ ᠡᠶ᠎ᠡ ᠨᠠᠢᠷᠳᠡᠢ ᠬᠠᠨᠢᠯᠠᠵᠤ ᠡᠶᠡᠯᠳᠡᠭ ᠵᠦᠬᠡᠯᠡᠨ ᠢ᠋ᠢᠡᠷ ᠲᠠᠰᠤᠯᠴᠠᠬᠤ ᠪᠤᠯᠪᠠᠰᠤᠨ ᠵᠠᠨᠭ᠌ ᠤᠢᠯᠡ ᠢ᠋ᠢ ᠪᠦᠷᠢᠯᠳᠦᠬᠦᠯᠦᠭᠰᠡᠨ ᠪᠦᠬᠡᠳ ᠪᠠᠰᠠ ᠰᠢᠨᠵᠢᠯᠡᠬᠦ ᠤᠬᠠᠭᠠᠨᠴᠢ ᠠᠷᠭ᠎ᠠ ᠮᠡᠷᠬᠡᠵᠢᠯ ᠢ᠋ ᠡᠵᠡᠮᠰᠢᠭᠰᠡᠨ ᠶᠤᠮ᠃


QQ20260304-163147.png


ᠠᠳᠤᠭᠤ ᠬᠦᠮᠦᠨ ᠬᠤᠶᠠᠷ ᠤ᠋ᠨ ᠡᠬᠡᠨᠡᠭᠰᠢᠨ ᠲᠠᠰᠤᠯᠴᠠᠭᠰᠠᠨ ᠪᠠᠷᠢᠯᠳᠤᠯᠭ᠎ᠠ ᠨᠢ ᠲᠡᠤᠬᠡ ᠢ᠋ᠢᠨ ᠤᠷᠳᠤ ᠠᠶᠠᠨ ᠳ᠋ᠤ᠌ ᠪᠢᠴᠢᠭᠯᠡᠭᠳᠡᠵᠤ᠂ ᠠᠳᠤᠭᠤ ᠨᠢ ᠬᠦᠮᠦᠨ ᠲᠦᠷᠦᠯᠬᠢᠳᠡᠨ ᠤ᠋ ᠤᠷᠤᠰᠢᠨ ᠲᠤᠭᠳᠠᠨᠢᠬᠤ ᠠᠵᠤ ᠠᠮᠢᠳᠤᠷᠡᠯ ᠤ᠋ᠨ ᠬᠡᠷᠡᠭᠴᠡᠬᠡ ᠱᠠᠭᠠᠷᠳᠠᠯᠭ᠎ᠠ ᠢ᠋ᠢ ᠬᠠᠨᠭᠭᠠᠵᠤ᠂ ᠠᠴᠢᠶ᠎ᠡ ᠲᠡᠭᠡᠭᠡᠪᠤᠷᠢ᠂ ᠠᠨᠭ᠌ ᠬᠦᠷᠦᠬᠡ᠂ ᠲᠠᠢᠨ ᠪᠠᠢᠯᠳᠤᠭᠠᠨ᠂ ᠮᠠᠯ ᠠᠵᠤ ᠠᠬᠤᠢ ᠢ᠋ᠢᠨ ᠤᠢᠯᠡᠳᠪᠤᠷᠢᠯᠡᠯ ᠳ᠋ᠤ᠌ ᠦᠨᠡᠯᠡᠵᠤ ᠪᠠᠷᠠᠰᠢ ᠦᠬᠡᠢ ᠬᠤᠪᠢ ᠨᠡᠮᠡᠷᠢ ᠦᠵᠡᠬᠦᠯᠦᠭᠰᠡᠨ ᠪᠠ ᠲᠡᠯᠡᠬᠡᠢ ᠵᠢᠨ ᠪᠤᠯᠪᠠᠰᠤᠨ᠎ᠤ ᠬᠦᠭᠵᠢᠯᠳᠡ᠂ ᠲᠤᠮᠳᠠᠳᠤ ᠤᠯᠤᠰ᠎ᠤᠨ ᠪᠤᠯᠪᠠᠰᠤᠨ᠎ᠤ ᠬᠦᠭᠵᠢᠯᠳᠡ ᠵᠢᠴᠢ ᠲᠤᠮᠳᠠᠳᠤ ᠵᠢᠨ ᠰᠤᠶᠤᠯ᠎ᠤᠨ ᠦᠪ ᠲᠦ᠍ ᠬᠡᠮᠵᠢᠶᠡᠯᠡᠰᠢ ᠦᠬᠡᠢ ᠦᠨ᠎ᠡ ᠦᠷᠳᠡᠭ ᠨᠡᠮᠡᠷᠢᠯᠡᠪᠡ᠃ ᠬᠦᠮᠦᠨ ᠲᠦᠷᠦᠯᠬᠢᠳᠡᠨ ᠠᠳᠤᠭᠤ ᠢ᠋ᠢ ᠭᠠᠷᠰᠢᠭᠤᠯᠤᠨ ᠡᠳ᠋ᠯᠡᠵᠦ ᠭᠡᠷᠡᠭᠯᠡᠭᠡᠳ ᠨᠡᠯᠢᠶᠡᠳ ᠤᠷᠳᠤ ᠲᠡᠦᠭᠡᠨ ᠬᠤᠭᠤᠴᠠᠭ᠎ᠠ ᠵᠢ ᠦᠨᠭᠬᠡᠷᠡᠬᠡᠵᠤ᠂ ᠠᠳᠤᠭᠤ ᠮᠠᠯᠵᠢᠬᠤ ᠲᠠᠯ᠎ᠠ ᠪᠡᠷ ᠡᠯᠪᠡᠭ ᠪᠠᠶᠠᠯᠢᠭ ᠠᠷᠭ᠎ᠠ ᠲᠤᠷᠰᠢᠯᠭ᠎ᠠ ᠪᠠ ᠠᠳᠤᠭᠤᠨ ᠤ᠋ ᠲᠤᠬᠠᠢ ᠵᠠᠨᠭ᠌ ᠤᠢᠯᠡ ᠨᠤᠬᠦᠳ ᠢ᠋ ᠡᠬᠦᠳᠦᠨ ᠪᠦᠳᠦᠬᠡᠵᠤ᠂ ᠠᠳᠤᠭᠤ ᠲᠡᠯᠯᠡᠬᠦ᠂ ᠦᠷᠢᠶ᠎ᠡ ᠬᠠᠭᠠᠷᠢᠬᠤ᠂ ᠡᠮᠨᠢᠭ ᠰᠤᠷᠭᠠᠬᠤ ᠵᠡᠷᠬᠡ ᠲᠤᠰᠬᠠᠢ ᠮᠡᠷᠬᠡᠵᠢᠯ ᠤ᠋ᠨ ᠠᠭᠤᠯᠭ᠎ᠠ ᠪᠤᠯᠤᠨ ᠤᠯᠠᠮᠵᠢᠯᠠᠭᠳᠠᠨ ᠢᠷᠡᠵᠡᠢ᠃

ᠤᠷᠳᠤ ᠬᠤᠭᠤᠴᠠᠭᠠᠨ᠎ᠤ ᠲᠤᠷᠰᠢᠬᠢ ᠠᠳᠤᠭᠤ ᠮᠠᠯᠵᠢᠬᠤ ᠦᠢᠯᠡᠳᠪᠦᠷᠢᠯᠡᠯ᠎ᠤᠨ ᠶᠠᠪᠤᠴᠠ᠎ᠳᠤ ᠠᠳᠤᠭᠤᠴᠢᠨ᠂ ᠤᠷᠭᠠᠴᠢᠨ᠂ ᠡᠮᠨᠢᠭᠴᠢᠨ᠂ ᠤᠶᠠᠭᠠᠴᠢᠨ᠂ ᠤᠨᠤᠭᠠᠴᠢᠨ᠂ ᠮᠠᠨᠠᠭᠠᠴᠢᠨ᠂ ᠨᠤᠭᠳᠤᠴᠢᠨ 》 ᠵᠡᠷᠭᠡ ᠨᠡᠷ᠎ᠡ ᠦᠭᠡᠰ ᠪᠤᠢ ᠪᠤᠯᠵᠦ᠂ ᠦᠭᠡᠰ᠎ᠤᠨ ᠰᠠᠩ᠎ᠢ ᠪᠠᠶᠠᠯᠢᠬᠵᠢᠭᠤᠯᠤᠭᠰᠠᠨ ᠪᠦᠭᠡᠳ ᠡᠳᠡᠭᠡᠷ ᠬᠦᠮᠦᠰ᠎ᠤᠨ ᠦᠢᠯᠡ ᠭᠡᠷᠡᠭ ᠲᠦ᠍ ᠵᠤᠬᠢᠴᠠᠭᠰᠠᠨ ᠠᠮᠢᠳᠤᠷᠠᠯ ᠦᠢᠯᠡᠳᠪᠦᠷᠢᠯᠡᠯ᠎ᠤᠨ ᠵᠠᠩ ᠦᠢᠯᠡ ᠪᠠ ᠰᠤᠶᠤᠯ ᠪᠤᠯᠪᠠᠰᠤᠨ ᠪᠤᠢ ᠪᠤᠯᠵᠦ ᠬᠦᠭᠵᠢᠨ ᠲᠡᠯᠭᠡᠷᠡᠭᠰᠡᠨ ᠪᠠᠢᠨ᠎ᠠ᠃

ᠮᠤᠷᠢ ᠰᠢᠨᠵᠢᠬᠦ

ᠪᠠᠷᠠᠭᠤᠨ ᠵᠸᠤ ᠤᠯᠤᠰ ᠡᠴᠡ ᠴᠦᠨ ᠴᠢᠦ ᠪᠠᠢᠯᠳᠤᠭᠠᠨᠳᠤ ᠤᠯᠤᠰ ᠤ᠋ᠨ ᠦᠶ᠎ᠡ ᠬᠦᠷᠬᠦ ᠳ᠋ᠤ᠌ ᠮᠤᠷᠢ ᠰᠢᠨᠵᠢᠬᠦ ᠬᠦᠮᠦᠨ ᠤ᠋ ᠲᠤᠳᠤᠷ᠎ᠡ ᠰᠢᠯᠭᠠᠷᠠᠭᠰᠠᠨ ᠬᠦᠮᠦᠰ ᠭᠠᠷᠴᠤ᠂ ᠲᠦᠷᠦ ᠬᠦᠷᠦᠨ ᠤ᠋ ᠴᠢᠬᠤᠯᠠ ᠬᠡᠷᠡᠭᠴᠡᠬᠡ ᠢ᠋ᠢ ᠬᠠᠨᠭᠭᠠᠬᠤ ᠡᠷᠳᠡᠮ ᠲᠠᠢ ᠬᠦᠮᠦᠨ ᠬᠡᠮᠡᠭᠳᠡᠵᠤ ᠪᠠᠢᠪᠠ᠃ ᠲᠡᠬᠦᠨ ᠤ᠋ ᠲᠤᠳᠤᠷ᠎ᠡ ᠪᠦᠸᠸ ᠯᠸ ᠬᠡᠮᠡᠬᠦ ᠲᠡᠭᠷᠢ ᠢ᠋ᠢᠨ ᠬᠦᠯᠦᠭ ᠢ᠋ ᠬᠠᠮᠢᠶᠠᠷᠳᠠᠭ ᠰᠠᠬᠢᠭᠤᠯᠰᠤᠨ ᠤ᠋ ᠨᠡᠷ᠎ᠡ ᠪᠡᠷ ᠨᠡᠷᠡᠯᠡᠭᠳᠡᠭᠰᠡᠨ ᠨᠡᠷᠡᠳᠤ ᠮᠤᠷᠢ ᠰᠢᠨᠵᠢᠬᠡᠴᠢ ᠭᠠᠷᠴᠤ᠂ ᠲᠤᠮᠳᠠᠳᠤ ᠢ᠋ᠢᠨ ᠲᠡᠤᠬᠡᠨ᠎ᠡ ᠡᠳᠤᠬᠡ ᠪᠤᠯᠳᠠᠯ᠎ᠡ ᠲᠤᠷᠠᠰᠬᠠᠭᠳᠠᠵᠤ ᠪᠠᠢᠨ᠎ᠡ᠃ ᠲᠡᠷᠡ ᠪᠤᠯ ᠲᠠᠷᠤᠢ ᠴᠦᠨ ᠴᠢᠦ ᠢ᠋ᠢᠨ ᠲᠤᠮᠳᠠ ᠦᠶ᠎ᠡ ᠳ᠋ᠡᠬᠢ ᠭᠤᠤ ᠤᠯᠤᠰ ᠬᠡᠮᠡᠬᠦ ᠵᠢᠵᠢᠭ ᠤᠯᠤᠰ (ᠡᠳᠤᠬᠡᠬᠢ ᠱᠠᠨᠳᠦ᠋ᠨᠭ ᠮᠤᠵᠢ ᠢ᠋ᠢᠨ ᠴᠸᠨᠭ ᠡᠦ ᠰᠢᠶᠠᠨ ᠤ᠋ ᠨᠤᠳᠤᠭ) ᠤ᠋ᠨ ᠰᠦᠨ ᠶᠠᠨᠭ᠌ ᠬᠡᠮᠡᠭᠴᠢ ᠬᠦᠮᠦᠨ ᠶᠤᠮ᠃ ᠲᠡᠷᠡ ᠪᠡᠷ ᠮᠤᠷᠢ ᠰᠢᠨᠵᠢᠬᠦ ᠪᠡᠷ ᠠᠯᠳᠠᠷᠰᠢᠵᠤ 《ᠪᠦᠸᠸ ᠯᠸ》 ᠴᠤᠯᠠ ᠤᠯᠵᠡᠢ᠃ ᠮᠤᠷᠢ ᠰᠢᠨᠵᠢᠬᠡᠴᠢ ᠮᠤᠷᠢᠨ  ᠤ᠋ ᠭᠠᠳᠠᠷ ᠲᠦᠷᠬᠦ ᠵᠢ ᠨᠢ ᠬᠠᠷᠠᠵᠤ᠂ ᠲᠤᠯᠤᠭᠠᠢ ᠲᠤᠬᠤ ᠡᠴᠡ ᠨᠢ ᠵᠤ ᠨᠢᠷᠤᠭᠤ᠂ ᠬᠡᠪᠡᠯᠢ ᠬᠡᠳᠡᠰᠤ ᠡᠴᠡ ᠬᠦᠯ ᠲᠤᠭᠤᠷᠡᠢ ᠳ᠋ᠤᠨᠢ ᠬᠦᠷᠳᠡᠯ᠎ᠡ᠂ ᠦᠨᠭᠬᠡ ᠵᠢᠰᠦᠮ ᠡᠴᠡ ᠨᠢ ᠦᠰᠦᠨ ᠡᠷᠬᠢᠬᠦᠯᠬᠡ ᠬᠦᠷᠳᠡᠯ᠎ᠡ ᠰᠢᠨᠵᠢᠨ ᠬᠦᠶᠦᠬᠦ ᠳ᠋ᠤ᠌ ᠬᠤᠷᠳᠤᠨ᠂ ᠬᠤᠯᠠ ᠢ᠋ᠢᠨ ᠵᠠᠮ ᠳ᠋ᠤ᠌ ᠲᠠᠭᠠᠭᠠᠴᠡᠳᠡᠢ ᠵᠡᠷᠬᠡ ᠢ᠋ᠢ ᠲᠠᠭᠠᠵᠤ ᠮᠡᠳᠡᠳᠡᠭ᠃

ᠮᠤᠷᠢ ᠤᠶᠠᠬᠤ

ᠤᠷᠤᠯᠳᠤᠭᠠᠨ ᠮᠤᠷᠢ ᠢ᠋ᠢ ᠤᠶᠠᠵᠤ ᠰᠤᠢᠵᠤ ᠬᠦᠶᠦᠯᠬᠡᠬᠦ ᠬᠡᠭᠴᠢ ᠤᠶᠠᠭᠠᠴᠢᠨ ᠬᠦᠮᠦᠨ ᠤ᠋ ᠠᠷᠭ᠎ᠠ ᠪᠠᠷᠢᠯ ᠳ᠋ᠤ᠌ ᠰᠠᠭᠤᠷᠢᠯᠠᠭᠰᠠᠨ ᠲᠡᠰᠪᠤᠷᠢ ᠬᠠᠳᠠᠭᠤᠵᠢᠯᠳᠡᠢ᠂ ᠴᠢᠨᠭᠭ᠎ᠠ ᠨᠢᠮᠪᠠᠢ ᠮᠡᠷᠬᠡᠵᠢᠯ ᠤ᠋ᠨ ᠠᠵᠢᠯ ᠪᠠᠢᠵᠤ᠂ ᠤᠶᠠᠭᠠᠴᠢᠨ ᠠᠳᠤᠭᠤᠨ ᠰᠦᠷᠦᠭ ᠡᠴᠡ ᠬᠤᠷᠳᠤᠨ ᠬᠦᠯᠦᠭ ᠪᠤᠯᠬᠤ ᠲᠠᠯᠳᠠ ᠴᠢᠳᠠᠪᠤᠷᠢ ᠲᠠᠢ ᠮᠤᠷᠢ ᠢ᠋ᠢ ᠢᠯᠭᠠᠨ ᠲᠠᠨᠢᠵᠤ᠂ ᠲᠠᠷᠠᠭ᠎ᠠ ᠨᠢ ᠲᠤᠰᠬᠠᠢ ᠠᠷᠭ᠎ᠠ ᠪᠡᠷ ᠤᠶᠠᠭ᠎ᠠ ᠰᠤᠢᠯᠭ᠎ᠠ ᠢ᠋ᠢ ᠨᠢ ᠲᠡᠨᠭᠴᠡᠬᠦᠯᠵᠤ᠂ ᠤᠷᠤᠯᠳᠤᠭᠠᠨ ᠤ᠋ ᠮᠤᠷᠢ ᠪᠤᠯᠤᠨ ᠤᠨᠤᠭᠠᠴᠢ ᠬᠡᠤᠬᠡᠳ ᠬᠤᠶᠠᠷ ᠢ᠋ ᠲᠠᠰᠬᠠᠵᠤ᠂ ᠤᠷᠤᠯᠳᠤᠭᠠᠨ ᠮᠤᠷᠢᠨ ᠤ᠋ ᠨᠦᠬᠡᠴᠡ ᠴᠢᠳᠠᠯ ᠢ᠋ ᠬᠠᠮᠤᠭ ᠲᠡᠬᠡᠳᠤ ᠬᠡᠮᠵᠢᠶ᠎ᠡ ᠪᠡᠷ ᠲᠠᠢᠴᠢᠯᠠᠵᠤ ᠴᠢᠳᠠᠳᠠᠭ᠃ ᠤᠨᠤᠭᠠᠴᠢᠨ ᠮᠤᠷᠢ ᠤᠨᠤᠬᠤ ᠳ᠋ᠠᠭᠠᠨ ᠠᠪᠢᠶᠠᠰᠯᠢᠭ᠂ ᠪᠡᠶ᠎ᠡ ᠴᠢᠬᠢᠷᠠᠭ᠂ ᠬᠦᠨᠭᠬᠡᠨ ᠱᠠᠯᠠᠮᠠᠭᠠᠢ᠂ ᠰᠦᠰᠦ ᠵᠤᠷᠢᠭᠳᠡᠢ᠂ ᠪᠠᠭ᠎ᠠ ᠡᠴᠡ ᠪᠡᠨ ᠮᠤᠷᠢ ᠤᠨᠤᠵᠤ ᠰᠤᠷᠤᠭᠰᠠᠨ᠂ ᠠᠳᠤᠭᠤ ᠮᠠᠯ ᠳ᠋ᠤ᠌ ᠲᠤᠷ᠎ᠠ ᠪᠠᠬᠠᠳᠡᠢ᠂ ᠠᠷᠠᠴᠢᠯᠠᠵᠤ ᠲᠤᠳᠤᠮᠳᠠᠵᠤ ᠴᠢᠳᠠᠳᠠᠭ᠂ ᠮᠤᠷᠢ ᠲᠡᠢ ᠪᠡᠨ ᠡᠶ᠎ᠡ ᠨᠠᠢᠷᠳᠡᠢ ᠪᠡᠷ ᠬᠠᠨᠢᠯᠠᠨ ᠲᠠᠰᠴᠤ᠂ ᠤᠷᠤᠯᠳᠤᠭᠠᠨ ᠮᠤᠷᠢ ᠢ᠋ᠢ ᠶᠠᠪᠤᠭᠤᠯᠬᠤ᠂ ᠬᠤᠷᠳᠤ ᠵᠢ ᠨᠡᠮᠡᠬᠦᠯᠬᠦ᠂ ᠨᠦᠬᠡᠬᠦ ᠬᠠᠳᠠᠭᠠᠯᠠᠬᠤ᠂ ᠲᠠᠳᠠᠬᠤ ᠲᠠᠪᠬᠢᠬᠤ ᠴᠠᠭ ᠢ᠋ ᠨᠡᠪᠳᠡᠷᠬᠡᠢ ᠰᠠᠢᠨ ᠮᠡᠳᠡᠭᠰᠡᠨ᠂ ᠬᠠᠰᠢᠷ ᠲᠤᠷᠰᠢᠯᠭ᠎ᠠ ᠲᠠᠢ ᠬᠦᠮᠦᠰ ᠢ᠋ ᠤᠨᠤᠭᠠᠴᠢᠨ ᠪᠤᠯᠭᠠᠳᠠᠭ᠃ ᠮᠤᠷᠢᠨ ᠤᠷᠤᠯᠳᠤᠭᠠᠨ ᠳ᠋ᠤ᠌ ᠵᠢᠷᠤᠭ᠎ᠠ ᠮᠤᠷᠢ᠂ ᠬᠠᠳᠠᠷᠢᠶ᠎ᠡ ᠮᠤᠷᠢ ᠢ᠋ᠢ ᠢᠳᠡᠷᠴᠤᠳ ᠤᠨᠤᠵᠤ᠂ ᠬᠤᠷᠳᠤᠨ ᠮᠤᠷᠢ ᠢ᠋ᠢ ᠬᠠᠷᠢᠨ ᠬᠡᠤᠬᠡᠳ ᠤᠨᠤᠳᠠᠭ᠃ ᠮᠤᠷᠢ ᠢ᠋ᠢ ᠵᠢᠯᠤᠭᠤᠳᠤᠨ ᠴᠢᠳᠠᠬᠤ ᠡᠰᠡᠬᠦ᠂ ᠦᠪᠡᠷ ᠤ᠋ᠨ ᠰᠠᠨᠠᠭ᠎ᠠ ᠪᠡᠨ ᠮᠤᠷᠢᠨ ᠳ᠋ᠤ᠌ ᠮᠡᠳᠡᠬᠦᠯᠵᠤ ᠴᠢᠳᠠᠬᠤ ᠡᠰᠡᠬᠦ ᠪᠤᠯ ᠤᠨᠤᠭᠠᠴᠢᠨ ᠤ᠋ ᠴᠢᠬᠤᠯᠠ ᠡᠷᠳᠡᠮ ᠪᠤᠯᠪᠠᠰᠤᠷᠡᠯ ᠪᠤᠯᠤᠨ᠎ᠡ᠃


QQ20260304-163212.png

ᠲᠠᠭ᠎ᠠ ᠲᠠᠮᠠᠭᠠᠯᠠᠬᠤ

ᠠᠳᠤᠭᠤ ᠮᠨᠯ ᠳ᠋ᠤ᠌ ᠲᠡᠮᠠᠭ᠎ᠠ ᠬᠡᠷᠡᠴᠢ ᠬᠡᠳᠡᠭᠴᠢᠯᠡᠨ ᠦᠪᠡᠷ ᠤ᠋ᠨ ᠠᠳᠤᠭᠤ ᠪᠡᠨ ᠦᠨᠭᠬᠡ ᠵᠢᠰᠦ ᠪᠡᠷ ᠨᠢ ᠵᠢᠰᠦᠯᠡᠵᠤ ᠲᠠᠨᠢᠬᠤ ᠡᠴᠡ ᠭᠠᠳᠠᠨ᠎ᠡ ᠪᠤᠰᠤᠳ ᠤ᠋ᠨ ᠠᠳᠤᠭᠤᠨ ᠡᠴᠡ ᠢᠯᠭᠠᠨ ᠲᠠᠨᠢᠬᠤ ᠢ᠋ᠢᠨ ᠲᠦᠯᠦᠬᠡ ᠠᠳᠤᠭᠤ ᠪᠡᠨ ᠲᠠᠭ᠎ᠠ ᠡᠴᠡ ᠨᠢ ᠡᠬᠢᠯᠡᠨ ᠲᠠᠮᠠᠭᠠᠯᠠᠳᠠᠭ᠃ ᠲᠠᠭ᠎ᠠ ᠲᠠᠮᠠᠭᠠᠯᠠᠬᠤ ᠡᠳᠤᠷ ᠢ᠋ᠢᠡᠨ ᠰᠤᠨᠭᠭᠤᠨ ᠲᠤᠭᠳᠠᠭᠠᠭᠰᠠᠨ ᠤ᠋ ᠲᠠᠷᠠᠭ᠎ᠠ ᠠᠢᠯ ᠰᠠᠭᠠᠬᠠᠯᠳᠡ ᠳ᠋ᠠᠭᠠᠨ ᠮᠡᠳᠡᠭᠳᠡᠵᠤ᠂ ᠠᠳᠤᠭᠤᠴᠢᠨ᠂ ᠤᠷᠭᠠᠴᠢᠨ᠂ ᠡᠮᠨᠢᠭᠴᠢᠨ ᠵᠡᠷᠬᠡ ᠠᠢᠯ ᠰᠠᠭᠠᠬᠠᠯᠳᠡ ᠢ᠋ᠢᠨ ᠬᠢᠨ ᠬᠦᠷᠦᠯᠴᠡᠨ ᠢᠷᠡᠵᠤ ᠠᠵᠢᠯ ᠬᠠᠮᠵᠢᠯᠴᠡᠨ᠂ ᠠᠷᠭᠠᠯ ᠬᠦᠷᠵᠡᠨᠭ ᠨᠤᠴᠤᠭᠠᠨ ᠭᠠᠨᠭ᠌ ᠲᠠᠮᠠᠭ᠎ᠠ ᠪᠡᠨ ᠤᠯᠠᠢᠯᠭᠠᠵᠤ᠂ ᠤᠷᠭᠠᠯᠠᠬᠤ᠂ ᠰᠡᠬᠦᠯᠳᠡᠵᠤ ᠲᠠᠳᠠᠬᠤ᠂ ᠲᠠᠷᠤᠵᠤ ᠤᠨᠠᠭᠠᠬᠤ ᠵᠡᠷᠬᠡ ᠮᠡᠷᠬᠡᠵᠢᠯ ᠢ᠋ᠢᠡᠷ ᠲᠠᠭ᠎ᠠ ᠪᠡᠨ ᠪᠠᠷᠢᠵᠤ᠂  ᠵᠦᠪ  ᠲᠠᠯ᠎ᠠ ᠢ᠋ᠢᠨ ᠭᠤᠶᠠᠨ ᠲᠡᠬᠡᠷ᠎ᠡ ᠨᠢ ᠲᠠᠮᠠᠭᠠᠯᠠᠳᠠᠭ᠃

ᠠᠳᠤᠭᠤᠴᠢᠨ ᠬᠦᠮᠦᠨ ᠮᠠᠯ ᠮᠠᠯᠵᠢᠯ ᠤ᠋ᠨ ᠦᠷᠬᠡᠨ ᠮᠡᠳᠡᠯᠬᠡ ᠲᠠᠢ᠂ ᠠᠳᠤᠭᠤᠨ ᠤ᠋ ᠪᠡᠨ ᠦᠨᠭᠬᠡ ᠵᠢᠰᠦᠮ᠂ ᠪᠡᠶ᠎ᠡ ᠪᠢᠯᠳᠠᠷ᠂ ᠠᠭᠠᠰᠢ ᠵᠠᠨᠭ᠌ ᠤᠨᠴᠠᠯᠢᠭ ᠰᠢᠨᠵᠢ ᠢ᠋ᠢ ᠨᠢ ᠬᠦᠨᠵᠡᠬᠡᠢ ᠤᠢᠯᠠᠭᠠᠵᠤ᠂ ᠡᠪᠡᠰᠤ ᠤᠷᠭᠤᠮᠠᠯ ᠤ᠋ᠨ ᠲᠦᠷᠦᠯ ᠵᠦᠢᠯ᠂ ᠰᠢᠮ᠎ᠡ ᠴᠢᠨᠠᠷ ᠢ᠋ ᠬᠦᠢᠴᠡᠳ ᠲᠠᠨᠢᠵᠤ᠂ ᠠᠳᠤᠭᠤᠨ ᠤ᠋ ᠪᠡᠨ ᠲᠠᠷᠭᠤ ᠢ᠋ᠢ ᠲᠡᠨᠭᠴᠡᠬᠦᠯᠵᠤ᠂ ᠬᠦᠴᠢᠷ ᠪᠡᠷᠬᠡ ᠢ᠋ᠢ ᠲᠡᠰᠪᠤᠷᠢᠯᠡᠨ ᠲᠠᠭᠠᠭᠠᠬᠤ ᠬᠠᠳᠠᠭᠤᠵᠢᠯ ᠪᠤᠯᠪᠠᠰᠤᠷᠡᠯ ᠲᠠᠢ᠂ ᠡᠮᠨᠢᠭ ᠲᠤᠭᠰᠢᠨ ᠢ᠋ ᠰᠤᠷᠭᠠᠬᠤ ᠠᠷᠭ᠎ᠠ ᠲᠡᠮ ᠲᠠᠢ᠂ ᠠᠶᠤᠯ ᠲᠦᠭᠰᠢᠬᠦᠷᠢ ᠢ᠋ᠢ ᠲᠠᠪᠠᠬᠤ ᠰᠦᠰᠦ ᠵᠤᠷᠢᠭ ᠲᠠᠢ ᠪᠠᠢᠵᠤ᠂ ᠭᠠᠭᠴᠡ ᠮᠤᠷᠢ ᠤᠨᠤᠵᠤ ᠠᠳᠤᠭᠤ ᠬᠠᠷᠢᠭᠤᠯᠵᠤ ᠴᠢᠳᠠᠬᠤ ᠡᠴᠡ ᠪᠠᠰᠠ ᠮᠤᠷᠢ ᠤᠶᠠᠬᠤ᠂ ᠨᠤᠭᠳᠤ ᠴᠢᠳᠤᠷ ᠮᠤᠰᠬᠢᠬᠤ᠂ ᠡᠮᠨᠢᠭ ᠲᠤᠭᠰᠢᠨ ᠰᠤᠷᠭᠠᠬᠤ᠂ ᠬᠤᠷᠳᠤᠨ ᠮᠤᠷᠢ ᠤᠶᠠᠬᠤ᠂ ᠴᠠᠭ ᠠᠭᠠᠷ ᠢ᠋ ᠠᠵᠢᠭᠯᠠᠵᠤ ᠴᠢᠳᠠᠬᠤ᠂ ᠡᠪᠡᠳᠴᠢᠨ ᠡᠮᠬᠡᠭ ᠲᠤᠬᠢᠶᠠᠯᠳᠤᠪᠡᠯ ᠡᠮᠨᠡᠵᠤ ᠲᠤᠮᠨᠤᠬᠤ ᠵᠡᠷᠬᠡ ᠤᠯᠠᠨ ᠲᠠᠯ᠎ᠠ ᠢ᠋ᠢᠨ ᠮᠡᠳᠡᠯᠬᠡ ᠮᠡᠷᠬᠡᠵᠢᠯ ᠢ᠋ ᠨᠢᠬᠡᠨ ᠪᠡᠶ᠎ᠡ ᠳ᠋ᠡᠬᠡᠨ ᠡᠵᠡᠮᠰᠢᠭᠰᠡᠨ ᠦᠪᠡᠷᠮᠢᠴᠡ ᠡᠷᠳᠡᠮ ᠲᠠᠢ ᠬᠦᠮᠦᠨ ᠶᠤᠮ᠃


QQ20260304-163230.png


ᠦᠷᠢᠶ᠎ᠡ ᠬᠠᠭᠠᠷᠢᠬᠤ

ᠦᠷᠢᠶ᠎ᠡ ᠢ᠋ᠢ ᠶᠡᠷᠦᠨᠭᠬᠡᠢ ᠳ᠋ᠤᠨᠢ ᠬᠢᠵᠠᠭᠠᠯᠠᠨᠭ᠌ ᠨᠠᠰᠤᠨ ᠳ᠋ᠤᠨᠢ ᠬᠠᠨᠭᠰᠢ ᠲᠤᠬᠢᠶᠠᠯᠳᠤᠭᠤᠯᠬᠤ ᠪᠤᠶᠤ ᠬᠠᠪᠤᠷ ᠤ᠋ᠨ ᠰᠡᠬᠦᠯᠴᠢ᠂ ᠵᠤᠨ ᠤ᠋ ᠡᠬᠢᠨ ᠤ᠋ ᠰᠠᠢᠨ ᠡᠳᠤᠷ ᠢ᠋ ᠰᠤᠨᠭᠭᠤᠵᠤ ᠬᠠᠭᠠᠷᠢᠳᠠᠭ᠃ ᠦᠷᠢᠶ᠎ᠡ ᠬᠠᠭᠠᠷᠢᠬᠤ ᠢ᠋ᠢ ᠪᠠᠰᠠ ᠦᠷᠢᠶ᠎ᠡ ᠴᠠᠭᠠᠯᠠᠬᠤ᠂ ᠦᠷᠢᠶ᠎ᠡ ᠵᠠᠰᠠᠬᠤ᠂ ᠦᠷᠢᠶ᠎ᠡ ᠬᠦᠨᠭᠬᠡᠯᠡᠬᠦ᠂ ᠦᠷᠢᠶ᠎ᠡ ᠡᠰᠬᠡᠬᠦ ᠪᠤᠶᠤ ᠠᠭᠳᠠᠯᠠᠬᠤ ᠬᠡᠵᠤ ᠨᠡᠷᠡᠯᠡᠳᠡᠭ᠃ ᠦᠷᠢᠶ᠎ᠡ ᠬᠠᠭᠠᠷᠢᠬᠤ ᠡᠳᠤᠷ ᠭᠠᠷ ᠬᠦᠨᠭᠬᠡᠨ ᠬᠠᠰᠢᠷ ᠲᠤᠷᠰᠢᠯᠭ᠎ᠠ ᠲᠠᠢ ᠬᠦᠮᠦᠨ ᠢ᠋ ᠤᠷᠢᠨ ᠵᠠᠯᠠᠵᠤ᠂ ᠤᠢᠷ᠎ᠡ ᠬᠠᠪᠢ ᠢ᠋ᠢᠨ ᠬᠢᠨ ᠳ᠋ᠤ᠌ ᠪᠡᠨ ᠮᠡᠳᠡᠭᠳᠡᠪᠡᠯ᠂ ᠠᠢᠯ ᠬᠤᠳᠡᠨ ᠤ᠋ ᠬᠢᠨᠢ ᠵᠠᠯᠠᠭᠤᠴᠤᠳ ᠪᠠ ᠨᠠᠰᠤᠳᠠᠢᠴᠤᠳ ᠪᠦᠷ ᠤᠷᠤᠯᠴᠠᠵᠤ᠂ ᠨᠠᠰᠤᠳᠠᠢᠴᠤᠳ ᠨᠢ ᠠᠳᠤᠭᠤᠨ ᠤ᠋ ᠵᠠᠬ᠎ᠡ ᠳ᠋ᠤ᠌ ᠭᠠᠯ ᠲᠦᠯᠡᠵᠤ᠂ ᠬᠠᠭᠠᠷᠢᠭᠤᠯ ᠤᠯᠠᠢᠯᠭᠠᠬᠤ ᠪᠠ ᠵᠠᠯᠠᠭᠤᠴᠤᠳ ᠨᠢ ᠬᠠᠭᠠᠷᠢᠬᠤ ᠦᠷᠢᠶ᠎ᠡ ᠪᠡᠨ ᠪᠠᠷᠢᠵᠤ ᠦᠷᠢᠶ᠎ᠡ ᠪᠡᠨ ᠬᠠᠭᠠᠷᠢᠳᠠᠭ᠃

ᠨᠤᠭᠳᠤᠴᠢᠨ ᠤ᠋ ᠠᠳᠤᠭᠤ ᠨᠤᠭᠳᠤᠯᠠᠬᠤ ᠤᠷ᠎ᠡ ᠮᠡᠷᠬᠡᠵᠢᠯ ᠨᠢ ᠦᠨᠳᠤᠷ᠂ ᠬᠦᠳᠡᠯᠬᠡᠬᠡᠨ ᠨᠢ ᠪᠤᠰᠢᠭᠤ ᠱᠠᠯᠠᠮᠠᠭᠠᠢ  ᠪᠠᠢᠵᠤ᠂ ᠤᠷᠭᠠᠴᠢᠨ ᠤᠷᠭᠠᠯᠠᠬᠤ ᠡᠴᠡ ᠡᠮᠤᠨ᠎ᠡ ᠤᠷᠢᠳ ᠢ᠋ᠢᠡᠷ ᠨᠤᠭᠳᠤᠯᠠᠵᠤ ᠠᠮᠵᠢᠨ᠂ ᠪᠠᠷᠠᠭᠤᠨ ᠭᠠᠷ ᠲᠠᠭᠠᠨ ᠨᠤᠭᠳᠤ ᠪᠡᠨ ᠡᠪᠬᠡᠨ ᠪᠠᠷᠢᠵᠤ᠂  ᠵᠡᠬᠦᠨ ᠭᠠᠷ ᠢ᠋ᠢᠡᠷ ᠢ᠋ᠢᠡᠨ ᠵᠢᠯᠤᠭᠤ ᠴᠤᠯᠪᠤᠭᠤᠷ ᠢ᠋ᠢᠡᠨ ᠠᠳᠬᠤᠨ᠂ ᠪᠠᠷᠢᠬᠤ ᠬᠡᠵᠤ ᠪᠠᠢᠭ᠎ᠠ ᠮᠤᠷᠢ ᠢ᠋ᠢ ᠲᠠᠭᠠᠵᠤ ᠲᠠᠪᠬᠢᠵᠤ ᠪᠠᠢᠭᠠᠳ ᠲᠡᠬᠦᠨ ᠤ᠋ ᠪᠡᠶ᠎ᠡ ᠳ᠋ᠤᠨᠢ ᠨᠠᠭᠠᠯᠳᠤᠨ ᠤᠴᠢᠵᠤ ᠨᠤᠭᠳᠤᠨ ᠤ᠋ ᠮᠤᠷᠢᠨ ᠤ᠋ ᠪᠡᠨ ᠵᠢᠯᠤᠭᠤ ᠢ᠋ᠢ ᠪᠠᠷᠢᠭᠰᠠᠨ ᠭᠠᠵᠠᠷ (ᠵᠡᠬᠦᠨ ᠭᠠᠷ) ᠢ᠋ᠢᠡᠷ ᠢ᠋ᠢᠡᠨ ᠪᠠᠷᠢᠬᠤ ᠬᠡᠵᠤ ᠪᠠᠢᠭ᠎ᠠ ᠮᠤᠷᠢᠨ ᠤ᠋ ᠲᠡᠯ ᠮᠤᠨᠳᠠᠭ᠎ᠠ ᠲᠠᠢ ᠨᠡᠢᠯᠡᠬᠦᠯᠦᠨ ᠠᠳᠬᠤᠵᠤ ᠠᠪᠤᠨ᠎ᠡ ᠂ ᠢᠨᠭᠬᠢᠬᠡᠳ ᠨᠤᠭᠳᠤᠨ ᠤ᠋ ᠮᠤᠷᠢ ᠨᠢ ᠪᠠᠷᠢᠬᠤ ᠬᠡᠵᠤ ᠪᠠᠢᠭ᠎ᠠ ᠮᠤᠷᠢ ᠢ᠋ᠢ ᠨᠠᠭᠠᠯᠳᠤᠨ ᠲᠠᠪᠬᠢᠵᠤ ᠪᠠᠢᠭᠠᠳ᠂ ᠨᠤᠭᠳᠤᠴᠢᠨ ᠪᠠᠷᠠᠭᠤᠨ ᠭᠠᠷ ᠢ᠋ᠢᠡᠷ ᠢ᠋ᠢᠡᠨ ᠨᠤᠭᠳᠤ ᠪᠡᠨ ᠤᠷᠤᠭᠰᠢ ᠪᠡᠨ ᠲᠡᠬᠦᠨ ᠤ᠋ ᠬᠤᠶᠠᠷ ᠴᠢᠬᠢᠨ ᠳ᠋ᠤᠨᠢ ᠡᠯᠬᠦᠵᠤ ᠴᠤᠬᠢᠨ᠎ᠡ ᠂ ᠢᠨᠭᠬᠢᠪᠡᠯ ᠡᠷᠡᠤᠪᠴᠢ ᠨᠢ ᠮᠤᠷᠢᠨ ᠤ᠋ ᠬᠠᠮᠠᠷ ᠲᠦ᠍ ᠲᠤᠬᠤᠭᠳᠠᠭᠠᠳ ᠨᠤᠭᠳᠤᠯᠠᠵᠤ ᠠᠪᠳᠠᠭ ᠃


QQ20260304-163241.png

ᠬᠡᠬᠦᠦ ᠰᠠᠭᠠᠬᠤ

ᠬᠡᠬᠦᠦ ᠰᠠᠭᠠᠬᠤ ᠳ᠋ᠤ᠌ ᠦᠷᠯᠦᠬᠡ ᠨᠠᠷᠡ ᠭᠠᠷᠬᠤ ᠲᠠᠢ ᠵᠡᠷᠬᠡᠴᠡᠨ ᠠᠳᠤᠭᠤ ᠪᠡᠨ ᠬᠤᠷᠢᠶᠠᠵᠤ ᠤᠨᠠᠭ᠎ᠠ ᠪᠡᠨ ᠬᠦᠬᠦᠯᠦᠨ᠂ ᠲᠠᠷᠠᠭ᠎ᠠ ᠨᠢ ᠤᠨᠠᠭ᠎ᠠ ᠪᠠᠨ ᠴᠢᠭᠳᠠᠯᠠᠵᠤ᠂ ᠬᠡᠬᠦᠦ ᠪᠡᠨ ᠵᠡᠯᠠᠯᠡᠨ᠂ ᠵᠦᠪ ᠲᠠᠯ᠎ᠠ ᠳ᠋ᠤᠨᠢ ᠵᠤᠭᠰᠤᠵᠤ᠂ ᠵᠡᠬᠦᠨ ᠭᠠᠷ ᠢ᠋ᠢᠡᠷ ᠢ᠋ᠢᠡᠨ ᠰᠠᠭᠤᠯᠭ᠎ᠠ ᠪᠡᠨ ᠲᠤᠬᠤᠢᠯᠠᠨ᠂ ᠪᠠᠷᠠᠭᠤᠨ ᠭᠠᠷ ᠢ᠋ᠢᠡᠷ ᠢ᠋ᠢᠡᠨ ᠰᠢᠪᠳᠤᠷᠤᠨ ᠰᠠᠭᠠᠨ᠎ᠡ᠃ ᠬᠡᠬᠦᠦ ᠰᠠᠭᠠᠬᠤ ᠳ᠋ᠠᠭᠠᠨ ᠪᠡᠯᠴᠢᠬᠡᠷ ᠤᠢᠷ᠎ᠡ᠂ ᠦᠨᠳᠤᠷ ᠦᠳᠬᠡᠨ ᠡᠪᠡᠰᠤ ᠲᠠᠢ᠂ ᠤᠰᠤ ᠤᠮᠳᠠ ᠲᠠᠢ ᠨᠤᠳᠤᠭ ᠢ᠋ ᠰᠤᠨᠭᠭᠤᠵᠤ ᠬᠡᠬᠦᠦ ᠪᠡᠨ ᠰᠠᠭᠠᠳᠠᠭ᠃ ᠰᠠᠭᠠᠯᠢ ᠢ᠋ᠢᠨ ᠬᠡᠬᠦᠦ ᠤᠯᠠᠨ ᠪᠤᠯ ᠤᠨᠠᠭ᠎ᠠ ᠢ᠋ᠢ ᠨᠢ ᠵᠡᠯ᠎ᠡ ᠲᠠᠳᠠᠨ ᠤᠶᠠᠵᠤ᠂ ᠬᠡᠬᠦᠦ ᠢ᠋ᠢ ᠡᠬᠢᠯᠡᠬᠡᠳ ᠭᠤᠷᠪᠡ ᠤᠳᠠᠭ᠎ᠠ᠂ ᠴᠢᠨᠠᠭᠰᠢᠳᠡ ᠰᠠᠭᠠᠬᠤ ᠲᠤᠭ᠎ᠠ ᠢ᠋ᠢ ᠠᠭᠠᠵᠢᠮ ᠢ᠋ᠢᠡᠷ ᠨᠡᠮᠡᠭᠰᠡᠬᠡᠷ ᠨᠢ᠋ᠮᠠ ᠤᠳᠠᠭ᠎ᠠ ᠬᠦᠷᠳᠡᠯ᠎ᠡ ᠰᠠᠭᠠᠵᠤ ᠲᠡᠬᠢᠨ ᠴᠦᠬᠡᠷᠡᠬᠦᠯᠦᠭᠰᠡᠬᠡᠷ ᠬᠠᠮᠤᠭ ᠰᠡᠬᠦᠯ ᠳ᠋ᠤ᠌ ᠤᠨᠠᠭ᠎ᠠ ᠪᠡᠨ ᠲᠠᠯᠪᠢᠨ᠎ᠡ᠃ ᠬᠡᠬᠦᠦ ᠢ᠋ᠢ ᠭᠤᠤᠯᠳᠠᠭᠤ ᠪᠢᠯᠢᠭ ᠤ᠋ᠨ ᠤᠯᠠᠷᠢᠯ ᠤ᠋ᠨ ᠲᠠᠪᠤᠨ ᠰᠠᠷ᠎ᠡ ᠢ᠋ᠢᠨ ᠰᠡᠬᠦᠯᠴᠢ ᠡᠴᠡ ᠲᠤᠯᠤᠭᠠᠨ ᠰᠠᠷ᠎ᠡ ᠢ᠋ᠢᠨ ᠰᠡᠬᠦᠯᠴᠢ ᠬᠦᠷᠳᠡᠯ᠎ᠡ ᠰᠠᠭᠠᠵᠤ᠂ ᠵᠤᠨ ᠤ᠋ ᠴᠠᠭ ᠡᠳᠤᠷ ᠤ᠋ᠨ 4-8 ᠤᠳᠠᠭ᠎ᠠ᠂ ᠨᠠᠮᠤᠷ ᠤ᠋ᠨ ᠴᠠᠭ ᠡᠳᠤᠷ ᠤ᠋ᠨ 3 - 4 ᠤᠳᠠᠭ᠎ᠠ  ᠰᠠᠭᠠᠳᠠᠭ᠃


QQ20260304-163253.png



ᠠᠳᠤᠭᠤ ᠲᠡᠯᠯᠡᠬᠦ

ᠬᠠᠪᠤᠷ ᠪᠤᠯᠵᠤ ᠠᠭᠤᠷ ᠠᠮᠢᠰᠬᠤᠯ ᠲᠤᠯᠠᠭᠠᠷᠠᠬᠤ ᠦᠶ᠎ᠡ ᠳ᠋ᠤ᠌ ᠮᠤᠷᠢᠨ ᠤ᠋ ᠲᠡᠯ ᠤ᠋ᠨ ᠢᠯᠴᠢ ᠬᠠᠮᠠᠭᠠᠯᠠᠬᠤ ᠴᠢᠳᠠᠪᠤᠷᠢ ᠨᠢ ᠪᠠᠭᠠᠰᠳᠠᠭ ᠲᠤᠯᠠ ᠠᠳᠤᠭᠤᠴᠢᠨ ᠠᠳᠤᠭᠤ ᠪᠡᠨ ᠲᠡᠯᠯᠡᠳᠡᠭ᠃ ᠲᠡᠯ ᠰᠠᠢᠬᠠᠨ ᠵᠠᠰᠠᠬᠤ ᠨᠢ ᠮᠤᠷᠢ ᠢ᠋ᠢ ᠶᠠᠨᠭᠵᠤᠯᠠᠵᠤ᠂ ᠭᠤᠤ᠎ᠡ ᠰᠠᠢᠬᠠᠨ ᠤ᠋ ᠲᠦᠷᠦᠭᠳᠡᠯ ᠦᠭᠳᠡᠭ ᠪᠤᠯᠬᠤᠷ ᠠᠳᠤᠭᠤᠴᠢᠨ ᠮᠤᠷᠢᠨ ᠤ᠋ ᠲᠡᠯ ᠵᠠᠰᠠᠬᠤ ᠢ᠋ᠢ ᠶᠡᠬᠡᠳᠡ ᠡᠷᠬᠢᠮᠯᠡᠵ᠂ ᠢᠯᠠᠨᠭᠭᠤᠶ᠎ᠡ ᠤᠷᠤᠯᠳᠤᠭᠠᠨ ᠤ᠋ ᠮᠤᠷᠢ᠂ ᠤᠨᠤᠭᠠᠷᠢ ᠢ᠋ᠢᠨ ᠮᠤᠷᠢᠨ ᠤ᠋ ᠪᠡᠨ ᠲᠡᠯ ᠢ᠋ ᠵᠢᠯ ᠤ᠋ᠨ ᠲᠦᠷᠪᠡᠨ ᠤᠯᠠᠷᠢᠯ ᠳ᠋ᠤ᠌ ᠵᠠᠰᠠᠵᠤ᠂ ᠤᠶᠠᠪᠠᠯ ᠤᠶᠠᠭᠠᠨ ᠤ᠋ ᠴᠢᠮᠡᠭ᠂ ᠲᠠᠯᠪᠢᠪᠡᠯ ᠰᠦᠷᠦᠭ ᠤ᠋ᠨ ᠴᠢᠮᠡᠭ ᠪᠤᠯᠭᠠᠳᠠᠭ ᠪᠠᠢᠨ᠎ᠡ᠃ ᠠᠳᠤᠭᠤ ᠲᠡᠯᠯᠡᠬᠦ ᠪᠤᠯ ᠬᠦᠳᠡᠯᠮᠤᠷᠢ ᠠᠵᠢᠯ ᠪᠤᠯᠤᠨ ᠬᠦᠷ ᠨᠠᠢᠷ ᠬᠤᠤᠰᠯᠠᠭᠰᠠᠨ ᠠᠵᠢᠯᠯᠠᠭ᠎ᠠ ᠪᠠᠢᠵᠤ᠂ ᠬᠦᠳᠡᠯᠮᠤᠷᠢ ᠠᠵᠢᠯ ᠢ᠋ᠢᠡᠨ ᠬᠤᠪᠢᠶᠠᠨ ᠪᠠᠢᠷᠢᠰᠢᠭᠤᠯᠵᠤ᠂ ᠤᠷᠭᠠᠴᠢᠨ᠂ ᠬᠠᠢᠴᠢ ᠪᠠᠷᠢᠬᠤ ᠬᠦᠮᠦᠨ᠂ ᠲᠡᠯ ᠬᠤᠷᠢᠶᠠᠬᠤ ᠬᠦᠮᠦᠨ ᠢ᠋ᠢᠡᠨ ᠲᠤᠬᠢᠷᠠᠭᠤᠯᠤᠨ᠂ ᠡᠮᠬᠢ ᠵᠢᠷᠤᠮ ᠲᠠᠢ ᠠᠵᠢᠯᠯᠠᠳᠠᠭ ᠃

ᠤᠷᠭᠠᠴᠢᠨ ᠤᠷᠭ᠎ᠠ ᠢ᠋ᠢᠨ ᠮᠤᠷᠢᠨ ᠳ᠋ᠠᠭᠠᠨ ᠮᠤᠷᠳᠠᠵᠤ ᠤᠷᠳᠤ ᠤᠷᠭ᠎ᠠ ᠪᠡᠨ ᠭᠠᠷ ᠲᠠᠭᠠᠨ ᠠᠳᠬᠤᠨ ᠤᠷᠭᠠᠯᠠᠬᠤ ᠮᠤᠷᠢᠨ ᠤ᠋ ᠵᠦᠭ ᠲᠤᠪᠳᠤᠯᠬᠤ ᠳ᠋ᠤ᠌ ᠤᠷᠭ᠎ᠠ ᠢ᠋ᠢᠨ ᠮᠤᠷᠢ ᠡᠵᠡᠨ ᠤ᠋ ᠪᠡᠨ ᠵᠢᠯᠤᠭᠤ ᠢ᠋ᠢ ᠲᠠᠭᠠᠨ ᠲᠠᠪᠬᠢᠵᠤ᠂ ᠤᠷᠭ᠎ᠠ ᠢ᠋ᠢᠨ ᠲᠤᠯᠤᠭᠠᠢ ᠬᠠᠮᠢᠭᠠᠰᠢ ᠬᠦᠳᠡᠯᠪᠡᠯ ᠲᠡᠢᠰᠢ ᠬᠡᠯᠪᠡᠢᠵᠤ᠂ ᠤᠷᠭᠠᠴᠢᠨ ᠤᠷᠭ᠎ᠠ ᠢ᠋ᠢᠨ ᠬᠤᠢᠪᠢ ᠢ᠋ᠢᠨ ᠭᠤᠭᠴᠤᠭ᠎ᠠ ᠢ᠋ᠢ ᠤᠷᠭᠠᠯᠠᠬᠤ ᠮᠤᠷᠢᠨ ᠪ ᠲᠤᠯᠤᠭᠠᠢ ᠤᠷᠤᠭᠤ ᠰᠡᠪ ᠬᠡᠳᠡᠯ᠎ᠡ ᠬᠠᠶᠠᠵᠤ ᠨᠠᠷᠢᠨ ᠬᠦᠵᠤᠬᠦᠦ ᠪᠡᠷ ᠨᠢ ᠤᠷᠤᠭᠤᠯᠤᠨ ᠠᠷᠤᠨᠰᠢ ᠲᠠᠳᠠᠬᠤ ᠲᠠᠢ ᠵᠡᠷᠬᠡ ᠤᠷᠭ᠎ᠠ ᠢ᠋ᠢᠨ ᠮᠤᠷᠢ ᠤᠬᠤᠰᠬᠢᠨ ᠰᠠᠭᠤᠵᠤ ᠡᠵᠡᠨ ᠎ᠳ᠋ᠡᠬᠡᠨ ᠲᠡᠮ ᠪᠤᠯᠵᠤ ᠦᠭᠴᠤ᠂ ᠤᠷᠭᠠᠯᠠᠬᠤ ᠮᠤᠷᠢ ᠪᠡᠨ ᠤᠷᠭᠠᠯᠠᠨ ᠠᠪᠳᠠᠭ᠃ ᠮᠤᠷᠢ ᠤᠷᠭᠠᠯᠠᠬᠤ ᠳ᠋ᠤ ᠲᠤᠯᠤᠭᠠᠢ ᠠᠯᠳᠠᠬᠤ ᠦᠬᠡᠢ ᠤᠷᠭᠠᠯᠠᠵᠤ ᠴᠢᠳᠠᠳᠠᠭ ᠬᠦᠮᠦᠨ ᠢ᠋ ᠰᠠᠶᠢ ᠮᠡᠷᠬᠡᠨ ᠤᠷᠭᠠᠴᠢᠨ ᠳ᠋ᠤ᠌ ᠲᠤᠭᠠᠴᠠᠵᠤ᠂ ᠪᠠᠷᠢᠬᠤ ᠮᠤᠷᠢᠨ ᠳ᠋ᠤ ᠰᠡᠷᠡᠮᠵᠢ ᠤᠯᠭᠤᠬᠤ ᠦᠬᠡᠢ ᠪᠠᠢᠬᠤ᠂ ᠤᠷᠭᠠᠴᠢ ᠢ᠋ᠢᠨ ᠮᠡᠳᠡᠷᠡᠮᠵᠢ ᠭᠠᠷᠮᠠᠭᠠᠢ ᠪᠠᠢᠬᠤ᠂ ᠤᠷᠭ᠎ᠠ ᠢ᠋ᠢᠨ ᠮᠤᠷᠢ ᠪᠤᠰᠢᠭᠤ ᠱᠠᠯᠠᠮᠠᠭᠠᠢ ᠪᠠᠢᠬᠤ ᠪᠤᠯ ᠤᠷᠭᠠᠴᠢᠨ ᠤ᠋ ᠭᠤᠷᠪᠡᠨ ᠤᠶᠠᠯᠳᠤᠯ ᠡᠷᠳᠡᠮ ᠶᠤᠮ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号