— ᠤᠯᠠᠭᠠᠨ ᠮᠤᠷᠢᠨ ᠵᠢᠯᠤᠨ ᠴᠠᠭᠠᠨ ᠰᠠᠷᠠᠳᠤ ᠵᠤᠷᠢᠭᠤᠯᠤᠭᠰᠠᠨ ᠤᠨᠴᠠ ᠤᠬᠠᠭᠠᠯᠠᠯ (ᠳᠤᠯᠤᠭ᠎ᠠ)

ᠮᠤᠷᠢ ᠬᠦᠮᠦᠨ ᠲᠦᠷᠦᠯᠬᠢᠳᠡᠨᠤ ᠰᠤᠶᠤᠯ ᠪᠤᠯᠪᠠᠰᠤᠨᠤ ᠨᠢᠭᠡ ᠭᠡᠰᠡᠭ ᠪᠤᠯᠤᠭᠰᠠᠨᠤ ᠨᠢᠭᠡᠨ ᠪᠤᠳᠠᠳᠤ ᠵᠢᠱ᠌ᠢᠶ᠎ᠡ ᠨᠢ ᠠᠳᠤᠭᠤᠨ ᠴᠡᠩᠭᠡᠬᠦᠨ ᠪᠤᠯᠤᠨ᠎ᠠ᠃ ᠠᠳᠤᠭᠤ ᠵᠢ ᠠᠮᠢᠳᠤᠷᠠᠯᠤᠨ ᠵᠢᠡᠨ ᠦᠨᠳᠦᠰᠦᠨ ᠵᠦᠢᠯᠢ ᠬᠠᠩᠭᠠᠬᠤ ᠠᠰᠢᠬ ᠰᠢᠮ᠎ᠠ ᠵᠢ ᠡᠳ᠋ᠯᠡᠵᠦ ᠪᠠᠢᠭᠰᠠᠨ ᠡᠴᠡ ᠪᠠᠨ ᠤᠨᠤᠵᠦ᠂ ᠲᠡᠷᠭᠡᠨᠳᠤ ᠬᠦᠯᠵᠦ᠂ ᠠᠨᠵᠢᠰᠤᠨᠳᠤ ᠬᠦᠯᠵᠦ᠂ ᠦᠢᠯᠡᠳᠪᠦᠷᠢᠯᠡᠯᠳᠡᠭᠡᠨ ᠭᠡᠷᠡᠭᠯᠡᠵᠦ ᠡᠬᠢᠯᠡᠭᠰᠡᠨ ᠪᠦᠭᠡᠳ ᠤᠳᠠᠯ ᠦᠭᠡᠢ ᠭᠠᠵᠠᠷ ᠨᠤᠲᠤᠭ ᠵᠢᠡᠨ ᠬᠠᠮᠠᠭᠠᠯᠠᠬᠤ᠂ ᠦᠷᠭᠡᠳᠭᠡᠬᠦ ᠵᠡᠷᠭᠡ ᠲᠠᠢᠨ ᠪᠠᠢᠯᠳᠤᠭᠠᠨᠳᠤ ᠭᠡᠷᠡᠭᠯᠡᠵᠦ ᠡᠬᠢᠯᠡᠪᠡ᠃ ᠡᠬᠦᠨᠤ ᠲᠠᠷᠠᠭ᠎ᠠ ᠪᠠᠷ ᠲᠦᠪᠰᠢᠨ ᠠᠮᠢᠳᠤᠷᠠᠯᠤᠨ ᠵᠤᠭ᠎ᠠ ᠴᠡᠩᠭᠡᠯᠢ ᠡᠳ᠋ᠯᠡᠬᠦ ᠪᠤᠶᠤ ᠴᠡᠷᠢᠭ ᠵᠢᠡᠨ ᠪᠤᠯᠪᠠᠰᠤᠷᠠᠭᠤᠯᠬᠤ ᠡᠬᠦᠳᠡᠨ ᠡᠴᠡ ᠮᠤᠷᠢ ᠵᠢ ᠴᠡᠩᠬᠡᠬᠦᠨᠳᠤ ᠭᠡᠷᠡᠭᠯᠡᠬᠦ ᠪᠤᠯᠪᠠ᠃ ᠡᠬᠦᠨᠴᠡ ᠮᠤᠷᠢ ᠬᠦᠮᠦᠨ ᠲᠠᠢ ᠨᠡᠩ ᠢᠯᠡᠬᠦᠦ ᠬᠠᠷᠢᠴᠠᠭ᠎ᠠ ᠬᠦᠨ ᠪᠤᠯᠵᠦ᠂ 《ᠴᠡᠷᠢᠭ ᠮᠤᠷᠢ》 ᠭᠡᠬᠦ ᠬᠤᠯᠪᠤᠭ᠎ᠠ ᠦᠭᠡ ᠴᠦ᠍ ᠪᠤᠢ ᠪᠤᠯᠵᠠᠢ᠃ ᠲᠠᠷᠤᠢ ᠮᠤᠷᠢ ᠨᠢᠭᠡᠨᠳᠡ ᠬᠦᠮᠦᠨ ᠲᠠᠢ ᠵᠡᠷᠭᠡᠴᠡᠭᠰᠡᠨ ᠬᠠᠷᠢᠴᠠᠭ᠎ᠠ ᠲᠠᠢ ᠪᠤᠯᠪᠠ᠃ ᠲᠡᠯᠡᠬᠡᠢ ᠵᠢᠨ ᠡᠯ᠎ᠡ ᠦᠨᠳᠦᠰᠦᠳᠡᠨᠤ ᠬᠦᠭᠵᠢᠯᠳᠡ ᠵᠢᠨ ᠲᠡᠦᠭᠡᠨᠳᠤ ᠮᠤᠷᠢ ᠤᠷᠤᠯᠳᠤᠭᠤᠯᠵᠦ ᠪᠠᠢᠭᠰᠠᠨ ᠲᠡᠦᠭᠡ ᠪᠦᠷ ᠲᠡᠮᠳᠡᠭᠯᠡᠭᠡᠰᠦᠳᠡᠢ᠃ ᠲᠤᠮᠳᠠᠳᠤ ᠵᠢᠨ ᠡᠷᠳᠡᠨᠤ ᠤᠷᠠᠨ ᠵᠢᠷᠤᠭ ᠲᠦ᠍ ᠮᠤᠷᠢ ᠤᠷᠤᠯᠳᠤᠭᠤᠯᠵᠦ ᠪᠠᠢᠭᠰᠠᠨ ᠲᠡᠦᠭᠡ ᠵᠢ ᠲᠡᠮᠳᠡᠭᠯᠡᠭᠰᠡᠨ ᠬᠤᠪᠤᠷ ᠨᠠᠨᠳᠢᠨ ᠤᠷᠠᠨ ᠵᠢᠷᠤᠭ ᠮᠠᠰᠢ ᠤᠯᠠᠨ ᠪᠠᠢᠳᠠᠭ ᠪᠦᠭᠡᠳ ᠮᠤᠷᠢᠨ ᠤᠷᠤᠯᠳᠤᠭᠠᠨ ᠨᠢ ᠤᠳᠤᠬᠠᠨ ᠴᠦ᠍ ᠭᠡᠰᠡᠨ ᠨᠢᠭᠡ ᠵᠦᠢᠯᠤᠨ ᠠᠵᠦ ᠦᠢᠯᠡᠰ ᠪᠤᠯᠵᠦ᠂ ᠲᠡᠯᠡᠬᠡᠢ ᠵᠢᠨ ᠭᠡᠪᠴᠢᠶᠡᠨᠤ ᠤᠷᠤᠯᠳᠤᠭᠠᠨ ᠴᠡᠩᠭᠡᠬᠦᠨ ᠤᠯᠠᠨᠳᠠ ᠶᠠᠪᠤᠭᠳᠠᠳᠠᠭ ᠪᠤᠯᠬᠤᠷ ᠰᠠᠢᠨ ᠡᠬᠦᠯᠳᠡᠷᠤᠨ ᠮᠤᠷᠢᠨᠤ ᠦᠨ᠎ᠡ ᠬᠠᠩᠰᠢ ᠶᠠᠪᠤᠬᠤ ᠲᠤᠳᠤᠮ ᠦᠨᠳᠦᠷ ᠪᠤᠯᠤᠭᠰᠠᠭᠠᠷ ᠪᠠᠢᠵᠦ᠂ ᠤᠷᠤᠯᠳᠤᠭᠠᠨ ᠮᠤᠷᠢ ᠠᠷᠠᠴᠢᠯᠠᠬᠤ ᠨᠢ ᠨᠢᠭᠡᠨᠳᠡ ᠨᠢᠭᠡᠨ ᠠᠵᠦ ᠦᠢᠯᠡᠰᠤᠨ ᠬᠡᠯᠬᠢᠶ᠎ᠡ ᠪᠤᠯᠵᠦ ᠪᠦᠷᠢᠯᠳᠦᠭᠰᠡᠨ ᠪᠠᠢᠨ᠎ᠠ᠃ ᠡᠳᠡᠭᠡᠷ ᠤᠷᠤᠯᠳᠤᠭᠠᠨᠤ ᠲᠤᠳᠤᠷ᠎ᠠ ᠮᠤᠷᠢᠨ ᠮᠡᠷᠭᠡᠵᠢᠯᠤᠨ ᠤᠷᠤᠯᠳᠤᠭᠠᠨ᠂ ᠬᠤᠷᠳᠤᠨ ᠮᠤᠷᠢᠨᠤ ᠤᠷᠤᠯᠳᠤᠭᠠᠨ᠂ ᠰᠠᠭᠠᠳ ᠲᠠᠪᠠᠬᠤ ᠤᠷᠤᠯᠳᠤᠭᠠᠨ ᠨᠡᠯᠢᠶᠡᠳ ᠪᠠᠢᠩᠭᠤ ᠬᠠᠷᠠᠭᠳᠠᠳᠠᠭ ᠪᠦᠭᠡᠳ ᠲᠦᠷᠢᠮ ᠭᠤᠷᠢᠮ ᠨᠢ ᠴᠦ᠍ ᠲᠤᠩ ᠲᠡᠭᠦᠯᠳᠡᠷᠵᠢᠵᠦ᠂ ᠤᠯᠢᠮᠫᠢᠺ ᠤ᠋ᠨ ᠲᠠᠮᠢᠷ ᠤ᠋ᠨ ᠴᠤᠭᠯᠠᠭᠠᠨ ᠤ᠋ ᠲᠦᠷᠦᠯ ᠵᠦᠢᠯ ᠴᠦ᠍ ᠪᠤᠯᠤᠭᠰᠠᠨ ᠪᠠᠢᠳᠠᠭ᠃
ᠮᠤᠩᠭᠤᠯ ᠦᠨᠳᠦᠰᠦᠳᠡᠨᠤ ᠮᠤᠷᠢ ᠤᠷᠤᠯᠳᠤᠭᠤᠯᠵᠦ ᠪᠠᠢᠭᠰᠠᠨ ᠲᠡᠦᠭᠡ ᠨᠡᠯᠢᠶᠡᠳ ᠡᠷᠳᠡᠨ ᠡᠴᠡ ᠡᠬᠢᠯᠡᠭᠰᠡᠨ ᠪᠦᠭᠡᠳ ᠲᠦᠷᠦᠯ ᠵᠦᠢᠯ ᠨᠢ ᠮᠠᠰᠢ ᠤᠯᠠᠨ ᠪᠠᠢᠳᠠᠭ᠃ ᠬᠤᠷᠳᠤ ᠰᠢᠯᠭᠠᠬᠤ ᠬᠤᠯᠠ᠂ ᠤᠢᠷ᠎ᠠ ᠵᠠᠢ ᠵᠢᠨ ᠬᠤᠷᠳᠤᠨ ᠮᠤᠷᠢᠨ ᠤ᠋ ᠤᠷᠤᠯᠳᠤᠭᠠᠨ; ᠬᠦᠶᠦᠳᠡᠯ ᠬᠢᠰᠭᠢᠳᠡᠯ ᠵᠢᠡᠷ ᠨᠢ ᠵᠢᠷᠤᠭ᠎ᠠ ᠬᠠᠲᠠᠷᠢᠶ᠎ᠠ ᠮᠤᠷᠢᠨᠤ ᠤᠷᠤᠯᠳᠤᠭᠠᠨ; ᠮᠤᠷᠢ ᠪᠠ ᠬᠦᠮᠦᠨ ᠤ᠋ ᠮᠡᠷᠭᠡᠵᠢᠯ ᠢ᠋ ᠰᠢᠯᠭᠠᠬᠤ ᠬᠠᠳᠠᠭ ᠰᠢᠬᠦᠷᠬᠦ᠂ ᠨᠠᠮᠨᠠᠭ᠎ᠠ ᠵᠢᠨ ᠤᠷᠤᠯᠳᠤᠭᠠᠨ; ᠬᠦᠴᠦᠨ ᠴᠢᠳᠠᠯ ᠠᠪᠬᠠᠯᠵᠢ ᠰᠠᠮᠪᠠᠭ᠎ᠠ ᠶ᠋ᠢ ᠰᠢᠯᠭᠠᠬᠤ ᠡᠮᠨᠢᠭ ᠰᠤᠷᠭᠠᠬᠤ᠂ ᠠᠳᠤᠭᠤ ᠤᠷᠭᠠᠯᠠᠬᠤ ᠵᠡᠷᠭᠡ ᠲᠦᠷᠦᠯ ᠳ᠋ᠤ ᠬᠤᠪᠢᠶᠠᠵᠤ ᠪᠤᠯᠳᠠᠭ᠃ ᠤᠷᠤᠯᠳᠤᠭᠠᠨ ᠡᠴᠡ ᠭᠠᠳᠠᠨ᠎ᠠ ᠮᠤᠷᠢᠨᠤ ᠶᠠᠪᠤᠳᠠᠯᠢ ᠲᠠᠭᠤᠷᠢᠶᠠᠭᠰᠠᠨ ᠪᠦᠵᠢᠭ ᠵᠤᠬᠢᠶᠠᠵᠦ ᠪᠦᠵᠢᠭᠯᠡᠬᠦ᠂ ᠮᠤᠷᠢᠨ ᠮᠡᠷᠭᠡᠵᠢᠯᠢ ᠠᠰᠢᠭᠯᠠᠨ ᠪᠤᠳᠠᠳᠤ ᠦᠵᠡᠭᠳᠡᠯᠳᠤ ᠵᠦᠴᠦᠭᠡ ᠲᠤᠭᠯᠠᠬᠤ ᠵᠡᠷᠭᠡ ᠪᠡᠷ ᠰᠢᠨ᠎ᠠ ᠴᠠᠭ ᠦᠶᠡᠳᠤ ᠮᠤᠷᠢ ᠬᠦᠮᠦᠨ ᠲᠦᠷᠦᠯᠬᠢᠳᠡᠨᠤ ᠪᠤᠯᠪᠠᠰᠤᠨᠳᠤ ᠨᠡᠩ ᠬᠦᠨᠴᠡ ᠲᠠᠢ ᠠᠭᠤᠰᠴᠤ ᠡᠬᠢᠯᠡᠭᠰᠡᠨ ᠪᠠᠢᠨ᠎ᠠ᠃
ᠬᠤᠷᠳᠤᠨ ᠮᠤᠷᠢᠨ ᠤ᠋ ᠤᠷᠤᠯᠳᠤᠭᠠᠨ
ᠬᠤᠷᠳᠤᠨ ᠮᠤᠷᠢᠨ ᠤ᠋ ᠤᠷᠤᠯᠳᠤᠭᠠᠨ ᠪᠤᠯ ᠬᠦᠯᠦᠭ ᠤ᠋ᠨ ᠰᠠᠢᠨ ᠢ᠋ ᠰᠢᠯᠭᠠᠨ ᠰᠢᠨᠳᠠᠰᠤ ᠰᠢᠷᠪᠤᠰᠤ ᠵᠢᠨ ᠢᠳᠡ ᠶ᠋ᠢ ᠦᠵᠡᠳᠡᠭ ᠤᠷᠤᠯᠳᠤᠭᠠᠨ ᠪᠤᠯᠬᠤᠷ ᠬᠤᠷᠳᠤᠴᠠ ᠶ᠋ᠢ ᠦᠵᠡᠬᠦ ᠲᠡᠳᠦᠢ ᠦᠭᠡᠢ ᠲᠡᠰᠪᠦᠷᠢ ᠳᠠᠭᠠᠭᠠᠴᠠ ᠶ᠋ᠢ ᠴᠤ᠌ ᠰᠢᠯᠭᠠᠳᠠᠭ᠃ 《ᠡᠷ᠎ᠡ ᠵᠢᠨ ᠭᠤᠷᠪᠠᠨ ᠨᠠᠭᠠᠳᠤᠮ》 ᠤ᠋ᠨ ᠨᠢᠭᠡ ᠪᠤᠯᠤᠭᠰᠠᠨ ᠬᠤᠷᠳᠤᠨ ᠮᠤᠷᠢᠨ ᠤ᠋ ᠤᠷᠤᠯᠳᠤᠭᠠᠨ ᠳ᠋ᠤ ᠠᠵᠢᠷᠭ᠎ᠠ ᠤᠷᠤᠯᠳᠤᠭᠤᠯᠬᠤ᠂ ᠦᠷᠢᠶ᠎ᠡ ᠤᠷᠤᠯᠳᠤᠭᠤᠯᠬᠤ᠂ ᠲᠡᠷᠡᠴᠢᠯᠡᠨ ᠮᠤᠷᠢᠳ ᠢ᠋ ᠨᠠᠰᠤ ᠢᠯᠭᠠᠨ ᠳᠠᠭ᠎ᠠ᠂ ᠰᠢᠳᠦᠯᠡᠩ᠂ ᠬᠢᠵᠠᠭᠠᠯᠠᠩ᠂ ᠰᠤᠶᠤᠭᠠᠯᠠᠩ ᠮᠤᠷᠢᠳ ᠤ᠋ᠨ ᠤᠷᠤᠯᠳᠤᠭᠠᠨ ᠭᠡᠵᠤ ᠤᠷᠤᠯᠳᠤᠭᠤᠯᠳᠠᠭ ᠪᠤᠯᠪᠠ᠃
ᠶᠡᠬᠡ ᠨᠠᠰᠤᠨ ᠤ᠋ ᠮᠤᠷᠢᠳ ᠤ᠋ᠨ ᠤᠷᠤᠯᠳᠤᠭᠠᠨ (ᠪᠦᠳᠦᠭᠦᠨ ᠮᠤᠷᠢᠳ ᠤ᠋ᠨ ᠤᠷᠤᠯᠳᠤᠭᠠᠨ) ᠪᠠ ᠠᠵᠢᠷᠭ᠎ᠠ ᠵᠢᠨ ᠤᠷᠤᠯᠳᠤᠭᠠᠨ ᠢ᠋ 30 — 40 ᠭᠠᠵᠠᠷ ᠤ᠋ᠨ ᠬᠤᠯᠠ ᠵᠠᠢ ᠳ᠋ᠤ ᠤᠷᠤᠯᠳᠤᠭᠤᠯᠵᠤ᠂ ᠳᠠᠭ᠎ᠠ ᠵᠢᠨ ᠤᠷᠤᠯᠳᠤᠭᠠᠨ ᠢ᠋ 12 ᠭᠠᠵᠠᠷ ᠤᠷᠴᠢᠮ ᠤ᠋ᠨ ᠤᠢᠷ᠎ᠠ ᠵᠠᠢ ᠳ᠋ᠤ ᠤᠷᠤᠯᠳᠤᠭᠤᠯᠤᠨ᠂ ᠦᠷᠢᠶ᠎ᠡ ᠮᠤᠷᠢᠳ ᠤ᠋ᠨ ᠤᠷᠤᠯᠳᠤᠭᠠᠨ ᠢ᠋ ᠨᠠᠰᠤ ᠢᠯᠭᠠᠨ 20 — 28 ᠭᠠᠵᠠᠷ ᠤᠷᠴᠢᠮ ᠤ᠋ᠨ ᠵᠠᠢ ᠳ᠋ᠤ ᠤᠷᠤᠯᠳᠤᠭᠤᠯᠳᠠᠭ᠃ 2005 ᠤᠨ ᠳ᠋ᠤ ᠦᠵᠦᠮᠦᠴᠢᠨ ᠨᠤᠲᠤᠭ ᠲᠤ᠌ ᠪᠤᠯᠤᠭᠰᠠᠨ《ᠠᠵᠢᠨᠠᠢ ᠬᠦᠯᠦᠭ》 ᠤ᠋ᠨ ᠶᠡᠬᠡ ᠨᠠᠢᠷ ᠲᠤ᠌ 800 ᠮᠤᠷᠢ ᠤᠷᠤᠯᠳᠤᠭᠤᠯᠵᠤ᠂ ᠳᠡᠯᠡᠬᠡᠢ ᠵᠢᠨ ᠭᠢᠨᠢᠰ ᠤ᠋ᠨ ᠲᠡᠮᠳᠡᠭᠯᠡᠯ ᠳ᠋ᠤ ᠲᠡᠮᠳᠡᠭᠯᠡᠭᠳᠡᠵᠠᠢ᠃

ᠬᠠᠳᠠᠭ ᠰᠢᠬᠦᠷᠬᠦ ᠤᠷᠤᠯᠳᠤᠭᠠᠨ
ᠬᠠᠳᠠᠭ ᠰᠢᠬᠦᠷᠬᠦ ᠤᠷᠤᠯᠳᠤᠭᠠᠨ ᠮᠤᠷᠢᠨ ᠮᠡᠷᠭᠡᠵᠢᠯ ᠤ᠋ᠨ ᠤᠷᠤᠯᠳᠤᠭᠠᠨ ᠤ᠋ ᠨᠢᠭᠡ ᠵᠦᠢᠯ ᠪᠠᠢᠵᠤ᠂ 2020 ᠤᠨ ᠡᠴᠡ ᠦᠪᠦᠷ ᠮᠤᠩᠭᠤᠯ ᠤ᠋ᠨ ᠤᠯᠠᠨ ᠤᠯᠤᠰ ᠤ᠋ᠨ ᠮᠤᠷᠢᠨ ᠮᠡᠷᠭᠡᠵᠢᠯ ᠤ᠋ᠨ ᠨᠠᠢᠷ ᠲᠤ᠌ ᠬᠠᠮᠤᠷᠤᠭᠳᠠᠪᠠ᠃ ᠬᠠᠳᠠᠭ ᠰᠢᠬᠦᠷᠬᠦ ᠤᠷᠤᠯᠳᠤᠭᠠᠨ ᠢ᠋ 100 ᠮᠸᠲᠷ ᠤᠷᠲᠤ᠂ 3 — 5 ᠮᠸᠲᠷ ᠦᠷᠭᠡᠨ ᠭᠠᠵᠠᠷ ᠲᠤ᠌ 10 ᠪᠤᠶᠤ 20 ᠬᠠᠳᠠᠭ ᠢ᠋ ᠤᠷᠤᠯᠳᠤᠭᠠᠨ ᠤ᠋ ᠵᠠᠮ ᠤ᠋ᠨ ᠬᠤᠶᠠᠷ ᠲᠠᠯ᠎ᠠ ᠳ᠋ᠤ ᠲᠤᠭᠲᠠᠭᠰᠠᠨ ᠵᠠᠢ ᠳ᠋ᠤ ᠲᠠᠯᠪᠢᠵᠤ᠂ ᠤᠨᠤᠭᠠᠴᠢ ᠬᠠᠳᠠᠭ ᠤ᠋ᠨ ᠬᠠᠵᠠᠭᠤ ᠪᠡᠷ ᠰᠠᠯᠬᠢ ᠲᠠᠲᠠᠭᠤᠯᠤᠨ ᠦᠩᠭᠡᠷᠡᠬᠦ ᠳ᠋ᠡᠭᠡᠨ ᠲᠤᠩᠭᠤᠢᠵᠤ ᠦᠷᠦᠭᠡᠰᠦᠨ ᠭᠠᠷ ᠵᠢᠡᠷ ᠵᠢᠡᠨ ᠬᠠᠳᠠᠭ ᠢ᠋ ᠰᠢᠭᠦᠷᠤᠨ ᠠᠪᠴᠤ᠂ ᠲᠡᠭᠦᠰᠭᠡᠯ ᠤ᠋ᠨ ᠴᠡᠭ ᠲᠤ᠌ ᠬᠦᠷᠬᠦ ᠳ᠋ᠤ ᠵᠠᠷᠤᠴᠠᠭᠤᠯᠤᠭᠰᠠᠨ ᠴᠠᠭ ᠵᠢᠴᠢ ᠰᠢᠬᠦᠷᠴᠤ ᠠᠪᠤᠭᠰᠠᠨ ᠬᠠᠳᠠᠭ ᠤ᠋ᠨ ᠲᠤᠭ᠎ᠠ ᠪᠡᠷ ᠳ᠋ᠤᠭᠠᠷᠯᠠᠳᠠᠭ᠃ ᠬᠠᠳᠠᠭ ᠰᠢᠭᠦᠷᠬᠦ ᠤᠷᠤᠯᠳᠤᠭᠠᠨ ᠨᠢ ᠤᠨᠤᠭᠠᠴᠢ ᠵᠢᠨ ᠤᠷ᠎ᠠ᠂ ᠮᠤᠷᠢᠨ ᠤ᠋ ᠬᠤᠷᠳᠤᠴᠠ ᠵᠢᠴᠢ ᠤᠨᠤᠭᠠᠴᠢ ᠮᠤᠷᠢ ᠬᠤᠶᠠᠷ ᠤ᠋ᠨ ᠬᠠᠮᠵᠢᠯᠴᠠᠭ᠎ᠠ ᠶ᠋ᠢ ᠱᠠᠭᠠᠷᠳᠠᠳᠠᠭ ᠪᠤᠯᠬᠤᠷ ᠮᠠᠰᠢ ᠬᠤᠷᠴᠠ ᠰᠢᠷᠦᠭᠦᠨ ᠪᠦᠭᠡᠳ ᠰᠤᠨᠢᠷᠬᠠᠯᠲᠠᠢ ᠪᠠᠢᠳᠠᠭ᠃

ᠠᠵᠢᠷᠭ᠎ᠠ ᠵᠢᠨ ᠤᠷᠤᠯᠳᠤᠭᠠᠨ
ᠤᠷᠳᠤᠰ ᠨᠤᠲᠤᠭ ᠲᠡᠬᠢ ᠪᠦᠰᠡᠲᠡᠢ ᠬᠦᠮᠦᠰ ᠡᠵᠡᠨ ᠴᠢᠩᠭᠢᠰ ᠤ᠋ᠨ ᠤᠩᠭᠤᠨ ᠤ᠋ ᠬᠠᠵᠠᠭᠤ ᠳ᠋ᠤ ᠲᠦᠮᠡᠨ ᠠᠳᠤᠭᠤᠨ ᠤ᠋ ᠲᠦᠷᠦᠭᠦᠦ ᠪᠤᠯᠬᠤ ᠠᠵᠢᠷᠭ᠎ᠠ ᠤᠷᠤᠯᠳᠤᠭᠤᠯᠳᠠᠭ᠃ ᠭᠤᠷᠪᠠᠨ ᠰᠠᠷ᠎ᠠ ᠵᠢᠨ ᠬᠤᠷᠢᠨ ᠨᠢᠭᠡᠨ ᠤ᠋ ᠴᠢᠩᠭᠢᠰ ᠤ᠋ᠨ ᠴᠠᠭᠠᠨ ᠰᠦᠷᠦᠭ ᠤ᠋ᠨ ᠲᠠᠢᠯᠭ᠎ᠠ ᠪᠠ ᠵᠤᠨ ᠤ᠋ ᠵᠤᠯᠤᠭ ᠤ᠋ᠨ ᠨᠠᠢᠷ ᠲᠤ᠌ ᠡᠷᠬᠡᠪᠰᠢ ᠠᠵᠢᠷᠭ᠎ᠠ ᠤᠷᠤᠯᠳᠤᠭᠤᠯᠳᠠᠭ ᠵᠠᠩᠰᠢᠯ ᠲᠠᠢ᠃ ᠮᠠᠨ ᠤ᠋ ᠤᠷᠤᠨ ᠳ᠋ᠤ ᠤᠤᠯ ᠨᠢ ᠠᠵᠢᠷᠭᠠᠨ ᠤ᠋ ᠤᠷᠤᠯᠳᠤᠭᠠᠨ ᠬᠠᠷᠢᠴᠠᠩᠭᠤᠢ ᠴᠦᠬᠡᠨ ᠪᠠᠢᠭᠰᠠᠨ ᠵᠢᠡᠨ ᠤᠢᠷ᠎ᠠ ᠵᠢᠨ ᠵᠢᠯ ᠡᠴᠡ ᠡᠯ᠎ᠡ ᠠᠢᠮᠠᠭ ᠬᠤᠲᠠ ᠬᠤᠰᠢᠭᠤ ᠨᠠᠢᠷ ᠵᠢᠡᠷ ᠴᠤ᠌ ᠤᠷᠤᠯᠳᠤᠭᠤᠯᠳᠠᠭ ᠪᠤᠯᠵᠤ᠂ ᠶᠡᠬᠡᠪᠴᠢᠯᠡᠨ 30 — 40 ᠭᠠᠵᠠᠷ ᠤᠷᠴᠢᠮ ᠤ᠋ᠨ ᠵᠠᠢ ᠳ᠋ᠤ ᠲᠠᠯᠪᠢᠳᠠᠭ᠃
ᠵᠢᠷᠤᠭ᠎ᠠ ᠮᠤᠷᠢᠨ ᠤ᠋ ᠤᠷᠤᠯᠳᠤᠭᠠᠨ
ᠮᠤᠷᠢᠨ ᠤ᠋ ᠬᠤᠷᠳᠤᠴᠠ ᠵᠢᠴᠢ ᠳᠡᠰᠪᠦᠷᠢ ᠳᠠᠭᠠᠭᠠᠴᠠ ᠶ᠋ᠢ ᠰᠢᠯᠭᠠᠬᠤ ᠬᠤᠷᠳᠤᠨ ᠮᠤᠷᠢᠨ ᠤ᠋ ᠤᠷᠤᠯᠳᠤᠭᠠᠨ ᠡᠴᠡ ᠭᠠᠳᠠᠨ᠎ᠠ᠂ ᠮᠤᠷᠢᠨ ᠤ᠋ ᠶᠠᠪᠤᠳᠠᠯ ᠬᠢᠰᠬᠢᠳᠡᠯ ᠤ᠋ᠨ ᠤᠷᠠᠨ ᠪᠠ ᠬᠤᠷᠳᠤᠴᠠ ᠶ᠋ᠢ ᠰᠢᠯᠭᠠᠬᠤ ᠵᠢᠷᠤᠭ᠎ᠠ ᠮᠤᠷᠢᠨ ᠤ᠋ ᠤᠷᠤᠯᠳᠤᠭᠠᠨ᠂ ᠬᠠᠲᠠᠷᠢᠶ᠎ᠠ ᠮᠤᠷᠢᠨ ᠤ᠋ ᠤᠷᠤᠯᠳᠤᠭᠠᠨ ᠭᠡᠵᠤ ᠪᠤᠢ᠂ ᠡᠨᠡ ᠬᠦ᠌ ᠮᠤᠷᠢᠨ ᠤ᠋ ᠤᠷᠤᠯᠳᠤᠭᠠᠨ ᠳ᠋ᠤ ᠮᠤᠷᠢᠨ ᠤ᠋ ᠨᠠᠰᠤ ᠶ᠋ᠢ ᠢᠯᠭᠠᠳᠠᠭ ᠦᠭᠡᠢ᠃
ᠵᠢᠷᠤᠭ᠎ᠠ ᠮᠤᠷᠢᠨ ᠤ᠋ ᠶᠠᠪᠤᠳᠠᠯ ᠬᠢᠰᠭᠢᠳᠡᠯ ᠬᠤᠷᠳᠤᠨ ᠮᠤᠷᠢ ᠲᠠᠢ ᠢᠯᠭᠠᠭ᠎ᠠ ᠲᠠᠢ᠂ ᠬᠤᠯᠠ ᠵᠠᠮ ᠳ᠋ᠤ ᠵᠢᠷᠤᠭ᠎ᠠ ᠮᠤᠷᠢ ᠤᠷᠤᠯᠳᠤᠪᠠᠯ ᠬᠦᠬᠡ ᠮᠢᠬ᠎ᠠ᠂ ᠪᠤᠯᠴᠢᠩ ᠨᠢ ᠬᠦᠰᠢᠭᠡᠳ ᠵᠢᠷᠤᠭᠠᠯᠠᠵᠤ ᠴᠢᠳᠠᠬᠤ ᠦᠭᠡᠢ ᠪᠤᠯᠴᠢᠬᠠᠳᠠᠭ ᠤᠴᠢᠷ ᠵᠢᠷᠤᠭ᠎ᠠ ᠮᠤᠷᠢ ᠶ᠋ᠢ ᠬᠤᠯᠠ ᠤᠷᠤᠯᠳᠤᠭᠤᠯᠳᠠᠭ ᠦᠭᠡᠢ᠂ ᠶᠡᠬᠡᠪᠴᠢᠯᠡᠨ 300᠂ 500᠂ 1000᠂ 1500 ᠮᠸᠲᠷ ᠮᠡᠲᠤᠴᠢᠯᠡᠨ ᠤᠢᠷ᠎ᠠ ᠵᠠᠢ ᠳ᠋ᠤ ᠤᠷᠤᠯᠳᠤᠭᠤᠯᠳᠠᠭ ᠪᠦᠭᠡᠳ ᠲᠤᠮᠤᠴᠤᠳ ᠤᠨᠤᠳᠠᠭ᠃ ᠮᠤᠷᠢᠨ ᠤ᠋ ᠵᠢᠷᠤᠭ᠎ᠠ ᠶ᠋ᠢ ᠬᠤᠨᠢᠨ ᠵᠢᠷᠤᠭ᠎ᠠ᠂ ᠤᠰᠤᠨ ᠲᠡᠯᠡᠮᠡᠨ ᠵᠢᠷᠤᠭ᠎ᠠ᠂ ᠲᠡᠮᠡᠭᠡᠨ ᠵᠢᠷᠤᠭ᠎ᠠ ᠬᠡᠮᠡᠨ ᠠᠩᠭᠢᠯᠠᠵᠤ᠂ ᠵᠢᠷᠤᠭ᠎ᠠ ᠮᠤᠷᠢ ᠰᠢᠯᠭᠠᠷᠠᠭᠤᠯᠬᠤ ᠳ᠋ᠤ ᠤᠷᠤᠯᠳᠤᠭᠠᠨ ᠳᠤᠮᠳᠠ ᠬᠦᠯ ᠰᠤᠯᠪᠢᠴᠠᠨ ᠵᠢᠷᠤᠭ᠎ᠠ ᠪᠡᠨ ᠠᠯᠳᠠᠬᠤ ᠡᠰᠡᠬᠦ ᠶ᠋ᠢ ᠰᠢᠯᠭᠠᠳᠠᠭ᠃
ᠬᠠᠲᠠᠷᠢᠶ᠎ᠠ ᠮᠤᠷᠢᠨ ᠤ᠋ ᠤᠷᠤᠯᠳᠤᠭᠠᠨ
ᠬᠠᠲᠠᠷᠢᠶ᠎ᠠ ᠪᠤᠯ ᠰᠠᠢᠪᠤᠷ ᠪᠤᠯᠤᠨ ᠵᠢᠷᠤᠭ᠎ᠠ ᠵᠢᠨ ᠳᠤᠮᠳᠠᠬᠢ ᠤᠷᠠᠨ ᠬᠦᠳᠡᠯᠤᠯ ᠶᠤᠮ᠃ ᠬᠠᠲᠠᠷᠢᠶ᠎ᠠ ᠮᠤᠷᠢᠨ ᠤ᠋ ᠶᠠᠪᠤᠳᠠᠯ ᠨᠢ ᠦᠵᠡᠮᠤᠷᠢᠲᠠᠢ ᠰᠠᠢᠬᠠᠨ᠂ ᠡᠪᠯᠢᠭ ᠵᠦᠭᠡᠯᠡᠨ ᠵᠢᠡᠷ ᠵᠢᠡᠨ ᠤᠨᠴᠠᠯᠢᠭᠳᠠᠳᠠᠭ᠃ ᠤᠨᠴᠠ ᠵᠢᠨ ᠰᠠᠢᠬᠠᠨ ᠬᠠᠲᠠᠷᠢᠶ᠎ᠠ ᠲᠠᠢ ᠮᠤᠷᠢᠨ ᠤ᠋ ᠬᠤᠨᠳᠤᠯᠠᠢ ᠳᠡᠭᠡᠷ᠎ᠡ ᠠᠶᠠᠭ᠎ᠠ ᠲᠠᠢ ᠤᠰᠤ ᠲᠠᠯᠪᠢᠬᠤ ᠳ᠋ᠤ ᠴᠠᠯᠬᠢᠯᠠᠳᠠᠭ ᠦᠭᠡᠢ ᠬᠡᠳᠡᠭ᠃
ᠬᠠᠲᠠᠷᠢᠶ᠎ᠠ ᠮᠤᠷᠢᠨ ᠤ᠋ ᠡᠮᠤᠨ᠎ᠡ ᠬᠦᠯ ᠨᠢ ᠬᠠᠮᠤᠷᠤᠯᠲᠠ ᠰᠠᠢᠲᠠᠢ ᠪᠤᠯ ᠶᠠᠪᠤᠳᠠᠯ ᠨᠢ ᠲᠦᠷᠭᠡᠨ ᠪᠠᠢᠵᠤ᠂ ᠶᠡᠷᠦᠩᠬᠡᠢ ᠳ᠋ᠡᠭᠡᠨ 1500 — 3000 ᠮᠸᠲᠷ ᠤ᠋ᠨ ᠵᠠᠢ ᠳ᠋ᠤ ᠤᠷᠤᠯᠳᠤᠭᠤᠯᠳᠠᠭ᠃ ᠬᠠᠲᠠᠷᠢᠶ᠎ᠠ ᠮᠤᠷᠢᠳ ᠤ᠋ᠨ ᠤᠷᠤᠯᠳᠤᠭᠠᠨ ᠳ᠋ᠤ ᠤᠷᠠᠨ ᠬᠦᠳᠡᠯᠤᠯ ᠬᠢᠰᠬᠢᠳᠡᠯ ᠢ᠋ ᠦᠵᠡᠬᠦ ᠮᠦᠷᠲᠡᠭᠡᠨ ᠬᠤᠯᠠ ᠵᠠᠢ ᠳ᠋ᠤ ᠲᠡᠰᠪᠦᠷᠢ ᠲᠠᠢ ᠡᠰᠡᠬᠦ ᠶ᠋ᠢ ᠰᠢᠯᠭᠠᠳᠠᠭ᠃ ᠬᠠᠲᠠᠷᠢᠶ᠎ᠠ ᠮᠤᠷᠢᠨ ᠤ᠋ ᠤᠷᠤᠯᠳᠤᠭᠠᠨ ᠤ᠋ ᠶᠠᠪᠤᠴᠠ ᠳ᠋ᠤ ᠮᠤᠷᠢ ᠶᠠᠪᠤᠳᠠᠯ ᠵᠢᠡᠨ ᠠᠯᠳᠠᠭᠠᠳ 30 ᠮᠸᠲᠷ ᠤ᠋ᠨ ᠳᠤᠲᠤᠷ᠎ᠠ ᠳᠠᠬᠢᠵᠤ ᠶᠠᠪᠤᠳᠠᠯ ᠳ᠋ᠠᠭᠠᠨ ᠤᠷᠤᠬᠤ ᠦᠭᠡᠢ ᠪᠤᠯ ᠤᠷᠤᠯᠳᠤᠭᠠᠨ ᠤ᠋ ᠡᠷᠬᠡ ᠶ᠋ᠢ ᠬᠠᠰᠤᠵᠤ ᠪᠤᠯᠳᠠᠭ᠃ ᠲᠦᠷ ᠵᠠᠭᠤᠷ᠎ᠠ ᠬᠦᠯ ᠡᠭᠡᠳᠡᠷᠡᠵᠤ᠂ 30 ᠮᠸᠲᠷ ᠤ᠋ᠨ ᠳᠤᠲᠤᠷ᠎ᠠ ᠳᠠᠬᠢᠵᠤ ᠬᠢᠰᠬᠢᠳᠡᠯ ᠵᠦᠪᠳᠡᠪᠡᠯ ᠶᠠᠪᠤᠳᠠᠯ ᠠᠯᠳᠠᠭᠰᠠᠨ ᠵᠢᠡᠷ ᠪᠤᠳᠤᠬᠤ ᠦᠭᠡᠢ᠂ ᠬᠡᠬᠦ ᠳ᠋ᠡᠭᠡᠨ ᠡᠨᠡ ᠬᠦ᠌ ᠠᠯᠳᠠᠰᠢ ᠶ᠋ᠢ ᠪᠦᠬᠦ ᠤᠷᠤᠯᠳᠤᠭᠠᠨ ᠤ᠋ ᠶᠠᠪᠤᠴᠠ ᠳ᠋ᠤ 5 ᠤᠳᠠᠭ᠎ᠠ ᠡᠴᠡ ᠢᠯᠡᠭᠦᠦ ᠪᠠᠢᠯᠭᠠᠵᠤ ᠪᠤᠯᠬᠤ ᠦᠭᠡᠢ ᠭᠡᠵᠤ ᠦᠪᠦᠷ ᠮᠤᠩᠭᠤᠯ ᠤ᠋ᠨ ᠨᠠᠢᠷ ᠨᠠᠭᠠᠳᠤᠮ ᠳ᠋ᠤ ᠬᠡᠷᠡᠭᠵᠢᠬᠦᠯᠵᠤ ᠪᠤᠢ᠃
ᠳᠠᠭ᠎ᠠ ᠵᠢᠨ ᠤᠷᠤᠯᠳᠤᠭᠠᠨ
ᠨᠡᠭᠦᠳᠡᠯᠴᠢᠨ ᠠᠷᠠᠳ ᠲᠦᠮᠡᠨ ᠡᠷᠲᠡᠨ ᠡᠴᠡ ᠶᠡᠬᠡ ᠨᠠᠰᠤᠨ ᠤ᠋ ᠮᠤᠷᠢ ᠭᠤᠤᠯᠴᠢᠯᠠᠨ ᠤᠷᠤᠯᠳᠤᠭᠤᠯᠵᠤ ᠪᠠᠢᠭᠰᠠᠨ ᠪᠤᠯ ᠬᠤᠵᠢᠮ ᠨᠢ ᠬᠤᠷᠳᠤᠨ ᠮᠤᠷᠢ ᠪᠠ ᠬᠡᠦᠬᠡᠳ ᠢ᠋ ᠪᠠᠭ᠎ᠠ ᠡᠴᠡ ᠨᠢ ᠳᠠᠰᠬᠠᠯᠵᠢᠭᠤᠯᠬᠤ ᠵᠤᠷᠢᠯᠲᠠ ᠪᠡᠷ ᠳᠠᠭ᠎ᠠ ᠤᠷᠤᠯᠳᠤᠭᠤᠯᠳᠠᠭ ᠪᠤᠯᠵᠠᠢ᠃ ᠬᠤᠶᠠᠷ ᠨᠠᠰᠤ ᠲᠠᠢ ᠮᠤᠷᠢᠨ ᠤ᠋ ᠤᠷᠤᠯᠳᠤᠭᠠᠨ ᠢ᠋ ᠳᠠᠭ᠎ᠠ ᠵᠢᠨ ᠤᠷᠤᠯᠳᠤᠭᠠᠨ ᠭᠡᠵᠤ᠂ ᠮᠤᠷᠢ ᠶ᠋ᠢ ᠪᠠᠭ᠎ᠠ ᠡᠴᠡ ᠨᠢ ᠰᠤᠷᠭᠠᠬᠤ ᠵᠢᠨ ᠲᠦᠯᠦᠭᠡ ᠳᠠᠭ᠎ᠠ ᠤᠷᠤᠯᠳᠤᠭᠤᠯᠬᠤ ᠶ᠋ᠢ ᠡᠷᠬᠢᠮᠯᠡᠳᠡᠭ᠃
ᠳᠠᠭ᠎ᠠ ᠵᠢᠨ ᠤᠷᠤᠯᠳᠤᠭᠠᠨ ᠢ᠋ ᠶᠡᠬᠡᠪᠴᠢᠯᠡᠨ 12 ᠭᠠᠵᠠᠷ ᠤ᠋ᠨ ᠤᠷᠴᠢᠮ ᠲᠠᠯᠪᠢᠵᠤ ᠬᠡᠦᠬᠡᠳ ᠤᠨᠤᠵᠤ ᠤᠷᠤᠯᠳᠤᠭᠤᠯᠤᠨ᠂ ᠬᠡᠦᠬᠡᠳ ᠪᠠ ᠳᠠᠭ᠎ᠠ ᠬᠤᠶᠠᠷ ᠤ᠋ᠨ ᠠᠯᠢ ᠠᠯᠢᠨ ᠢ᠋ ᠨᠢ ᠰᠤᠷᠢᠳᠠᠭ᠃ 《ᠠᠮᠠᠨ ᠤ᠋ ᠪᠡᠯᠭᠡ ᠡᠴᠡ ᠠᠰᠢᠳᠠ ᠵᠢᠨ ᠪᠡᠯᠭᠡ》 ᠭᠡᠳᠡᠭᠴᠢᠯᠡᠨ ᠳᠠᠭ᠎ᠠ ᠵᠢᠨ ᠤᠷᠤᠯᠳᠤᠭᠠᠨ ᠳ᠋ᠤ ᠠᠢᠷᠠᠭ ᠤ᠋ᠨ ᠲᠠᠪᠤ ᠳ᠋ᠤ ᠬᠤᠷᠳᠤᠯᠠᠭᠰᠠᠨ ᠳᠠᠭ᠎ᠠ ᠵᠢᠨ ᠴᠤᠯᠠ ᠶ᠋ᠢ ᠳᠠᠭᠤᠳᠠᠬᠤ ᠡᠴᠡ ᠭᠠᠳᠠᠨ᠎ᠠ ᠤᠷᠤᠯᠳᠤᠭᠠᠨ ᠳ᠋ᠤ ᠬᠤᠴᠤᠷᠤᠭᠰᠠᠨ ᠳᠠᠭ᠎ᠠ ᠶ᠋ᠢ 《ᠪᠠᠶᠠᠨ ᠬᠤᠳᠤᠭᠤᠳᠤ》 ᠬᠡᠮᠡᠨ ᠨᠡᠷᠡᠯᠡᠵᠤ᠂ 《ᠡᠨᠡ ᠬᠦᠯᠦᠭ ᠤ᠋ᠨ ᠡᠵᠡᠨ ᠨᠢ ᠡᠨᠳᠡᠭᠦᠷᠡᠵᠤ ᠲᠠᠰᠢᠶᠠᠷᠠᠵᠤ ᠪᠤᠳᠤᠭᠰᠠᠨ ᠡᠴᠡ᠂ ᠤᠨᠤᠭᠰᠠᠨ ᠬᠡᠦᠬᠡᠳ ᠨᠢ ᠪᠠᠭᠠᠳᠠᠭᠠᠳ ᠪᠠᠷᠢᠭᠰᠠᠨ ᠲᠠᠰᠢᠭᠤᠷ ᠨᠢ ᠪᠤᠭᠤᠨᠢᠳᠠᠭᠠᠳ᠂ ᠦᠯᠢ ᠵᠢᠨ ᠮᠠᠩᠬ᠎ᠠ ᠳᠠᠭᠠᠷᠠᠯᠳᠤᠭᠠᠳ ᠦᠷᠭᠦᠯᠵᠢ ᠰᠠᠭᠠᠳᠠᠯ ᠲᠤᠬᠢᠶᠠᠯᠳᠤᠭᠠᠳ᠂ ᠡᠷᠬᠢ ᠮᠠᠩᠬ᠎ᠠ ᠳᠠᠭᠠᠷᠠᠯᠳᠤᠭᠠᠳ ᠡᠯᠳᠡᠪ ᠬᠠᠳᠤᠤᠷᠠᠯ ᠲᠤᠬᠢᠶᠠᠯᠳᠤᠭᠠᠳ᠂ ᠦᠰᠦᠷᠴᠤ ᠭᠠᠷᠤᠭᠰᠠᠨ ᠪᠤᠯᠪᠠᠴᠤ ᠦᠬᠡᠷ ᠲᠡᠷᠭᠡ ᠰᠢᠭ ᠬᠤᠴᠤᠷᠴᠤ᠂ ᠡᠨᠡ ᠵᠢᠯ ᠤ᠋ᠨ ᠪᠠᠶᠠᠨ ᠬᠤᠳᠤᠭᠤᠳᠤ ᠢᠷᠡᠬᠦ ᠵᠢᠯ ᠤ᠋ᠨ ᠪᠠᠶᠠᠷ ᠤ᠋ᠨ ᠮᠠᠩᠨᠠᠢ ᠪᠠᠲᠤ ᠲᠦᠮᠡᠨ ᠤ᠋ ᠡᠬᠡ ᠡ》 ᠬᠡᠮᠡᠨ ᠬᠦᠯᠦᠭ ᠤ᠋ᠨ ᠰᠢᠨᠵᠢ᠂ ᠤᠶᠠᠭ᠎ᠠ ᠰᠤᠢᠯᠭᠠ᠂ ᠤᠷᠤᠯᠳᠤᠭᠰᠠᠨ ᠪᠠᠢᠳᠠᠯ ᠵᠡᠷᠭᠡ ᠶ᠋ᠢ ᠶᠦᠮᠦᠷᠯᠢᠭ ᠵᠢᠡᠷ ᠢᠯᠡᠳᠭᠡᠬᠦ ᠵᠢᠨ ᠬᠠᠮᠲᠤ ᠲᠦᠷᠦᠭᠦᠯᠡᠭᠰᠡᠨ ᠳᠠᠭ᠎ᠠ ᠲᠠᠢ ᠠᠳᠠᠯᠢ ᠱᠠᠩᠨᠠᠯ ᠦᠭᠴᠤ ᠤᠷᠮᠠᠰᠢᠭᠤᠯᠤᠨ ᠵᠤᠷᠢᠭᠵᠢᠭᠤᠯᠵᠤ᠂ ᠪᠡᠯᠭᠡᠰᠢᠶᠡᠨ ᠵᠦᠩᠨᠡᠬᠦ ᠡᠭᠦᠳᠡᠨ ᠡᠴᠡ ᠬᠤᠢᠲᠤᠨ ᠵᠢᠯ ᠤ᠋ᠨ ᠲᠤᠷᠭᠤᠨ ᠵᠢᠯᠤᠭᠤ ᠲᠤᠳᠤ ᠮᠠᠩᠨᠠᠢ ᠪᠤᠯᠬᠤ ᠵᠢᠨ ᠦᠯᠵᠡᠢ ᠲᠠᠢ ᠢᠷᠦᠭᠡᠯ ᠢ᠋ ᠳᠡᠪᠰᠢᠭᠦᠯᠤᠨ ᠴᠤᠯᠠ ᠶ᠋ᠢ ᠨᠢ ᠳᠠᠭᠤᠳᠠᠳᠠᠭ ᠠᠵᠠᠢ᠃
ᠨᠠᠮᠨᠠᠭ᠎ᠠ ᠤᠷᠤᠯᠳᠤᠭᠠᠨ
ᠨᠠᠮᠨᠠᠭ᠎ᠠ ᠭᠡᠵᠤ ᠮᠤᠷᠢᠨ ᠮᠡᠷᠭᠡᠵᠢᠯ ᠤ᠋ᠨ ᠤᠷᠤᠯᠳᠤᠭᠠᠨ ᠤ᠋ ᠪᠠᠰᠠ ᠨᠢᠭᠡᠨ ᠵᠦᠢᠯ ᠪᠠᠢᠵᠤ᠂ ᠮᠠᠨ ᠤ᠋ ᠤᠷᠤᠨ ᠤ᠋ ᠶᠡᠬᠡ ᠪᠠᠭ᠎ᠠ ᠨᠠᠢᠷ ᠨᠠᠭᠠᠳᠤᠮ ᠳ᠋ᠤ ᠪᠠᠢᠩᠭᠤ ᠬᠠᠷᠠᠭᠳᠠᠳᠠᠭ ᠪᠦᠭᠡᠳ ᠪᠦᠬᠦ ᠤᠯᠤᠰ ᠤ᠋ᠨ ᠴᠦᠬᠡᠨ ᠲᠤᠭᠠᠲᠤ ᠦᠨᠳᠦᠰᠦᠲᠡᠨ ᠤ᠋ ᠤᠯᠠᠮᠵᠢᠯᠠᠯᠲᠤ ᠪᠡᠶ᠎ᠠ ᠵᠢᠨ ᠲᠠᠮᠢᠷ ᠤ᠋ᠨ ᠬᠦᠳᠡᠯᠭᠡᠭᠡᠨ ᠤ᠋ ᠵᠢᠩᠬᠢᠨᠢ ᠤᠷᠤᠯᠳᠤᠭᠠᠨ ᠤ᠋ ᠲᠦᠷᠦᠯ ᠪᠤᠯᠤᠨ᠎ᠠ᠃ ᠨᠡᠮᠨᠠᠭᠠ ᠭᠡᠳᠡᠭ ᠨᠢ ᠮᠤᠷᠢᠨ ᠭᠦᠶᠦᠳᠡᠯ ᠳᠡᠭᠡᠷ᠎ᠡ ᠡᠴᠡ ᠰᠤᠷ ᠬᠠᠷᠪᠤᠬᠤ ᠶ᠋ᠢ ᠵᠢᠭᠠᠵᠤ᠂ ᠨᠠᠮᠨᠠᠭ᠎ᠠ ᠳ᠋ᠤ ᠮᠤᠷᠢ ᠶ᠋ᠢ ᠵᠢᠯᠤᠭᠤ ᠪᠡᠷ ᠪᠢᠰᠢ ᠬᠠᠷᠢᠨ ᠡᠪᠦᠳᠦᠭ ᠵᠢᠡᠷ ᠵᠢᠡᠨ ᠵᠠᠯᠠᠵᠤ ᠰᠤᠷᠭᠠᠳᠠᠭ᠃ ᠨᠠᠮᠨᠠᠭᠠᠴᠢᠳ ᠰᠤᠷ ᠬᠠᠷᠪᠤᠬᠤ ᠳ᠋ᠠᠭᠠᠨ ᠵᠢᠯᠤᠭᠤ ᠪᠡᠨ ᠪᠦᠰᠡ ᠪᠤᠶᠤ ᠡᠮᠡᠭᠡᠯ ᠤ᠋ᠨ ᠪᠦᠭᠦᠷᠭᠡᠨ ᠳ᠋ᠤ ᠲᠤᠷᠭᠤᠵᠤ ᠭᠠᠷ ᠵᠢᠡᠨ ᠰᠤᠯᠠᠯᠠᠵᠤ ᠨᠠᠮᠨᠠᠳᠠᠭ᠂ ᠡᠨᠡ ᠨᠢ ᠵᠤᠭᠰᠤᠭ᠎ᠠ ᠬᠠᠷᠪᠤᠭ᠎ᠠ ᠰᠢᠬ ᠤᠨᠤᠪᠴᠢᠲᠠᠢ ᠪᠦᠭᠡᠳ ᠵᠦᠪ ᠰᠤᠯᠤᠭᠠᠢ ᠬᠤᠶᠠᠷ ᠲᠠᠯ᠎ᠠ ᠪᠡᠷ ᠴᠢᠯᠦᠭᠡᠲᠡᠢ ᠬᠠᠷᠪᠤᠵᠤ ᠴᠢᠳᠠᠳᠠᠭ᠃ ᠨᠠᠮᠨᠠᠭ᠎ᠠ ᠵᠢᠨ ᠤᠷᠤᠯᠳᠤᠭᠠᠨ ᠨᠢ ᠪᠠᠷᠢᠮᠵᠢᠶᠠᠵᠢᠭᠰᠠᠨ ᠨᠠᠮᠨᠠᠭᠠᠯᠲᠠ ᠵᠢᠨ ᠵᠠᠮ ᠳᠡᠭᠡᠷ᠎ᠡ 2 ᠫᠠᠢ ᠶ᠋ᠢ ᠲᠤᠬᠢᠷᠠᠭᠤᠯᠵᠤ (ᠡᠬᠢᠯᠡᠯᠲᠡ ᠵᠢᠨ ᠴᠡᠭ ᠡᠴᠡ 40 ᠮᠸᠲᠷ ᠵᠠᠢᠲᠠᠢ )᠂ ᠤᠨᠤᠭᠠᠴᠢ ᠲᠤᠭᠲᠠᠭᠰᠠᠨ ᠬᠤᠭᠤᠴᠠᠭᠠᠨ ᠳ᠋ᠤ ᠫᠠᠢ ᠵᠢᠨ ᠡᠮᠤᠨᠡᠭᠦᠷ ᠮᠤᠷᠢᠲᠠᠢ ᠳᠠᠭᠠᠷᠢᠵᠤ ᠭᠠᠷᠬᠤ ᠭᠱᠠᠨ ᠳ᠋ᠤ ᠱᠠᠯᠠᠮᠠᠭᠠᠢ ᠪᠦᠭᠡᠳ ᠤᠨᠤᠪᠴᠢᠲᠠᠢ ᠪᠡᠷ ᠫᠠᠢ ᠶ᠋ᠢ ᠤᠨᠤᠭᠠᠵᠤ ᠬᠠᠷᠪᠤᠬᠤ ᠶ᠋ᠢ ᠱᠠᠭᠠᠷᠳᠠᠳᠠᠭ᠃

ᠠᠵᠢᠷᠭ᠎ᠠ ᠰᠢᠷᠭᠤᠭᠤᠯᠬᠤ ᠤᠷᠤᠯᠳᠤᠭᠠᠨ
ᠠᠵᠢᠷᠭ᠎ᠠ ᠰᠢᠷᠭᠤᠭᠤᠯᠬᠤ ᠤᠷᠤᠯᠳᠤᠭᠠᠨ ᠭᠤᠤᠯᠳᠠᠭᠤ ᠦᠵᠦᠮᠦᠴᠢᠨ ᠨᠤᠲᠤᠭ ᠵᠢᠡᠷ ᠲᠦᠭᠡᠮᠡᠯ ᠬᠠᠷᠠᠭᠳᠠᠳᠠᠭ ᠤᠷᠤᠯᠳᠤᠭᠠᠨ ᠴᠡᠩᠭᠡᠬᠦᠨ ᠪᠤᠯᠤᠨ᠎ᠠ᠃ ᠠᠵᠢᠷᠭ᠎ᠠ ᠰᠢᠷᠭᠤᠭᠤᠯᠬᠤ ᠪᠤᠯ ᠠᠳᠤᠭᠤᠴᠢᠨ ᠤ᠋ ᠡᠷ᠎ᠡ ᠴᠢᠳᠠᠯ᠂ ᠤᠬᠠᠭᠠᠨ ᠰᠠᠮᠪᠠᠭ᠎ᠠ᠂ ᠡᠷᠴᠢ ᠵᠤᠷᠢᠭ ᠢ᠋ ᠬᠠᠷᠠᠭᠤᠯᠤᠭᠰᠠᠨ ᠨᠢᠭᠡ ᠵᠦᠢᠯ ᠤ᠋ᠨ ᠨᠠᠭᠠᠳᠤᠮ ᠪᠠᠢᠵᠤ᠂ ᠮᠠᠯᠴᠢᠳ ᠬᠠᠪᠤᠷᠤᠨ ᠤᠯᠠᠷᠢᠯᠳᠦ ᠠᠳᠤᠭᠤ ᠪᠡᠨ ᠬᠦᠯᠦᠰᠦᠯᠡᠨ᠂ ᠠᠳᠤᠭᠤᠴᠢᠨ ᠤᠷᠭᠠᠴᠢᠳᠤᠷᠠ ᠤᠬᠠᠭᠠᠨ᠂ ᠪᠢᠷᠠᠲᠡᠩᠬᠡᠬᠡ ᠪᠡᠨ ᠰᠢᠯᠭᠠᠵᠤᠳᠤᠬᠯᠠᠳᠠᠭ᠃
ᠠᠵᠢᠷᠭ᠎ᠠ ᠰᠢᠷᠭᠤᠭᠤᠯᠬᠤ ᠳ᠋ᠤ ᠭᠤᠤᠯᠳᠠᠭᠤ ᠠᠵᠢᠷᠭ᠎ᠠ ᠶ᠋ᠢ ᠶᠠᠪᠠᠭᠠᠨ ᠵᠢᠡᠷ ᠭᠤᠤᠯᠳᠠᠢ ᠤᠷᠭᠠᠯᠠᠳᠠᠭ ᠪᠤᠯᠬᠤᠷ ᠪᠠᠰᠠ ᠬᠤᠭᠤᠯᠠᠢ ᠰᠢᠷᠭᠤᠭ᠎ᠠ ᠬᠡᠮᠡᠨ ᠨᠡᠷᠡᠯᠡᠵᠤ᠂ ᠠᠳᠤᠭᠤᠴᠢᠳ ᠠᠳᠤᠭᠤᠨ ᠰᠦᠷᠦᠭ ᠡᠴᠡ ᠪᠡᠨ ᠬᠡᠬᠡᠯ ᠦᠭᠡᠢ ᠭᠡᠭᠦᠦ ᠪᠠᠢᠳᠠᠰᠤ ᠶ᠋ᠢ ᠪᠦᠭᠡᠮᠨᠡᠷᠡᠭᠦᠯᠦᠨ ᠲᠠᠭᠤᠵᠤ᠂ ᠬᠤᠶᠠᠷ ᠭᠠᠷᠯᠠᠵᠤ ᠵᠤᠬᠰᠤᠬᠰᠠᠨ ᠤᠷᠭᠠᠴᠢᠳᠤᠨ ᠳᠤᠮᠳᠠᠭᠤᠷ ᠤᠷᠤᠭᠤᠯᠬᠤᠳᠦ ᠤᠷᠭᠠᠴᠢᠳ ᠮᠤᠷᠢᠳᠢ ᠤᠷᠭᠠᠯᠠᠵᠤ ᠬᠠᠶᠠᠵᠤ ᠨᠠᠭᠠᠳᠳᠠᠭ᠃ ᠮᠡᠷᠭᠡᠵᠢᠯ ᠰᠠᠢᠳᠠᠢ ᠤᠷᠭᠠᠴᠢᠳ ᠨᠢ ᠤᠷᠭᠠᠯᠠᠬᠰᠠᠨ ᠮᠤᠷᠢᠳ ᠵᠢᠨᠨ ᠬᠠᠶᠠᠬᠤ ᠪᠤᠶᠤ ᠡᠷᠬᠢᠬᠦᠯᠵᠦ ᠴᠢᠳᠠᠳᠠᠭ᠂ ᠡᠪ ᠳ᠋ᠦᠢ ᠨᠢ ᠲᠠᠭᠠᠷᠠᠬᠤ ᠦᠭᠡᠢ ᠪᠤᠯ ᠤᠷᠭ᠎ᠠ ᠪᠡᠨ ᠠᠯᠳᠠᠳᠠᠬ ᠤᠷᠭᠠᠴᠢᠳᠴᠦ ᠤᠯᠠᠨ ᠪᠤᠢ᠃
ᠠᠳᠤᠭᠤ ᠤᠷᠭᠠᠯᠠᠬᠤ ᠤᠷᠤᠯᠳᠤᠭᠠᠨ
ᠠᠳᠤᠭᠤ ᠤᠷᠭᠠᠯᠠᠬᠤ ᠭᠡᠵᠤ ᠤᠷᠭ᠎ᠠ ᠪᠡᠷ ᠠᠳᠤᠭᠤ ᠶ᠋ᠢ ᠪᠠᠷᠢᠵᠤ᠂ ᠤᠨᠤᠯᠭ᠎ᠠ ᠡᠳ᠋ᠯᠡᠭᠡ ᠳ᠋ᠤ ᠰᠤᠷᠭᠠᠬᠤ ᠶ᠋ᠢ ᠵᠢᠭᠠᠵᠤ᠂ ᠠᠳᠤᠭᠤ ᠤᠷᠭᠠᠯᠠᠬᠤ ᠳ᠋ᠤ ᠮᠤᠷᠢᠲᠠᠢ ᠤᠷᠭᠠᠯᠠᠬᠤ ᠪᠠ ᠶᠠᠪᠠᠭᠠᠨ ᠤᠷᠭᠠᠯᠠᠬᠤ ᠭᠡᠵᠤ ᠬᠤᠪᠢᠶᠠᠨ᠎ᠠ᠃ ᠠᠳᠤᠭᠤ ᠤᠷᠭᠠᠯᠠᠬᠤ ᠳ᠋ᠤ ᠲᠤᠯᠤᠭᠠᠢ ᠠᠯᠳᠠᠬᠤ ᠦᠭᠡᠢ ᠤᠷᠭᠠᠯᠠᠵᠤ ᠴᠢᠳᠠᠳᠠᠭ ᠬᠦᠮᠦᠨ ᠢ᠋ ᠮᠡᠷᠭᠡᠨ ᠤᠷᠭᠠᠴᠢ ᠬᠡᠳᠡᠭ᠃ ᠠᠳᠤᠭᠤ ᠤᠷᠭᠠᠯᠠᠬᠤ ᠳ᠋ᠤ ᠰᠢᠪᠦᠭᠡᠳᠡᠵᠤ ᠬᠠᠶᠠᠬᠤ᠂ ᠦᠷᠦᠮᠳᠡᠵᠤ ᠬᠠᠶᠠᠬᠤ᠂ ᠡᠷᠬᠢᠬᠦᠯᠵᠤ ᠬᠠᠶᠠᠬᠤ᠂ ᠤᠭᠯᠠᠵᠤ ᠬᠠᠶᠠᠬᠤ ᠭᠡᠬᠦ ᠮᠡᠳᠤ ᠤᠯᠠᠨ ᠶᠠᠩᠵᠤ ᠵᠢᠨ ᠬᠠᠶᠠᠯᠭ᠎ᠠ ᠲᠠᠢ᠃ ᠠᠳᠤᠭᠤ ᠤᠷᠭᠠᠯᠠᠬᠤ ᠳ᠋ᠤ ᠤᠷᠭᠠᠯᠠᠭᠰᠠᠨ ᠮᠤᠷᠢ ᠪᠡᠨ ᠲᠦᠭᠵᠢᠭᠡ ᠰᠠᠭᠤᠯᠭᠠᠬᠤ᠂ ᠳᠠᠭᠠᠭᠤᠯᠵᠤ ᠲᠠᠲᠠᠬᠤ᠂ ᠭᠠᠨᠵᠤᠭᠠᠯᠠᠵᠤ ᠲᠠᠲᠠᠬᠤ ᠭᠤᠷᠪᠠᠨ ᠵᠦᠢᠯ ᠤ᠋ᠨ ᠲᠠᠲᠠᠬᠤ ᠡᠷᠳᠡᠮ ᠲᠠᠢ᠃ ᠰᠠᠢᠨ ᠤᠷᠭᠠᠴᠢ ᠮᠢᠩᠭᠠᠨ ᠠᠳᠤᠭᠤᠨ ᠳ᠋ᠤ ᠤᠷᠭ᠎ᠠ ᠬᠤᠭᠤᠯᠳᠠᠭ ᠦᠭᠡᠢ ᠭᠡᠳᠡᠭ᠃

ᠡᠮᠨᠢᠭ ᠰᠤᠷᠭᠠᠬᠤ ᠤᠷᠤᠯᠳᠤᠭᠠᠨ
ᠡᠮᠨᠢᠭ ᠭᠡᠵᠤ ᠡᠳ᠋ᠯᠡᠭᠡ ᠦᠭᠡᠢ ᠵᠡᠷᠯᠢᠭᠰᠢᠭᠦᠦ ᠮᠤᠷᠢᠳ ᠢ᠋ ᠵᠢᠭᠠᠵᠤ᠂ ᠡᠮᠨᠢᠭ ᠰᠤᠷᠭᠠᠬᠤ ᠪᠤᠯ ᠮᠠᠯᠴᠢᠨ ᠵᠠᠯᠠᠭᠤᠰ ᠤ᠋ᠨ ᠪᠢᠷ᠎ᠡ ᠴᠢᠳᠠᠯ᠂ ᠤᠬᠠᠭᠠᠨ ᠰᠠᠮᠪᠠᠭ᠎ᠠ ᠶ᠋ᠢ ᠰᠢᠯᠭᠠᠬᠤ ᠡᠷ᠎ᠡ ᠲᠠᠢ ᠪᠢᠷ᠎ᠡ ᠲᠠᠢ ᠵᠠᠯᠠᠭᠤᠰ ᠤ᠋ᠨ ᠠᠵᠢᠯ ᠶᠤᠮ᠃ ᠡᠮᠨᠢᠭ ᠰᠤᠷᠭᠠᠬᠤ ᠳ᠋ᠤ ᠬᠠᠪᠤᠷ ᠠᠬᠢ ᠨᠢᠳᠤᠯᠡᠵᠤ ᠦᠰᠦ ᠲᠠᠭᠠᠬᠢ ᠨᠢ ᠭᠤᠭᠤᠵᠢᠵᠤ ᠤᠨᠠᠬᠤ ᠦᠶ᠎ᠡ ᠪᠤᠶᠤ ᠨᠤᠭᠤᠭᠠᠨ ᠳ᠋ᠤ ᠴᠠᠳᠴᠤ ᠮᠢᠬᠠᠯᠠᠵᠤ ᠲᠠᠷᠭᠤᠯᠠᠬᠤ ᠡᠴᠡ ᠨᠢ ᠡᠮᠤᠨ᠎ᠡ ᠰᠤᠷᠭᠠᠪᠠᠯ ᠲᠤᠬᠢᠷᠠᠮᠵᠢᠲᠠᠢ᠃ ᠮᠠᠯᠴᠢᠳ ᠮᠤᠷᠢ ᠶ᠋ᠢ ᠨᠠᠰᠤ ᠳᠠᠷᠠᠭᠠᠯᠠᠨ ᠡᠷᠡᠮᠪᠡ ᠲᠠᠢ ᠰᠤᠷᠭᠠᠳᠠᠭ ᠶᠤᠮ᠃ ᠡᠮᠨᠢᠭ ᠢ᠋ ᠪᠠᠷᠢᠵᠤ ᠠᠪᠤᠮᠠᠭᠴᠠ ᠰᠢᠭᠤᠳ ᠤᠨᠤᠬᠤ ᠪᠠ ᠠᠭᠠᠵᠢᠮ ᠳᠠᠰᠬᠠᠨ ᠰᠤᠷᠭᠠᠬᠤ ᠬᠤᠶᠠᠷ ᠵᠦᠢᠯ ᠪᠤᠢ᠃ ᠡᠮᠨᠢᠭ ᠢ᠋ ᠰᠠᠢᠨ ᠰᠤᠷᠭᠠᠳᠠᠭ ᠬᠦᠮᠦᠨ ᠡᠮᠨᠢᠭ ᠤ᠋ᠨ ᠪᠡᠶ᠎ᠡ ᠳ᠋ᠤᠨᠢ ᠭᠡᠮ ᠰᠠᠭᠤᠯᠭᠠᠬᠤ ᠦᠭᠡᠢ᠂ ᠤᠬᠠᠭᠠᠨ ᠳ᠋ᠤᠨᠢ ᠭᠬᠢᠷ ᠰᠠᠭᠤᠯᠭᠠᠬᠤ ᠦᠭᠡᠢ᠂ ᠠᠭᠠᠰᠢ ᠵᠠᠩ ᠢ᠋ ᠨᠢ ᠰᠠᠢᠨ ᠵᠠᠰᠠᠵᠤ ᠤᠨᠤᠰᠢ ᠶᠠᠪᠤᠳᠠᠯ ᠳ᠋ᠤᠨᠢ ᠭᠦᠢᠴᠡᠳ ᠤᠷᠤᠭᠤᠯᠳᠠᠭ᠃

ᠪᠤᠳᠠᠳᠤ ᠦᠵᠡᠭᠳᠡᠯᠳᠤ ᠵᠦᠴᠦᠭᠡ
《ᠪᠤᠭᠤᠷᠤᠯ ᠲᠡᠤᠭᠡ ᠵᠢᠨ ᠬᠦᠯᠦᠭ ᠤ᠋ᠨ ᠮᠠᠭ᠍ᠲᠠᠭᠠᠯ》 ᠪᠤᠯ ᠥᠪᠥᠷ ᠮᠣᠩᠭᠣᠯ ᠤ᠋ᠨ ᠤᠷᠠᠯᠢᠭ᠋ ᠵᠦᠴᠦᠭᠡ ᠵᠢᠨ ᠬᠦᠷᠢᠶᠡᠯᠡᠩ ᠤ᠋ᠨ ᠪᠦᠲᠦᠭᠡᠭ᠌ᠰᠡᠨ᠂ ᠰᠤᠶᠤᠯ ᠪᠠ ᠵᠢᠭᠤᠯᠴᠢᠯᠠᠯ ᠢ᠋ ᠬᠦᠨᠵᠡᠭᠡᠢ ᠠᠭᠤᠰᠤᠯᠴᠠᠭᠤᠯᠵᠤ᠂ ᠡᠵᠡᠨ ᠪᠠ ᠬᠦᠯᠦᠭ ᠤ᠋ᠨ ᠬᠦᠨ ᠰᠡᠳᠭᠢᠯᠭᠡ ᠪᠠᠳᠤ ᠪᠠᠷᠢᠯᠳᠤᠯᠭᠠᠶᠢ ᠬᠠᠷᠠᠭᠤᠯᠤᠭᠰᠠᠨ᠂ ᠲᠤᠮᠳᠠᠳᠤ ᠤᠯᠤᠰ ᠤ᠋ᠨ ᠠᠩᠬᠠᠳᠠᠬ᠍ᠴᠢ ᠲᠤᠮᠤ ᠬᠡᠯᠪᠡᠷᠢ ᠵᠢᠨ ᠪᠤᠳᠠᠳᠤ ᠦᠵᠡᠭᠳᠡᠯᠲᠤ ᠮᠤᠷᠢᠨ ᠮᠡᠷᠭᠡᠵᠢᠯ ᠤ᠋ᠨ ᠪᠦᠵᠢᠭᠲᠤ ᠵᠦᠴᠦᠭᠡ ᠪᠠᠢᠵᠤ᠂ 《ᠡᠵᠡᠨ ᠬᠦᠯᠦᠭ ᠤ᠋ᠨ ᠪᠠᠷᠢᠯᠳᠤᠯᠭ᠎ᠠ》᠂ 《ᠮᠤᠷᠢᠳᠠᠨ ᠤ᠋ ᠦᠯᠦᠭᠡᠢ》᠂ 《ᠮᠤᠷᠢᠳᠠᠢ ᠲᠤᠮᠤᠭ》 ᠂ 《ᠡᠷᠭᠡ ᠴᠢᠯᠦᠭᠡᠳᠦ ᠲᠡᠭᠷᠢᠶᠢᠨ ᠤᠨᠠᠭ᠎ᠠ》 ᠳᠦᠷᠪᠡᠨ ᠬᠡᠰᠡᠭ ᠡᠴᠡ ᠪᠦᠷᠢᠯᠳᠤᠪᠠ᠃
《ᠪᠤᠭᠤᠷᠤᠯ ᠲᠡᠤᠭᠡ ᠵᠢᠨ ᠬᠦᠯᠦᠭ ᠤ᠋ᠨ ᠮᠠᠭ᠍ᠲᠠᠭᠠᠯ》 ᠢ᠋ ᠵᠢᠯ ᠳ᠋ᠤ 100 ᠢᠯᠡᠭᠦᠦ ᠲᠠᠯᠠᠪᠠᠢ ᠲᠤᠭᠯᠠᠵᠤ᠂ ᠨᠢᠭᠡᠨᠲᠡ 20 ᠭᠠᠷᠤᠢ ᠤᠯᠤᠰ ᠪᠠ ᠭᠠᠵᠠᠷ ᠤᠷᠤᠨ ᠤ᠋ ᠦᠵᠡᠭᠴᠢᠳ ᠢ᠋ ᠬᠦᠯᠢᠶᠡᠨ ᠠᠪᠴᠠᠢ᠃ 2014 ᠤᠨ ᠤ᠋ ᠤᠯᠤᠰ ᠤ᠋ᠨ ᠲᠤᠳᠤᠭᠠᠳᠦᠶᠢᠨ ᠠᠳᠤᠭᠤᠨ ᠤ᠋ ᠦᠢᠯᠡᠰ ᠤ᠋ᠨ ᠠᠷᠪᠠᠨ ᠶᠡᠭᠡ ᠰᠤᠨᠢᠨ ᠮᠡᠳᠡᠭᠡᠶᠢᠨ ᠵᠢᠬ᠍ᠰᠠᠭᠠᠯᠳᠠᠳᠤ ᠲᠤᠳᠤᠷᠠᠵᠤ᠂ ᠨᠢ᠋ᠮᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠵᠢᠭᠤᠯᠴᠢᠯᠠᠯ ᠪᠡᠯᠡ ᠤᠷᠤᠭᠤᠯᠤᠯᠲᠠ 《ITIA》 ᠱᠠᠩᠨᠠᠯ ᠤ᠋ᠨ ᠳᠤᠮᠳᠠᠳᠤ ᠤᠯᠤᠰ ᠤ᠋ᠨ ᠬᠠᠮᠤᠭ ᠤ᠋ᠨ ᠰᠢᠯᠢᠳᠡᠭ ᠵᠢᠭᠤᠯᠴᠢᠯᠠᠯ ᠲᠤᠭᠯᠠᠯᠲᠠ ᠵᠢᠨ ᠲᠦᠷᠦᠯ ᠵᠦᠢᠯ ᠤ᠋ᠨ ᠠᠯᠲᠠᠨ ᠱᠠᠩᠨᠠᠯ᠂ ᠤᠯᠤᠰ ᠤ᠋ᠨ ᠰᠤᠶᠤᠯ ᠪᠠ ᠵᠢᠭᠤᠯᠴᠢᠯᠠᠯ ᠤ᠋ᠨ ᠶᠠᠮᠤᠨ ᠤ᠋ 《ᠵᠢᠭᠤᠯᠴᠢᠯᠠᠯ ᠤ᠋ᠨ ᠠᠵᠤ ᠦᠢᠯᠡᠰ ᠤ᠋ᠨ ᠨᠦᠯᠦᠭᠡᠯᠡᠬᠦ ᠬᠦᠴᠦᠨ ᠪᠦᠬᠦᠢ ᠵᠢᠭᠤᠯᠴᠢᠯᠠᠯ ᠲᠤᠭᠯᠠᠯᠲᠠ ᠵᠢᠨ ᠱᠠᠩᠨᠠᠯ》᠂ 《ᠲᠤᠮᠳᠠᠳᠤ ᠤᠯᠤᠰ ᠤ᠋ᠨ ᠠᠳᠤᠭᠤᠨ ᠰᠤᠶᠤᠯ ᠢ᠋ ᠰᠤᠷᠳᠠᠯᠴᠢᠯᠠᠬ᠍ᠰᠠᠨ ᠱᠠᠩᠨᠠᠯ》 ᠵᠡᠷᠭᠡ ᠶ᠋ᠢ ᠬᠦᠷᠲᠡᠨ᠂ ᠦᠪᠦᠷ ᠮᠤᠩᠭᠤᠯ ᠤ᠋ᠨ ᠰᠤᠶᠤᠯ ᠤ᠋ᠨ ᠠᠵᠤ ᠦᠢᠯᠡᠰ ᠤ᠋ᠨ ᠭᠤᠤᠯᠳᠠᠯᠭᠠᠲᠠᠢ ᠲᠦᠷᠦᠯ ᠵᠦᠢᠯᠵᠢᠡᠷ ᠰᠤᠩᠭᠤᠭᠳᠠᠵᠤ᠂ ᠪᠦᠬᠦ ᠤᠯᠤᠰ ᠤ᠋ᠨ ᠵᠢᠭᠤᠯᠴᠢᠯᠠᠯ ᠤ᠋ᠨ ᠰᠤᠳᠤᠨ ᠲᠤᠭᠯᠠᠯᠲᠠ ᠪᠡᠷ ᠰᠤᠩᠭᠤᠭᠳᠠᠪᠠ᠃

ᠪᠦᠵᠢᠭ ᠤᠷᠠᠯᠢᠬ
ᠬᠦᠮᠦᠨ ᠬᠢᠬᠡᠳ ᠮᠤᠷᠢᠨ ᠤ᠋ ᠬᠠᠷᠢᠴᠠᠭ᠎ᠠ ᠪᠤᠯ ᠳᠤᠮᠳᠠᠳᠤ ᠵᠢᠨ ᠰᠤᠶᠤᠯ ᠤ᠋ᠨ ᠪᠦᠷᠢᠯᠳᠦᠬᠦᠨ ᠪᠤᠯᠬᠤ ᠲᠠᠯ᠎ᠠ ᠨᠤᠲᠤᠭ ᠤ᠋ᠨ ᠰᠤᠶᠤᠯ ᠤᠷᠠᠯᠢᠭ ᠤ᠋ᠨ ᠮᠦᠩᠬᠡ ᠵᠢᠨ ᠰᠡᠳᠦᠪ᠂ ᠤᠢᠷ᠎ᠠ ᠵᠢᠨ ᠵᠢᠯ ᠮᠠᠨ ᠤ᠋ ᠤᠷᠤᠨ ᠤ᠋ ᠡᠯ᠎ᠠ ᠠᠢᠮᠠᠭ ᠬᠤᠲᠠ ᠵᠢᠨ 《ᠮᠤᠷᠢ》 ᠪᠡᠷ ᠭᠤᠤᠯ ᠰᠡᠳᠦᠪ ᠪᠤᠯᠭᠠᠭᠰᠠᠨ ᠮᠤᠷᠢᠨ ᠪᠦᠵᠢᠭ ᠤ᠋ᠳ ᠬᠤᠢᠨ᠎ᠠ ᠬᠤᠢᠨ᠎ᠠ ᠡᠴᠡ ᠪᠡᠨ ᠴᠤᠯᠭᠤᠷᠠᠨ ᠭᠠᠷᠴᠠᠢ᠃
ᠰᠢᠯᠢ ᠵᠢᠨ ᠭᠤᠤᠯ ᠠᠵᠢᠯ ᠮᠡᠷᠭᠡᠵᠢᠯ ᠤ᠋ᠨ ᠳᠡᠭᠡᠳᠤ ᠰᠤᠷᠭᠠᠭᠤᠯᠢ ᠵᠢᠨ ᠵᠤᠬᠢᠶᠠᠨ ᠪᠦᠲᠦᠭᠡᠭᠰᠡᠨ ᠲᠤᠮᠤ ᠬᠡᠯᠪᠡᠷᠢ ᠵᠢᠨ ᠪᠤᠳᠠᠲᠤ ᠦᠵᠡᠭᠳᠡᠯᠲᠤ ᠮᠤᠷᠢᠨ ᠵᠦᠴᠦᠭᠡ 《ᠮᠤᠩᠭᠤᠯ ᠮᠤᠷᠢ》᠂ ᠳᠤᠮᠳᠠᠳᠤ ᠤᠯᠤᠰ ᠤ᠋ᠨ 《ᠯᠢᠩᠬᠤ᠎ᠠ ᠱᠠᠩᠨᠠᠯ》 ᠢ᠋ ᠲᠤᠰᠤᠭᠰᠠᠨ ᠦᠪᠦᠷ ᠮᠤᠩᠭᠤᠯ ᠤ᠋ᠨ ᠦᠨᠳᠦᠰᠦᠲᠡᠨ ᠤ᠋ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠪᠦᠲᠦᠭᠡᠭᠰᠡᠨ ᠦᠨᠳᠦᠰᠦᠲᠡᠨ ᠤ᠋ ᠪᠦᠵᠢᠭᠲᠤ ᠵᠦᠴᠦᠭᠡ 《ᠮᠤᠷᠢᠲᠤ ᠴᠡᠷᠢᠭ》 ᠪᠠ ᠤᠷᠳᠤᠰ ᠬᠤᠲᠠ ᠵᠢᠨ ᠡᠵᠡᠨ ᠬᠤᠷᠤᠭ᠎ᠠ ᠬᠤᠰᠢᠭᠤᠨ ᠤ᠋ ᠤᠯᠠᠭᠠᠨᠮᠦ᠋ᠴᠢᠷ ᠤ᠋ᠨ ᠵᠤᠬᠢᠶᠠᠭᠰᠠᠨ 《ᠮᠤᠷᠢᠨ ᠬᠤᠩᠬᠤᠨ ᠤ᠋ ᠵᠢᠷᠭᠠᠯᠠᠩᠲᠤ ᠡᠭᠡᠰᠢᠭ》 ᠁ ᠡᠳᠡᠭᠡᠷ ᠮᠤᠷᠢ ᠪᠡᠷ ᠰᠢᠵᠢᠮ ᠪᠤᠯᠭᠠᠭᠰᠠᠨ ᠰᠤᠳᠤᠨ ᠪᠦᠲᠦᠭᠡᠯ ᠨᠢ ᠬᠦᠮᠦᠨ ᠲᠦᠷᠦᠯᠬᠢᠲᠡᠨ ᠬᠢᠭᠡᠳ ᠮᠤᠷᠢᠨ ᠤ᠋ ᠡᠶ᠎ᠡ ᠵᠤᠬᠢᠴᠠᠯᠲᠤ ᠬᠠᠷᠢᠴᠠᠭ᠎ᠠ ᠪᠠ ᠶᠡᠷᠦᠩᠬᠡᠢ ᠱᠦᠵᠢ ᠰᠢ ᠵᠢᠨ ᠫᠢᠩ ᠤ᠋ᠨ ᠳᠤᠷᠠᠳᠤᠭᠰᠠᠨ 《ᠮᠤᠩᠭᠤᠯ ᠮᠤᠷᠢᠨ ᠤ᠋ ᠵᠤᠷᠢᠭ ᠰᠠᠨᠠᠭ᠎ᠠ》 ᠶ᠋ᠢ ᠪᠦᠵᠢᠭ ᠤ᠋ᠨ ᠬᠡᠯᠪᠡᠷᠢ ᠪᠡᠷ ᠤᠷᠠᠨ ᠳᠦᠷᠰᠦᠯᠢᠭ ᠬᠠᠷᠠᠭᠤᠯᠪᠠ᠃