ᠱᠢᠨ᠎ᠡ ᠵᠢᠯ᠎ᠤᠨ ᠰᠠᠴᠤᠯᠢ (ᠬᠦᠲᠦᠯᠦᠭᠡ ᠬᠣᠶᠠᠷ)
2026-02-24 10:19:36
ᠵᠣᠬᠢᠶᠠᠭ᠍ᠴᠢ᠄
ᠪ᠊·ᠰ᠊·ᠪᠢᠯᠢᠭᠡᠷᠭᠢᠮ
ᠣᠩᠱᠢᠭ᠍ᠰᠠᠨ ᠣᠳᠠᠭ᠎ᠠ᠄
★★★☆☆

ᠴᠠᠭᠠᠨ ᠲᠤᠷᠭᠠᠨ ᠡᠷᠪᠡᠬᠡᠢ

ᠴᠣᠩᠬᠤᠨ ᠭᠠᠳᠠᠭ᠎ᠠ ᠳᠡᠷᠪᠡᠰ ᠳᠡᠷᠪᠡᠰ ᠪᠦᠵᠢᠭ᠌ᠯᠡᠨᠡᠮ

ᠴᠠᠢ᠎ᠶᠢᠨ ᠠᠮᠲᠠ ᠣᠯᠠᠷᠢᠯ᠎ᠤᠨ ᠠᠭᠠᠭ ᠨᠡᠮᠡᠭ᠌ᠳᠡᠬᠦ᠌ ᠱᠢᠭ


ᠣᠷᠭᠤᠬᠤ ᠦᠷ ᠬᠦᠮᠦᠰᠭᠡ ᠳᠡᠯᠭᠡᠷᠡᠭᠦᠯᠵᠦ᠍

ᠤᠩᠭᠤᠨ ᠭᠤᠪᠢ ᠣᠷᠢᠳᠣ᠎ᠶ᠋ᠢᠨ ᠬᠡᠪ᠎ᠢᠶᠠᠷ ᠪᠦᠵᠢᠨᠡᠮ

ᠦᠴᠥᠭᠡᠳᠦᠷ᠎ᠤᠨ ᠬᠠᠭᠤᠴᠢᠨ ᠲᠣᠭᠠᠯᠠᠯ᠎ᠢ ᠲᠣᠪᠬᠢᠵᠣ

ᠥᠨᠥᠳᠥᠷ ᠱᠢᠨ᠎ᠡ ᠵᠢᠯ᠎ᠤᠨ ᠬᠠᠭᠤᠳᠠᠰᠤ ᠳᠡᠯᠭᠡᠭ᠌ᠳᠡᠨᠡᠮ


ᠲᠠᠷᠯᠠᠨ ᠠᠯᠠᠭ ᠭᠤᠨᠵᠢᠨ᠎ᠤ

ᠳᠡᠯᠡᠩ᠎ᠨᠢ ᠴᠢᠨᠦᠷᠡᠭᠡᠳ ᠤᠪᠤᠰ ᠣᠪᠣᠰ

ᠲᠡᠭ᠌ᠷᠢ᠎ᠶ᠋ᠢᠨ ᠬᠤᠲᠤᠭ ᠪᠤᠶᠠᠨ᠎ᠤ ᠣᠷᠢ ᠨᠡᠬᠡᠭᠡᠬᠦ᠌ ᠱᠢᠭ


ᠨᠠᠢᠷ ᠪᠠᠶᠠᠷ᠎ᠤᠨ ᠡᠭᠡᠱᠢᠭ ᠨᠠᠢ᠍ᠮᠠᠨ ᠵᠤᠪᠬᠢᠰ ᠴᠣᠣᠷᠢᠶᠠᠯᠠᠵᠤ

ᠨᠠᠷᠮᠠᠢ ᠴᠢᠮᠪᠠᠢ ᠬᠦᠮᠦᠨ ᠵᠤᠨ ᠲᠦᠷᠪᠡᠨ ᠵᠦᠭ ᠴᠡᠴᠡᠭ᠌ᠯᠡᠨᠡᠮ

ᠨᠠᠷᠠᠯᠢᠭ ᠬᠦᠳᠡᠭᠡ᠎ᠶ᠋ᠢᠨ ᠱᠢᠨ᠎ᠡ ᠵᠢᠯ ᠮᠢᠨᠢ



ᠭᠠᠯ ᠮᠤᠷᠢᠨ ᠵᠢᠯ

ᠬᠠᠯᠢᠭᠤᠲᠤ᠎ᠶ᠋ᠢᠨ ᠴᠠᠭᠠᠨ ᠲᠡᠷᠡᠰᠦ ᠱᠢᠭ ᠰᠠᠬᠠᠯ ᠱᠢᠪᠲᠤᠷᠠᠬᠤ ᠡᠪᠦᠭᠡᠳ

ᠬᠠᠷᠢᠭᠠᠳ ᠶᠠᠪᠤᠭ᠍ᠰᠠᠨ ᠬᠠᠭᠠᠨ ᠲᠡᠦᠬᠡ᠎ᠪᠠᠨ ᠬᠠᠢᠯᠠᠵᠤ ᠰᠠᠭᠤᠬᠤ ᠶᠤᠮ

ᠬᠠᠯᠠᠭᠤᠨ ᠡᠯᠢᠭᠡᠨ ᠨᠤᠲᠤᠭ ᠤᠰᠤ ᠮᠢᠨᠢ ᠣᠨ ᠣᠨ᠎ᠳᠤ ᠦᠭ᠌ᠭᠢᠶᠡᠮᠦᠷ

ᠬᠠᠨᠠᠲᠣ ᠭᠡᠷ᠎ᠤᠨ ᠮᠠᠨᠢ ᠬᠤᠢᠮᠤᠷ ᠵᠢᠯ ᠵᠢᠯ ᠦᠯᠴᠢᠷ ᠰᠠᠭᠠᠲᠠᠬᠤ ᠶᠤᠮ


ᠤᠢ᠎ᠶ᠋ᠢᠨ ᠱᠢᠪᠠᠭᠤ ᠮᠦᠩᠭᠦᠨ ᠰᠠᠭ᠍ᠰᠣᠷᠭ᠎ᠠ ᠭᠦᠪᠢᠵᠦ᠍ ᠬᠦᠪᠴᠢ ᠲᠡᠨᠢᠭᠦᠨ

ᠡᠪᠡᠰᠦᠨ ᠦᠨᠳᠦᠰᠦ ᠴᠠᠰᠤᠨ ᠲᠤᠤᠷ᠎ᠠ ᠠᠮᠢᠰᠭᠤᠵᠤ ᠱᠢᠯᠢ ᠲᠡᠨᠢᠭᠡᠷ

ᠤᠷᠤᠭ ᠤᠯᠠᠭᠠᠨ ᠮᠣᠷᠢᠨ ᠵᠢᠯ ᠠᠮᠤᠷ ᠠᠮᠤᠭᠤᠯᠠᠩ ᠡᠢᠰᠢ ᠠᠢᠰᠤᠢ

ᠡᠩ ᠴᠠᠭᠠᠨ ᠬᠠᠳᠠᠭ ᠡᠭᠦᠳᠡ ᠮᠢᠯᠢᠶᠠᠨ ᠡᠩᠬᠡ ᠵᠢᠷᠭᠠᠯᠠᠩ ᠠᠢᠰᠣᠢ



ᠴᠠᠭᠠᠨ ᠰᠠᠷ᠎ᠠ

ᠬᠤᠷᠱᠢᠶᠠᠨ᠎ᠠᠴᠠ ᠬᠠᠷᠢᠵᠤ ᠢᠷᠡᠭ᠌ᠰᠡᠨ ᠠᠪᠤ ᠮᠠᠨᠢ

ᠬᠠᠷᠮᠠᠨ ᠶ᠋ᠢᠡᠨ ᠠᠭᠤᠳᠠᠯᠵᠤ ᠥᠭ᠌ᠳᠡᠭ ᠬᠡᠳᠦᠨ ᠬᠡᠰᠡᠭ ᠱᠢᠬᠢᠷ

ᠬᠡᠭᠡᠷ᠎ᠡ᠎ᠶ᠋ᠢᠨ ᠪᠤᠯᠵᠤᠮᠤᠷ ᠱᠢᠭ᠋ ᠬᠡᠦᠬᠡᠳ ᠨᠠᠰᠤᠨ᠎ᠤ ᠮᠢᠨᠢ

ᠬᠡᠵᠢᠶᠡᠳᠡ ᠮᠠᠷᠲᠠᠭ᠍ᠳᠠᠰᠢ ᠦᠭᠡᠢ ᠴᠠᠭᠠᠨ ᠰᠠᠷ᠎ᠠ ᠲᠡᠷᠡ ᠪᠢᠯᠡ


ᠡᠳᠦᠷ ᠰᠠᠷ᠎ᠠ ᠬᠡᠮᠡᠵᠦ᠍

ᠡᠮᠨᠢᠭ ᠰᠣᠷᠭᠠᠬᠤ ᠮᠡᠲᠦ ᠤᠳᠠᠭᠠᠨ ᠪᠠᠢᠭᠠᠳ ᠬᠤᠷᠳᠣᠨ

ᠡᠭᠦᠳᠡᠨ ᠲᠡᠭᠡᠷ᠎ᠡ ᠡᠪᠦᠯ᠎ᠤᠨ ᠠᠨᠢᠷ ᠱᠢᠩᠭᠡᠷᠡᠬᠦ᠌᠎ᠪᠠᠷ

ᠡᠭᠦᠯᠡᠨ ᠬᠥᠬᠡ ᠬᠠᠪᠤᠷ᠎ᠤᠨ ᠰᠣᠷᠠᠭ ᠵᠤᠵᠠᠭᠠᠷᠠᠨ᠎ᠠ


ᠣᠨ ᠵᠢᠯ ᠨᠠᠮᠠᠶ᠋ᠢ ᠥᠨᠥᠳᠥᠷ

ᠥᠯ ᠪᠤᠭᠤᠷᠤᠯ ᠪᠣᠯᠭᠠᠵᠤ ᠦᠯᠡᠳᠡᠭᠡᠬᠦ᠌᠎ᠶ᠋ᠢ ᠶᠠᠭᠠᠬᠢᠨᠠᠮ?

ᠥᠭᠡᠳᠡ᠎ᠠᠴᠠ ᠲᠣᠷᠮᠣᠯᠵᠠᠭ᠍ᠰᠠᠭᠠᠷ ᠢᠨᠢᠶᠡᠳᠦ᠍᠎ᠪᠠᠨ ᠥᠭ᠌ᠭᠦ

ᠣᠮᠪᠤᠯᠤ᠎ᠳᠠᠭᠠᠨ ᠪᠢ ᠶᠠᠭᠤ᠎ᠪᠠᠨ ᠥᠭ᠌ᠳᠡᠭ ᠶᠤᠮ ᠪᠢᠯᠡ!


ᠤᠰᠤᠨ ᠵᠢᠷᠤᠭ᠎ᠠ ᠮᠣᠷᠢ ᠱᠢᠭ᠋ ᠴᠠᠭ ᠬᠤᠭᠤᠴᠠᠭ᠎ᠠ᠎ᠶᠢ

ᠤᠷᠭ᠎ᠠ᠎ᠪᠠᠨ ᠠᠳᠠᠯᠢ ᠡᠷᠴᠢᠮᠯᠠᠨ ᠲᠠᠮᠤᠵᠤ ᠥᠭ᠌ᠭᠦ ᠶᠤᠮᠰᠠᠨ

ᠤᠳᠣᠮ᠎ᠤᠨ ᠵᠢᠪᠬᠤᠭ᠎ᠠ ᠦᠨᠢᠳᠡ ᠠᠯᠳᠠᠷᠠᠰᠢ ᠦᠭᠡᠢ

ᠤᠳᠣᠨ ᠴᠡᠩᠭᠡᠷ ᠠᠳᠣᠭᠤ᠎ᠪᠠᠨ ᠲᠠᠮᠠᠭᠠᠯᠠᠵᠤ ᠥᠭ᠌ᠭᠦ ᠶᠤᠮᠰᠠᠨ                

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号