ᠬᠦᠰᠡᠯ᠎ᠤᠨ ᠴᠡᠩᠭᠡᠷ ᠤᠶᠠᠩᠭ᠎ᠠ
2026-02-24 10:10:02
ᠵᠣᠬᠢᠶᠠᠭ᠍ᠴᠢ᠄
ᠯ᠊·ᠰᠣᠨᠢᠨ
ᠣᠩᠱᠢᠭ᠍ᠰᠠᠨ ᠣᠳᠠᠭ᠎ᠠ᠄
★★★☆☆

ᠠᠯᠤᠰ᠎ᠤᠨ ᠠᠭᠤᠯᠠᠰ ᠬᠦᠰᠡᠯ᠎ᠤᠨ ᠴᠡᠩᠭᠡᠷ ᠤᠶᠠᠩᠭ᠎ᠠ ᠰᠤᠨᠤᠷᠯᠠᠨ ᠦᠨᠳᠡᠢᠬᠦ᠌᠎ᠳᠤ

ᠨᠤᠶᠠᠨ ᠬᠥᠬᠡ ᠰᠠᠷᠢᠳᠠᠭ᠎ᠤᠨ ᠤᠷᠤᠢ᠎ᠳᠤ ᠪᠠᠶᠠᠰᠤᠨ ᠪᠦᠵᠢᠬᠦ᠌ ᠴᠠᠰᠤᠨ ᠴᠡᠴᠡᠭ

ᠮᠦᠷᠦᠭᠡᠳᠦᠯ᠎ᠤᠨ ᠲᠤᠷᠭᠠᠨ ᠠᠯᠠᠭᠠᠨ᠎ᠳᠤ ᠬᠠᠳᠠᠭ᠎ᠢᠶᠠᠨ ᠲᠡᠯᠬᠡᠨ ᠵᠣᠯᠭᠠᠵᠦ᠍

ᠦᠨᠢᠷ ᠨᠤᠳᠤᠭ ᠴᠡᠴᠡᠭ᠌ᠲᠦ ᠫᠤᠤᠵᠢᠩ᠎ᠤᠨ ᠰᠤᠯᠤᠩᠭᠠᠨ ᠦᠩᠭᠡ᠎ᠪᠠᠷ ᠭᠠᠩᠭᠠᠷᠠᠨ᠎ᠠ


ᠲᠤᠮᠤᠭ᠎ᠤᠨ ᠬᠦᠬᠡ ᠤᠰᠤᠨ ᠨᠠᠢᠷ᠎ᠤᠨ ᠰᠠᠷᠬᠤᠳ ᠠᠮᠰᠠᠨ ᠮᠡᠯᠮᠡᠯᠵᠡᠬᠦ᠌᠎ᠳᠤ

ᠡᠬᠡ ᠭᠠᠵᠠᠷ᠎ᠤᠨ ᠡᠯᠢᠭᠡᠨ᠎ᠠᠴᠠ ᠦᠶᠡᠯᠵᠡᠬᠦ᠌ ᠨᠠᠮᠬᠠᠨ ᠪᠤᠷᠤ ᠵᠡᠷᠭᠡᠯᠭᠡᠨ

ᠬᠦᠪᠦᠩ ᠡᠭᠦᠯᠡᠰ᠎ᠤᠨ ᠦᠯᠵᠡᠢ ᠬᠡ ᠵᠠᠩᠭᠢᠳᠴᠦ᠍ ᠬᠦᠪᠦᠯᠵᠡᠨ ᠨᠡᠭᠦᠳᠡᠯᠯᠡᠵᠦ᠍

ᠦᠩᠱᠢᠭ ᠨᠤᠳᠤᠭ 《ᠠᠮᠤᠷ!》 《ᠮᠡᠨᠳᠦ!》 ᠎ᠪᠠᠷ ᠵᠢᠷᠭᠠᠨ᠎ᠠ


ᠢᠰᠡᠭᠡᠢ ᠭᠡᠷ᠎ᠠᠴᠠ ᠪᠠᠶᠠᠨ ᠬᠤᠭᠤᠷ᠎ᠤᠨ ᠢᠷᠠᠭᠤ ᠬᠦᠭ᠌ᠵᠢᠮ ᠡᠭᠡᠱᠢᠭ᠌ᠯᠡᠬᠦ᠌᠎ᠳᠤ

ᠤᠴᠠᠷᠠᠯ᠎ᠤᠨ ᠪᠤᠯᠵᠤᠭᠠᠲᠤ ᠴᠠᠭᠠᠨ ᠰᠠᠷ᠎ᠠ ᠬᠦᠷ ᠪᠠᠶᠠᠷ᠎ᠢᠶᠠᠷ ᠪᠢᠯᠬᠠᠨ᠎ᠠ

ᠲᠠᠩᠰᠤᠭ ᠠᠮᠢᠳᠤᠷᠠᠯ᠎ᠤᠨ ᠬᠤᠤᠰ ᠤᠶᠠᠩᠭ᠎ᠠ ᠱᠢᠨ᠎ᠡ ᠵᠢᠯ᠎ᠢᠶᠠᠨ ᠴᠢᠮᠡᠵᠦ᠍

ᠦᠷᠨᠢᠬᠦᠨ ᠨᠤᠳᠤᠭ᠎ᠲᠤ ᠬᠦᠰᠡᠯ᠎ᠤᠨ ᠴᠡᠩᠭᠡᠷ ᠤᠶᠠᠩᠭ᠎ᠠ ᠠᠰᠭᠠᠷᠠᠨ᠎ᠠ


ᠦᠬᠡᠳᠡᠩ ᠭᠤᠳᠤᠯ᠎ᠤᠨ ᠤᠯᠠ᠎ᠳᠤ ᠬᠦᠷ ᠬᠤᠩᠭᠠᠷ ᠬᠠᠭ᠍ᠵᠠᠷᠠᠬᠤ᠎ᠳᠤ

ᠦᠯᠴᠢᠷ ᠡᠪᠦᠭᠡᠳ ᠰᠠᠢᠨ᠎ᠤ ᠢᠷᠦᠭᠡᠯ ᠤᠩᠱᠢᠨ ᠰᠡᠳᠭᠢᠯ ᠲᠡᠨᠢ᠌ᠨ᠎ᠡ

ᠤᠷᠢᠬᠠᠨ ᠰᠠᠯᠬᠢᠨ ᠠᠭᠤᠳᠠᠮ ᠬᠠᠩᠭᠠᠢ᠎ᠳᠤ ᠬᠦᠭᠡᠮᠡᠢᠯᠡᠨ ᠢᠰᠭᠡᠷᠴᠦ᠍

ᠦᠵᠡᠰᠭᠦᠯᠡᠩᠲᠦ ᠨᠤᠳᠤᠭ᠎ᠲᠤ ᠬᠡᠤᠬᠡᠨ ᠬᠠᠪᠤᠷ ᠠᠢᠯᠴᠢᠯᠠᠨ ᠢᠷᠡᠨ᠎ᠡ


ᠲᠤᠯᠭ᠎ᠠ᠎ᠶ᠋ᠢᠨ ᠭᠠᠯ᠎ᠠᠴᠠ ᠠᠮᠢᠳᠤᠷᠠᠯ᠎ᠤᠨ ᠴᠤᠭ ᠠᠰᠠᠨ ᠲᠦᠷᠡᠯᠵᠡᠬᠦ᠌᠎ᠳᠤ

ᠲᠤᠭᠤᠭ᠎ᠠ᠎ᠲᠠᠢ ᠴᠠᠢ ᠲᠠᠷᠬᠢᠨ ᠪᠤᠴᠠᠯᠵᠦ᠍ ᠱᠢᠨ᠎ᠡ ᠦᠷᠯᠦᠭᠡ᠎ᠶ᠋ᠢ ᠤᠬ᠍ᠳᠤᠨ᠎ᠠ

ᠱᠢᠨ᠎ᠡ᠎ᠶ᠋ᠢᠨ ᠳᠡᠭᠡᠵᠢ᠎ᠪᠠᠨ ᠡᠷᠬᠦᠨ ᠨᠤᠳᠤᠭ ᠤᠰᠤ᠎ᠪᠠᠨ ᠪᠠᠶᠠᠰᠭᠠᠬᠤ᠎ᠳᠤ

ᠲᠤᠭᠤᠨᠤ᠎ᠪᠠᠷ ᠬᠡᠷᠡᠯᠳᠦᠬᠦ᠌ ᠲᠦᠮᠡᠨ ᠰᠠᠴᠤᠷᠠᠭ᠍ᠲᠤ ᠨᠠᠷᠠᠨ ᠢᠪᠡᠭᠡᠨ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号