ᠪᠠᠶᠠᠷᠯᠠᠯ᠎ᠠ ᠲᠠᠨ᠎ᠳᠤ᠂ ᠬᠦᠬᠡᠭ᠌ᠴᠢᠨ ᠮᠤᠭᠠᠢ ᠵᠢᠯ ᠮᠢᠨᠢ
2026-02-24 10:25:41
ᠵᠣᠬᠢᠶᠠᠭ᠍ᠴᠢ᠄
ᠰ᠊·ᠦᠨᠳᠦᠷᠯᠢᠭ
ᠣᠩᠱᠢᠭ᠍ᠰᠠᠨ ᠣᠳᠠᠭ᠎ᠠ᠄
★★★☆☆

ᠨᠤᠮ᠎ᠤᠨ ᠵᠠᠪᠰᠠᠷ ᠬᠠᠪᠴᠢᠭᠤᠯᠤᠭ᠍ᠰᠠᠨ ᠦᠴᠦᠭᠡᠳᠦᠷ᠎ᠤᠳ᠎ᠢ ᠤᠷᠪᠠᠭᠤᠯᠬᠤ᠎ᠳᠤ

ᠨᠢᠭᠤᠷ᠎ᠤᠨ ᠲᠤᠭ᠎ᠠ᠎ᠨᠢ ᠭᠤᠷᠪᠠᠨ ᠵᠠᠭᠤ ᠵᠢᠷᠠᠨ ᠲᠠᠪᠤᠨ ᠬᠠᠭᠤᠳᠠᠰᠤ

ᠨᠠᠪᠴᠢᠨ᠎ᠤ ᠦᠩᠭᠡᠨ᠎ᠳᠤ ᠪᠠᠭᠤᠭ᠍ᠰᠠᠨ ᠲᠦᠷᠪᠡᠨ ᠴᠠᠭ᠎ᠢ ᠱᠢᠨᠵᠢᠬᠦ᠌᠎ᠳᠤ

ᠨᠠᠷᠨᠨ᠎ᠤ ᠪᠤᠳᠤᠭ᠎ᠨᠢ ᠦᠭᠡᠷᠡᠴᠢᠯᠡᠭ᠌ᠳᠡᠵᠤ ᠬᠦᠬᠡ᠂ ᠨᠤᠭᠤᠭᠠᠨ᠂ ᠱᠢᠷ᠎ᠠ᠂ ᠴᠠᠭᠠᠨ

ᠪᠤᠷᠤ ᠲᠠᠯ᠎ᠠ᠎ᠶ᠋ᠢᠨ ᠴᠡᠴᠡᠭᠡᠰ᠎ᠢ ᠬᠠᠭ᠍ᠳᠠᠷᠠᠳᠠᠯ᠎ᠠ᠎ᠪᠠᠨ ᠨᠢᠭᠡ ᠲᠠᠭᠤᠯᠠᠮᠠᠷ ᠪᠠᠢᠨ᠎ᠠ

ᠪᠤᠰᠤᠭ᠎ᠠ ᠲᠦᠷᠦᠬᠡᠨ᠎ᠳᠤ ᠮᠤᠷᠳᠠᠭ᠍ᠰᠠᠨ ᠬᠦᠬᠡᠭ᠌ᠴᠢᠨ ᠮᠤᠭᠠᠢ ᠵᠢᠯ ᠮᠢᠨᠢ

ᠪᠤᠰᠤᠨ ᠰᠠᠭᠤᠨ ᠪᠢ ᠬᠠᠨᠳᠠᠯ᠎ᠠ᠎ᠪᠠᠨ ᠨᠢᠬᠡ ᠤᠬᠢᠯᠠᠮᠠᠷ ᠪᠠᠢᠨ᠎ᠠ

ᠪᠤᠶᠠᠨ ᠬᠡᠱᠢᠭ ᠲᠠᠲᠠᠭᠤᠷᠠᠭ᠎ᠠ ᠦᠭᠡᠢ ᠬᠦᠬᠡᠭ᠌ᠴᠢᠨ ᠮᠤᠭᠠᠢ ᠵᠢᠯ ᠮᠢᠨᠢ

ᠪᠠᠶᠠᠷᠯᠠᠯ᠎ᠠ ᠲᠠᠨ᠎ᠳᠤ᠂ ᠬᠦᠬᠡᠭ᠌ᠴᠢᠨ ᠮᠤᠭᠠᠢ ᠵᠢᠯ ᠮᠢᠨᠢ

ᠠᠯᠳᠠᠭ᠎ᠠ᠎ᠠᠴᠠ ᠪᠢ ᠱᠢᠨ᠎ᠠ ᠠᠯᠳᠠᠭ᠎ᠠ ᠤᠷᠤᠭᠤ ᠤᠷᠤᠰᠭᠤ᠎ᠳᠤ

ᠬᠡᠷᠡᠯ᠎ᠤᠨ ᠠᠯᠴᠢᠭᠤᠷ᠎ᠢᠶᠠᠷ ᠰᠡᠬᠦᠳᠡᠷ᠎ᠢ ᠮᠢᠨᠢ ᠠᠷᠴᠢᠵᠤ ᠦᠭ᠌ᠬᠦᠭ᠌ᠰᠡᠨ

ᠭᠤᠨᠢᠭ ᠪᠠᠶᠠᠷ᠎ᠤᠨ ᠭᠤᠯᠳᠤᠷᠢᠯ ᠲᠠᠪᠠᠵᠤ ᠤᠬᠢᠯᠠᠨ ᠲᠠᠭᠤᠯᠠᠨ ᠶᠠᠪᠤᠬᠤ᠎ᠳᠤ

ᠵᠠᠮ᠎ᠤᠨ ᠴᠢᠯᠠᠭᠤ᠎ᠶ᠋ᠢ ᠵᠠᠢᠴᠢᠯᠠᠵᠤ ᠦᠭ᠌ᠬᠦᠭ᠌ᠰᠡᠡ ᠵᠢᠩ᠎ᠤᠨ ᠲᠤᠤᠨᠢᠯ ᠮᠢᠨᠢ

ᠵᠠᠵᠢᠨ᠎ᠳᠤ ᠨᠡᠮᠡᠭ᠌ᠴᠢ ᠮᠦᠩᠬᠦᠨ ᠰᠤᠷ᠎ᠤᠨ ᠲᠤᠭᠠᠯᠠᠩ᠎ᠢᠶᠠᠷ

ᠵᠦᠭᠡᠯᠡᠨ ᠬᠠᠳᠠᠭᠤ᠎ᠨᠢ ᠬᠤᠯᠢᠯᠳᠤᠵᠤ ᠭᠦᠭ᠌ᠯᠡᠷᠡᠭ᠌ᠰᠡᠨ ᠬᠤᠷᠸ᠎ᠠ᠎ᠶ᠋ᠢᠨ

ᠬᠠᠢᠷ᠎ᠠ ᠬᠠᠯᠠ᠎ᠶ᠋ᠢᠨ  ᠦᠷᠲᠡᠭᠡ ᠬᠡᠳᠡᠭ᠎ᠢ ᠤᠬᠠᠭᠠᠷᠠᠪᠠᠴᠤ᠌

ᠵᠠᠳ᠎ᠤᠨ ᠪᠤᠤᠷ᠎ᠠ ᠱᠢᠭ᠋ ᠵᠤᠵᠢᠭ ᠮᠤᠵᠢᠭᠤᠳᠠ ᠶᠠᠪᠤᠬᠤ᠎ᠳᠤ ᠮᠢᠨᠢ

ᠱᠢᠯᠤᠭᠤᠳᠭᠠᠵᠤ ᠠᠭᠤᠴᠢᠯᠠᠵᠤ ᠠᠪᠤ ᠮᠢᠨᠢ ᠱᠢᠭ᠋ ᠪᠠᠭ᠍ᠳᠠᠭᠠᠭ᠍ᠰᠠᠨ᠎ᠳᠤ

ᠪᠠᠶᠠᠷᠯᠠᠯ᠎ᠠ ᠲᠠᠨ᠎ᠳᠤ᠂ ᠬᠦᠬᠡᠭ᠌ᠴᠢᠨ ᠮᠤᠭᠠᠢ ᠵᠢᠯ ᠮᠢᠨᠢ

ᠤᠬᠠᠭᠠᠨ ᠬᠠᠢᠷ᠎ᠠ᠎ᠶ᠋ᠢᠨ ᠤᠷᠢᠬᠠᠨ ᠲᠡᠯᠡᠬᠡᠢ᠎ᠳᠤ

ᠤᠳᠤᠮ᠎ᠠᠴᠠ ᠤᠳᠤᠮ ᠵᠠᠯᠭᠠᠳᠤᠭᠠᠢ ᠬᠡᠮᠡᠨ

ᠵᠢᠷᠭᠤᠳᠡᠬᠢ ᠰᠡᠷᠡᠯ᠎ᠳᠤ ᠮᠢᠨᠢ ᠵᠦᠩ ᠪᠢᠯᠢᠭ᠎ᠤᠨ ᠵᠡᠭᠦᠳᠤᠨ ᠱᠠᠩᠨᠠᠵᠤ

ᠤᠳᠤ ᠲᠡᠭᠡᠪᠦᠷᠯᠡᠵᠤ ᠴᠡᠴᠡᠭ ᠲᠡᠪᠢᠰᠦᠭ᠌ᠰᠡᠨ ᠤᠷᠴᠢᠯᠠᠩ᠎ᠢ ᠬᠡᠷᠡᠯᠳᠦᠬᠦᠯᠵᠤ

ᠭᠤᠤᠯ᠎ᠤᠨ ᠴᠢᠰᠤᠨ᠎ᠳᠤ ᠮᠢᠨᠢ ᠨᠠᠪᠴᠢ ᠱᠢᠭ᠋ ᠬᠦᠪᠴᠤ᠌ ᠢᠷᠡᠭ᠌ᠰᠡᠨ

ᠵᠢᠬᠡ ᠤᠮᠪᠤᠯᠤ ᠦᠬᠢᠨ᠎ᠳᠡᠭᠡᠨ ᠪᠠᠶᠠᠷᠯᠠᠯ᠎ᠠ

ᠪᠠᠶᠠᠷᠯᠠᠯ᠎ᠠ ᠲᠠᠨ᠎ᠳᠤ᠂ ᠬᠦᠬᠡᠭ᠌ᠴᠢᠨ ᠮᠤᠭᠠᠢ ᠵᠢᠯ ᠮᠢᠨᠢ

ᠪᠠᠶᠠᠷᠯᠠᠯ᠎ᠠ ᠲᠠᠨ᠎ᠳᠤ᠂ ᠪᠤᠷᠤ ᠪᠤᠷᠤ᠎ᠶ᠋ᠢᠨ ᠪᠤᠯᠵᠤᠮᠤᠷ ᠱᠢᠭ᠋ ᠨᠢᠰᠦᠭ᠌ᠰᠡᠨ

ᠪᠠᠶᠠᠷ ᠭᠤᠨᠢᠭ᠎ᠤᠨ ᠦᠯᠢᠭᠡᠷ᠎ᠲᠠᠢ ᠠᠶᠠᠨ᠎ᠤ ᠲᠦᠷᠪᠡᠨ ᠤᠯᠠᠷᠢᠯ ᠮᠢᠨᠢ

ᠬᠤᠯᠠᠳᠴᠤ᠌ ᠤᠳᠭᠤ ᠬᠠᠭᠤᠴᠢᠨ ᠵᠢᠯ᠎ᠢ

ᠬᠤᠨᠳᠠᠭ᠎ᠠ᠎ᠲᠠᠢ ᠲᠠᠷᠠᠰᠤᠨ ᠱᠢᠭ᠋ ᠪᠠᠯᠭᠤᠬᠤ᠎ᠳᠤ

ᠤᠬᠠᠭᠠᠷᠠᠯ᠎ᠠᠴᠠ ᠱᠢᠨ᠎ᠡ ᠤᠬᠠᠭᠠᠷᠠᠯ ᠬᠦᠷᠬᠦ᠌ ᠬᠤᠷᠳᠤᠨ᠎ᠤ ᠵᠠᠮ ᠯᠠ ᠪᠠᠢᠵᠠᠢ

ᠬᠤᠰᠤᠪᠠᠴᠤ᠌ ᠤᠷᠭᠤᠬᠤ ᠡᠳᠦᠷ ᠬᠤᠨᠤᠭ᠎ᠤᠳ᠎ᠢ ᠠᠵᠢᠬᠤ᠎ᠳᠤ

ᠬᠡᠮᠱᠢᠯ᠎ᠠᠴᠠ ᠱᠢᠨ᠎ᠡ ᠬᠡᠮᠱᠢᠯ᠎ᠳᠤ ᠬᠦᠷᠬᠦ᠌ ᠬᠤᠷᠢᠨ ᠲᠦᠷᠪᠡᠨ ᠴᠠᠭ᠎ᠤᠨ ᠦᠷᠳᠡᠭᠡ ᠯᠡ ᠪᠠᠢᠵᠠᠢ

ᠡᠷᠢᠬᠡᠨ᠎ᠤ ᠮᠦᠬᠦᠯᠢᠭ ᠱᠢᠭ ᠢᠷᠮᠡᠭ᠌ᠳᠡᠬᠦ᠌ ᠡᠳᠦᠷ ᠰᠦᠨᠢ᠎ᠶ᠋ᠢᠨ ᠰᠤᠯᠢᠭ᠍ᠳᠠᠯ᠎ᠤᠳ ᠮᠢᠨᠢ

ᠡᠭᠡᠵᠤ ᠤᠷᠤᠰᠳᠠᠭ ᠭᠤᠤᠯ᠎ᠤᠨ ᠤᠰᠤᠨ ᠮᠡᠳᠦ

ᠡᠯᠡᠭ᠌ᠳᠡᠵᠤ ᠰᠡᠮᠡᠷᠡᠭ᠌ᠰᠡᠨ ᠬᠠᠭᠤᠴᠢᠨ ᠲᠤᠷᠠᠰᠤᠮᠵᠢ ᠮᠢᠨᠢ

ᠠᠯᠮᠠᠩ ᠰᠠᠷᠠᠨ ᠲᠠᠨᠢ ᠠᠮᠠᠷᠠᠭ᠎ᠤᠨ ᠮᠢᠨᠢ ᠰᠦᠷᠴᠢᠭ᠎ᠤᠨ ᠦᠨᠦᠷ᠎ᠲᠠᠢ ᠶᠤᠮ ᠬᠡᠨ᠎ᠡ ᠯᠠᠢ

ᠠᠳᠠᠷ᠎ᠤᠨ ᠴᠡᠴᠡᠭᠡᠰ ᠲᠠᠨᠢ ᠬᠤᠩᠭᠤᠷ᠎ᠤᠨ ᠮᠢᠨᠢ ᠤᠷᠤᠭᠤᠯ᠎ᠤᠨ ᠬᠡ᠎ᠲᠠᠢ ᠶᠤᠮ ᠬᠡᠨ᠎ᠡ ᠯᠠᠢ

ᠡᠪᠡᠰᠤᠨ᠎ᠤ ᠢᠨᠢᠶᠡᠮᠰᠦᠭ᠌ᠯᠡᠯ ᠲᠠᠨᠢ ᠨᠠᠷᠠᠨ᠎ᠤ ᠰᠤᠷᠮᠤᠤᠰᠤᠨ ᠲᠡᠪᠢᠯᠳᠡ᠎ᠲᠠᠢ ᠶᠣᠮ ᠬᠡᠨ᠎ᠡ ᠯᠠᠢ

ᠡᠬᠦᠯᠡᠨ᠎ᠤ ᠰᠡᠮᠡᠷᠬᠡᠢ ᠲᠠᠨᠢ ᠡᠵᠢ᠎ᠶ᠋ᠢᠨ ᠮᠢᠨᠢ ᠠᠯᠴᠢᠭᠤᠷ᠎ᠤᠨ ᠨᠠᠮᠢᠷᠠᠭᠠᠨ᠎ᠲᠠᠢ ᠶᠣᠮ ᠬᠡᠨ᠎ᠡ ᠯᠠᠢ

ᠪᠠᠶᠠᠷᠯᠠᠯ᠎ᠠ ᠲᠠᠨ᠎ᠳᠤ᠂ ᠬᠡᠢᠮᠦᠷᠢ ᠲᠠᠯᠠᠯᠤᠭ᠍ᠰᠠᠨ ᠬᠠᠭᠤᠴᠢᠨ ᠤᠨ ᠮᠢᠨᠢ

ᠪᠠᠶᠠᠷᠯᠠᠯ᠎ᠠ ᠲᠠᠨ᠎ᠳᠤ᠂ ᠬᠡᠱᠢᠭ ᠬᠤᠷᠤᠢᠯᠠᠭ᠍ᠰᠠᠨ ᠬᠦᠬᠡᠭ᠌ᠴᠢᠨ ᠮᠤᠭᠠᠢ ᠵᠢᠯ ᠮᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号