ᠪᠠᠶᠠᠷᠲᠣ ᠴᠠᠭᠠᠨ ᠰᠠᠷ᠎ᠠ
2026-02-24 10:12:24
ᠵᠣᠬᠢᠶᠠᠭ᠍ᠴᠢ᠄
ᠰᠠᠢᠨᠪᠠᠶᠠᠷ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ ᠡᠴᠡ ᠪᠠᠶᠠᠷ ᠬᠦᠷ ᠡᠬᠢᠯᠡᠵᠦ

ᠴᠠᠬᠯᠠᠰᠢ ᠦᠭᠡᠢ ᠢᠷᠦᠭᠡᠯ ᠪᠡᠯᠭᠡ ᠡᠬᠢᠯᠡᠵᠦ

ᠰᠠᠨᠠᠭᠠᠨ ᠡᠴᠡ ᠣᠷᠭᠣᠬᠰᠠᠨ ᠲᠣᠩᠭᠠᠯᠠᠬ ᠪᠠᠲᠠᠬ ᠮᠢᠨᠢ

ᠡᠪᠦᠯ᠎ᠤᠨ ᠰᠦᠨᠢ᠎ᠶᠢ ᠬᠡᠷᠡᠯᠲᠦᠬᠦᠯᠦᠭᠰᠡᠭᠡᠷ

ᠰᠢᠨ᠎ᠡ ᠵᠢᠯ᠎ᠤᠨ ᠭᠡᠭᠡᠨ ᠦᠩᠭᠡ ᠳ᠋ᠦ

ᠢᠯᠴᠢ ᠢᠪᠢᠯᠭᠡᠵᠦ ᠣᠶᠠᠩᠭᠠᠷᠠᠨ᠎ᠠ᠃

ᠴᠠᠬ᠎ᠤᠨ ᠠᠢᠵᠠᠮᠲᠣ ᠴᠣᠬᠢᠯᠭ᠎ᠠ ᠪᠠᠶᠠᠷ ᠲᠣᠭᠲᠣᠯᠣᠯ ᠴᠢᠪᠬᠠᠲᠠᠵᠦ

ᠴᠠᠰᠣᠨ᠎ᠤ ᠲᠣᠣᠷᠠᠬᠢ ᠶᠢᠷᠲᠢᠨᠴᠦ ᠬᠠᠪᠣᠷ᠎ᠤᠨ ᠴᠢᠮᠡᠭᠡ ᠪᠡᠷ ᠪᠠᠶᠠᠰᠴᠣ

ᠴᠠᠭᠠᠰᠣᠨ ᠫᠣᠣᠵᠢᠩ ᠠᠭᠠᠷ ᠲᠦ᠍ ᠪᠠᠳᠮᠠᠯᠠᠨ ᠲᠡᠯᠭᠡᠷᠡᠵᠦ

ᠴᠠᠭᠠᠨ ᠰᠠᠷ᠎ᠠ ᠪᠠᠶᠠᠷ ᠵᠢᠷᠭᠠᠯ ᠠᠪᠴᠢᠷᠠᠨ᠎ᠠ᠃

ᠬᠦᠲᠦᠯ᠎ᠤᠨ ᠴᠠᠭᠠᠨ᠎ᠠ ᠡᠴᠡ ᠬᠦᠯᠦᠭ ᠮᠣᠷᠢᠳ ᠦᠣᠷᠰᠡᠭᠰᠡᠭᠡᠷ

ᠬᠦᠷᠦᠰᠦᠨ᠎ᠤ ᠲᠣᠣᠷ᠎ᠠ ᠡᠴᠡ ᠬᠠᠬᠲᠠ ᠨᠣᠭᠣᠭ᠎ᠠ ᠦᠨᠳᠡᠢᠭᠰᠡᠭᠡᠷ

ᠦᠯᠢᠭᠡᠷ ᠲᠣᠮᠣᠬᠲᠣ ᠭᠠᠵᠠᠷ ᠣᠰᠣᠨ᠎ᠤ ᠬᠡᠢᠮᠦᠷᠢ ᠯᠣᠨᠲᠠᠭ᠎ᠠ ᠰᠡᠷᠬᠦᠭᠡᠵᠦ

ᠦᠯᠵᠡᠢᠲᠦ ᠴᠠᠭᠠᠨ ᠰᠠᠷ᠎ᠠ ᠢᠨᠢᠶᠡᠲᠦ ᠪᠠᠶᠠᠷ ᠲᠠᠢ ᠢᠷᠡᠨ᠎ᠡ᠃

ᠠᠮᠪᠠᠨ ᠱᠢᠭᠦᠰᠦ᠎ᠪᠠᠨ ᠲᠠᠪᠠᠬ ᠳᠦᠭᠦᠷᠡᠩ ᠦᠷᠦᠵᠦ

ᠠᠮᠳᠠᠲᠤ ᠰᠠᠷᠬᠤᠳ ᠬᠤᠨᠳᠠᠭ᠎ᠠ ᠪᠢᠯᠬᠠᠨ ᠮᠡᠯᠮᠡᠯᠵᠡᠭᠦᠯᠦᠭ᠌ᠰᠡᠭᠡᠷ

ᠠᠶᠤᠰᠢ ᠬᠠᠳᠠᠭ᠎ᠢᠶᠠᠨ ᠠᠯᠠᠭᠠᠨ᠎ᠳᠠᠭᠠᠨ ᠡᠷᠭᠦᠨ ᠵᠣᠯᠭᠠᠵᠦ

ᠠᠢᠯ ᠪᠣᠯᠭᠠᠨ ᠪᠠᠶᠠᠷ ᠵᠢᠷᠭᠠᠯ ᠶ᠋ᠢᠡᠷ ᠪᠢᠯᠬᠠᠨ᠎ᠠ

ᠬᠣᠭᠣᠴᠠᠭ᠎ᠠ ᠴᠠᠬ᠎ᠤᠨ ᠨᠢᠷᠣᠭᠣᠨ ᠳ᠋ᠦ ᠰᠢᠨ᠎ᠡ ᠬᠠᠭᠣᠴᠢᠨ ᠡᠭᠡᠯᠵᠢᠯᠡᠵᠦ

ᠬᠣᠭᠣᠷ ᠴᠣᠭᠣᠷ᠎ᠤᠨ ᠡᠭᠡᠰᠢᠭ ᠬᠦᠭ ᠨᠡᠮᠡᠷᠢᠯᠡᠨ ᠬᠠᠩᠬᠢᠨᠠᠬᠣ ᠳ᠋ᠦ

ᠬᠣᠯᠠ ᠣᠢᠷ᠎ᠠ᠎ᠶᠢᠨ ᠵᠣᠴᠢᠳ ᠭᠡᠷ ᠲᠦᠬᠦᠷᠡᠩ ᠴᠣᠬᠯᠠᠷᠠᠵᠦ

ᠬᠣᠲᠣᠬ ᠦᠯᠵᠡᠢ ᠦᠨᠢ ᠪᠠᠲᠣ ᠣᠷᠣᠰᠢᠨᠠᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号