ᠰᠣᠯᠣᠩᠭᠠᠨ ᠱᠢᠬᠢᠷ ᠲᠠᠢ ᠪᠢᠳᠡᠬᠦᠨ
2026-02-24 10:05:17
ᠵᠣᠬᠢᠶᠠᠭ᠍ᠴᠢ᠄
ᠵᠠ᠊·ᠰᠠᠢᠬᠠᠨ
ᠣᠩᠱᠢᠭ᠍ᠰᠠᠨ ᠣᠳᠠᠭ᠎ᠠ᠄
★★★☆☆

ᠡᠬᠡᠪᠦᠷ᠎ᠲᠤᠨᠢ ᠠᠷᠭᠠᠯ ᠬᠤᠷᠢᠶᠠᠵᠦ᠍᠂ ᠲᠦᠯᠡᠭᠡ ᠵᠡᠷᠭᠡᠯᠡᠭ᠌ᠰᠡᠨ ᠬᠠᠱᠢᠶᠠᠨ᠎ᠤ ᠮᠢᠨᠢ ᠵᠡᠬᠦᠨ ᠭᠡᠷᠡᠮ ᠲᠡᠭᠡᠷ᠎ᠡ ᠪᠡᠷᠪᠡᠢᠨ ᠰᠠᠭᠤᠭ᠍ᠰᠠᠨ ᠵᠢᠭᠠᠬᠠᠨ ᠦᠷᠪᠦᠯᠭᠡᠨ ᠪᠣᠯᠵᠣᠮᠣᠷ ᠬᠡᠨᠡᠳᠳᠡᠭᠡᠨ ᠲᠠᠯᠠᠪᠴᠢ᠎ᠪᠠᠨ ᠲᠡᠯᠭᠡᠨ᠂ ᠲᠡᠭ᠌ᠷᠢ᠎ᠪᠠᠨ ᠠᠰᠠᠨ ᠰᠦᠨᠳᠡᠷᠯᠡᠬᠦ᠌ ᠬᠦᠭ᠌ᠰᠢᠨ ᠱᠠᠩᠰᠢ᠎ᠶ᠋ᠢᠨ ᠨᠢᠴᠦᠬᠦᠨ ᠮᠦᠴᠢᠷ᠎ᠢ ᠱᠦᠷᠬᠦᠭᠡᠩᠭᠡᠨ᠂ ᠪᠠᠷᠠᠭᠤᠨ ᠬᠡᠷᠡᠮ ᠲᠡᠭᠡᠷ᠎ᠡ ᠪᠠᠭᠤᠯ᠎ᠠ᠃ ᠲᠡᠭᠡᠭ᠌ᠰᠡᠨ᠎ᠢᠶᠠᠨ ᠨᠠᠮᠠᠶ᠋ᠢ ᠬᠠᠷᠠᠩᠬᠠᠨ ᠵᠢᠷᠬᠢᠬᠦ᠌ ᠱᠢᠣᠬᠠᠨ ᠪᠣᠯᠵᠦ᠍᠂ ᠠᠬᠢᠭᠠᠳ ᠯᠡ ᠨᠣᠷᠮᠣᠢᠨ ᠰᠠᠭᠤᠬᠤ᠎ᠨᠢ ᠶᠠᠮᠠᠷ ᠨᠢᠭᠡᠨ ᠲᠣᠷᠠᠰᠣᠯ᠎ᠳᠠᠭᠠᠨ ᠵᠢᠪᠪᠦᠨ ᠪᠣᠢ ᠮᠡᠳᠦ᠃

ᠵᠢᠭᠠᠬᠠᠨ ᠪᠣᠯᠵᠣᠮᠣᠷ᠎ᠤᠨ ᠨᠢᠰᠴᠦ᠍ ᠦᠩᠭᠡᠷᠡᠭ᠌ᠰᠡᠨ ᠱᠣᠭᠤᠮ᠎ᠨᠢ ᠨᠠᠷᠠᠪᠴᠢᠨ᠎ᠤ ᠴᠣᠩᠬᠤ᠎ᠪᠠᠷ ᠭᠠᠳᠠᠨ᠎ᠠ ᠲᠡᠭ᠌ᠷᠢ᠎ᠶ᠋ᠢ ᠪᠠᠷᠠᠯᠠᠵᠦ᠍ ᠵᠣᠭ᠍ᠰᠣᠭ᠍ᠰᠠᠨ ᠨᠠᠮ᠎ᠠ᠎ᠳᠤ ᠨᠢᠭᠡᠨ ᠦᠯᠦ᠍ ᠦᠵᠡᠭ᠌ᠳᠡᠬᠦ᠌ ᠨᠣᠮᠣᠨ ᠬᠦᠣᠷ ᠪᠣᠯᠵᠦ᠍᠂ ᠲᠣᠭᠤᠯᠵᠦ᠍ ᠦᠩᠭᠡᠷᠡᠬᠦᠯᠦᠭ᠌ᠰᠡᠨ ᠡᠳᠦᠷ ᠬᠤᠨᠤᠭ᠎ᠤᠳ᠎ᠢ᠂ ᠲᠡᠷᠡᠴᠢᠯᠡᠨ ᠮᠢᠨᠦ᠋ᠲ ᠰᠧᠺᠦ᠋ᠨ᠋ᠳ᠋ ᠪᠦᠷᠢ᠎ᠶ᠋ᠢ ᠲᠡᠩᠨᠡᠨ ᠪᠣᠢ ᠱᠢᠭ᠋ ᠬᠠᠷᠠᠭ᠍ᠳᠠᠨ ᠪᠠᠢᠯ᠎ᠠ᠃ ᠶᠠᠭᠤ ᠴᠦ᠍ ᠪᠣᠯᠤᠭ᠎ᠠ ᠦᠭᠡᠢ᠎ᠪᠠᠷ ᠬᠤᠭᠤᠯᠠᠢ ᠠᠷᠭᠠᠨ᠂ ᠣᠬᠤᠷᠬᠠᠢ᠎ᠳᠤ ᠬᠠᠯᠠᠭᠤᠨ ᠣᠷᠣᠰᠭᠠᠯ ᠲᠦᠯᠬᠢᠯᠡᠭᠡᠳ ᠢᠷᠡᠯ᠎ᠡ᠃ ᠬᠦᠮᠦᠨ ᠭᠡᠳᠡᠭ ᠨᠠᠰᠣ ᠨᠡᠮᠡᠭ᠌ᠳᠡᠬᠦ᠌ ᠲᠣᠰᠣᠮ᠎ᠢᠶᠠᠨ ᠣᠶᠠᠷᠠᠮᠠᠳᠠᠭᠠᠢ᠂ ᠲᠣᠷᠠᠰᠣᠮᠠᠳᠠᠭᠠᠢ ᠪᠣᠯᠳᠠᠭ ᠶᠣᠮ ᠴᠢᠨᠢ ᠳ᠋ᠠ᠂ ᠲᠣᠭ᠍ᠳᠣᠯᠬᠤ ᠦᠭᠡᠢ ᠴᠦ᠍ ᠭᠡᠳ ᠶᠠᠭᠠᠬᠢᠬᠤᠪ᠃

ᠣᠯᠣᠮ ᠴᠢᠩᠭᠠᠯᠠᠬᠤ ᠭᠱᠠᠨ᠎ᠳᠤ ᠣᠯᠠᠷᠢᠯ ᠰᠣᠯᠢᠭ᠍ᠳᠠᠨ᠂ ᠨᠡᠬᠦᠳᠡᠯ᠎ᠤᠨ ᠱᠢᠪᠠᠭᠤᠳ ᠬᠤᠱᠢᠭᠤᠨ᠎ᠳᠠᠭᠠᠨ ᠠᠮᠢᠵᠢᠷᠠᠯ ᠡᠯᠬᠦᠨ ᠢᠷᠡᠵᠦ᠍ ᠪᠣᠴᠠᠬᠤ᠎ᠶ᠋ᠢ ᠲᠠᠭᠠᠯᠳᠣᠨ᠂ ᠢᠨᠢᠶᠠᠳᠦ᠍᠎ᠲᠠᠢ ᠬᠠᠨᠢᠶᠠᠳᠦ᠍᠎ᠲᠠᠢ ᠡᠳᠦᠷ᠎ᠤᠳ ᠣᠷᠣᠰᠣᠨ ᠬᠤᠯᠠᠳᠠᠭ᠍ᠰᠠᠭᠠᠷ᠂ ᠨᠢᠭᠡ ᠮᠡᠳᠡᠬᠦᠨ᠎ᠡ ᠪᠠᠰᠠ ᠨᠢᠭᠡ ᠪᠢᠳᠡᠬᠦᠨ ᠬᠠᠳᠠᠪᠴᠢ᠎ᠶ᠋ᠢ ᠮᠢᠨᠢ ᠲᠠᠪᠠᠭ᠍ᠣ ᠪᠣᠯᠣᠯ᠎ᠠ᠃ ᠮᠦᠨ ᠦᠩᠭᠡᠷᠡᠭ᠌ᠰᠡᠨ ᠵᠢᠯ ᠱᠢᠭ ᠦᠢᠷ᠎ᠠ ᠲᠦᠷᠦᠯ᠎ᠢᠶᠠᠷ᠎ᠢᠶᠠᠨ ᠬᠤᠭᠤᠯᠠᠨ ᠭᠡᠷ᠎ᠲᠤ ᠴᠣᠭ᠍ᠯᠠᠨ᠂ ᠬᠡᠮᠵᠢᠶ᠎ᠡ᠎ᠲᠠᠢ ᠬᠡᠳᠦᠭᠡᠨ ᠴᠠᠭ᠎ᠲᠤ ᠬᠤᠯᠠ ᠦᠢᠷ᠎ᠠ᠎ᠶ᠋ᠢᠨ ᠵᠣᠭᠤᠭ᠎ᠢ ᠬᠤᠭᠤᠯᠠ ᠴᠠᠢ᠎ᠲᠠᠢ᠎ᠪᠠᠨ ᠬᠤᠳᠭᠤᠨ ᠵᠠᠵᠢᠯᠵᠦ᠍᠂ ᠬᠠᠭᠤᠴᠢᠨ ᠵᠢᠯ᠎ᠢᠶᠠᠨ ᠪᠢᠳᠡᠬᠦᠯᠡᠭᠡᠳ᠂ ᠣᠳᠠᠭ᠎ᠠ᠎ᠳᠤᠨᠢ ᠭᠡᠷ ᠭᠡᠷ᠎ᠲᠡᠭᠡᠨ ᠪᠣᠴᠠᠨ᠂ ᠲᠧᠯᠸᠢᠰ᠎ᠢᠶᠠᠨ ᠨᠡᠭᠡᠭᠡᠵᠦ᠍ ᠦᠳᠡᠱᠢᠯᠡᠭᠡ ᠰᠣᠨᠢᠷᠬᠠᠨ ᠱᠢᠨ᠎ᠡ ᠵᠢᠯ᠎ᠢᠶᠠᠨ ᠣᠭ᠍ᠳᠣᠬᠤ᠎ᠨᠢ ᠡ ᠬᠡᠵᠦ᠍ ᠪᠣᠳᠣᠬᠤᠯᠠᠷ᠂ ᠪᠠᠶᠠᠷ ᠭᠤᠨᠢᠭ᠎ᠤᠨ ᠠᠯᠢᠨ᠎ᠨᠢ ᠡᠰᠡ ᠮᠡᠳᠡᠭ᠌ᠳᠡᠬᠦ᠌ ᠰᠡᠳᠭᠢᠯᠭᠡ ᠨᠠᠮᠠᠶ᠋ᠢ ᠬᠦᠳᠦᠯᠦᠭ᠌ᠰᠡᠭᠡᠷ ᠪᠠᠭ᠎ᠠ ᠨᠠᠰᠣᠨ᠎ᠤ ᠪᠢᠳᠡᠬᠦᠨ ᠣᠷᠣᠭᠤ ᠣᠳᠭᠤ᠎ᠨᠢ ᠲᠡᠷᠡ᠃

ᠪᠠᠭ᠎ᠠ ᠪᠠᠢᠬᠤ᠎ᠳᠤ᠂ ᠮᠠᠨᠠᠢᠬᠢᠨ ᠬᠡᠵᠦ᠍ ᠪᠦᠯᠦ᠍ ᠡᠭᠡᠴᠢ ᠬᠢᠭᠡᠳ ᠨᠠᠭᠠᠴᠦ᠍ ᠡᠮᠡᠭᠡ᠎ᠶ᠋ᠢ ᠪᠠᠭ᠍ᠳᠠᠭᠠᠭ᠍ᠰᠠᠨ ᠨᠠᠢ᠍ᠮᠠᠨ ᠠᠮᠠ ᠬᠤᠶᠠᠷ ᠲᠠᠰᠣᠯᠭ᠎ᠠ ᠵᠢᠵᠢᠭ᠌ᠭᠡᠨ ᠱᠢᠪᠠᠷ ᠪᠠᠢᠱᠢᠩ᠎ᠳᠤ ᠪᠠᠭ᠍ᠳᠠᠨ ᠠᠮᠢᠳᠣᠷᠠᠳᠠᠭ ᠪᠠᠢᠵᠠᠢ᠃ ᠶᠡᠷᠦ᠍᠎ᠶ᠋ᠢᠨ ᠦᠶ᠎ᠡ᠎ᠳᠤ ᠢᠳᠡᠵᠦ᠍ ᠣᠣᠭᠤᠬᠤ᠂ ᠡᠮᠦᠰᠴᠦ᠍ ᠵᠡᠬᠦᠬᠦ᠌᠎ᠪᠠᠷ ᠦᠷᠮᠦ᠍ ᠴᠦᠷᠮᠣᠭᠡᠨ ᠲᠣᠯᠠ ᠡᠪᠦᠯ ᠪᠣᠯᠬᠤ᠎ᠲᠠᠢ ᠵᠡᠷᠭᠡ ᠴᠠᠭᠠᠨ ᠰᠠᠷ᠎ᠠ᠎ᠶ᠋ᠢ ᠲᠡᠰᠴᠦ᠍ ᠶᠠᠳᠠᠨ ᠬᠦᠯᠢᠶᠡᠳᠡᠭ᠃ ᠣᠴᠢᠷ᠎ᠨᠢ᠂ ᠪᠢᠳᠡᠬᠦᠨ᠎ᠤ ᠦᠷᠯᠦᠭᠡ ᠪᠣᠯᠣᠭ᠍ᠰᠠᠭᠠᠷ ᠠᠪᠤ ᠡᠪᠦᠯᠵᠢᠨ ᠨᠦᠭᠡᠴᠡᠯᠡᠭ᠌ᠰᠡᠨ ᠠᠯᠠᠱᠢᠨ᠎ᠤ ᠮᠢᠬᠠᠨ᠎ᠠᠴᠠ᠎ᠪᠠᠨ ᠠᠯᠢ ᠰᠠᠢᠨ᠎ᠢ᠎ᠨᠢ ᠰᠣᠩᠭᠤᠵᠦ᠍᠂ ᠲᠣᠮᠣ ᠲᠣᠭᠤᠭᠠᠨ ᠲᠣᠳᠣᠷ᠎ᠠ ᠠᠭᠠᠵᠢᠮᠬᠠᠨ ᠪᠣᠴᠠᠯᠭᠠᠨ ᠱᠢᠯᠵᠠᠷᠠᠭᠠᠵᠦ᠍᠂ ᠱᠢᠷᠡᠭᠡᠨ ᠲᠡᠭᠡᠷ᠎ᠡ ᠦᠷᠦᠬᠦ᠌᠎ᠳᠤ᠂ ᠡᠵᠢ ᠮᠢᠨᠢ ᠴᠦ᠍ ᠬᠡᠳᠦᠨ ᠨᠣᠭᠤᠭ᠎ᠠ ᠡᠪᠯᠡᠬᠦᠯᠦᠭᠡᠳ ᠴᠢᠳᠠᠬᠤ᠎ᠶ᠋ᠢᠨ ᠲᠣᠳᠣᠷ᠎ᠠ ᠪᠢᠳᠡᠨ᠎ᠢ ᠡᠪᠳᠡᠢ ᠲᠣᠢᠳᠠᠢ ᠱᠢᠨᠡᠯᠡᠬᠦᠯᠬᠦ᠌᠎ᠪᠠᠷ ᠴᠢᠷᠮᠠᠢᠳᠠᠭ᠃ ᠡᠩ᠎ᠤᠨ ᠦᠶ᠎ᠡ᠎ᠳᠤ ᠡᠷᠳᠡᠨᠢ ᠱᠢᠰᠢ᠎ᠶ᠋ᠢᠨ ᠪᠣᠣᠪᠤ᠂ ᠲᠠᠪᠣᠰᠣᠯᠠᠭ᠍ᠰᠠᠨ ᠴᠠᠭᠠᠨ ᠨᠣᠭᠤᠭ᠎ᠠ᠎ᠶ᠋ᠢᠨ ᠵᠠᠭᠤᠰᠢ᠎ᠪᠠᠷ ᠡᠷᠢᠶᠡᠨ ᠭᠡᠳᠡᠰᠦ᠎ᠪᠠᠨ ᠪᠣᠷᠣᠯᠠᠭᠤᠯᠳᠠᠭ ᠪᠢᠳᠡ ᠬᠡᠳᠦᠬᠦᠯᠡ ᠵᠢᠯᠵᠢᠨ ᠢᠩᠬᠢᠵᠦ᠍ ᠯᠡ ᠨᠢᠭᠡ ᠲᠣᠬᠢᠶᠠᠯᠳᠣᠳᠠᠭ ᠠᠮᠳᠠᠳᠦ ᠬᠤᠭᠤᠯᠠ᠎ᠪᠠᠷ ᠬᠤᠳᠣᠭᠤᠳᠦ ᠬᠦᠵᠡᠭᠡ᠎ᠪᠠᠨ ᠶᠣᠰᠣᠳᠠᠢ ᠨᠢᠭᠡ ᠴᠠᠢᠯᠭᠠᠨ᠎ᠠ᠃ ᠲᠡᠭ᠌ᠳᠡᠢᠳᠡᠯ᠎ᠡ ᠢᠳᠡᠭ᠌ᠰᠡᠨ ᠪᠢᠳᠡᠨ᠎ᠢ ᠢᠳᠡᠰᠢ᠎ᠪᠠᠨ ᠱᠢᠩᠭᠡᠭᠡᠬᠦ᠌ ᠬᠡᠵᠦ᠍ ᠭᠠᠳᠠᠭᠤᠷ ᠲᠣᠳᠣᠭᠤᠷ ᠬᠦᠶᠦᠯᠳᠦᠵᠦ᠍ ᠠᠬᠤ᠎ᠳᠤ᠂ ᠡᠪᠦᠯᠵᠢᠨ ᠪᠣᠷᠪᠢ ᠪᠣᠬᠢᠰᠬᠢᠬᠦ ᠴᠢᠯᠦᠭᠡ ᠦᠭᠡᠢ ᠡᠵᠢ ᠮᠢᠨᠢ ᠬᠠᠷᠢᠨ ᠬᠡᠳᠦᠨ ᠦᠷ᠎ᠡ᠎ᠳᠡᠭᠡᠨ ᠱᠢᠨ᠎ᠡ ᠬᠤᠪᠴᠠᠰᠦ ᠡᠮᠦᠰᠭᠡᠬᠦ᠌ ᠬᠡᠵᠦ᠍ ᠣᠶᠣᠳᠠᠯ᠎ᠤᠨ ᠮᠠᠱᠢᠨ ᠵᠢᠷᠢᠯᠵᠡᠬᠦᠯᠦᠨ᠎ᠡ᠃ ᠬᠤᠶᠠᠷᠬᠠᠨ ᠭᠠᠷ᠎ᠲᠠᠢ ᠶᠣᠮᠰᠠᠨᠵᠠᠢ᠃ ᠡᠰᠡᠬᠦᠯ᠎ᠡ ᠪᠢᠳᠡᠬᠦᠨ᠎ᠤ ᠡᠳᠦᠷ ᠬᠡᠵᠦ᠍ ᠲᠠᠩᠳᠡᠬᠦᠦ ᠣᠬᠤᠷ ᠪᠠᠢᠳᠠᠭ ᠤᠤ? ᠵᠦᠳᠡᠵᠦ᠍ ᠶᠠᠳᠠᠵᠦ᠍ ᠡᠴᠦᠰ᠎ᠤᠨ ᠨᠢᠭᠡ ᠱᠢᠨ᠎ᠡ ᠦᠮᠦᠳᠦ᠍᠎ᠪᠠᠨ ᠣᠶᠣᠵᠦ᠍ ᠲᠠᠭᠤᠰᠭᠠᠬᠤ᠎ᠳᠤ᠂ ᠨᠠᠷᠠ ᠴᠦ᠍ ᠠᠭᠤᠯᠠᠨ ᠴᠠᠭᠠᠭᠤᠷ ᠲᠠᠯᠳᠠᠷᠢᠴᠢᠬᠠᠳᠠᠭ᠃ ᠣᠷᠣᠢ᠎ᠶ᠋ᠢᠨ ᠬᠤᠭᠤᠯᠠ᠎ᠪᠠᠨ ᠪᠡᠯᠡᠳᠭᠡᠵᠦ᠍ ᠵᠡᠭᠡᠭᠡᠬᠦ᠌᠎ᠶ᠋ᠢᠨ ᠵᠠᠪᠰᠠᠷ᠂ ᠡᠵᠢ ᠮᠢᠨᠢ ᠴᠦᠪᠦᠳᠡᠯ ᠲᠡᠬᠦᠭ᠌ᠰᠡᠨ ᠠᠪᠤ᠎ᠳᠤ ᠬᠠᠮᠵᠢᠵᠦ᠍᠂ ᠲᠦᠯᠡᠱᠢᠨ᠎ᠤ ᠵᠦᠢᠯ᠎ᠢ ᠪᠡᠯᠡᠳᠭᠡᠨ᠎ᠡ᠃ ᠦᠷᠯᠦᠭᠡᠭᠦᠷ ᠠᠪᠣᠭ᠍ᠰᠠᠨ ᠮᠢᠬᠠᠨ᠎ᠤ ᠲᠡᠭᠡᠵᠢ᠂ ᠱᠢᠷ᠎ᠠ ᠲᠣᠰᠣ᠂ ᠴᠠᠢ᠂ ᠴᠢᠪᠠᠭ᠎ᠠ᠎ᠶ᠋ᠢ ᠲᠠᠪᠠᠭ᠎ᠲᠤ ᠬᠢᠵᠦ᠍᠂ ᠲᠠᠷᠠᠭ᠎ᠠ᠎ᠨᠢ ᠲᠠᠪᠣᠨ ᠦᠩᠭᠡ᠎ᠶ᠋ᠢᠨ ᠪᠦᠰ᠎ᠢ ᠡᠩ᠎ᠢ᠎ᠨᠢ ᠲᠠᠭᠠᠭᠤᠯᠣᠨ ᠵᠣᠷᠪᠣᠰᠯᠠᠨ ᠬᠠᠢᠴᠢᠯᠠᠵᠦ᠍ ᠨᠡᠮᠡᠵᠦ᠍ ᠬᠢᠨ᠎ᠡ᠃ 《ᠪᠦᠰ᠎ᠢᠶᠠᠷ ᠶᠠᠭᠠᠬᠢᠬᠤ ᠪᠣᠢ?》 ᠬᠡᠵᠦ᠍ ᠪᠢ ᠲᠡᠰᠭᠡᠯ ᠦᠭᠡᠢ ᠬᠠᠴᠢᠷᠬᠠᠨ ᠠᠰᠠᠭᠤᠬᠤ᠎ᠳᠤ᠂ 《ᠲᠡᠪᠡᠯ ᠬᠤᠪᠴᠠᠰᠦ ᠬᠢᠵᠦ᠍ ᠡᠮᠦᠰ ᠭᠡᠰᠡᠨ ᠰᠠᠨᠠᠭ᠎ᠠ》 ᠭᠡᠳ ᠡᠵᠢ ᠮᠢᠨᠢ᠄ 《ᠡᠪᠦᠭᠡ ᠲᠡᠭᠡᠳᠦᠰ᠎ᠠᠴᠠ᠎ᠪᠠᠨ ᠣᠯᠠᠮᠵᠢᠯᠠᠵᠦ᠍ ᠢᠷᠡᠭ᠌ᠰᠡᠨ ᠵᠠᠩ ᠵᠠᠩᠱᠢᠯ᠎ᠢᠶᠠᠨ ᠪᠠᠷᠢᠮᠳᠠᠯᠠᠬᠤ ᠭᠡᠭ᠌ᠴᠢ ᠪᠠᠰᠠᠴᠦ᠍ ᠰᠠᠢᠬᠠᠨ᠃ ᠬᠡᠶ᠎ᠡ᠂ ᠠᠮᠢᠳᠣ᠎ᠳᠤᠨᠢ ᠵᠢᠷᠭᠠᠭᠠᠵᠦ᠍ ᠲᠡᠢᠯᠦᠭ᠌ᠰᠡᠨ ᠦᠭᠡᠢ᠂ ᠪᠣᠷᠬᠠᠨ ᠪᠣᠯᠣᠭ᠍ᠰᠠᠨ᠎ᠤ ᠬᠢᠨᠢ ᠬᠤᠢᠨ᠎ᠠ ᠡᠳᠡᠭᠡᠷ᠎ᠢ ᠡᠷᠬᠦᠵᠦ᠍ ᠪᠣᠢ᠎ᠨᠢ ᠵᠦᠪᠬᠡᠨ ᠰᠡᠳᠭᠢᠯ᠎ᠢᠶᠠᠨ ᠬᠠᠭᠤᠷᠴᠦ᠍ ᠪᠠᠢᠭ᠎ᠠ ᠭᠡᠷᠡᠭ ᠴᠦ᠍ ᠶᠣᠮ ᠤᠤ》 ᠬᠡᠮᠡᠨ ᠰᠠᠨᠠᠭ᠎ᠠ ᠠᠯᠭᠠᠰᠠᠬᠤ ᠱᠢᠦ ᠪᠣᠯᠣᠭᠠᠳ ᠲᠠᠭᠤᠰᠣᠰᠢ ᠦᠭᠡᠢ ᠠᠵᠢᠯ᠎ᠳᠠᠭᠠᠨ ᠪᠠᠷᠢᠭ᠍ᠳᠠᠨ᠂ ᠭᠠᠨᠢᠷᠬᠠᠬᠤ᠎ᠶ᠋ᠢᠨ ᠵᠠᠪ ᠦᠭᠡᠢ ᠲᠠᠬᠢᠭᠠᠳ ᠯᠠ ᠮᠣᠩᠭᠠᠨᠢᠵᠦ᠍ ᠡᠬᠢᠯᠡᠨ᠎ᠡ᠃

ᠬᠤᠨᠢ ᠮᠠᠯ᠎ᠢᠶᠠᠨ ᠣᠰᠣᠯᠠᠵᠦ᠍ ᠡᠪᠡᠰᠦᠯᠡᠭ᠌ᠰᠡᠨ᠎ᠤ ᠲᠠᠷᠠᠭ᠎ᠠ᠂ ᠣᠷᠣᠢ᠎ᠶ᠋ᠢᠨ ᠬᠤᠭᠤᠯᠠ᠎ᠪᠠᠨ ᠢᠳᠡᠵᠦ᠍ ᠲᠠᠭᠤᠰᠭᠤ ᠦᠶ᠎ᠡ᠎ᠳᠤ ᠣᠳᠣ ᠴᠦ᠍ ᠪᠠᠷᠢᠯᠳᠣᠴᠢᠬᠠᠨ᠎ᠠ᠃ ᠠᠪᠤ ᠮᠢᠨᠢ ᠲᠡᠬᠦᠭ᠌ᠰᠡᠨ ᠴᠦᠪᠦᠳᠡᠯ᠎ᠢᠶᠠᠨ ᠲᠡᠪ ᠲᠡᠭ᠌ᠰᠢᠬᠡᠨ ᠬᠤᠭᠤᠯᠵᠦ᠍᠂ ᠲᠦᠪ ᠲᠦᠷᠪᠡᠯᠵᠢᠨ ᠬᠡᠳᠦᠨ ᠣᠪᠣᠭ᠎ᠠ ᠵᠡᠷᠭᠡᠯᠡᠭᠡᠳ᠂ ᠲᠣᠮᠳᠠ᠎ᠨᠢ ᠬᠤᠩᠬᠢᠯ ᠭᠠᠷᠭᠠᠨ᠂ ᠡᠷᠬᠦᠴᠡ᠎ᠪᠠᠨ ᠬᠢᠵᠦ᠍᠂ ᠭᠠᠯ ᠵᠣᠯᠭᠠᠭᠤᠯᠣᠭᠠᠳ ᠲᠠᠷᠠᠰᠦ ᠡᠷᠬᠦᠬᠦ᠌᠎ᠲᠠᠢ ᠵᠡᠷᠭᠡ 《ᠲᠦᠷ》 ᠬᠢᠨ ᠭᠠᠯ᠎ᠤᠨ ᠰᠣᠷ ᠪᠠᠳᠠᠷᠠᠵᠦ᠍᠂ ᠴᠦᠪᠦᠳᠡᠯ ᠲᠦᠷᠡᠯᠵᠡᠨ ᠱᠢᠳᠠᠨ᠎ᠠ᠃ ᠦᠷ᠎ᠡ ᠬᠡᠣᠭᠡᠳ᠎ᠢᠶᠠᠨ ᠲᠠᠭᠠᠭᠤᠯᠣᠨ ᠶᠣᠰᠣ ᠭᠤᠷᠢᠮ᠎ᠢᠶᠠᠨ ᠬᠦᠢᠴᠡᠳᠭᠡᠵᠦ᠍ ᠪᠠᠷᠠᠭ᠍ᠰᠠᠨ᠎ᠤ ᠲᠠᠷᠠᠭ᠎ᠠ᠂ ᠠᠪᠦ᠌ ᠮᠢᠨᠢ ᠪᠠᠰᠠ 《ᠭᠡᠷ᠎ᠤᠨ ᠰᠦᠷ ᠮᠠᠨᠳᠣᠭᠠᠨ᠎ᠠ》 ᠬᠡᠮᠡᠨ ᠫᠣᠣᠵᠢᠩ ᠲᠠᠯᠪᠢᠨ᠎ᠠ᠃ ᠲᠠᠮᠠᠬᠢ᠎ᠪᠠᠨ ᠱᠢᠷᠦᠬᠦᠨ ᠰᠣᠷᠣᠵᠦ᠍᠂ ᠬᠤᠶᠠᠷ ᠲᠣᠣᠭᠠᠷᠳᠠᠭ ᠮᠣᠨᠳᠠᠭ ᠲᠠᠭᠤ᠎ᠲᠠᠢ ᠫᠣᠣᠵᠢᠩ᠎ᠤᠨ ᠱᠢᠵᠢᠮ᠎ᠢ ᠠᠰᠠᠭᠠᠬᠤ᠎ᠲᠠᠢ ᠵᠡᠷᠭᠡ ᠠᠭᠠᠷ᠎ᠲᠤ ᠰᠣᠮᠣᠳᠠᠨ ᠭᠠᠷᠴᠦ᠍᠂ 《ᠲᠦᠩ》 ᠎ᠬᠢᠨ ᠬᠡᠷ᠎ᠤᠨ ᠰᠠᠭᠤᠷᠢ ᠲᠣᠷᠬᠢᠵᠦ᠍ ᠲᠠᠢᠪᠢᠯᠵᠠᠳᠠᠯ᠎ᠠ ᠲᠣᠣᠭᠠᠷᠣᠨ᠎ᠠ᠃ ᠵᠣᠷᠢᠭ ᠵᠢᠷᠦᠭᠡ ᠪᠠᠭ᠎ᠠ᠎ᠲᠠᠢ ᠪᠢ ᠴᠢᠬᠢ᠎ᠪᠠᠨ ᠲᠠᠭ ᠪᠦᠭ᠌ᠯᠡᠨ ᠪᠡᠶ᠎ᠡ᠎ᠪᠠᠨ ᠵᠠᠭ᠍ᠵᠠᠢᠯᠭᠠᠨ ᠪᠣᠢ᠎ᠳᠤ ᠠᠯᠢᠶ᠎ᠠ ᠲᠦᠢᠳᠭᠡᠷ ᠲᠡᠬᠦᠦ ᠮᠠᠨᠢ ᠢᠯᠠᠭᠤᠭ᠍ᠰᠠᠨ ᠪᠠᠭᠠᠳᠣᠷ ᠮᠡᠳᠦ ᠨᠠᠭᠠᠰᠢ ᠴᠠᠭᠠᠰᠢ ᠲᠠᠪᠬᠢᠨ ᠬᠦᠭᠡᠷᠦᠨ᠎ᠡ᠃ ᠵᠠᠯᠭᠠᠭᠠᠳ ᠬᠤᠸᠠᠷ ᠫᠣᠣᠵᠢᠩ ᠲᠠᠯᠪᠢᠨ᠎ᠠ᠃ 《ᠮᠠᠨᠠᠢᠬᠢᠨ ᠦᠬᠢᠨ ᠣᠯᠠᠨ᠎ᠲᠠᠢ ᠠᠢᠯ ᠳ᠋ᠠ᠂ ᠠᠯᠢ ᠪᠣᠢ᠂ ᠬᠤᠸᠠᠷ ᠫᠣᠣᠵᠢᠩ᠎ᠠᠴᠠ᠎ᠨᠢ ᠢᠯᠡᠬᠦᠦ ᠬᠡᠳᠦ᠍᠎ᠶ᠋ᠢ ᠠᠪᠣᠶ᠎ᠠ》 ᠬᠡᠵᠦ᠍ ᠠᠪᠤ ᠮᠢᠨᠢ ᠬᠤᠷᠱᠢᠶᠠᠨ᠎ᠤ ᠠᠪᠠᠭ᠎ᠠ᠎ᠳᠤ ᠬᠡᠯᠡᠬᠦ᠌᠎ᠳᠤ᠂ ᠮᠡᠯᠮᠡᠢ᠎ᠨᠢ ᠲᠦᠭᠡᠮᠡᠯ ᠬᠠᠢᠷ᠎ᠠ᠎ᠪᠠᠷ ᠭᠡᠷᠡᠯᠳᠦᠬᠦ᠌᠎ᠨᠢ ᠰᠠᠴᠣᠷᠠᠭᠠᠳ ᠭᠠᠷᠬᠤ ᠬᠤᠸᠠᠷ ᠫᠣᠣᠵᠢᠩ᠎ᠤᠨ ᠭᠡᠷᠡᠯ᠎ᠳᠤ ᠬᠠᠷᠠᠭ᠍ᠳᠠᠬᠤ ᠱᠢᠦ ᠪᠣᠯᠣᠨ᠎ᠠ᠃ ᠭᠡᠳᠡᠯ᠎ᠡ ᠡᠳᠡᠭᠡᠷ᠎ᠨᠢ ᠨᠠᠮᠠᠶ᠋ᠢ ᠲᠡᠭᠡᠳᠡᠯ᠎ᠡ᠎ᠪᠠᠨ ᠪᠠᠶᠠᠷᠯᠠᠭᠤᠯᠵᠦ᠍ ᠦᠯᠦ᠍ ᠲᠡᠢᠯᠳᠡᠭ᠃ ᠡᠬᠦᠨ᠎ᠤ ᠡᠰᠡᠷᠬᠦ᠌᠎ᠪᠠᠷ ᠬᠤᠭᠤᠯᠠᠢ᠎ᠶ᠋ᠢᠨ ᠮᠢᠨᠢ ᠬᠤᠷᠣᠬᠠᠢ᠎ᠶ᠋ᠢ ᠲᠣᠵᠢ᠎ᠳᠠᠭᠠᠨ ᠬᠦᠳᠡᠯᠭᠡᠭᠡᠳ ᠪᠠᠢᠳᠠᠭ ᠰᠣᠯᠣᠩᠭᠠᠨ ᠭᠡ᠎ᠲᠠᠢ ᠬᠢᠯᠳᠠᠭᠠᠨᠠᠭ᠍ᠰᠠᠨ ᠴᠠᠭᠠᠰᠦᠨ᠎ᠳᠤ ᠪᠠᠭ᠍ᠯᠠᠭ᠍ᠰᠠᠨ ᠱᠢᠬᠢᠷ ᠰᠠᠶᠢ ᠮᠢᠨᠦ᠍ ᠭᠤᠣᠯ ᠬᠠᠷᠠᠯᠳᠠ ᠰᠠᠨ᠃ ᠡᠨᠡ ᠬᠡᠯᠪᠡᠷᠢ᠎ᠶ᠋ᠢᠨ ᠱᠢᠬᠢᠷ᠎ᠨᠢ ᠲᠣᠬᠠᠢ᠎ᠶ᠋ᠢᠨ ᠦᠶ᠎ᠡ᠎ᠳᠤ ᠲᠣᠩ ᠬᠤᠪᠣᠷ ᠣᠯᠳᠠᠳᠠᠭ ᠪᠣᠯᠣᠯᠳᠠᠢ᠃ ᠠᠪᠦ᠌ ᠮᠢᠨᠢ ᠠᠷᠪᠠᠭᠠᠳᠭᠠᠨ ᠭᠡᠰᠡᠭ᠎ᠢ ᠮᠣᠣᠲᠸᠦ ᠴᠠᠭᠠᠰᠣᠨ᠎ᠳᠤ ᠪᠠᠭ᠍ᠯᠠᠭᠠᠳ ᠡᠪᠦᠷᠳᠦᠯᠡᠭᠡᠳ ᠢᠷᠡᠨ᠎ᠡ᠃ ᠡᠰᠡᠬᠦᠯ᠎ᠡ ᠬᠡᠮᠵᠢᠶ᠎ᠡ᠎ᠲᠠᠢ ᠬᠡᠳᠦᠨ ᠱᠢᠬᠢᠷ ᠪᠣᠭᠤᠷᠰᠤᠭ᠎ᠨᠢ ᠵᠣᠴᠢᠨ᠎ᠤ ᠱᠢᠷᠡᠭᠡᠨ᠎ᠳᠤ ᠦᠷᠦᠭ᠌ᠳᠡᠬᠦ᠌᠎ᠠᠴᠠ ᠡᠮᠦᠨ᠎ᠡ ᠲᠠᠭᠤᠰᠴᠢᠬᠠᠬᠤ᠎ᠠᠴᠠ᠎ᠨᠢ ᠬᠢᠴᠢᠶᠡᠳᠡᠭ ᠪᠠᠢᠬᠤ᠃ ᠡᠵᠢ ᠮᠢᠨᠢ ᠪᠢᠳᠡᠬᠦᠨ᠎ᠤ ᠦᠳᠡᠰᠢ ᠪᠣᠯᠪᠠᠯ ᠰᠠᠶᠢ ᠠᠪᠳᠠᠷ᠎ᠠ᠎ᠶ᠋ᠢᠨ᠎ᠢᠶᠠᠨ ᠣᠨᠢᠰᠦ᠎ᠶ᠋ᠢ ᠨᠡᠭᠡᠭᠡᠵᠦ᠍᠂ ᠲᠠᠪᠠᠭ᠎ᠢᠶᠠᠨ ᠲᠦᠬᠦᠷᠭᠡᠭᠡᠳ ᠦᠯᠡᠳᠡᠭ᠌ᠰᠡᠨ᠎ᠢ᠎ᠨᠢ ᠪᠢᠳᠡ ᠬᠡᠳᠦᠬᠦᠯᠡ᠎ᠳᠤ ᠲᠦᠭᠡᠭᠡᠵᠦ᠍ ᠦᠭ᠌ᠭᠦᠨ᠎ᠡ᠃ ᠲᠡᠭᠡᠬᠦ᠌᠎ᠲᠠᠢ ᠵᠡᠷᠭᠡ ᠠᠪᠦ᠎ᠶ᠋ᠢᠨ ᠮᠢᠨᠢ ᠦᠯᠢᠭᠡᠷ᠎ᠤᠨ ᠣᠭᠤᠳᠠ ᠴᠦ᠍ ᠨᠡᠭᠡᠭᠡᠭ᠌ᠳᠡᠨ᠎ᠡ᠃ ᠬᠠᠨᠵᠣᠨ ᠱᠢᠷᠡᠭᠡᠨ ᠲᠡᠭᠡᠷ᠎ᠡ ᠲᠣᠰᠣᠨ ᠳ᠋ᠧᠩ ᠰᠦᠮᠡᠯᠵᠡᠵᠦ᠍᠂ ᠨᠠᠭᠠᠴᠦ᠍ ᠡᠮᠡᠭᠡ ᠬᠤᠢᠮᠣᠷ᠎ᠲᠤ ᠣᠷᠦ᠍ ᠲᠦᠱᠢᠨ ᠰᠠᠭᠤᠵᠦ᠍᠂ ᠪᠢᠳᠡ ᠬᠡᠳᠦᠬᠦᠯᠡ ᠨᠠᠭᠠᠭᠤᠷ᠎ᠨᠢ ᠠᠪᠦ᠎ᠶ᠋ᠢᠨ᠎ᠢᠶᠠᠨ ᠠᠮᠠ᠎ᠶ᠋ᠢ ᠬᠠᠷᠠᠵᠦ ᠱᠢᠷᠡᠭᠡ ᠲᠣᠭᠤᠷᠢᠨ ᠰᠠᠭᠤᠨ᠎ᠠ᠃ ᠠᠪᠦ᠎ᠶ᠋ᠢᠨ ᠶᠠᠷᠢᠳᠠᠭ ᠦᠯᠢᠭᠡᠷ ᠦᠨᠡᠨᠳᠡᠭᠡᠨ ᠰᠣᠯᠣᠩᠭᠠᠨ ᠱᠢᠬᠢᠷ᠎ᠠᠴᠠ ᠢᠯᠡᠬᠦᠦ ᠰᠣᠨᠢᠷᠬᠠᠯ᠎ᠢ ᠲᠠᠳᠠᠳᠠᠭ᠃ ᠬᠡᠶ᠎ᠡ᠂ ᠲᠡᠷᠡ ᠦᠶ᠎ᠡ᠎ᠳᠤ ᠰᠣᠯᠣᠩᠭᠠᠨ ᠱᠢᠬᠢᠷ ᠵᠢᠯ᠎ᠤᠨ ᠭᠠᠭ᠍ᠴᠠ ᠣᠳᠠᠭ᠎ᠠ ᠣᠯᠳᠠᠵᠦ᠍᠂ ᠠᠪᠦ᠎ᠶ᠋ᠢᠨ ᠦᠯᠢᠭᠡᠷ᠎ᠢ ᠰᠣᠨᠣᠰᠭᠤ ᠭᠡᠪᠡᠯ ᠣᠭᠤᠳᠠᠨ᠎ᠠᠴᠠ ᠶᠠᠭᠤᠮ᠎ᠠ ᠠᠪᠴᠦ᠍ ᠪᠠᠢᠬᠤ ᠱᠢᠭ᠋ ᠬᠢᠯᠪᠠᠷ ᠲᠣᠯᠠ ᠪᠢ ᠣᠯᠣᠭ᠍ᠰᠠᠨ ᠬᠤᠶᠠᠷ ᠭᠡᠰᠡᠭ ᠰᠣᠯᠣᠩᠭᠠᠨ ᠱᠢᠬᠢᠷ᠎ᠢᠶᠠᠨ ᠪᠠᠵᠠᠢᠳᠠᠯ᠎ᠠ ᠠᠳᠭᠤᠵᠦ᠍᠂ ᠲᠠᠬᠦᠦ ᠨᠠᠷ᠎ᠤᠨ᠎ᠢᠶᠠᠨ ᠬᠤᠪᠢ᠎ᠶ᠋ᠢ ᠶᠠᠭᠠᠬᠢᠵᠦ᠍ ᠬᠠᠷᠮᠠᠨ᠎ᠳᠠᠭᠠᠨ ᠣᠷᠣᠭᠤᠯᠬᠤ ᠠᠷᠭ᠎ᠠ ᠪᠢᠱᠢᠯᠭᠠᠨ᠎ᠠ᠃

ᠠᠪᠦ᠎ᠶ᠋ᠢᠨ ᠮᠢᠨᠢ ᠣᠩᠱᠢᠭ᠍ᠰᠠᠨ ᠨᠣᠮ ᠲᠤᠭ᠎ᠠ ᠦᠭᠡᠢ ᠣᠯᠠᠨ᠃ ᠦᠣᠬᠡ ᠲᠡᠣᠭᠡ᠎ᠶ᠋ᠢ ᠣᠰᠣ ᠱᠢᠭ᠋ ᠣᠷᠣᠰᠭᠠᠵᠦ᠍ ᠭᠠᠷᠳᠠᠭ᠎ᠢᠶᠠᠷ ᠦᠯᠦ᠍ ᠪᠠᠷᠠᠮ᠂ ᠶᠠᠭ ᠢᠳᠡᠨ ᠲᠡᠭᠡᠷ᠎ᠡ᠎ᠨᠢ ᠱᠢᠵᠢᠮ ᠬᠠᠶᠠᠵᠦ᠍᠂ ᠪᠢᠳᠡᠨ᠎ᠤ ᠬᠤᠯᠪᠣᠨ ᠪᠣᠳᠣᠬᠤ ᠴᠢᠳᠠᠪᠣᠷᠢ᠎ᠶ᠋ᠢ ᠱᠢᠯᠭᠠᠬᠤ ᠮᠠᠶᠢᠭ᠎ᠲᠠᠢ ᠵᠣᠭᠤᠭ᠎ᠢᠶᠠᠨ ᠲᠠᠰᠣᠯᠬᠤ ᠪᠣᠯᠭᠠᠨ᠂ ᠲᠡᠬᠦᠦ᠍᠎ᠶ᠋ᠢᠨ ᠮᠢᠨᠢ ᠲᠡᠰᠪᠣᠷᠢ ᠪᠠᠷᠠᠭ᠍ᠳᠠᠵᠦ᠍ 《ᠵᠠᠯᠭᠠᠭᠠᠳ》 ᠬᠡᠵᠦ᠍ ᠱᠠᠯᠠᠭᠠᠳ ᠰᠦᠢᠳ᠃ ᠴᠠᠭ᠎ᠤᠨ ᠵᠡᠬᠦᠦ ᠬᠤᠷᠢᠨ ᠨᠢᠭᠡ᠎ᠳᠤ ᠦᠢᠷᠠᠳᠣᠪᠠᠯ᠂ ᠠᠪᠦ᠌ ᠮᠠᠷᠭᠠᠰᠢ᠎ᠶ᠋ᠢᠨ ᠦᠢᠯᠡ ᠶᠠᠪᠣᠳᠠᠯ᠎ᠢᠶᠠᠨ ᠲᠣᠬᠢᠷᠠᠭᠤᠯᠬᠤ ᠬᠡᠵᠦ᠍ ᠦᠯᠢᠭᠡᠷ ᠶᠠᠷᠢᠬᠤ᠎ᠪᠠᠨ ᠪᠣᠯᠢᠳᠠᠭ᠃ ᠦᠯᠢᠭᠡᠷ᠎ᠤᠨ ᠬᠤᠷᠣᠬᠠᠢ᠎ᠲᠠᠢ ᠲᠡᠬᠦᠦ ᠮᠠᠨᠢ᠂ 《ᠶᠠᠭᠠᠬᠢᠪᠠᠯ ᠰᠠᠶᠢ ᠠᠪᠦ᠌ ᠱᠢᠭ᠋ ᠣᠯᠠᠨ ᠦᠯᠢᠭᠡᠷ ᠮᠡᠳᠡᠳᠡᠭ ᠪᠢᠯᠡ?》 ᠬᠡᠵᠦ᠍ ᠪᠣᠳᠣᠯᠭᠠᠱᠢᠷᠠᠬᠤ᠎ᠳᠤ᠂ ᠪᠢ ᠠᠯᠠᠰᠭᠢᠨ ᠪᠠᠶᠠᠷᠯᠠᠨ᠎ᠠ᠃ ᠠᠵᠠ ᠲᠣᠬᠢᠶᠠᠯ ᠨᠠᠮᠠᠶ᠋ᠢ ᠢᠪᠡᠭᠡᠵᠦ᠍ ᠪᠣᠢ᠎ᠨᠢ ᠲᠡᠷᠡ᠃ ᠪᠢ ᠲᠡᠬᠦᠦ᠍᠎ᠶ᠋ᠢᠨ ᠴᠢᠬᠢᠨ᠎ᠳᠤ᠄ 《ᠠᠪᠦ᠎ᠶ᠋ᠢᠨ ᠣᠯᠠᠨ ᠦᠯᠢᠭᠡᠷ ᠮᠡᠳᠡᠳᠡᠭ ᠨᠢᠭᠤᠴᠠ᠎ᠶ᠋ᠢ ᠪᠢ ᠮᠡᠳᠡᠨ᠎ᠡ》 ᠭᠡᠪᠡᠯ᠂ ᠲᠡᠬᠦᠨ᠎ᠤ ᠰᠣᠷᠮᠣᠣᠰᠦ᠎ᠨᠢ ᠰᠡᠷᠪᠡᠯᠵᠡᠵᠦ᠍᠂ ᠮᠡᠳᠡᠬᠦ᠌ ᠬᠦᠰᠡᠯ᠎ᠨᠢ ᠣᠪᠣᠯᠵᠠᠭᠠᠳ᠂ ᠣᠷᠬᠠᠨ᠎ᠳᠤ ᠮᠢᠨᠢ ᠠᠶᠠᠨᠳᠠᠭᠠᠨ ᠣᠨᠠᠴᠢᠬᠠᠳᠠᠭ᠃ ᠣᠴᠢᠷ᠎ᠨᠢ 《ᠪᠢᠳᠡᠬᠦᠨ᠎ᠤ ᠰᠦᠨᠢ ᠬᠠᠮᠤᠭ᠎ᠤᠨ ᠲᠣᠷᠠᠳᠠᠢ ᠶᠠᠭᠤᠮ᠎ᠠ᠎ᠪᠠᠨ ᠣᠷᠣᠯᠳᠣᠪᠠᠯ᠂ ᠬᠤᠵᠢᠮ ᠬᠤᠢᠱᠢᠳᠠ ᠬᠦᠰᠡᠯ ᠴᠢᠨᠢ ᠯᠠᠪ ᠪᠡᠶᠡᠯᠡᠭ᠌ᠳᠡᠨ᠎ᠡ》 ᠬᠡᠵᠦ᠍ ᠡᠵᠢ ᠮᠢᠨᠢ ᠬᠡᠯᠡᠵᠦ᠍ ᠦᠩᠭᠡᠷᠡᠭ᠌ᠰᠡᠨ᠎ᠢ᠎ᠨᠢ ᠪᠢ ᠬᠠᠳᠠᠨ ᠴᠡᠭᠡᠵᠢᠯᠡᠴᠢᠭᠡᠭ᠌ᠰᠡᠨ ᠶᠣᠮ᠃ ᠪᠢ ᠡᠨᠡᠬᠦᠭᠡᠨ᠎ᠢᠶᠠᠷ ᠮᠦᠴᠡᠭᠡ ᠪᠣᠯᠭᠠᠨ ᠰᠣᠯᠣᠩᠭᠠᠨ ᠱᠢᠬᠢᠷ᠎ᠢ᠎ᠨᠢ ᠪᠠᠷᠢᠴᠠᠭᠠᠨ᠎ᠳᠤ ᠠᠪᠣᠪᠠᠯ᠂ ᠠᠷᠠᠢᠬᠠᠨ ᠦᠰᠦᠭ ᠦᠶᠡᠴᠢᠯᠡᠵᠦ᠍ ᠣᠩᠱᠢᠵᠦ᠍ ᠰᠣᠷᠤᠭ᠎ᠠ ᠲᠡᠬᠦᠦ ᠮᠠᠨᠢ ᠭᠡᠣᠭᠡᠳ᠎ᠤᠨ ᠦᠯᠢᠭᠡᠷ᠎ᠤᠨ ᠨᠣᠮ᠎ᠲᠠᠢ ᠨᠣᠣᠷᠠᠯᠳᠣᠭᠠᠳ᠂ ᠣᠴᠢᠷ ᠣᠬᠠᠭᠠᠨ᠎ᠢ᠎ᠨᠢ ᠣᠯᠵᠦ᠍ ᠦᠭ᠌ᠭᠦ ᠦᠭᠡᠢ ᠣᠰᠣᠨ ᠨᠢᠳᠦᠯᠡᠨ᠎ᠡ᠃ ᠲᠡᠭᠡᠩᠬᠦᠳᠡ ᠦᠷᠦ᠍ ᠮᠢᠨᠢ ᠵᠦᠭᠡᠯᠡᠷᠡᠵᠦ᠍ ᠬᠡᠳᠦᠨ ᠲᠠᠬᠢᠨ ᠣᠩᠱᠢᠭᠠᠳ᠂ 《ᠶ᠋ᠢᠨ᠎ᠤᠨ᠎ᠤ》 ᠦᠭᠡᠢ ᠴᠡᠭᠡᠵᠢᠯᠡᠭ᠌ᠰᠡᠨ ᠦᠯᠢᠭᠡᠷ᠎ᠠᠴᠠ᠎ᠪᠠᠨ ᠲᠡᠬᠦᠦ᠍᠎ᠳᠡᠭᠡᠨ ᠶᠠᠷᠢᠵᠦ᠍ ᠦᠭ᠌ᠭᠦ᠎ᠳᠡᠭᠡᠨ᠂ ᠠᠪᠦ᠎ᠶ᠋ᠢᠨ᠎ᠢᠶᠠᠨ ᠬᠡᠪ ᠨᠠᠮᠪᠠ᠎ᠶ᠋ᠢ ᠲᠠᠭᠤᠷᠢᠶᠠᠬᠤ ᠬᠡᠵᠦ᠍ ᠮᠠᠶᠢᠭ᠍ᠯᠠᠨ᠎ᠠ᠃ ᠦᠯᠢᠭᠡᠷ ᠰᠣᠨᠣᠰᠴᠦ᠍᠂ ᠨᠣᠢᠷ᠎ᠲᠠᠭᠠᠨ ᠨᠠᠮ ᠴᠣᠬᠢᠭᠤᠯᠣᠭ᠍ᠰᠠᠨ ᠲᠡᠬᠦᠦ᠍᠎ᠶ᠋ᠢᠨ ᠮᠢᠨᠢ ᠬᠦᠰᠡᠯ᠂ ᠵᠡᠬᠦᠳᠦᠨ᠎ᠳᠤᠨᠢ ᠪᠡᠶᠡᠯᠡᠳᠡᠭ ᠪᠣᠯᠣᠯᠳᠠᠢ ᠬᠠᠴᠠᠷ᠎ᠲᠠᠭᠠᠨ ᠬᠤᠨᠳᠠᠭ᠎ᠠ ᠬᠤᠳᠣᠯᠵᠠᠭᠤᠯᠣᠨ᠎ᠠ᠃

ᠲᠡᠬᠦᠦ᠍᠎ᠶ᠋ᠢᠨ᠎ᠢᠶᠠᠨ ᠰᠣᠯᠣᠩᠭᠠᠨ ᠱᠢᠬᠢᠷ᠎ᠢ ᠬᠠᠷᠮᠠᠯᠠᠭᠠᠳ ᠰᠠᠨᠠᠭ᠎ᠠ ᠮᠦᠨ ᠬᠠᠨᠣᠬᠤ ᠦᠭᠡᠢ᠂ ᠬᠡᠣᠭᠡᠨ ᠲᠡᠬᠦᠦ ᠣᠷᠣᠭᠤ᠎ᠪᠠᠨ ᠣᠷᠬ᠎ᠠ ᠬᠠᠶᠠᠨ᠎ᠠ᠃ ᠲᠡᠬᠦᠦ᠍᠎ᠠᠴᠠ ᠬᠤᠶᠠᠷ ᠨᠠᠰᠦ ᠠᠬ᠎ᠠ ᠭᠡᠰᠡᠨ᠎ᠢᠶᠠᠷ᠎ᠢᠶᠠᠨ ᠲᠡᠷᠡ ᠲᠡᠢᠮᠦ᠍ ᠬᠢᠯᠪᠠᠷᠬᠠᠨ ᠠᠮᠠ ᠠᠯᠳᠠᠬᠤ ᠦᠭᠡᠢ᠃ ᠬᠡᠪᠡᠴᠦ᠍ ᠡᠳᠦᠷᠵᠢᠨ ᠲᠡᠷᠡ ᠬᠤᠶᠠᠷ᠎ᠢ ᠰᠠᠭᠠᠳᠠᠭᠤᠯᠵᠦ᠍ ᠬᠠᠭᠤᠷᠳᠠᠭ ᠨᠠᠳᠠ ᠠᠪᠴᠦ᠍ ᠬᠡᠯᠡᠪᠡᠯ᠂ ᠲᠡᠳᠡᠨ᠎ᠢ ᠠᠷᠭᠠᠨ᠎ᠳᠠᠭᠠᠨ ᠣᠷᠣᠭᠤᠯᠬᠤ᠎ᠨᠢ ᠭᠠᠷ᠎ᠤᠨ ᠠᠯᠠᠭ᠎ᠠ ᠣᠷᠪᠠᠭᠤᠯᠬᠤ ᠱᠢᠭ᠋ ᠠᠮᠠᠷᠬᠠᠨ᠃ ᠭᠡᠣᠭᠡᠨ ᠲᠡᠬᠦᠦ ᠬᠦᠵᠦᠷ ᠨᠠᠭᠠᠳᠭᠤ ᠲᠣᠩ᠎ᠲᠠᠢ ᠮᠦᠷᠳᠡᠭᠡᠨ ᠪᠠᠰᠠ ᠰᠠᠢᠨ ᠲᠣᠭ᠍ᠯᠠᠨ᠎ᠠ᠃ ᠭᠡᠬᠦ᠌᠎ᠳᠡᠭᠡᠨ ᠭᠠᠷ᠎ᠲᠡᠬᠢ ᠪᠠᠨ ᠱᠠᠭᠠᠢᠵᠦ᠍ ᠱᠢᠨᠵᠢᠳᠡᠭ᠎ᠠᠴᠠ ᠪᠣᠰᠣ᠂ ᠦᠷᠢᠰᠦᠭ᠌ᠴᠢ᠎ᠨᠢ ᠶᠠᠮᠠᠷ ᠬᠦᠷᠢᠮ ᠦᠢᠯᠡᠳᠦᠯ᠎ᠡ ᠭᠡᠳ ᠰᠡᠷᠡᠵᠦ᠍ ᠣᠯᠳᠠᠭ ᠦᠭᠡᠢ ᠲᠡᠨᠡᠭ᠌ᠭᠡᠨ᠃ ᠲᠡᠢᠨ᠎ᠬᠦ᠌ ᠬᠦᠵᠦᠷ ᠲᠣᠭ᠍ᠯᠠᠬᠣ ᠡᠴᠡ ᠡᠮᠦᠨ᠎ᠡ᠂ ᠪᠢ ᠠᠩᠬᠠᠷᠣᠯ᠎ᠢ᠎ᠨᠢ ᠦᠭᠡᠷ᠎ᠡ ᠲᠡᠢᠰᠢ᠎ᠨᠢ ᠵᠠᠯᠠᠭᠠᠳ᠂ ᠰᠠᠢᠨ ᠰᠠᠢᠨ ᠬᠦᠵᠦᠷ᠎ᠢ ᠰᠣᠩᠭᠤᠨ ᠰᠠᠭᠤᠳᠠᠯ ᠲᠣᠣᠷ᠎ᠠ᠎ᠪᠠᠨ ᠲᠠᠷᠣᠵᠦ᠍᠂ ᠲᠡᠢᠯᠦᠨ ᠲᠡᠢᠯᠦᠭ᠌ᠳᠡᠬᠦ᠌᠎ᠶ᠋ᠢᠨ ᠵᠠᠩᠬᠢᠯᠠᠭ᠎ᠠ᠎ᠶ᠋ᠢᠨ ᠴᠠᠭ᠎ᠲᠤ ᠭᠠᠷᠭᠠᠨ᠂ ᠰᠣᠯᠣᠩᠭᠠᠨ ᠱᠢᠬᠢᠷ᠎ᠢ᠎ᠨᠢ ᠬᠤᠨᠵᠢᠴᠢᠬᠠᠨ᠎ᠠ᠃

ᠢᠩᠬᠢᠵᠦ᠍ ᠬᠤᠶᠠᠷ ᠲᠡᠬᠦᠦ᠍᠎ᠶ᠋ᠢᠨ᠎ᠢᠶᠠᠨ ᠲᠣᠯᠣᠭᠠᠢ᠎ᠶ᠋ᠢ ᠡᠷᠬᠢᠬᠦᠯᠵᠦ᠍ ᠣᠯᠣᠭ᠍ᠰᠠᠨ ᠰᠣᠯᠣᠩᠭᠠᠨ ᠱᠢᠬᠢᠷ᠎ᠢᠶᠠᠨ ᠪᠢ ᠪᠡᠷᠢᠨ ᠵᠣᠭᠤᠭ᠍ᠯᠠᠳᠠᠭ ᠦᠭᠡᠢ᠃ ᠬᠠᠷᠢᠨ ᠪᠠᠭ᠍ᠯᠠᠭ᠎ᠠ᠎ᠶ᠋ᠢ᠎ᠨᠢ ᠵᠠᠳᠠᠯᠣᠭ᠍ᠰᠠᠨ᠎ᠤ ᠲᠠᠷᠠᠭ᠎ᠠ ᠪᠠᠭ᠍ᠠᠨ ᠦᠨᠦᠷᠯᠡᠭᠡᠳ᠂ ᠨᠠᠷᠠᠨ᠎ᠳᠤ ᠲᠣᠯᠢᠳᠠᠨ ᠠᠵᠢᠭ᠍ᠯᠠᠨ᠎ᠠ᠃ ᠱᠢᠯᠦᠨ ᠪᠦᠮᠪᠦᠭᠡ ᠱᠢᠭ ᠡᠨᠡ ᠱᠢᠬᠢᠷ᠎ᠨᠢ ᠬᠤᠪᠠ ᠱᠢᠣᠬᠠᠨ ᠲᠣᠪ ᠲᠣᠩᠭᠠᠯᠠᠭ᠎ᠢ ᠪᠣᠣ ᠬᠡᠯᠡ᠂ ᠲᠣᠳᠣᠷ᠎ᠠ᠎ᠨᠢ ᠬᠤᠶᠠᠷ ᠵᠣᠷᠪᠣᠰ ᠬᠠᠪᠢᠷᠭᠠᠨ ᠰᠠᠷᠠᠨ ᠭᠡ᠎ᠲᠠᠢ᠃ ᠡᠨᠡ ᠬᠦ᠌ ᠬᠤᠶᠠᠷ ᠵᠣᠷᠪᠣᠰ ᠬᠡ᠎ᠨᠢ ᠡᠰᠡᠷᠬᠦᠯᠡᠨ ᠵᠢᠷᠣᠭ᠍ᠳᠠᠵᠦ᠍᠂ ᠨᠢᠭᠡᠨ ᠴᠠᠭᠠᠷᠢᠭ᠎ᠢ ᠪᠦᠷᠢᠯᠳᠦᠬᠦᠯᠦᠨ᠂ ᠬᠦᠮᠦᠨ᠎ᠤ ᠣᠷᠴᠢᠯᠠᠩ᠎ᠤᠨ ᠡᠷᠬᠢᠵᠦ᠍ ᠣᠷᠴᠢᠬᠤ᠎ᠶ᠋ᠢᠨ ᠵᠢᠮ᠎ᠡ ᠶᠣᠰᠣ᠎ᠶ᠋ᠢ ᠦᠬᠦᠯᠡᠨ ᠪᠠᠢᠭ᠎ᠠ ᠮᠡᠳᠦ᠃ ᠡᠰᠡᠬᠦᠯ᠎ᠡ ᠪᠢ ᠬᠡᠵᠦ᠍ ᠪᠠᠯᠴᠢᠷ ᠪᠠᠭ᠎ᠠ᠎ᠠᠴᠠ᠎ᠪᠠᠨ ᠲᠠᠯᠳᠠ ᠣᠬᠠᠮᠰᠠᠷ᠎ᠲᠠᠭᠠᠨ ᠬᠦᠳᠦᠯᠦᠭ᠌ᠳᠡᠨ᠂ ᠶᠠᠭᠤᠮ᠎ᠠ ᠶᠠᠭᠤᠮᠠᠨ᠎ᠤ ᠴᠠᠭᠠᠨ᠎ᠠ ᠣᠴᠢᠷ᠎ᠢ ᠣᠯᠬᠤ ᠬᠡᠵᠦ᠍ ᠲᠡᠷᠢᠬᠢ᠎ᠪᠠᠨ ᠵᠦᠳᠡᠭᠡᠬᠦ᠌ ᠲᠣᠷᠠᠳᠠᠢ ᠨᠢᠭᠡᠨ ᠪᠠᠢᠵᠦ᠍ ᠮᠡᠳᠡᠨ᠎ᠡ᠃ ᠣᠨᠴᠠᠭᠠᠢ ᠬᠡᠵᠦ᠍ ᠪᠣᠳᠣᠭ᠍ᠰᠠᠨ ᠵᠦᠢᠯ᠎ᠢᠶᠠᠨ ᠰᠡᠮ ᠰᠡᠳᠭᠢᠮᠵᠢᠯᠡᠭᠡᠳ ᠰᠠᠭᠤᠬᠤ᠎ᠳᠤ ᠦᠳᠡ ᠤᠢᠷᠠᠳᠤᠴᠢᠬᠠᠨ᠎ᠠ᠃ ᠰᠣᠯᠣᠩᠭᠠᠨ ᠱᠢᠬᠢᠷ ᠴᠦ᠍ ᠲᠡᠢᠮᠦ᠍᠃ ᠶᠠᠮᠠᠷ ᠨᠢᠭᠡᠨ ᠱᠢᠳᠢ ᠠᠭᠤᠯᠣᠨ ᠪᠠᠢᠭ᠎ᠠ ᠮᠡᠳᠦ ᠲᠣᠯᠠ ᠢᠳᠡᠬᠦ᠌᠎ᠶ᠋ᠢ ᠶᠡᠷᠦ᠍ ᠶᠠᠭᠠᠷᠠᠳᠠᠭ ᠦᠭᠡᠢ᠃ ᠣᠳᠠᠳᠠᠯ᠎ᠠ ᠱᠢᠨᠵᠢᠭᠡᠳ ᠱᠢᠳᠢ᠎ᠨᠢ ᠢᠯᠡᠷᠡᠬᠦ᠌ ᠦᠬᠡᠢ ᠪᠣᠯ ᠵᠢᠭᠠᠬᠠᠨ ᠬᠦᠯᠬᠦᠵᠦ᠍᠂ ᠲᠠᠬᠢᠭᠠᠳ ᠯᠡ ᠠᠵᠢᠭ᠍ᠯᠠᠨ᠎ᠠ᠃ ᠴᠠᠭᠠᠷᠢᠭ ᠬᠡᠯᠪᠡᠷᠢᠳᠦ ᠴᠠᠭᠠᠨ ᠭᠡ᠎ᠨᠢ ᠭᠡᠳᠦᠢ ᠬᠦᠯᠬᠦᠯ᠎ᠡ ᠭᠡᠳ ᠬᠡᠪ᠎ᠢᠶᠠᠷ᠎ᠢᠶᠠᠨ᠃ ᠨᠠᠷᠠ ᠲᠠᠭᠠᠭᠤᠯᠣᠨ ᠠᠵᠢᠭ᠍ᠯᠠᠭᠠᠳ ᠪᠠᠢᠬᠤᠨ᠎ᠠ ᠲᠡᠷᠡ ᠭᠡ᠎ᠠᠴᠠ ᠮᠦᠩᠬᠦᠨ ᠭᠡᠷᠡᠯ ᠰᠠᠴᠣᠷᠠᠨ᠂ ᠬᠠᠰ ᠴᠠᠭᠠᠨ ᠡᠷᠪᠡᠬᠡᠢ ᠬᠡᠬᠡ᠎ᠳᠤᠨᠢ ᠰᠣᠯᠣᠩᠭ᠎ᠠ᠎ᠶ᠋ᠢᠨ ᠲᠣᠯᠣᠭᠠᠨ ᠦᠩᠭᠡ ᠲᠠᠳᠠᠭᠤᠯᠣᠨ ᠪᠦᠵᠢᠨ ᠪᠣᠢ ᠮᠡᠳᠦ ᠬᠠᠷᠠᠭ᠍ᠳᠠᠳᠠᠭ᠎ᠤᠨ ᠴᠠᠭᠠᠨ᠎ᠠ ᠱᠢᠯᠳᠠᠭᠠᠨ᠎ᠨᠢ ᠪᠦᠵᠢᠭ᠌ᠴᠢᠨ ᠪᠣᠯᠬᠤ ᠬᠦᠰᠡᠯ᠎ᠢᠶᠠᠨ ᠵᠢᠷᠦᠭᠡᠨ᠎ᠳᠡᠭᠡᠨ ᠵᠢᠷᠣᠭ᠍ᠯᠠᠵᠦ᠍ ᠪᠠᠢᠭ᠍ᠰᠠᠨ ᠪᠠᠢᠯ ᠦᠭᠡᠢ ᠳ᠋ᠣᠣ᠃ ᠬᠡᠵᠢᠶ᠎ᠡ ᠬᠤᠵᠢᠮ᠎ᠨᠢ ᠪᠢ ᠬᠦᠰᠡᠯ ᠪᠡᠶᠡᠯᠡᠭ᠌ᠳᠡᠬᠦ᠌᠎ᠶ᠋ᠢᠨ ᠠᠮᠳᠠ᠎ᠶ᠋ᠢ ᠬᠠᠷᠠᠬᠠᠨ ᠪᠠᠭ᠎ᠠ᠎ᠶ᠋ᠢᠨ ᠰᠣᠯᠣᠩᠭᠠᠨ ᠱᠢᠬᠢᠷ᠎ᠤᠨ ᠠᠮᠳᠠ᠎ᠲᠠᠢ ᠠᠳᠡᠬᠦᠷᠡᠵᠦ᠍ ᠶᠠᠪᠣᠭ᠍ᠰᠠᠨ ᠮᠢᠨᠢ ᠲᠠᠩᠴᠦ᠍ ᠣᠷᠠᠨ᠂ ᠲᠠᠩᠴᠦ᠍ ᠡᠮᠵᠡᠭ᠌ᠭᠡᠨ ᠲᠠᠱᠢᠶᠠᠷᠠᠯ ᠪᠠᠢᠵᠠᠢ᠃

ᠡᠷᠢᠨ ᠴᠠᠭ ᠬᠦᠭ᠌ᠵᠢᠵᠦ᠍᠂ ᠨᠡᠢᠬᠡᠮ ᠲᠠᠶᠠᠭᠠᠷ ᠲᠠᠪᠱᠢᠨ ᠦᠨᠳᠦᠷ ᠲᠦᠪᠱᠢᠨ᠎ᠳᠤ ᠬᠦᠷᠦᠭ᠌ᠰᠡᠨ ᠦᠨᠦᠳᠦᠷ᠂ ᠶᠠᠩᠵᠦ᠍᠎ᠶ᠋ᠢᠨ ᠪᠠᠭ᠍ᠯᠠᠭ᠎ᠠ᠎ᠲᠠᠢ᠂ ᠶᠠᠩᠵᠦ᠍᠎ᠶ᠋ᠢᠨ ᠬᠡᠯᠪᠡᠷᠢ᠎ᠲᠠᠢ ᠱᠢᠬᠢᠷ ᠭᠠᠵᠠᠷ ᠰᠠᠢ ᠦᠭᠡᠢ ᠲᠠᠷᠬᠠᠵᠦ᠍ ᠯᠡ ᠪᠠᠢᠳᠠᠭ᠃ ᠮᠠᠭᠤ ᠡᠭᠡᠴᠢ᠎ᠪᠠᠷ᠎ᠢᠶᠠᠨ ᠮᠡᠭᠡᠯᠡᠬᠦᠯᠵᠦ᠍᠂ ᠠᠮᠳᠠᠳᠠᠨ᠎ᠢᠶᠠᠨ 《ᠲᠣᠨᠣᠭᠤᠯᠵᠦ᠍》 ᠪᠠᠢᠭ᠍ᠰᠠᠨ ᠬᠤᠶᠠᠷ ᠲᠡᠬᠦᠦ ᠮᠢᠨᠢ ᠰᠣᠯᠣᠩᠭᠠᠨ ᠬᠡ ᠪᠦᠬᠦᠢ ᠪᠠᠭ᠍ᠯᠠᠭ᠎ᠠ᠎ᠲᠠᠢ ᠱᠢᠬᠢᠷ ᠬᠠᠷᠭᠤᠬᠤ ᠪᠣᠯᠭᠠᠨ 《ᠡᠭᠡᠴᠢ᠎ᠶ᠋ᠢᠨ ᠮᠢᠨᠢ ᠬᠠᠢᠷᠠᠳᠠᠢ ᠱᠢᠬᠢᠷ ᠮᠠᠭᠠᠳ》 ᠬᠡᠵᠦ᠍ ᠪᠣᠭᠤᠯᠳᠠ ᠪᠣᠭᠤᠯᠳᠠ᠎ᠪᠠᠷ ᠠᠪᠴᠢᠷᠠᠵᠦ᠍ ᠦᠭ᠌ᠬᠦ᠎ᠳᠤ᠂ ᠬᠠᠯᠠᠭᠤᠨ ᠨᠢᠯᠪᠣᠰᠣ ᠦᠪᠡᠷ᠎ᠤᠨ ᠡᠷᠭᠡ ᠦᠭᠡᠢ ᠪᠦᠮᠪᠦᠷᠢᠮᠡᠷ ᠪᠣᠯᠳᠠᠭ᠃ ᠶᠠᠭᠠᠬᠢᠬᠤ ᠪᠣᠢ᠂ ᠠᠷᠭ᠎ᠠ ᠴᠦ᠍ ᠦᠭᠡᠢ᠂ ᠨᠢᠭᠡ ᠡᠭᠡ᠎ᠶ᠋ᠢᠨ ᠬᠡᠪᠡᠯᠢ᠎ᠠᠴᠠ ᠴᠣᠪᠣᠭ᠍ᠰᠠᠨ ᠬᠠᠢᠷ᠎ᠠ᠎ᠶ᠋ᠢᠨ ᠲᠠᠯᠠᠰ ᠶᠣᠮ ᠴᠢᠨᠢ ᠳ᠋ᠠ᠃

ᠪᠠᠷᠠᠭᠤᠨ ᠭᠡᠷᠡᠮ ᠲᠡᠭᠡᠷ᠎ᠡ ᠰᠠᠭᠤᠭ᠍ᠰᠠᠨ ᠵᠢᠭᠠᠬᠠᠨ ᠪᠣᠯᠵᠣᠮᠣᠷ ᠲᠠᠬᠢᠨᠳᠠ ᠲᠡᠷᠪᠡᠰᠭᠢᠨ ᠨᠢᠰᠴᠦ᠍ ᠵᠡᠬᠦᠨ ᠭᠡᠷᠡᠮ ᠲᠡᠭᠡᠷ᠎ᠡ ᠪᠠᠭᠤᠨ᠂ ᠬᠡᠳᠦᠨᠳᠡ ᠨᠠᠭᠠᠰᠢ ᠴᠠᠭᠠᠰᠢ ᠲᠡᠭ᠌ᠳᠡᠯᠬᠢᠯᠡᠨ ᠦᠰᠦᠷᠬᠢᠯᠡᠭ᠌ᠰᠡᠨ᠎ᠢᠶᠠᠨ ᠨᠠᠮᠠᠶ᠋ᠢ ᠬᠠᠷᠠᠩᠬᠠᠨ ᠨᠠᠮ ᠰᠠᠭᠤᠯ᠎ᠠ᠃ ᠠᠵᠢᠭ᠍ᠯᠠᠭᠠᠳ ᠯᠡ ᠪᠠᠢᠬᠤᠨ᠎ᠠ ᠲᠡᠬᠦᠨ᠎ᠤ ᠵᠡᠬᠦᠨ ᠵᠢᠬᠦᠷ᠎ᠲᠤ ᠪᠠᠭ᠎ᠠ ᠨᠠᠰᠦ ᠮᠢᠨᠢ ᠲᠠᠢᠭ᠍ᠳᠠᠵᠦ᠍᠂ ᠪᠠᠷᠠᠭᠤᠨ ᠵᠢᠬᠦᠷ᠎ᠲᠤᠨᠢ ᠬᠢᠵᠢᠶᠡᠯ ᠨᠠᠰᠦ ᠮᠢᠨᠢ ᠠᠴᠢᠭ᠍ᠳᠠᠨ᠂ ᠰᠣᠷᠮᠣᠣᠰᠦ ᠱᠦᠷᠬᠦᠭᠡᠮ᠎ᠡ ᠦᠢᠷᠡᠬᠠᠨ ᠭᠡᠯ᠎ᠡ ᠴᠦ᠍᠂ ᠬᠡᠵᠢᠶᠡᠳᠡ ᠨᠢᠭᠡᠨ᠎ᠳᠡᠭᠡᠨ ᠬᠦᠢᠴᠡᠭ᠌ᠳᠡᠳᠡᠭ ᠦᠭᠡᠢ ᠬᠤᠯᠠᠬᠠᠨ᠃ ᠶᠠᠭᠠᠬᠢᠭᠠᠳ᠎ᠢ ᠪᠣᠣ ᠮᠡᠳᠡ ᠡ᠃ ᠦᠯᠦ᠍ ᠦᠵᠡᠭ᠌ᠳᠡᠬᠦ᠌ ᠨᠢᠭᠡᠨ ᠵᠦᠢᠯ᠎ᠤᠨ ᠬᠠᠯᠠᠭᠤᠨ ᠣᠷᠣᠰᠭᠠᠯ ᠨᠢᠯᠬᠢᠨ ᠲᠠᠬᠢᠨᠳᠠ ᠬᠤᠭᠤᠯᠠᠢ ᠦᠭ᠌ᠰᠦᠨ᠂ ᠨᠢᠳᠦᠨ᠎ᠳᠤ ᠵᠠᠢᠷ ᠬᠦᠶᠦᠬᠦ᠌᠎ᠪᠠᠷ ᠪᠢ ᠰᠡᠳᠭᠢᠯᠭᠡ᠎ᠪᠠᠨ ᠲᠣᠭ᠍ᠳᠠᠭᠠᠬᠤ᠎ᠶ᠋ᠢ ᠬᠢᠴᠢᠶᠡᠯ᠎ᠡ᠃ ᠡᠷᠬᠢᠵᠦ᠍ ᠬᠡᠵᠢᠶᠡᠳᠡ ᠢᠷᠡᠳᠡᠭ ᠦᠭᠡᠢ᠎ᠪᠠᠷ᠎ᠢᠶᠠᠨ ᠬᠡᠮᠵᠢᠶᠡᠯᠡᠰᠢ ᠦᠭᠡᠢ ᠦᠨ᠎ᠡ ᠪᠡᠨ᠎ᠡ᠎ᠲᠠᠢ ᠰᠠᠨᠠᠭ᠍ᠳᠠᠳᠠᠭ᠎ᠨᠢ ᠵᠦᠪᠭᠡᠨ ᠪᠠᠭ᠎ᠠ ᠨᠠᠰᠦ ᠪᠠᠢᠯ᠎ᠠ ᠭᠡᠳᠡᠭ᠎ᠢ ᠪᠢ ᠪᠢᠳᠡᠬᠦᠨ ᠦᠢᠷᠠᠳᠬᠤ ᠪᠣᠯᠭᠠᠨ ᠨᠢᠯᠪᠣᠰᠦ᠎ᠪᠠᠨ ᠠᠷᠴᠢᠨ ᠮᠡᠳᠡᠷᠡᠳᠡᠭ ᠪᠢᠯᠡ᠃

ᠠᠢ᠂ ᠠᠪᠦ᠎ᠲᠠᠢ᠎ᠪᠠᠨ ᠬᠠᠮᠳᠦ ᠪᠠᠢᠭ᠍ᠰᠠᠨ ᠲᠦᠴᠢᠨ ᠲᠣᠯᠣᠭᠠᠨ ᠬᠠᠪᠣᠷ᠎ᠤᠨ ᠪᠢᠳᠡᠬᠦᠨ ᠬᠡᠵᠦ᠍ ᠭᠠᠷᠴᠠᠭ᠎ᠠ ᠦᠭᠡᠢ ᠠᠬᠢᠭᠠᠳ ᠣᠯᠳᠠᠳᠠᠭ ᠦᠭᠡᠢ ᠰᠣᠯᠣᠩᠭᠠᠨ ᠱᠢᠬᠢᠷ ᠮᠢᠨᠢ ᠪᠠᠢᠵᠦ᠍᠂ ᠴᠠᠭ ᠦᠶ᠎ᠡ᠂ ᠵᠠᠩ ᠵᠠᠩᠱᠢᠯ ᠭᠡᠷᠬᠢᠨ ᠦᠭᠡᠷᠡᠴᠢᠯᠡᠭ᠌ᠳᠡᠭ᠌ᠰᠡᠨ ᠴᠦ᠍ ᠰᠣᠯᠣᠩᠭ᠎ᠠ ᠱᠢᠭ᠋ ᠭᠡᠷᠡᠯᠳᠦᠬᠦ᠌᠎ᠪᠠᠨ ᠬᠡᠵᠢᠶᠡᠳᠡ ᠪᠠᠢᠯ ᠦᠭᠡᠢ ᠠᠯᠳᠠᠩᠬᠠᠨ ᠮᠦᠴᠡ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号