ᠠᠳᠤᠭᠤᠨ ᠰᠦᠷ
2026-02-24 16:25:45
ᠵᠣᠬᠢᠶᠠᠭ᠍ᠴᠢ᠄
​ᠪᠢᠯᠢᠭᠲᠦ ᠪᠤᠤ ᠰᠠᠷᠠᠭᠤᠯ ᠳ᠋ᠠᠢ ᠰᠢᠶᠦᠢ᠍ᠩ ᠬᠦᠭᠵᠢᠯᠲᠦ ᠤᠯᠤᠰᠲᠦ
ᠣᠩᠱᠢᠭ᠍ᠰᠠᠨ ᠣᠳᠠᠭ᠎ᠠ᠄
★★★☆☆

— ᠤᠯᠠᠭᠠᠨ ᠮᠤᠷᠢᠨ ᠵᠢᠯ᠎ᠤᠨ ᠴᠠᠭᠠᠨ ᠰᠠᠷ᠎ᠠ᠎ᠳᠤ ᠵᠤᠷᠢᠭᠤᠯᠤᠭᠰᠠᠨ ᠤᠨᠴᠠ ᠤᠬᠠᠭᠠᠯᠠᠯ (ᠲᠠᠪᠤ)


QQ截图20260224162850.png


ᠠᠳᠤᠭᠤ ᠪᠠᠢᠭᠰᠠᠨ ᠡᠴᠡ ᠬᠦᠮᠦᠨ ᠲᠦᠷᠦᠯᠬᠢᠳᠡᠨ᠎ᠤ ᠲᠡᠥᠬᠡ ᠦᠭᠡᠷ᠎ᠠ ᠪᠡᠷ ᠪᠢᠴᠢᠭᠯᠡᠭᠳᠡᠵᠦ᠂ ᠳᠡᠯᠡᠬᠡᠢ᠎ᠶᠢᠨ ᠪᠤᠯᠪᠠᠰᠤᠨ ᠬᠤᠷᠳᠤᠴᠠ ᠲᠠᠢ ᠠᠬᠢᠵᠠᠢ᠃ ᠠᠳᠤᠭᠤ᠎ᠵᠢ ᠲᠤᠷᠠᠳᠬᠤ ᠦᠬᠡᠢ ᠪᠡᠷ ᠬᠦᠮᠦᠨ ᠲᠦᠷᠦᠯᠬᠢᠳᠡᠨ᠎ᠤ ᠬᠦᠭᠵᠢᠯ᠎ᠤᠨ ᠲᠡᠥᠬᠡ᠂ ᠰᠤᠶᠤᠯ ᠪᠤᠯᠪᠠᠰᠤᠨ᠎ᠤ ᠳᠠᠪᠰᠢᠯᠳᠠ᠎ᠵᠢ ᠦᠬᠦᠯᠡᠪᠡᠯ ᠴᠠᠯᠠᠭᠠᠢᠳᠠᠨ᠎ᠠ᠃ ᠠᠳᠤᠭᠤ ᠡᠷᠳᠡ ᠦᠶ᠎ᠠ᠎ᠶᠢᠨ ᠵᠠᠮ ᠬᠠᠷᠢᠯᠴᠠᠭ᠎ᠠ᠂ ᠮᠠᠯ ᠲᠠᠷᠢᠶᠠᠯᠠᠩ᠂ ᠴᠡᠷᠢᠭ ᠳᠠᠢᠨ᠂ ᠤᠯᠤᠰ ᠲᠦᠷᠦ᠂ ᠰᠤᠶᠤᠯ᠎ᠳᠦ ᠬᠦᠨᠵᠡᠬᠡᠢ ᠢᠳᠡᠭᠡᠰᠢᠨ ᠠᠭᠤᠰᠴᠤ᠂ ᠠᠵᠤ ᠦᠢᠯᠡᠳᠪᠦᠷᠢ᠎ᠶᠢᠨ ᠬᠤᠪᠢᠰᠬᠠᠯ᠎ᠤᠨ ᠳᠠᠷᠠᠭ᠎ᠠ ᠠᠳᠤᠭᠤᠨ᠎ᠤ ᠬᠡᠷᠡᠭᠯᠡᠭᠡ ᠬᠡᠷᠡᠭᠴᠡᠭᠡ ᠮᠠᠰᠢᠨ᠎ᠢᠶᠡᠷ ᠤᠷᠤᠯᠠᠭᠳᠠᠭᠰᠠᠨ ᠪᠤᠯᠪᠠᠴᠤ ᠮᠤᠷᠢ ᠪᠡᠷ ᠬᠤᠷᠳᠤ᠂ ᠬᠦᠴᠦ᠂ ᠴᠠᠭ ᠵᠠᠢ᠂ ᠦᠨᠡᠨᠴᠢ ᠢᠳᠡᠭᠡᠯ᠂ ᠳᠡᠰᠪᠤᠷᠢ ᠳᠡᠪᠴᠢᠶᠡᠷᠢ᠎ᠵᠢ ᠳᠦᠯᠦᠭᠡᠯᠡᠬᠦᠯᠬᠦ ᠰᠤᠶᠤᠯ᠎ᠤᠨ ᠢᠮ ᠳᠡᠮᠳᠡᠭ ᠨᠢ ᠤᠯᠠᠮ ᠲᠤᠪᠤᠢᠮ᠎ᠠ ᠬᠡᠷᠡᠭᠯᠡᠭᠳᠡᠬᠦ ᠪᠤᠯᠵᠠᠢ᠃ ᠬᠦᠮᠦᠨ᠎ᠤ ᠵᠤᠷᠢᠭ ᠵᠤᠯᠪᠤᠭ᠎ᠠ ᠵᠢ ᠲᠦᠯᠦᠭᠡᠯᠡᠭᠰᠡᠨ ᠬᠡᠢᠮᠤᠷᠢ ᠡᠴᠡ ᠤᠶᠠᠩᠭᠠᠳᠤ ᠬᠦᠭᠵᠢᠮ᠎ᠤᠨ ᠵᠢᠮᠰᠡᠭ ᠪᠤᠯᠤᠭᠰᠠᠨ ᠮᠤᠷᠢᠨ ᠬᠤᠭᠤᠷ ᠬᠦᠷᠳᠡᠯ᠎ᠡ; ᠠᠳᠤᠭᠤᠨ᠎ᠤ ᠲᠠᠮᠠᠭ᠎ᠠ ᠡᠴᠡ ᠠᠵᠦ ᠠᠬᠤᠢᠯᠠᠯ ᠪᠤᠶᠤ ᠠᠵᠢᠯᠯᠠᠭ᠎ᠠ ᠬᠦᠳᠡᠯᠭᠡᠭᠡᠨ᠎ᠤ ᠰᠦᠯᠳᠡ ᠲᠡᠮᠳᠡᠭ ᠬᠦᠷᠳᠡᠯ᠎ᠡ ᠠᠳᠤᠭᠤ ᠬᠦᠮᠦᠨ ᠲᠦᠷᠦᠯᠬᠢᠳᠡᠨ᠎ᠤ ᠪᠤᠯᠪᠠᠰᠤᠨ᠎ᠤ ᠨᠢᠭᠡ ᠭᠡᠰᠡᠭ ᠪᠤᠯᠤᠭᠰᠠᠨ ᠶᠤᠮ᠃ ᠪᠠᠢ ᠳᠦ ᠰᠦᠯᠵᠢᠢ᠎ᠡ ᠡᠴᠡ 《ᠠᠳᠤᠭᠤᠨ ᠤ᠋ ᠲᠦᠷᠰᠦ ᠲᠠᠢ ᠱᠤᠰᠢᠭ᠎ᠠ ᠲᠡᠮᠳᠡᠭ ᠭᠡᠳᠦᠢ ᠪᠠᠢᠬᠤ ᠪᠤᠢ︖》 ᠭᠡᠵᠦ ᠬᠠᠢᠬᠤ ᠳ᠋ᠦ ᠠᠷᠪᠠᠭᠠᠳ ᠲᠦᠮᠡ ᠭᠠᠷᠤᠢ ᠱᠤᠰᠢᠭ᠎ᠠ ᠲᠡᠮᠳᠡᠭ ᠭᠠᠷᠴᠦ ᠢᠷᠡᠪᠡ᠃ ᠦᠪᠦᠷ ᠮᠤᠩᠭᠤᠯ ᠤ᠋ᠨ ᠤᠯᠠᠨ ᠲᠠᠸᠠᠷ ᠤ᠋ᠨ ᠲᠡᠮᠳᠡᠭ ᠳᠤᠲᠤᠷ᠎ᠠ ᠴᠸ᠋ ᠮᠤᠷᠢᠨ᠎ᠤ ᠲᠦᠷᠰᠦ ᠲᠠᠢ ᠱᠤᠰᠢᠭ᠎ᠠ ᠲᠡᠮᠳᠡᠭ ᠮᠠᠰᠢ ᠤᠯᠠᠨ ᠪᠠᠢᠳᠠᠭ᠃

ᠨᠤᠲᠤᠭ᠎ᠤᠨ ᠴᠢᠮᠡᠭ᠂ ᠬᠦᠮᠦᠨ ᠠᠷᠠᠳ᠎ᠤᠨ ᠬᠡᠢᠮᠦᠷᠢ ᠰᠦᠯᠳᠡ ᠪᠤᠯᠤᠭᠰᠠᠨ ᠠᠳᠤᠭᠤ᠎ᠵᠢ ᠳᠠᠯ᠎ᠠ᠎ᠨᠤᠲᠤᠭ᠎ᠤᠨ ᠠᠷᠠᠳ ᠲᠦᠮᠡᠨ ᠬᠡᠷᠰᠢᠬᠦᠯᠵᠦ ᠭᠠᠷᠰᠢᠭᠤᠯᠤᠭᠰᠠᠨ ᠡᠴᠡ ᠠᠳᠤᠭᠤ ᠠᠳᠤᠭᠤᠰᠤ ᠳᠡᠳᠦᠢ ᠪᠢᠰᠢ᠂ ᠨᠡᠬᠦᠳᠡᠯ ᠮᠠᠯᠵᠢᠯ ᠰᠤᠶᠤᠯ᠎ᠤᠨ ᠪᠦᠷᠢᠯᠳᠦᠬᠦᠨ᠂ ᠨᠡᠬᠦᠳᠡᠯᠴᠢᠨ ᠠᠷᠠᠳ᠎ᠤᠨ ᠠᠮᠢᠳᠤᠷᠠᠯ ᠦᠢᠯᠡᠳᠪᠦᠷᠢᠯᠡᠯ᠎ᠤᠨ ᠲᠦᠰᠢᠭ ᠪᠤᠯᠵᠦ᠂ ᠬᠦᠯᠦᠭ ᠬᠦᠮᠦᠨ ᠬᠤᠶᠠᠷ᠎ᠤᠨ ᠡᠭᠡᠨᠡᠭᠰᠢᠯ᠂ ᠲᠦᠰᠢᠯᠴᠠᠯ ᠮᠢᠩᠭ᠎ᠠ ᠮᠢᠩᠭᠠᠨ ᠵᠢᠯ ᠦᠷᠬᠦᠯᠵᠢᠯᠡᠵᠦ᠂ ᠠᠳᠤᠭᠤᠨ ᠰᠤᠶᠤᠯ᠎ᠢᠶᠡᠷ ᠲᠦᠯᠦᠬᠡᠯᠡᠬᠦᠯᠦᠭᠰᠡᠨ ᠳᠡᠭᠡᠳᠦ ᠲᠦᠪᠰᠢᠨ᠎ᠤ ᠠᠮᠢ ᠠᠬᠤᠢ᠎ᠶᠢᠨ ᠪᠤᠯᠪᠠᠰᠤᠨ ᠤᠬᠠᠮᠰᠠᠷ᠂ ᠡᠬᠡ ᠪᠠᠢᠭᠠᠯᠢ᠎ᠶᠢᠨ ᠵᠢᠮ᠎ᠠ ᠲᠠᠢ ᠰᠢᠳᠦᠯᠴᠡᠨ ᠢᠳᠡᠭᠡᠰᠢᠭᠰᠡᠨ ᠵᠠᠩ ᠦᠢᠯᠡ᠂ ᠰᠤᠶᠤᠯ ᠪᠤᠯᠪᠠᠰᠤᠨ᠎ᠢ ᠪᠦᠳᠦᠭᠡᠵᠡᠢ᠃


QQ截图20260224163409.png


ᠬᠡᠢᠮᠦᠷᠢ

ᠬᠡᠢᠮᠦᠷᠢ ᠪᠤᠯ ᠠᠳᠤᠭᠤᠨ᠎ᠤ ᠬᠠᠮᠤᠭ ᠤ᠋ᠨ ᠳᠡᠭᠡᠳᠦ ᠬᠦᠨᠳᠦᠳᠬᠡᠯ᠎ᠤᠨ ᠬᠡᠯᠪᠡᠷᠢ

ᠬᠡᠢᠮᠦᠷᠢ ᠬᠡᠵᠦ ᠮᠤᠷᠢ᠎ᠪᠡᠷ ᠠᠮᠢᠯᠠᠵᠦ ᠮᠤᠷᠢ ᠪᠡᠷ ᠲᠦᠪᠯᠡᠳᠡᠭ ᠰᠠᠢᠨ ᠰᠠᠢᠬᠠᠨ᠎ᠤ ᠪᠡᠯᠭᠡᠳᠡᠯ ᠵᠦᠩᠨᠡᠯ᠎ᠤᠨ ᠳᠡᠮᠳᠡᠭ᠃ ᠴᠤᠭ ᠵᠤᠯᠢ᠂ ᠴᠤᠭ ᠵᠢᠪᠬᠤᠭ᠎ᠠ᠎ᠵᠢ᠎ᠴᠤ ᠪᠢᠳᠡ ᠬᠡᠢᠮᠦᠷᠢ ᠭᠡᠵᠦ᠂ ᠠᠢᠯ ᠭᠡᠷ᠎ᠤᠨ ᠴᠤᠭ ᠵᠤᠯᠢ᠎ᠵᠢ ᠪᠠᠳᠠᠷᠠᠭᠤᠯᠳᠠᠭ᠂ ᠬᠡᠵᠢᠮ ᠲᠠᠢ ᠮᠤᠷᠢᠨ ᠳᠡᠭᠡᠷ᠎ᠠ ᠬᠦᠰᠡᠯ᠎ᠢ ᠬᠠᠩᠭᠠᠭᠴᠢ ᠴᠢᠨᠳᠠᠮᠤᠨᠢ ᠡᠷᠳᠡᠨᠢ ᠠᠴᠢᠭᠰᠠᠨ ᠵᠢᠷᠤᠭ ᠪᠦᠬᠦᠢ ᠳᠠᠷᠴᠤᠭ᠎ᠢ᠎ᠴᠤ ᠪᠢᠳᠡ ᠬᠡᠢᠮᠦᠷᠢ ᠬᠡᠮᠡᠳᠡᠭ᠃ ᠳᠡᠭᠡᠬᠦ᠎ᠳᠡᠭᠡᠨ ᠮᠤᠷᠢᠳᠠᠢ ᠬᠦᠮᠦᠨ ᠰᠦᠷ ᠲᠠᠢ ᠬᠠᠷᠠᠭᠳᠠᠵᠦ ᠬᠡᠢᠮᠦᠷᠢᠯᠢᠭ ᠦᠵᠡᠭᠳᠡᠳᠡᠭ ᠤᠴᠢᠷ ᠲᠠᠢ᠃

ᠬᠡᠢᠮᠦᠷᠢ ᠳᠠᠢ ᠶᠠᠪᠤᠬᠤ ᠭᠡᠵᠦ ᠰᠠᠢᠨ ᠰᠠᠢᠬᠠᠨ ᠪᠠᠢᠬᠤ᠎ᠶᠢᠨ ᠬᠠᠮᠤᠭ ᠲᠤᠳᠤ ᠢᠯᠡᠷᠬᠡᠢᠯᠡᠯ᠃ ᠬᠦᠮᠦᠨ ᠬᠡᠢᠮᠦᠷᠢ ᠳᠠᠢ ᠪᠠᠢᠪᠠᠯ ᠠᠯᠢᠪᠠ ᠰᠠᠨᠠᠭᠰᠠᠨ ᠵᠦᠢᠯ ᠰᠡᠳᠬᠢᠯᠴᠢᠯᠡᠨ ᠪᠦᠳᠦᠬᠦ᠂ ᠳᠦᠬᠦᠮ ᠬᠢᠯᠪᠠᠷ ᠪᠦᠳᠦᠬᠦ᠎ᠵᠢ ᠬᠡᠯᠡᠵᠦ᠂ ᠠᠢᠯ ᠭᠡᠷ ᠬᠡᠢᠮᠦᠷᠢ ᠲᠠᠢ᠂ ᠬᠡᠢᠮᠦᠷᠢ ᠨᠢ ᠮᠠᠨᠳᠤᠵᠦ ᠬᠡᠢᠮᠦᠷᠢ ᠨᠢ ᠪᠠᠳᠠᠷᠠᠵᠦ ᠪᠠᠢᠨ᠎ᠠ ᠬᠡᠪᠡᠯ ᠬᠦᠮᠦᠨ ᠪᠦᠯᠢ ᠪᠡᠷ᠎ᠢᠶᠡᠨ ᠡᠷᠡᠬᠦᠯ ᠡᠩᠬᠡ᠂ ᠡᠯᠢᠭᠡ ᠪᠦᠳᠦᠨ᠂ ᠠᠵᠠ ᠵᠢᠷᠭᠠᠯ ᠲᠠᠢ᠂ ᠮᠠᠯ ᠰᠦᠷᠦᠭ ᠡᠳ᠋ ᠬᠤᠭᠰᠢᠯ ᠠᠷᠪᠢᠵᠢᠨ ᠳᠡᠯᠭᠡᠷᠡᠵᠦ᠂ ᠬᠢᠭᠰᠡᠨ ᠪᠦᠬᠦᠨ ᠪᠦᠳᠦᠵᠦ᠂ ᠪᠤᠳᠤᠭᠰᠠᠨ ᠪᠦᠬᠦᠨ ᠪᠡᠶᠡᠯᠡᠬᠦ ᠵᠤᠯ ᠵᠢᠷᠭᠠᠯ᠎ᠤᠨ ᠤᠬᠢ ᠬᠤᠷᠢᠶᠠᠩᠭᠤᠢ᠎ᠵᠢ ᠲᠦᠯᠦᠭᠡᠯᠡᠳᠡᠭ᠃ 《ᠬᠡᠢᠮᠦᠷᠢ ᠪᠤᠰᠬᠠᠬᠤ᠂ ᠬᠡᠢᠮᠦᠷᠢ ᠮᠠᠨᠳᠤᠭᠤᠯᠬᠤ᠂ ᠬᠡᠢᠮᠦᠷᠢ ᠳᠠᠯᠠᠯᠬᠤ᠂ ᠬᠡᠢᠮᠦᠷᠢ ᠬᠡᠢᠰᠬᠡᠬᠦ᠂ ᠬᠡᠢᠮᠦᠷᠢ ᠳᠡᠯᠭᠡᠷᠡᠭᠰᠡᠨ ᠡᠳᠦᠷ》 ᠭᠡᠬᠦᠴᠢᠯᠡᠨ ᠬᠡᠢᠮᠦᠷᠢ ᠲᠠᠢ ᠬᠤᠯᠪᠤᠭᠳᠠᠭᠰᠠᠨ ᠤᠯᠠᠨ ᠰᠠᠢᠬᠠᠨ ᠦᠬᠡ ᠬᠡᠯᠡᠯᠬᠡ᠂ ᠵᠠᠩ ᠦᠢᠯᠡ ᠨᠢ ᠴᠦᠮ ᠮᠤᠷᠢ ᠪᠡᠷ ᠬᠦᠮᠦᠨ ᠠᠷᠠᠳ᠎ᠤᠨ ᠰᠦᠷ ᠵᠢᠪᠬᠤᠭ᠎ᠠ᠂ ᠦᠭᠡᠳᠡ ᠡᠰᠡᠷᠡᠭ᠂ ᠵᠤᠯ ᠵᠢᠷᠭᠠᠯ ᠲᠠᠢ ᠪᠠᠢᠬᠤ᠎ᠵᠢ ᠪᠡᠯᠭᠡᠳᠡᠨ ᠬᠦᠰᠡᠭᠰᠡᠨ ᠬᠦᠰᠡᠯ ᠰᠠᠨᠠᠭ᠎ᠠ᠂ ᠰᠤᠶᠤᠯ ᠰᠡᠳᠬᠢᠬᠦᠢ ᠪᠠᠢᠵᠦ᠂ ᠮᠤᠷᠢ ᠬᠦᠮᠦᠨ ᠲᠦᠷᠦᠯᠬᠢᠳᠡᠨ᠎ᠤ ᠰᠤᠶᠤᠯ ᠪᠤᠯᠪᠠᠰᠤᠨ᠎ᠳᠦ ᠬᠦᠨᠵᠡᠬᠡᠢ ᠠᠭᠤᠰᠤᠯᠴᠠᠨ᠂ ᠬᠦᠮᠦᠨ ᠲᠦᠷᠦᠯᠬᠢᠳᠡᠨ᠎ᠤ ᠤᠶᠤᠨ ᠰᠠᠨᠠᠭᠠᠨ᠎ᠤ ᠨᠠᠨᠳᠢᠨ ᠦᠪ ᠪᠤᠯᠤᠭᠰᠠᠨ᠎ᠤ ᠬᠦᠴᠦᠳᠡᠢ ᠬᠡᠷᠡᠴᠢ 《ᠬᠡᠢᠮᠦᠷᠢ》 ᠪᠡᠷ ᠢᠯᠡᠷᠡᠳᠡᠭ᠃

ᠬᠡᠢᠮᠦᠷᠢ ᠬᠡᠬᠦ ᠦᠬᠡ᠎ᠵᠢ 《ᠬᠡᠢ ᠮᠤᠷᠢ》 ᠬᠡᠮᠡᠨ ᠰᠠᠯᠭᠠᠨ ᠳᠠᠭᠤᠳᠠᠳᠠᠭ ᠵᠠᠩᠰᠢᠯ ᠪᠠᠢᠳᠠᠭ ᠪᠠ ᠮᠦᠨ ᠬᠦ᠌ ᠢᠩᠬᠢᠵᠦ ᠰᠠᠯᠭᠠᠨ ᠰᠢᠨᠵᠢᠯᠡᠬᠦ ᠨᠢ᠎ᠴᠤ ᠵᠦᠢᠳᠡᠢ ᠪᠦᠯᠦᠬᠡ᠃ ᠦᠪᠦᠷ ᠮᠤᠨᠭᠭᠤᠯ᠎ᠤᠨ ᠶᠡᠬᠡ ᠰᠤᠷᠭᠠᠭᠤᠯᠢ᠎ᠶᠢᠨ ᠮᠤᠨᠭᠭᠤᠯ ᠰᠤᠳᠤᠯᠤᠯ᠎ᠤᠨ ᠳᠡᠭᠡᠳᠦ ᠰᠤᠷᠭᠠᠭᠤᠯᠢ᠎ᠶᠢᠨ ᠫᠷᠥ᠍ᠹᠧᠰᠰᠤᠷ ᠪᠦᠷᠢᠨᠪᠠᠳᠤ᠄《ᠬᠡᠢ ᠮᠤᠷᠢ᠎ᠶᠢᠨ ᠬᠡᠢ ᠬᠡᠳᠡᠭ ᠦᠬᠡ᠎ᠵᠢ ᠡᠷᠳᠡᠨ᠎ᠤ ᠬᠡᠯᠡᠨ᠎ᠤ ᠤᠳᠬ᠎ᠠ ᠪᠡᠷ ᠨᠢ ᠬᠡᠷᠡᠭᠯᠡᠭᠰᠡᠨ ᠪᠠᠢᠭ᠎ᠠ᠂ ᠤᠳᠤ᠎ᠶᠢᠨ ᠬᠡᠯᠡᠳᠡᠭ ᠬᠡᠢ ᠠᠭᠠᠷ ᠪᠤᠶᠤ ᠬᠡᠢ ᠬᠤᠭᠤᠰᠤᠨ᠎ᠤ ᠬᠡᠢ ᠪᠢᠰᠢ᠂ ᠬᠠᠷᠢᠨ ᠲᠤᠮᠳᠠ ᠡᠷᠳᠡᠨ᠎ᠤ ᠦᠶ᠎ᠠ᠎ᠳᠦ ᠰᠠᠯᠬᠢᠨ᠎ᠢ ᠬᠡᠢ ᠬᠡᠮᠡᠨ ᠨᠡᠷᠡᠯᠡᠵᠦ ᠪᠠᠢᠭᠰᠠᠨ᠃ ᠲᠡᠭᠡᠬᠦ᠎ᠳᠦ ᠶᠠᠭᠠᠬᠢᠭᠠᠳ ᠮᠤᠷᠢ ᠪᠠᠨ ᠰᠠᠯᠬᠢᠨ ᠲᠠᠢ ᠬᠤᠯᠪᠤᠭᠰᠠᠨ ᠪᠤᠢ ᠭᠡᠪᠡᠯ᠂ ᠮᠤᠷᠢ ᠪᠠᠨ ᠠᠮᠢ ᠲᠠᠢ ᠪᠤᠯᠭᠠᠵᠦ᠂ ᠮᠤᠷᠢ ᠪᠠᠨ ᠳᠠᠪᠬᠢᠭᠤᠯᠵᠦ ᠬᠦᠶᠦᠯᠭᠡᠬᠦ᠂ ᠵᠢᠷᠤᠭ᠎ᠲᠡᠬᠢ ᠲᠤᠭᠳᠠᠩᠭᠤᠢ ᠬᠡᠯᠪᠡᠷᠢ᠎ᠶᠢᠨ ᠮᠤᠷᠢ ᠪᠠᠨ ᠬᠦᠳᠡᠯᠭᠡᠭᠡᠨ ᠲᠠᠢ ᠪᠤᠯᠭᠠᠵᠦ᠂ ᠬᠦᠳᠡᠯᠭᠡᠭᠡᠨ ᠲᠠᠢ ᠰᠠᠯᠬᠢᠨ᠎ᠢ ᠲᠤᠭᠳᠠᠩᠭᠤᠢ ᠪᠤᠯᠭᠠᠵᠦ ᠴᠢᠳᠠᠭᠰᠠᠨ ᠬᠦᠨ ᠤᠬᠠᠭᠠᠨ᠎ᠤ ᠰᠡᠳᠬᠢᠬᠦᠢ ᠠᠭᠤᠯᠤᠭᠳᠠᠵᠦ ᠪᠠᠢᠭ᠎ᠠ ᠶᠤᠮ》 ᠬᠡᠮᠡᠨ ᠳᠠᠢᠯᠪᠤᠷᠢᠯᠠᠵᠦ ᠪᠢᠯᠡ᠃

ᠬᠡᠢᠮᠦᠷᠢ᠎ᠶᠢᠨ ᠳᠠᠷᠴᠤᠭ ᠪᠤᠶᠤ ᠳᠠᠯᠪᠠᠭ᠎ᠠ ᠨᠢ ᠤᠯᠠᠮ ᠳᠡᠪᠵᠢᠬᠦ᠂ ᠠᠵᠠ ᠨᠢ ᠢᠪᠡᠭᠡᠬᠦ᠎ᠵᠢ ᠪᠡᠯᠭᠡᠰᠢᠶᠡᠭᠰᠡᠨ ᠬᠦᠰᠡᠯ ᠰᠠᠨᠠᠭ᠎ᠠ ᠪᠠᠨ ᠢᠯᠡᠳᠭᠡᠬᠦ ᠭᠡᠵᠦ ᠵᠢᠬᠦᠷᠲᠦ ᠨᠢᠰᠦᠬᠡ ᠮᠤᠷᠢ᠎ᠶᠢᠨ ᠵᠢᠷᠤᠭ᠎ᠢ ᠪᠦᠰ ᠲᠤᠷᠭ᠎ᠠ᠂ ᠴᠠᠭᠠᠰᠤᠨ ᠳᠡᠭᠡᠷ᠎ᠠ ᠳᠠᠷᠤᠮᠠᠯᠯᠠᠭᠠᠳ ᠬᠡᠷ ᠦᠷᠦᠭᠡᠨ᠎ᠳᠡᠭᠡᠨ ᠡᠯᠬᠦᠬᠦ᠂ ᠬᠡᠷ ᠭᠠᠳᠠᠨ᠎ᠠ ᠪᠤᠰᠬᠠᠬᠤ᠂ ᠦᠨᠳᠦᠷ ᠳᠡᠭᠡᠷ᠎ᠠ ᠡᠴᠡ ᠬᠡᠢᠰᠬᠡᠬᠦ ᠮᠡᠳᠦ ᠪᠡᠷ ᠬᠡᠢᠮᠦᠷᠢ ᠪᠠᠨ ᠮᠠᠨᠳᠤᠭᠤᠯᠬᠤ᠂ ᠬᠡᠢᠮᠦᠷᠢ ᠪᠠᠳᠠᠷᠠᠭᠠᠬᠤ ᠬᠡᠮᠡᠨ ᠬᠡᠷᠡᠭᠯᠡᠳᠡᠭ᠃ ᠬᠡᠢᠮᠦᠷᠢ᠎ᠶᠢᠨ ᠳᠠᠷᠴᠤᠭ ᠪᠤᠶᠤ ᠳᠠᠯᠪᠠᠭ᠎ᠠ ᠨᠢ ᠱᠠᠰᠢᠨ ᠰᠢᠳᠦᠯᠬᠡ᠎ᠶᠢᠨ ᠨᠦᠯᠦᠬᠡ᠂ ᠰᠤᠶᠤᠯ ᠲᠡᠥᠬᠡ᠎ᠶᠢᠨ ᠬᠤᠪᠢᠷᠠᠯᠳᠠ᠎ᠳᠦ ᠰᠢᠨᠡᠳᠦᠨ ᠦᠭᠡᠷᠡᠴᠢᠯᠡᠭᠳᠡᠭᠰᠡᠨ ᠪᠤᠯᠪᠠᠴᠤ ᠮᠦᠨ ᠯᠡ ᠮᠤᠷᠢ ᠪᠡᠷ ᠲᠦᠪᠯᠡᠭᠰᠡᠨ ᠵᠢᠷᠤᠭ ᠪᠠᠢᠷᠢᠰᠢᠯ ᠨᠢ ᠬᠤᠪᠢᠷᠠᠭᠰᠠᠨ ᠦᠬᠡᠢ᠂ ᠦᠭᠡᠳᠡ ᠡᠰᠡᠷᠡᠭ ᠪᠠᠢᠬᠤ᠂ ᠦᠯᠵᠡᠢ ᠪᠡᠯᠭᠡ ᠲᠠᠢ ᠪᠠᠢᠬᠤ᠎ᠵᠢ ᠪᠡᠯᠬᠡᠳᠡᠭᠰᠡᠨ ᠬᠦᠰᠡᠯ ᠰᠠᠨᠠᠭ᠎ᠠ ᠨᠢ ᠶᠡᠷᠦ ᠡᠴᠡ ᠬᠤᠪᠢᠷᠠᠭ᠎ᠠ ᠦᠬᠡᠢ᠃ 《ᠬᠡᠢᠮᠦᠷᠢ ᠪᠤᠯ ᠮᠤᠷᠢ ᠠᠳᠤᠭᠤᠨ᠎ᠤ ᠬᠠᠮᠤᠭ ᠤ᠋ᠨ ᠳᠡᠭᠡᠳᠦ ᠬᠦᠨᠳᠦᠳᠬᠡᠯ᠎ᠤᠨ ᠬᠡᠯᠪᠡᠷᠢ ᠮᠦᠨ᠃ ᠴᠠᠭ ᠤᠷᠤᠨ ᠵᠠᠢ᠎ᠶᠢᠨ ᠬᠢᠵᠠᠭᠠᠷ᠎ᠢ ᠳᠡᠪᠴᠢᠵᠦ ᠴᠢᠳᠠᠳᠠᠭ ᠨᠢ ᠮᠤᠷᠢᠨ᠎ᠤ ᠬᠠᠮᠤᠭ᠎ᠤᠨ ᠶᠡᠬᠡ ᠦᠢᠯᠡᠳᠦᠯ ᠴᠢᠳᠠᠮᠵᠢ ᠶᠤᠮ》 ᠭᠡᠵᠦ ᠪᠦᠷᠢᠨᠪᠠᠳᠦ ᠭᠤᠧᠠᠢ ᠤᠴᠢᠷᠯᠠᠨ᠎ᠠ᠃

ᠦᠪᠦᠷ ᠮᠤᠨᠭᠭᠤᠯ᠂ ᠲᠡᠷᠡᠴᠢᠯᠡᠨ ᠪᠦᠬᠦ ᠤᠯᠤᠰ᠎ᠤᠨ ᠡᠯ᠎ᠠ ᠦᠨᠳᠦᠰᠦᠳᠡᠨ᠎ᠤ ᠠᠷᠠᠳ ᠲᠦᠮᠡᠨ᠎ᠤ ᠰᠤᠶᠤᠯ ᠬᠢᠭᠡᠳ ᠰᠡᠳᠬᠢᠬᠦᠢ᠎ᠳᠦ ᠠᠳᠤᠭᠤ᠎ᠵᠢ ᠰᠦᠷ ᠬᠦᠴᠦ᠂ ᠬᠤᠷᠳᠤᠴᠠ᠂ ᠦᠯᠵᠡᠢ ᠬᠡᠢᠮᠦᠷᠢ᠎ᠶᠢᠨ ᠪᠡᠯᠭᠡᠳᠡᠯ ᠪᠤᠯᠭᠠᠳᠠᠭ ᠤᠬᠠᠮᠰᠠᠷ ᠨᠡᠢᠳᠡᠮ ᠤᠷᠤᠰᠢᠳᠠᠭ᠃ ᠯᠤᠤ᠎ᠶᠢᠨ ᠲᠦᠷᠦᠬᠦᠳᠦ ᠮᠤᠷᠢ᠂ ᠪᠢᠯᠢᠭᠳᠦ ᠡᠬᠦᠯᠡᠨ ᠮᠤᠷᠢ᠂ ᠦᠯᠵᠡᠢᠲᠦ ᠰᠠᠷᠠᠯ᠂ ᠵᠢᠬᠦᠷᠲᠦ ᠬᠦᠯᠦᠭ ᠬᠡᠬᠦᠴᠢᠯᠡᠨ ᠤᠯᠠᠨ ᠤᠯᠠᠨ ᠲᠤᠮᠤᠭ ᠪᠤᠶᠤ ᠰᠢᠳᠦᠯᠭᠡ᠎ᠶᠢᠨ ᠲᠦᠷᠰᠦ ᠲᠤᠮᠳᠠᠳᠦ ᠤᠯᠤᠰ᠎ᠤᠨ ᠠᠷᠠᠳ ᠲᠦᠮᠡᠨ᠎ᠤ ᠬᠡᠳᠦᠨ ᠮᠢᠩᠭᠠᠨ ᠵᠢᠯ᠎ᠤᠨ ᠰᠤᠶᠤᠯ᠎ᠳᠦ ᠠᠭᠤᠯᠤᠭᠳᠠᠵᠦ᠂ ᠦᠰᠦᠭ ᠪᠢᠴᠢᠭ᠂ ᠤᠷᠠᠯᠢᠭ᠂ ᠵᠠᠩ ᠦᠢᠯᠡ ᠵᠡᠷᠭᠡ ᠤᠯᠠᠨ ᠳᠠᠯ᠎ᠠ᠎ᠳᠦ ᠨᠦᠯᠦᠬᠡ ᠦᠵᠡᠬᠦᠯᠦᠭᠰᠡᠭᠡᠷ ᠢᠷᠡᠵᠡᠢ᠃

ᠠᠳᠤᠭᠤᠨ ᠳᠠᠮᠠᠭ᠎ᠠ

ᠠᠳᠤᠭᠤᠨ ᠳᠠᠮᠠᠭ᠎ᠠ ᠪᠤᠯ ᠡᠵᠡᠨ ᠬᠦᠮᠦᠨ᠎ᠤ ᠠᠮᠢᠨᠴᠢᠷᠬᠠᠯ

ᠠᠳᠤᠭᠤ ᠪᠠᠨ ᠠᠮᠢ ᠪᠡᠶ᠎ᠠ ᠲᠠᠢ ᠪᠠᠨ ᠬᠤᠯᠪᠤᠵᠦ ᠢᠷᠡᠭᠰᠡᠨ ᠮᠤᠷᠢᠳᠠᠨ ᠠᠷᠠᠳ᠎ᠤᠨ ᠪᠡᠶ᠎ᠠ ᠬᠡᠯᠡ ᠰᠡᠳᠬᠢᠯ᠎ᠳᠦ ᠠᠳᠤᠭᠤᠨ ᠰᠤᠶᠤᠯ ᠬᠦᠨ᠎ᠠ ᠰᠢᠩᠭᠡᠭᠡᠵᠠᠢ᠃ ᠠᠳᠤᠭᠤ ᠪᠠᠨ ᠭᠠᠮᠰᠢᠭ ᠬᠦᠨᠦᠭᠡᠯ᠂ ᠠᠷᠢᠶᠠᠳᠠᠨ ᠬᠢᠵᠢᠭ ᠡᠴᠡ ᠬᠢᠮᠠᠭᠠᠳᠠᠨ ᠬᠠᠮᠠᠭᠠᠯᠠᠵᠦ᠂ ᠠᠳᠤᠭᠤ ᠪᠠᠨ ᠦᠨᠢᠷ ᠦᠰᠬᠡᠬᠦ᠂ ᠠᠳᠤᠭᠤ ᠪᠠᠨ ᠦᠮᠴᠢᠷᠬᠡᠬᠦ ᠰᠤᠶᠤᠯ᠎ᠤᠨ ᠤᠬᠠᠮᠰᠠᠷ ᠠᠳᠤᠭᠤᠨ ᠳᠠᠮᠠᠭ᠎ᠠ᠎ᠳᠦ ᠨᠠᠷᠢᠨ ᠢᠯᠡᠷᠡᠳᠡᠭ᠃

《ᠠᠯᠳᠠ ᠪᠡᠶ᠎ᠠ᠎ᠳᠦ ᠠᠮᠠ ᠬᠡᠷᠡᠴᠢ᠂ ᠠᠳᠤᠭᠤ ᠮᠠᠯ᠎ᠳᠦ ᠳᠠᠮᠠᠭ᠎ᠠ ᠬᠡᠷᠡᠴᠢ》᠂ 《ᠳᠠᠮᠠᠭ᠎ᠠ ᠪᠡᠷ ᠳᠠᠨᠢᠳᠠᠭ᠂ ᠢᠮ᠎ᠢᠶᠡᠷ ᠢᠯᠭᠠᠳᠠᠭ》 ᠭᠡᠭᠴᠢ ᠪᠡᠷ ᠳᠠᠮᠠᠭ᠎ᠠ᠎ᠶᠢᠨ ᠬᠠᠮᠤᠭ ᠶᠡᠬᠡ ᠦᠢᠯᠡᠳᠦᠯ ᠬᠡᠷᠡᠭᠴᠡᠭᠡ ᠨᠢ ᠠᠳᠤᠭᠤ ᠮᠠᠯ᠎ᠢᠶᠡᠨ ᠢᠯᠭᠠᠨ ᠳᠠᠨᠢᠵᠦ᠂ ᠬᠡᠨ᠎ᠤ ᠦᠮᠴᠢ ᠪᠤᠯᠬᠤ᠎ᠵᠢ ᠲᠤᠭᠳᠠᠭᠠᠬᠤ᠂ ᠦᠪ ᠬᠦᠷᠦᠩᠬᠡ ᠪᠠᠨ ᠬᠠᠮᠠᠭᠠᠯᠠᠬᠤ ᠪᠠᠳᠤᠯᠠᠭ᠎ᠠ ᠪᠤᠯᠵᠦ ᠪᠠᠢᠳᠠᠭ᠃ ᠳᠡᠭᠡᠬᠦ᠎ᠳᠡᠭᠡᠨ ᠠᠳᠤᠭᠤ ᠳᠠᠮᠠᠭᠠᠯᠠᠬᠤ ᠵᠠᠩ ᠦᠢᠯᠡ ᠨᠢ ᠶᠡᠬᠡ ᠡᠷᠳᠡᠨ ᠡᠴᠡ ᠤᠯᠠᠮᠵᠢᠯᠠᠭᠳᠠᠵᠦ᠂ ᠠᠳᠤᠭᠤ ᠳᠠᠮᠠᠭᠠᠯᠠᠬᠤ ᠵᠠᠩ ᠦᠢᠯᠡ᠎ᠵᠢ ᠶᠡᠬᠡ ᠬᠦᠨᠳᠦᠳᠬᠡᠨ᠂ ᠠᠢᠯ ᠠᠢᠮᠠᠭ᠂ ᠲᠦᠷᠦᠯ ᠰᠠᠳᠤᠨ᠎ᠢᠶᠡᠷ᠎ᠢᠶᠡᠨ ᠴᠤᠭᠯᠠᠷᠠᠨ᠂ ᠵᠤᠬᠢᠬᠤ ᠬᠡᠮᠵᠢᠶᠡᠨ᠎ᠤ ᠪᠠᠶᠠᠷ ᠨᠠᠢᠷ᠎ᠤᠨ ᠲᠦᠪᠰᠢᠨ᠎ᠳᠦ ᠶᠠᠪᠤᠭᠳᠠᠭᠤᠯᠳᠠᠭ ᠵᠠᠩᠰᠢᠯ ᠪᠤᠢ ᠪᠤᠯᠵᠠᠢ᠃

ᠠᠳᠤᠭᠤᠨ ᠳᠠᠮᠠᠭ᠎ᠠ᠎ᠳᠦ ᠦᠰᠦᠨ ᠳᠠᠮᠠᠭ᠎ᠠ ᠪᠠ ᠬᠠᠭᠠᠷᠢᠮᠠᠯ ᠳᠠᠮᠠᠭ᠎ᠠ ᠭᠡᠵᠦ ᠬᠤᠶᠠᠷ ᠵᠦᠢᠯ ᠪᠠᠢᠳᠠᠭ᠃ ᠦᠰᠦᠨ ᠳᠠᠮᠠᠭ᠎ᠠ ᠨᠢ ᠨᠠᠮᠤᠷ ᠠᠳᠤᠭᠤ ᠦᠰᠦᠯᠡᠭᠰᠡᠨ᠎ᠤ ᠳᠠᠷᠠᠭ᠎ᠠ ᠬᠠ ᠪᠤᠶᠤ ᠭᠤᠶᠠᠨ᠎ᠤ ᠬᠢᠨ ᠦᠰᠦᠨ᠎ᠳᠦ ᠳᠠᠮᠠᠭᠠᠨ᠎ᠤ ᠪᠠᠨ ᠲᠦᠷᠰᠦ᠎ᠵᠢ ᠬᠢᠷᠭᠠᠵᠦ ᠭᠠᠷᠭᠠᠳᠠᠭ᠃ ᠠᠳᠤᠭᠤᠨ᠎ᠤ ᠦᠰᠦ ᠨᠢ ᠭᠤᠤᠵᠢᠪᠠᠯ ᠪᠠᠯᠠᠷᠠᠵᠦ᠂ ᠨᠠᠮᠤᠷ ᠨᠠᠮᠤᠷ ᠳᠠᠬᠢᠨ ᠳᠠᠪᠳᠠᠨ ᠳᠠᠯᠪᠢᠬᠤ ᠴᠢᠬᠤᠯᠠᠳᠠᠢ᠃ ᠬᠠᠷᠢᠨ ᠬᠠᠭᠠᠷᠢᠮᠠᠯ ᠳᠠᠮᠠᠭ᠎ᠠ᠎ᠨᠢ ᠲᠡᠮᠦᠷ᠎ᠢᠶᠡᠷ ᠬᠢᠭᠰᠡᠨ ᠳᠠᠮᠠᠭ᠎ᠠ᠎ᠵᠢ ᠭᠠᠯ᠎ᠳᠦ ᠤᠯᠠᠢᠰᠬᠠᠨ ᠠᠳᠤᠭᠤᠨ᠎ᠤ ᠵᠦᠪ ᠳᠠᠯ᠎ᠠ᠎ᠶᠢᠨ ᠭᠤᠶ᠎ᠠ (ᠳᠠᠰᠢᠶ᠎ᠠ) ᠳ᠋ᠦ ᠳᠠᠯᠪᠢᠳᠠᠭ᠃

ᠠᠳᠤᠭᠤᠨ ᠳᠠᠮᠠᠭ᠎ᠠ᠎ᠶᠢᠨ ᠬᠡᠯᠪᠡᠷᠢ ᠲᠦᠷᠰᠦ ᠨᠢ ᠲᠡᠥᠬᠡ᠎ᠶᠢᠨ ᠡᠯ᠎ᠠ ᠱᠠᠳᠤᠨ᠎ᠤ ᠬᠦᠭᠵᠢᠯᠳᠡ ᠬᠤᠪᠢᠷᠠᠯᠳᠠ᠎ᠳᠦ ᠨᠦᠯᠦᠬᠡᠯᠡᠭᠳᠡᠨ ᠬᠤᠪᠢᠷᠠᠵᠦ ᠢᠷᠡᠵᠡᠢ᠃ ᠦᠨᠳᠦᠰᠦᠨ ᠳᠠᠮᠠᠭ᠎ᠠ ᠨᠢ ᠭᠤᠤᠯᠳᠠᠭᠤ ᠤᠪᠤᠭ ᠠᠢᠮᠠᠭ᠂ ᠡᠴᠢᠭᠡ᠎ᠶᠢᠨ ᠭᠡᠷ᠎ᠤᠨ ᠳᠠᠮᠠᠭ᠎ᠠ᠎ᠵᠢ ᠦᠨᠳᠦᠰᠦᠨ ᠳᠠᠮᠠᠭ᠎ᠠ ᠭᠡᠵᠦ᠂ ᠡᠷᠦᠬᠡ ᠲᠤᠰᠠᠭᠠᠷᠯᠠᠭᠰᠠᠨ ᠪᠤᠯ ᠤᠤᠯ ᠳᠠᠮᠠᠭ᠎ᠠ᠎ᠶᠢᠨ ᠲᠦᠷᠰᠦ ᠵᠢ ᠵᠢᠭᠠᠬᠠᠨ ᠬᠤᠪᠢᠯᠭᠠᠵᠦ ᠬᠤᠪᠢᠯᠪᠤᠷᠢ ᠳᠠᠮᠠᠭ᠎ᠠ ᠪᠤᠯᠭᠠᠨ ᠬᠡᠷᠡᠭᠯᠡᠳᠡᠭ᠃ ᠳᠠᠮᠠᠭ᠎ᠠ᠎ᠶᠢᠨ ᠲᠦᠷᠰᠦ᠎ᠳᠦ᠂ ᠨᠠᠷᠠ ᠰᠠᠷᠠ ᠵᠡᠷᠭᠡ ᠤᠳᠤᠨ ᠭᠠᠷᠠᠭ᠎ᠢ ᠲᠦᠷᠰᠦᠯᠡᠭᠰᠡᠨ᠂ ᠠᠮᠢᠳᠠᠨ ᠤᠷᠭᠤᠮᠠᠯ᠎ᠢ ᠲᠦᠷᠰᠦᠯᠡᠭᠰᠡᠨ᠂ ᠪᠠᠭᠠᠵᠢ ᠬᠡᠷᠡᠭᠰᠡᠯ᠎ᠢ ᠲᠦᠷᠰᠦᠯᠡᠭᠰᠡᠨ᠂ ᠮᠤᠨᠭᠭᠤᠯ ᠬᠢᠳᠠᠳ ᠲᠦᠪᠡᠳ ᠦᠰᠦᠭ᠂ ᠲᠤᠭᠠᠨ᠎ᠤ ᠳᠠᠮᠠᠭ᠎ᠠ᠂ ᠵᠡᠷ ᠵᠡᠪᠰᠡᠭ᠎ᠤᠨ ᠲᠦᠷᠰᠦ᠂ ᠡᠷᠳᠡᠨᠢᠰ᠎ᠤᠨ ᠬᠡᠯᠪᠡᠷᠢ᠂ ᠭᠧᠦᠮᠧᠲ᠋ᠷᠢ᠎ᠶᠢᠨ ᠵᠢᠷᠤᠭ ᠲᠦᠷᠰᠦ᠂ ᠬᠦᠮᠦᠨ ᠮᠠᠯ᠎ᠤᠨ ᠡᠷᠬᠡᠳᠡᠨ ᠵᠡᠷᠭᠡ ᠤᠯᠠᠨ ᠠᠭᠤᠯᠭ᠎ᠠ ᠪᠠᠭᠳᠠᠵᠦ᠂ ᠪᠦᠷᠢᠨ ᠪᠤᠰᠤ ᠪᠦᠷᠢᠳᠬᠡᠯ᠎ᠢᠶᠡᠷ 3800 ᠭᠠᠷᠤᠢ ᠳᠠᠮᠠᠭᠠᠨ᠎ᠤ ᠲᠦᠷᠰᠦ ᠪᠠᠢᠳᠠᠭ ᠭᠡᠵᠡᠢ᠃

ᠠᠳᠤᠭᠤᠨ ᠳᠠᠮᠠᠭ᠎ᠠ᠎ᠶᠢᠨ ᠬᠡᠯᠪᠡᠷᠢ ᠲᠦᠷᠰᠦ ᠨᠢ ᠮᠠᠯ ᠰᠦᠷᠦᠭ ᠦᠨᠢᠷ ᠦᠰᠬᠦ᠂ ᠵᠠᠶᠠᠭ᠎ᠠ ᠪᠤᠶᠠᠨ ᠳᠡᠯᠭᠡᠷᠡᠬᠦ᠂ ᠮᠤᠷᠢ ᠬᠤᠷᠳᠤᠨ ᠰᠢᠭᠤᠷᠬᠠᠢ ᠪᠠᠢᠬᠤ᠂ ᠡᠪᠡᠳᠴᠢᠨ ᠬᠢᠵᠢᠭ ᠡᠴᠡ ᠵᠠᠢᠯᠠᠭᠤᠯᠬᠤ᠂ ᠪᠠᠳᠤ ᠪᠡᠬᠢ ᠤᠷᠤᠰᠢᠬᠤ᠂ ᠲᠡᠭᠰᠢ ᠵᠢᠷᠭᠠᠬᠤ᠂ ᠰᠠᠨᠠᠭᠰᠠᠨ ᠪᠦᠬᠦᠨ ᠪᠡᠶᠡᠯᠡᠬᠦ᠎ᠵᠢ ᠪᠡᠯᠭᠡᠰᠢᠶᠡᠭᠰᠡᠨ ᠰᠤᠶᠤᠯ᠎ᠤᠨ ᠤᠬᠠᠮᠰᠠᠷ ᠠᠭᠤᠯᠤᠭᠳᠠᠳᠠᠭ ᠨᠡᠬᠦᠳᠡᠯ ᠮᠠᠯᠵᠢᠯ ᠰᠤᠶᠤᠯ᠎ᠤᠨ ᠤᠨᠴᠠᠭᠠᠢ ᠨᠢᠭᠡᠨ ᠦᠵᠡᠭᠳᠡᠯ ᠪᠤᠯᠤᠨ᠎ᠠ᠃ ᠮᠠᠯᠴᠢᠳ ᠠᠳᠤᠭᠤ ᠪᠠᠨ ᠳᠠᠮᠠᠭᠠᠯᠠᠵᠦ ᠳᠠᠭᠤᠰᠤᠭᠰᠠᠨ᠎ᠤ ᠳᠠᠷᠠᠭ᠎ᠠ ᠰᠦᠨ᠎ᠳᠦ ᠲᠦᠷᠦᠵᠦ ᠬᠠᠳᠠᠭ᠎ᠲᠦ ᠪᠤᠭᠤᠵᠦ ᠬᠠᠨᠠᠨ ᠲᠤᠯᠤᠭᠠᠢ᠎ᠳᠦ ᠡᠯᠬᠦᠬᠦ ᠪᠤᠶᠤ ᠤᠨᠢᠨ᠎ᠳᠦ ᠬᠠᠪᠴᠢᠭᠤᠯᠳᠠᠭ ᠵᠠᠩᠰᠢᠯ ᠲᠠᠢ᠃ ᠬᠠᠷᠢᠨ ᠭᠡᠷ᠎ᠤᠨ ᠭᠠᠳᠠᠨ᠎ᠠ ᠲᠤᠳᠤᠨ᠎ᠠ ᠲᠤᠷ᠎ᠠ ᠪᠡᠷ᠎ᠢᠶᠡᠨ ᠬᠠᠶᠠᠬᠤ᠂ ᠬᠡᠥᠬᠡᠳ᠎ᠲᠦ ᠨᠠᠭᠠᠳᠤᠭᠤᠯᠬᠤ᠂ ᠭᠠᠵᠠᠷ ᠳᠠᠮᠠᠭᠠᠯᠠᠬᠤ᠂ ᠭᠠᠨᠵᠤᠭᠠᠯᠠᠬᠤ᠎ᠵᠢ ᠴᠢᠩᠭ᠎ᠠ ᠴᠡᠭᠡᠷᠯᠡᠵᠦ᠂ ᠭᠠᠯ ᠳᠠᠬᠢᠯᠭ᠎ᠠ᠎ᠶᠢᠨ ᠡᠳᠦᠷ ᠠᠷᠢᠭᠤᠯᠠᠨ ᠮᠢᠯᠢᠶᠠᠬᠤ ᠵᠠᠩᠰᠢᠯ ᠪᠠᠢᠳᠠᠭ᠃

ᠠᠳᠤᠭᠤᠨ ᠳᠠᠮᠠᠭ᠎ᠠ ᠪᠤᠯ ᠨᠡᠬᠦᠳᠡᠯᠴᠢᠳ᠎ᠤᠨ ᠠᠳᠤᠭᠤᠨ᠎ᠳᠦ ᠬᠡᠷᠡᠭᠯᠡᠬᠦ ᠪᠡᠷ ᠳᠠᠮᠵᠢᠨ ᠢᠯᠡᠷᠡᠭᠰᠡᠨ ᠠᠵᠢᠯ ᠦᠢᠯᠡᠰ ᠤᠷᠤᠭᠰᠢᠳᠠᠢ᠂ ᠠᠮᠢᠳᠤᠷᠠᠯ ᠲᠦᠪᠬᠢᠨᠡᠬᠦᠨ᠂ ᠡᠳ᠋ ᠬᠦᠷᠦᠩᠬᠡ ᠠᠷᠪᠢᠵᠢᠬᠤ ᠵᠢ ᠪᠡᠯᠭᠡᠳᠡᠭᠰᠡᠨ ᠬᠦᠰᠡᠯ ᠵᠦᠩᠨᠡᠯ᠃


QQ截图20260224163918.png


ᠲᠠᠸᠠᠷ ᠳᠡᠮᠳᠡᠭ

ᠲᠠᠸᠠᠷ ᠳᠡᠮᠳᠡᠭ ᠪᠤᠯ ᠠᠳᠤᠭᠤᠨ ᠰᠤᠶᠤᠯ᠎ᠤᠨ ᠤᠳᠤᠬᠢᠴᠢᠯᠠᠯᠳᠠ ᠪᠠ ᠳᠡᠯᠡᠬᠡᠢᠴᠢᠯᠠᠯᠳᠠ

ᠠᠳᠤᠭᠤ᠎ᠵᠢ ᠳᠡᠯᠡᠬᠡᠢ᠎ᠶᠢᠨ ᠤᠯᠠᠨ ᠭᠠᠵᠠᠷ ᠡᠷᠬᠢᠮᠨᠡᠨ ᠦᠵᠡᠳᠡᠭ ᠵᠠᠩ ᠦᠢᠯᠡ ᠪᠠᠢᠳᠠᠭ ᠪᠦᠭᠡᠳ ᠠᠳᠤᠭᠤ ᠪᠡᠷ ᠬᠦᠴᠦᠨ ᠴᠢᠳᠠᠯ᠂ ᠬᠤᠷᠳᠤᠴᠠ᠂ ᠳᠡᠰᠪᠦᠷᠢ ᠳᠠᠭᠠᠭᠠᠴᠠ᠂ ᠡᠷᠬᠢᠮ ᠳᠡᠭᠡᠳᠦ ᠲᠦᠷᠢ ᠪᠠᠢᠳᠠᠯ᠂ ᠬᠡᠬᠡᠨᠴᠢᠷ ᠭᠠᠩᠭᠠᠩ ᠲᠦᠷᠬᠦ᠂ ᠪᠠᠳᠤᠯᠠᠨ ᠬᠠᠮᠠᠭᠠᠯᠠᠯᠳᠠ᠂ ᠦᠨᠡᠨᠴᠢ ᠢᠳᠡᠭᠡᠯ ᠵᠡᠷᠭᠡ ᠵᠢ ᠲᠦᠯᠦᠭᠡᠯᠡᠬᠦᠯᠦᠨ ᠰᠦᠯᠳᠡ ᠳᠡᠮᠳᠡᠭ᠂ ᠲᠠᠧᠠᠷ ᠳᠡᠮᠳᠡᠭ ᠪᠤᠯᠭᠠᠨ ᠠᠰᠢᠭᠯᠠᠵᠦ᠂ ᠮᠤᠷᠢ ᠪᠡᠷ ᠠᠵᠤ ᠠᠬᠤᠢᠯᠠᠯ᠎ᠤᠨ ᠲᠦᠷᠢ ᠲᠦᠷᠬᠦ᠂ ᠠᠷᠠᠯᠵᠢᠶ᠎ᠠ ᠬᠤᠳᠠᠯᠳᠤᠭ᠎ᠠ᠎ᠶᠢᠨ ᠢᠳᠡᠭᠡᠯ ᠪᠠᠷᠢᠮᠳᠠᠯᠠᠯ᠂ ᠲᠤᠮᠤ ᠲᠤᠮᠤ ᠤᠷᠤᠯᠳᠤᠭᠠᠨ ᠠᠵᠢᠯᠯᠠᠭ᠎ᠠ᠎ᠶᠢᠨ ᠵᠤᠷᠢᠭ ᠰᠠᠨᠠᠭ᠎ᠠ᠎ᠵᠢ ᠲᠦᠯᠦᠬᠡᠯᠡᠬᠦᠯᠳᠡᠭ᠃

ᠮᠠᠰᠢᠨ ᠲᠡᠷᠭᠡ᠎ᠵᠢ ᠡᠬᠦᠳᠬᠦ ᠡᠴᠡ ᠡᠮᠦᠨ᠎ᠠ ᠮᠤᠷᠢ ᠪᠤᠯ ᠬᠤᠷᠳᠤᠴᠠ ᠬᠢᠭᠡᠳ ᠬᠤᠯᠠ ᠵᠠᠢ᠎ᠵᠢ ᠲᠦᠯᠦᠬᠡᠯᠡᠳᠡᠭ ᠪᠠᠢᠪᠠ᠃ ᠳᠡᠯᠡᠬᠡᠢ᠎ᠳᠦ ᠠᠯᠳᠠᠷᠳᠠᠢ ᠹᠧᠷᠷᠠᠷᠢ ᠮᠠᠰᠢᠨ ᠲᠡᠷᠭᠡ᠎ᠶᠢᠨ ᠳᠡᠮᠳᠡᠭ ᠨᠢ ᠴᠤᠢᠯᠤᠨ ᠪᠤᠰᠤᠭᠰᠠᠨ ᠮᠤᠷᠢ ᠪᠡᠷ ᠬᠤᠷᠳᠦ ᠬᠢᠭᠡᠳ ᠠᠭᠠᠭ ᠤᠮᠤᠭ᠎ᠢ ᠲᠦᠯᠦᠭᠡᠯᠡᠬᠦᠯᠵᠦ᠂ ᠫᠤᠤᠷᠰᠴᠢ ᠮᠠᠰᠢᠨ᠎ᠤ ᠳᠡᠮᠳᠡᠭ ᠨᠢ ᠰᠠᠮᠠᠷᠳᠠᠵᠦ ᠪᠠᠢᠭ᠎ᠠ ᠬᠠᠷ᠎ᠠ ᠮᠤᠷᠢ ᠪᠡᠷ ᠵᠢᠷᠤᠵᠦ ᠲᠦᠯᠦᠪᠯᠡᠨ᠂ ᠬᠤᠷᠳᠦ ᠬᠢᠭᠡᠳ ᠡᠷᠬᠢᠮᠰᠤᠭ᠌ ᠭᠠᠩᠭᠠᠩ ᠲᠦᠷᠬᠦ᠎ᠵᠢ ᠢᠯᠡᠳᠬᠡᠵᠦ᠂ ᠹᠤᠷᠳ᠋ ᠮᠠᠰᠢᠨ᠎ᠤ ᠳᠡᠮᠳᠡᠭ ᠨᠢ ᠳᠠᠪᠬᠢᠵᠦ ᠪᠠᠢᠭ᠎ᠠ ᠳᠡᠬᠢ ᠪᠡᠷ ᠪᠦᠳᠦᠭᠡᠵᠦ᠂ ᠡᠷᠭᠡ ᠴᠢᠯᠦᠭᠡ ᠵᠢ ᠬᠦᠭᠡᠭᠡᠴᠡᠯᠳᠦᠬᠦ ᠵᠤᠷᠢᠭ ᠰᠠᠨᠠᠭ᠎ᠠ ᠵᠢ ᠢᠯᠡᠳᠬᠡᠨ᠂ ᠵᠠᠯᠠᠭᠤ ᠨᠠᠰᠤ ᠬᠢᠭᠡᠳ ᠠᠮᠢ ᠠᠮᠢᠵᠢᠷᠠᠯ᠎ᠤᠨ ᠬᠦᠴᠦᠨ᠎ᠢ ᠢᠯᠡᠳᠬᠡᠵᠡᠢ᠃ ᠳᠡᠯᠡᠬᠡᠢ᠎ᠶᠢᠨ ᠤᠯᠢᠮᠫᠢᠺ᠎ᠤᠨ ᠪᠡᠶ᠎ᠠ ᠳᠠᠮᠢᠷ᠎ᠤᠨ ᠴᠤᠭᠯᠠᠭᠠᠨ᠎ᠤ ᠮᠤᠷᠢᠨ ᠮᠡᠷᠭᠡᠵᠢᠯ᠎ᠤᠨ ᠤᠷᠤᠯᠳᠤᠭᠠᠨ᠂ ᠤᠯᠠᠨ ᠤᠯᠤᠰ᠎ᠤᠨ ᠤᠷᠤᠯᠳᠤᠭᠠᠨ᠎ᠤ ᠮᠤᠷᠢᠨ᠎ᠤ᠋ ᠨᠠᠢᠷ ᠡᠴᠡ ᠦᠪᠦᠷ ᠮᠤᠨᠭᠭᠤᠯ᠎ᠤᠨ ᠳᠠᠯ᠎ᠠ ᠨᠤᠲᠤᠭ᠎ᠤᠨ ᠨᠠᠭᠠᠳᠤᠮ᠎ᠤᠨ ᠰᠦᠯᠳᠡ ᠳᠡᠮᠳᠡᠭ ᠨᠢ ᠴᠦᠮ ᠮᠤᠷᠢ ᠪᠡᠷ ᠰᠡᠳᠦᠪᠯᠡᠵᠦ᠂ ᠪᠡᠶ᠎ᠠ ᠳᠠᠮᠢᠷ᠎ᠤᠨ ᠵᠤᠷᠢᠭ ᠰᠠᠨᠠᠭ᠎ᠠ᠂ ᠬᠦᠮᠦᠨ ᠬᠢᠭᠡᠳ ᠪᠠᠢᠭᠠᠯᠢ᠎ᠶᠢᠨ ᠡᠶ᠎ᠠ ᠵᠤᠬᠢᠴᠠᠯ᠂ ᠡᠷᠡᠯᠬᠡᠭ ᠪᠠᠭᠠᠳᠤᠷᠯᠢᠭ ᠵᠤᠷᠢᠭ ᠰᠦᠰᠦ᠂ ᠤᠮᠤᠭᠯᠠᠩ ᠰᠡᠳᠬᠢᠯ᠎ᠢ ᠢᠯᠡᠳᠬᠡᠨ᠂ 《ᠳᠡᠯᠡᠬᠡᠢ᠎ᠶᠢᠨ ᠨᠡᠬᠦᠳᠡᠯᠴᠢᠳ᠎ᠤᠨ ᠰᠤᠶᠤᠯ᠎ᠤᠨ ᠨᠠᠢᠷ》 ᠤ᠋ᠨ ᠰᠦᠯᠳᠡ ᠨᠢ ᠮᠤᠷᠢ ᠪᠡᠷ ᠠᠮᠢ ᠠᠮᠢᠵᠢᠷᠠᠯ᠂ ᠰᠤᠶᠤᠯ᠎ᠤᠨ ᠰᠤᠯᠢᠯᠴᠠᠭ᠎ᠠ᠂ ᠡᠷᠬᠡ ᠴᠢᠯᠦᠬᠡ᠂ ᠬᠠᠳᠠᠨ ᠵᠤᠷᠢᠭ᠎ᠢ ᠲᠦᠯᠦᠭᠡᠯᠡᠬᠦᠯᠳᠡᠭ᠃ ᠳᠡᠯᠡᠬᠡᠢ᠎ᠳᠦ ᠠᠯᠳᠠᠷᠳᠠᠢ ᠸᠧᠯᠰ ᠹᠠᠷᠭᠤ ᠪᠠᠩᠬᠢ᠎ᠶᠢᠨ ᠰᠦᠯᠳᠡ ᠨᠢ 6 ᠮᠤᠷᠢ ᠬᠡᠯᠢᠭᠰᠡᠨ ᠮᠤᠷᠢᠨ ᠲᠡᠷᠭᠡ ᠪᠡᠷ ᠡᠳ᠋ ᠡᠷᠳᠡᠨᠢᠰ ᠠᠴᠢᠶᠠᠯᠠᠨ ᠳᠠᠪᠬᠢᠵᠦ ᠪᠠᠢᠭ᠎ᠠ ᠪᠡᠷ ᠵᠢᠷᠤᠵᠦ ᠲᠦᠰᠦᠪᠯᠡᠨ᠂ ᠪᠠᠩᠬᠢ ᠬᠡᠷᠡᠭᠯᠡᠭᠴᠢᠳ᠎ᠲᠦ ᠪᠦᠬᠦ ᠳᠠᠯ᠎ᠠ ᠪᠡᠷ ᠦᠢᠯᠡᠴᠢᠯᠡᠬᠦ ᠴᠢᠳᠠᠮᠵᠢ ᠬᠢᠭᠡᠳ ᠤᠬᠠᠭᠳᠠᠬᠤᠨ᠎ᠢ ᠢᠯᠡᠳᠬᠡᠵᠦ᠂ ᠴᠠᠭ ᠢᠮᠠᠭᠳᠠ ᠬᠡᠷᠡᠭᠯᠡᠭᠴᠢᠳ ᠲᠠᠢ ᠪᠠᠨ ᠬᠠᠮᠳᠦ ᠬᠦᠭᠵᠢᠨ ᠳᠠᠪᠰᠢᠬᠤ᠎ᠵᠢ ᠢᠯᠡᠳᠬᠡᠵᠡᠢ᠃ ᠲᠤᠮᠳᠠᠳᠦ ᠤᠯᠤᠰ᠎ᠤᠨ 《ᠪᠠ ᠮᠠ ᠴᠠᠢ᠎ᠶᠢᠨ ᠦᠢᠯᠡᠰ》 ᠤ᠋ᠨ ᠳᠡᠮᠳᠡᠭ ᠨᠢ ᠬᠤᠢᠳᠦ ᠴᠢ ᠤᠯᠤᠰ᠎ᠤᠨ ᠵᠢᠭᠰᠠᠭᠠᠯ᠎ᠤᠨ ᠮᠤᠷᠢ᠂ ᠮᠤᠷᠢᠨ ᠡᠮᠡᠭᠡᠯ᠎ᠢᠶᠡᠷ ᠰᠡᠳᠦᠪᠯᠡᠵᠦ᠂ ᠬᠦᠨᠳᠦ ᠪᠡᠯᠡᠭ᠎ᠢ ᠲᠦᠯᠦᠬᠡᠯᠡᠨ᠂ ᠴᠠᠢ᠎ᠶᠢᠨ ᠦᠢᠯᠡᠰ ᠦᠭᠡᠳᠡᠯᠡᠨ ᠮᠠᠨᠳᠤᠬᠤ᠎ᠵᠢ ᠪᠡᠯᠭᠡᠳᠡᠵᠡᠢ᠃

ᠳᠡᠯᠡᠬᠡᠢ᠎ᠳᠦ ᠨᠡᠷᠡᠳᠡᠢ ᠲᠠᠩᠰᠤᠭ ᠡᠳ᠋ᠯᠡᠯ᠎ᠤᠨ ᠲᠦᠯᠦᠬᠡᠯᠡᠭᠴᠢ ᠪᠤᠯᠤᠭᠰᠠᠨ ᠾᠧᠷᠮᠡᠰ᠎ᠤᠨ ᠳᠡᠮᠳᠡᠭ ᠨᠢ ᠮᠤᠷᠢᠨ ᠲᠡᠷᠭᠡ ᠬᠦᠳᠦᠯᠦᠭᠰᠡᠨ ᠬᠡᠥᠬᠡᠳ᠎ᠢᠶᠡᠷ ᠵᠤᠬᠢᠶᠠᠨ ᠲᠦᠯᠦᠪᠯᠡᠵᠦ᠂ ᠳᠡᠳᠡᠨᠡᠢᠬᠢᠨ ᠠᠳᠤᠭᠤᠨ ᠡᠳ᠋ᠯᠡᠯ ᠬᠢᠵᠦ ᠢᠷᠡᠭᠰᠡᠨ ᠲᠡᠥᠬᠡ ᠪᠠᠨ ᠦᠪᠯᠡᠨ᠂ ᠤᠷᠠᠨ ᠳᠠᠷᠬᠠᠨ᠎ᠤ ᠤᠷ᠎ᠠ ᠮᠡᠷᠭᠡᠵᠢᠯ ᠵᠢᠴᠢ ᠬᠡᠷᠡᠭᠯᠡᠭᠴᠢᠳ ᠪᠦᠳᠦᠭᠡᠭᠳᠡᠬᠦᠨ᠎ᠤ ᠦᠨ᠎ᠠ ᠦᠷᠳᠡᠭ᠎ᠢ ᠦᠪᠡᠷ ᠳᠡᠭᠡᠨ ᠡᠵᠡᠮᠰᠢᠬᠦ ᠤᠳᠬ᠎ᠠ ᠰᠠᠨᠠᠭ᠎ᠠ᠎ᠵᠢ ᠢᠯᠡᠳᠬᠡᠵᠡᠢ; ᠷᠠᠯᠠᠹ ᠯᠠᠥᠷᠦ᠋ᠨ᠎ᠤ ᠳᠡᠮᠳᠡᠭ ᠨᠢ ᠮᠤᠷᠢᠨ ᠪᠦᠮᠪᠦᠭᠡ ᠲᠤᠭᠯᠠᠵᠦ ᠪᠠᠢᠭ᠎ᠠ ᠮᠤᠷᠢᠳᠠᠨ᠎ᠤ ᠲᠦᠷᠢ ᠪᠡᠷ ᠪᠡᠶ᠎ᠠ ᠲᠠᠮᠢᠷ ᠪᠠ ᠡᠷᠬᠢᠮᠰᠦᠭ ᠭᠠᠩᠭᠠᠩ ᠲᠦᠷᠢ ᠪᠠᠢᠳᠠᠯ᠎ᠢ ᠬᠠᠷᠠᠭᠤᠯᠤᠭᠰᠠᠨ ᠳᠡᠭᠡᠳᠦ ᠳᠡᠰ᠎ᠤᠨ ᠰᠡᠯᠡᠬᠦᠴᠡᠯ᠎ᠤᠨ ᠪᠠᠢᠷᠢ ᠲᠤᠭᠳᠠᠭᠠᠯᠳᠠ ᠪᠠᠨ ᠢᠯᠡᠳᠬᠡᠵᠡᠢ᠃

ᠠᠳᠤᠭᠤᠨ ᠲᠦᠷᠰᠦ ᠪᠡᠷ ᠲᠠᠧᠠᠷ ᠳᠡᠮᠳᠡᠭ ᠪᠤᠯᠭᠠᠳᠠᠭ ᠨᠢ ᠬᠦᠮᠦᠨ ᠲᠦᠷᠦᠯᠬᠢᠳᠡᠨ ᠤ᠋ ᠠᠳᠤᠭᠤᠨ᠎ᠳᠦ ᠬᠠᠢᠷᠠᠳᠠᠢ ᠰᠡᠳᠬᠢᠯᠬᠡᠨ ᠪᠤᠯᠤᠨ ᠦᠷᠳᠡᠭ᠎ᠤᠨ ᠦᠵᠡᠯᠳᠡ ᠵᠢᠨ ᠨᠢᠭᠡᠳᠦᠯ ᠡᠴᠡ ᠪᠤᠯᠤᠭᠰᠠᠨ ᠠᠳᠤᠭᠤᠨ ᠰᠤᠶᠤᠯ᠎ᠤᠨ ᠤᠳᠤᠬᠢᠴᠢᠯᠠᠯᠳᠠ ᠪᠠ ᠲᠡᠯᠡᠬᠡᠢᠴᠢᠯᠡᠯᠳᠡ ᠵᠢᠨ ᠨᠢᠭᠡᠨ ᠰᠢᠨ᠎ᠠ ᠭᠠᠷᠤᠭ᠎ᠠ ᠪᠤᠯᠬᠤ ᠶᠤᠮ᠃


QQ截图20260224164924.png


ᠮᠤᠷᠢᠨ ᠬᠤᠭᠤᠷ

ᠮᠤᠷᠢᠨ ᠬᠤᠭᠤᠷ ᠪᠤᠯ ᠬᠦᠮᠦᠨ᠎ᠤ ᠤᠷᠮ᠎ᠠ ᠰᠡᠳᠬᠢᠯᠬᠡᠨ᠎ᠤ ᠳᠡᠭᠡᠳᠦ ᠢᠯᠡᠷᠡᠯ

ᠬᠤᠷᠸ᠎ᠠ᠎ᠳᠦ ᠬᠤᠤᠰ ᠦᠬᠡᠢ ᠬᠤᠶᠠᠷᠬᠠᠨ ᠴᠢᠪᠬᠠᠳᠠᠰᠤ ᠲᠠᠢ ᠬᠦᠭᠵᠢᠮ᠂ ᠳᠡᠯᠡᠬᠡᠢ᠎ᠳᠦ ᠭᠠᠭᠴᠠ ᠪᠠᠢᠳᠠᠭ ᠠᠮᠢᠳᠠᠨ᠎ᠤ ᠲᠤᠯᠤᠭᠠᠢ ᠲᠠᠢ ᠬᠦᠭᠵᠢᠮ ᠭᠡᠵᠦ ᠮᠤᠷᠢᠨ ᠬᠤᠭᠤᠷ᠎ᠢ ᠳᠤᠳᠤᠳᠬᠠᠳᠠᠭ᠃ ᠮᠤᠷᠢᠨ ᠬᠤᠭᠤᠷ ᠨᠢ ᠳᠠᠯ᠎ᠠ ᠨᠤᠲᠤᠭ᠎ᠤᠨ ᠠᠷᠠᠳ ᠲᠦᠮᠡᠨ᠎ᠤ 《ᠰᠦᠯᠳᠡ ᠬᠦᠭᠵᠢᠮ》 ᠪᠤᠶᠤ 《ᠬᠠᠭᠠᠨ ᠬᠦᠭᠵᠢᠮ》 ᠬᠡᠮᠡᠭᠳᠡᠳᠡᠭ᠃ 2006 ᠤᠨ᠎ᠳᠦ ᠮᠤᠷᠢᠨ ᠬᠤᠭᠤᠷ ᠨᠢ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ᠎ᠢᠶᠡᠷ ᠰᠤᠩᠭᠤᠭᠳᠠᠵᠦ᠂ ᠦᠪᠡᠷᠮᠢᠴᠡ ᠬᠢᠴᠡ ᠬᠡᠯᠪᠡᠷᠢ᠂ ᠤᠶᠠᠩᠭᠠᠳᠦ ᠢᠷᠠᠭᠤ ᠠᠶ᠎ᠠ ᠠᠶᠠᠯᠭᠤ ᠨᠢ ᠲᠡᠯᠡᠬᠡᠢ᠎ᠶᠢᠨ ᠬᠦᠮᠦᠰ᠎ᠤᠨ ᠬᠠᠷᠠᠭ᠎ᠠ ᠰᠤᠨᠤᠷ᠎ᠢ ᠪᠠᠶᠠᠰᠬᠠᠨ᠂ ᠳᠠᠯ᠎ᠠ ᠨᠤᠲᠤᠭ᠎ᠤᠨ ᠰᠤᠶᠤᠯ ᠤᠷᠠᠯᠢᠭ᠎ᠢ ᠲᠦᠭᠡᠭᠡᠨ ᠳᠠᠨᠢᠭᠤᠯᠬᠤ 《ᠪᠠᠢᠩᠭᠤ᠎ᠶᠢᠨ ᠡᠯᠴᠢ》 ᠪᠤᠯᠵᠠᠢ᠃

《ᠰᠦᠬᠡ᠎ᠶᠢᠨ ᠰᠠᠷᠠᠯ》᠂ 《ᠬᠦᠬᠦᠭᠡ᠎ᠶᠢᠨ ᠨᠠᠮᠵᠢᠯ᠎ᠤᠨ ᠲᠤᠮᠤᠭ》 ᠮᠡᠳᠦ᠎ᠶᠢᠨ ᠲᠤᠮᠤᠭ᠎ᠲᠦ ᠮᠤᠷᠢᠨ᠎ᠤ ᠲᠤᠯᠤᠭᠠᠢ᠂ ᠠᠷᠠᠰᠤ᠂ ᠶᠠᠰᠤ᠂ ᠬᠢᠯᠭᠠᠰᠤ ᠪᠡᠷ ᠨᠢ ᠬᠤᠭᠤᠷ᠎ᠤᠨ ᠲᠤᠯᠤᠭᠠᠢ᠂ ᠴᠢᠬᠢ᠂ ᠬᠤᠭᠤᠯᠠᠢ᠂ ᠲᠤᠮᠪᠤ᠂ ᠠᠷᠠᠯ᠂ ᠳᠡᠪᠬᠡ᠂ ᠴᠢᠪᠬᠠᠳᠠᠰᠤ ᠵᠡᠷᠭᠡ᠎ᠵᠢ ᠬᠢᠭᠰᠡᠨ ᠭᠡᠵᠦ ᠮᠤᠷᠢᠨ ᠬᠤᠭᠤᠷ᠎ᠤᠨ ᠡᠬᠦᠰᠦᠯ᠎ᠤᠨ ᠲᠤᠬᠠᠢ ᠶᠠᠷᠢᠳᠠᠭ᠃ ᠳᠠᠯ᠎ᠠ ᠨᠤᠲᠤᠭ᠎ᠤᠨ ᠠᠷᠠᠳ ᠲᠦᠮᠡᠨ ᠮᠤᠷᠢ ᠲᠠᠢ ᠬᠠᠨᠢᠰᠴᠤ᠂ ᠮᠤᠷᠢ᠎ᠵᠢ ᠡᠳ᠋ᠯᠡᠵᠦ ᠬᠡᠷᠡᠭᠯᠡᠭᠰᠡᠨ ᠡᠴᠡ ᠨᠡᠢᠬᠡᠮ᠎ᠤᠨ ᠪᠤᠯᠪᠠᠰᠤᠨ᠎ᠤ ᠠᠬᠢᠴᠠ᠂ ᠴᠡᠷᠢᠭ ᠳᠠᠢᠨ᠂ ᠠᠵᠦ ᠠᠮᠢᠳᠤᠷᠠᠯ᠎ᠳᠦ ᠶᠡᠬᠡᠬᠡᠨ ᠬᠤᠪᠢᠷᠠᠯᠳᠠ ᠬᠦᠭᠵᠢᠯᠳᠡ ᠲᠠᠢ ᠪᠤᠯᠵᠦ᠂ ᠮᠤᠷᠢ ᠵᠢ ᠵᠦᠪᠬᠡᠨ ᠤᠨᠤᠯᠭ᠎ᠠ ᠡᠳ᠋ᠯᠡᠬᠡ᠎ᠳᠦ ᠬᠡᠷᠡᠭᠯᠡᠳᠡᠭ ᠠᠳᠤᠭᠤᠰᠤ ᠳᠡᠳᠦᠢ ᠪᠢᠰᠢ᠂ ᠠᠮᠢᠳᠤᠷᠠᠯ᠂ ᠠᠶᠠᠯᠠᠯ᠂ ᠠᠮᠢ ᠵᠢᠭᠤᠯᠭ᠎ᠠ᠎ᠶᠢᠨ ᠬᠠᠨᠢ ᠬᠠᠮᠰᠠᠭᠠᠳᠠᠨ ᠪᠤᠯᠭᠠᠵᠦ ᠢᠷᠡᠭᠰᠡᠨ᠎ᠪᠦᠭᠡᠳ ᠮᠤᠷᠢᠨ ᠬᠤᠭᠤᠷ᠎ᠢ ᠵᠤᠬᠢᠶᠠᠨ ᠤᠷᠮ᠎ᠠ ᠰᠡᠳᠬᠢᠯᠬᠡ᠂ ᠪᠠᠶᠠᠷ ᠭᠤᠨᠢᠭ᠎ᠤᠨ ᠠᠷᠭᠠᠳᠠᠯ ᠳᠠᠢᠪᠤᠰᠢᠷᠠᠯ᠂ ᠨᠠᠢᠷ ᠬᠤᠷᠢᠮ᠎ᠤᠨ ᠠᠶᠠᠯᠭᠤ ᠬᠦᠭᠵᠢᠮ ᠳᠡᠳᠦᠢ ᠦᠬᠡᠢ᠂ ᠮᠠᠯ ᠰᠦᠷᠦᠭ᠎ᠤᠨ ᠠᠷᠠᠴᠢᠯᠠᠭ᠎ᠠ᠂ ᠪᠠᠢᠭᠠᠯᠢ ᠠᠬᠤᠢ᠎ᠶᠢᠨ ᠰᠢᠳᠦᠯᠬᠡ ᠳᠠᠬᠢᠯᠭ᠎ᠠ᠎ᠳᠦ᠎ᠴᠤ ᠦᠷᠭᠡᠨ᠎ᠢᠶᠡᠷ ᠬᠡᠷᠡᠭᠯᠡᠵᠦ ᠢᠷᠡᠭᠰᠡᠨ ᠲᠡᠥᠬᠡ᠎ᠶᠢᠨ ᠪᠠᠷᠢᠮᠳᠠ ᠲᠠᠢ᠃

ᠳᠠᠯ᠎ᠠ ᠨᠤᠲᠤᠭ᠎ᠤᠨ ᠠᠷᠠᠳ ᠲᠦᠮᠡᠨ᠎ᠤ ᠠᠮᠢᠳᠤᠷᠠᠨ ᠰᠠᠭᠤᠳᠠᠭ ᠪᠠᠢᠷᠢ ᠪᠠᠢᠷᠢᠰᠢᠯ᠎ᠤᠨ ᠠᠳᠠᠯᠢ ᠪᠤᠰᠤ ᠡᠴᠡ ᠪᠤᠯᠵᠦ᠂ ᠮᠤᠷᠢᠨ ᠬᠤᠭᠤᠷ᠎ᠤᠨ ᠨᠡᠷᠡᠢᠳᠦᠯ᠎ᠴᠤ ᠤᠨᠳᠤᠤ ᠪᠠᠢᠳᠠᠭ᠃ ᠡᠷᠳᠡᠨ᠎ᠳᠡᠭᠡᠨ ᠰᠢᠨᠠᠭᠠᠨ ᠬᠤᠭᠤᠷ᠂ ᠠᠶᠠᠭᠠᠨ ᠬᠤᠭᠤᠷ᠂ ᠠᠷᠠᠰᠤᠨ ᠬᠤᠭᠤᠷ᠂ ᠬᠢᠬᠢᠯᠢ᠂ ᠴᠤᠭᠤᠷ᠂ ᠶᠢᠺᠢᠯ ᠭᠡᠵᠦ ᠨᠡᠷᠡᠯᠡᠳᠡᠭ᠃ ᠮᠤᠷᠢᠨ ᠬᠤᠭᠤᠷ᠎ᠤᠨ ᠴᠤᠤᠷᠠᠢ᠎ᠶᠢᠨ ᠬᠠᠢᠷᠴᠠᠭ᠎ᠢ ᠲᠦᠬᠦᠷᠢᠭ᠂ ᠵᠤᠤᠪᠠᠩ᠂ ᠤᠷᠳᠤᠯᠵᠢᠨ᠂ ᠱᠠᠳᠤᠯᠵᠢᠨ᠂ ᠲᠦᠷᠪᠡᠯᠵᠢᠨ᠂ ᠠᠶᠠᠭᠠᠨᠴᠢᠷ᠂ ᠳᠠᠪᠠᠭᠠᠨᠴᠢᠷ ᠵᠡᠷᠭᠡ ᠶᠡᠷᠦ᠎ᠶᠢᠨ ᠠᠮᠢᠳᠤᠷᠠᠯ᠎ᠤᠨ ᠡᠳ᠋ ᠬᠡᠷᠡᠭᠰᠡᠯ᠎ᠤᠨ ᠲᠦᠷᠰᠦ ᠪᠠᠢᠳᠠᠯ᠎ᠢ ᠰᠢᠩᠭᠡᠭᠡᠨ ᠵᠤᠬᠢᠶᠠᠳᠠᠭ ᠪᠠᠢᠭᠰᠠᠨ᠃

《ᠭᠡᠷ᠎ᠲᠦ ᠮᠤᠷᠢᠨ ᠬᠤᠭᠤᠷ ᠡᠭᠡᠰᠢᠭᠯᠡᠬᠦ᠎ᠳᠦ ᠤᠶᠠᠭᠠᠨ᠎ᠳᠡᠬᠢ ᠮᠤᠷᠢ ᠦᠥᠷᠰᠡᠳᠡᠭ》 ᠭᠡᠭᠴᠢ ᠪᠡᠷ᠂ ᠮᠤᠷᠢᠨ ᠬᠤᠭᠤᠷ ᠨᠢ ᠮᠤᠷᠢ ᠪᠤᠯᠤᠨ ᠬᠤᠭᠤᠷ ᠭᠡᠬᠦ ᠬᠤᠶᠠᠷ ᠤᠬᠠᠭᠳᠠᠬᠤᠨ᠎ᠢ ᠬᠠᠮᠤᠷᠳᠠᠭ᠃ ᠮᠤᠷᠢᠨ ᠬᠤᠭᠤᠷ᠎ᠢ ᠬᠢᠬᠦ᠎ᠳᠦ ᠮᠤᠷᠢᠨ᠎ᠤ ᠡᠯ᠎ᠠ ᠡᠷᠬᠡᠳᠡᠨ᠎ᠢ ᠬᠡᠷᠡᠭᠯᠡᠭᠰᠡᠨ ᠮᠦᠷᠳᠡᠭᠡᠨ ᠮᠤᠷᠢᠨ ᠬᠤᠭᠤᠷ᠎ᠤᠨ ᠪᠦᠳᠦᠴᠡ᠎ᠳᠦ ᠮᠤᠷᠢᠨ᠎ᠤ ᠡᠷᠬᠡᠳᠡᠨ᠎ᠤ ᠨᠡᠷᠡᠢᠳᠦᠯ᠎ᠢ ᠬᠡᠷᠡᠭᠯᠡᠵᠦ᠂ ᠮᠤᠷᠢᠨ ᠬᠤᠭᠤᠷ᠎ᠤᠨ ᠭᠠᠢᠬᠠᠮᠰᠢᠭ᠎ᠤᠨ ᠨᠢᠭᠡ ᠨᠢ ᠭᠠᠭᠴᠠᠬᠦ ᠮᠤᠷᠢᠨ ᠬᠤᠭᠤᠷ ᠰᠠᠶᠢ ᠮᠤᠷᠢᠨ᠎ᠤ ᠦᠥᠷᠰᠡᠬᠦ ᠢᠨᠴᠠᠭᠠᠬᠤ ᠳᠠᠭᠤ ᠠᠪᠢᠶ᠎ᠠ᠂ ᠲᠤᠪᠳᠤᠯᠬᠤ ᠴᠢᠮᠡᠭᠡ ᠵᠡᠷᠭᠡ᠎ᠵᠢ ᠪᠦᠬᠦᠳᠡ ᠰᠠᠢᠬᠠᠨ ᠭᠠᠷᠭᠠᠵᠦ ᠴᠢᠳᠠᠳᠠᠭ᠎ᠢᠶᠡᠷ᠎ᠢᠶᠡᠨ ᠤᠨᠴᠠᠯᠠᠭᠳᠠᠨ᠎ᠠ᠃

ᠮᠤᠷᠢᠨ ᠬᠤᠭᠤᠷ᠎ᠤᠨ ᠠᠶ᠎ᠠ ᠤᠶᠠᠷᠠᠭᠤᠨ ᠵᠦᠬᠡᠯᠡᠨ᠂ ᠬᠦᠩᠬᠢᠨᠠᠮ᠎ᠠ᠃ ᠶᠠᠭ ᠯᠡ ᠳᠠᠯ᠎ᠠ ᠨᠤᠲᠤᠭ᠎ᠤᠨ ᠠᠷᠠᠳ ᠲᠦᠮᠡᠨ᠎ᠤ ᠵᠠᠩ ᠠᠷᠠᠨᠰᠢᠨ ᠮᠡᠳᠦ᠃ ᠮᠢᠩᠭ᠎ᠠ ᠮᠢᠩᠭᠠᠨ ᠵᠢᠯ᠎ᠢᠶᠡᠷ ᠳᠡᠳᠡᠨ᠎ᠤ ᠪᠠᠶᠠᠷ ᠭᠤᠨᠢᠭ᠎ᠢ ᠰᠢᠩᠭᠡᠭᠡᠵᠦ ᠢᠷᠡᠭᠰᠡᠨ ᠮᠦᠷᠳᠡᠭᠡᠨ ᠦᠬᠡᠷ᠎ᠠ ᠦᠨᠳᠦᠰᠦᠳᠡᠨ ᠬᠡᠯᠡᠳᠡᠨ᠎ᠳᠦ ᠠᠶ᠎ᠠ ᠬᠦᠭᠵᠢᠮ᠎ᠤᠨ ᠭᠠᠢᠬᠠᠮᠰᠢᠭ᠂ ᠳᠠᠯ᠎ᠠ ᠨᠤᠲᠤᠭ᠎ᠤᠨ ᠠᠭᠤᠵᠢᠮ ᠰᠠᠷᠠᠭᠤᠯ᠂ ᠠᠮᠢᠳᠤᠷᠠᠯ ᠠᠬᠤᠢ᠎ᠶᠢᠨ ᠳᠠᠢᠪᠤᠭᠤᠨ ᠦᠭᠬᠢᠶᠡᠮᠦᠷ᠂ ᠠᠳᠤᠭᠤᠨ᠎ᠤ ᠬᠦᠶᠦᠳᠡᠯ ᠶᠠᠪᠤᠳᠠᠯ᠎ᠢ ᠪᠦᠷᠢᠨ ᠮᠡᠳᠡᠷᠡᠬᠦᠯᠵᠦ ᠴᠢᠳᠠᠳᠠᠭ᠃


QQ截图20260224164924.png


ᠲᠦᠮᠡᠨ ᠠᠭᠳᠠ᠎ᠶᠢᠨ ᠲᠦᠪᠡᠷᠭᠡᠨ

《ᠲᠦᠮᠡᠨ ᠠᠭᠳᠠ᠎ᠶᠢᠨ ᠲᠦᠪᠡᠷᠭᠡᠨ》 ᠪᠤᠯ ᠮᠤᠷᠢᠨ ᠬᠤᠭᠤᠷ᠎ᠢ ᠲᠡᠯᠡᠬᠡᠢ᠎ᠳ᠋ᠤ ᠠᠯᠳᠠᠷᠰᠢᠭᠤᠯᠤᠬᠰᠠᠨ ᠰᠤᠡᠭᠭᠤᠳᠠᠭ ᠠᠶᠠᠯᠭᠤ 

2008 ᠤᠨ᠎ᠤ 8 ᠰᠠᠷ᠎ᠠ᠎ᠶᠢᠨ 8᠎ᠤ᠋ ᠡᠳᠦᠷ᠂ ᠪᠡᠭᠡᠵᠢᠩ᠎ᠤᠨ ᠤᠯᠢᠮᠫᠢᠺ᠎ᠤᠨ ᠪᠡᠶ᠎ᠡ ᠵᠢᠨ ᠲᠠᠮᠢᠷ᠎ᠤᠨ ᠴᠤᠭᠯᠠᠭᠠᠨ᠎ᠤ ᠡᠬᠢᠯᠡᠯᠳᠡ ᠵᠢᠨ ᠶᠤᠰᠤᠯᠠᠯ ᠲᠡᠭᠡᠷ᠎ᠡ ᠠᠯᠳᠠᠷᠳᠦ ᠮᠤᠷᠢᠨ ᠬᠤᠭᠤᠷᠴᠢ ᠴᠢ᠊·ᠪᠤᠯᠠᠭ ᠲᠡᠷᠢᠬᠦᠳᠡᠢ 120 ᠮᠤᠷᠢᠨ ᠬᠤᠭᠤᠷᠴᠢᠨ 《ᠲᠦᠮᠡᠨ ᠠᠭᠳᠠ᠎ᠶᠢᠨ ᠲᠦᠪᠡᠷᠭᠡᠨ》 ᠢ᠋ ᠬᠦᠭᠵᠢᠮᠳᠡᠵᠦ᠂ ᠲᠤᠳᠤᠭᠠᠳᠦ  ᠭᠠᠳᠠᠭᠠᠳᠦ᠎ᠶᠢᠨ ᠬᠢᠨ᠎ᠤ ᠠᠩᠬᠠᠷᠤᠯ᠎ᠢ ᠳᠠᠳᠠᠭᠰᠠᠨ ᠶᠤᠮ᠃

ᠰᠤᠩᠭᠤᠳᠠᠭ ᠮᠤᠷᠢᠨ ᠬᠤᠭᠤᠷ᠎ᠤᠨ ᠠᠶ᠎ᠠ 《ᠲᠦᠮᠡᠨ ᠠᠭᠳᠠ᠎ᠶᠢᠨ ᠲᠦᠪᠡᠷᠭᠡᠨ》 ᠢ᠋ ᠠᠯᠳᠠᠷᠳᠦ ᠮᠤᠷᠢᠨ ᠬᠤᠭᠤᠷᠴᠢ ᠴᠢ᠊·ᠪᠤᠯᠠᠭ 1962 ᠤᠨ᠎ᠤ ᠦᠶ᠎ᠠ ᠪᠡᠷ ᠪᠠᠭᠠᠷᠢᠨ ᠵᠡᠬᠦᠨ ᠬᠤᠰᠢᠭᠤᠨ᠎ᠤ ᠨᠠᠭᠠᠳᠤᠮ᠎ᠤᠨ ᠬᠤᠷᠠᠯ᠎ᠳᠦ ᠬᠦᠷᠴᠦ᠂ ᠬᠤᠷᠳᠤᠨ ᠮᠤᠷᠢᠨ᠎ᠤ ᠤᠷᠤᠯᠳᠤᠭᠠᠨ᠎ᠳᠦ ᠪᠡᠭᠳᠡᠷᠡᠵᠦ ᠦᠬᠦᠭᠰᠡᠨ ᠮᠤᠷᠢ᠎ᠵᠢ ᠬᠠᠷᠠᠭᠠᠳ᠎ᠰᠡᠳᠬᠢᠯ ᠬᠦᠳᠡᠯᠦᠨ ᠪᠢᠯᠢᠭ ᠲᠦᠷᠦᠵᠦ ᠵᠤᠬᠢᠶᠠᠭᠰᠠᠨ ᠭᠡᠳᠡᠭ᠃ ᠲᠤᠰ ᠠᠶ᠎ᠠ ᠨᠢ ᠬᠤᠷᠳᠤᠨ ᠮᠤᠷᠢᠨ᠎ᠤ ᠬᠦᠶᠦᠳᠡᠯ ᠶᠠᠪᠤᠳᠠᠯ᠎ᠢᠶᠡᠷ ᠠᠢᠵᠠᠮ ᠬᠦᠭ ᠪᠤᠯᠭᠠᠨ᠂ ᠰᠤᠨᠤᠰᠤᠭᠰᠠᠨ ᠪᠤᠯᠭᠠᠨ᠎ᠤ ᠰᠡᠳᠬᠢᠯ᠎ᠢ ᠬᠦᠪᠤᠯᠵᠡᠬᠦᠯᠦᠨ ᠲᠤᠭᠳᠤᠯᠤᠭᠤᠯᠳᠠᠭ᠎ᠢᠶᠡᠷ᠎ᠢᠶᠡᠨ ᠠᠯᠳᠠᠷᠳᠠᠢ᠃ ᠲᠤᠰ ᠠᠶ᠎ᠠ ᠨᠢ ᠬᠤᠷᠳᠤᠨ ᠳᠠᠳᠠᠯᠭ᠎ᠠ᠂ ᠳᠠᠪᠬᠤᠷ ᠡᠭᠡᠰᠢᠭ᠎ᠤᠨ ᠵᠤᠬᠢᠷᠠᠯ᠂ ᠱᠤᠳᠤᠷᠠᠯ ᠠᠶᠠᠰ᠎ᠢᠶᠡᠷ ᠮᠤᠷᠢ ᠢᠨᠴᠠᠭᠠᠬᠤ ᠳᠠᠭᠤ ᠠᠪᠢᠶ᠎ᠠ᠎ᠵᠢ ᠵᠤᠬᠢᠴᠠᠭᠤᠯᠤᠨ ᠬᠦᠭᠵᠢᠮᠳᠡᠭᠰᠡᠨ ᠨᠢ ᠰᠢᠨ᠎ᠠ᠎ᠵᠢ ᠡᠬᠦᠳᠴᠤ᠂ ᠤᠤᠯ᠎ᠤᠨ ᠮᠤᠷᠢᠨ ᠬᠤᠭᠤᠷ᠎ᠢᠶᠡᠷ ᠵᠦᠪᠬᠡᠨ ᠤᠶᠠᠩᠭ᠎ᠠ ᠰᠡᠳᠬᠢᠯᠬᠡ᠎ᠵᠢ ᠬᠦᠭᠵᠢᠮᠳᠡᠳᠡᠭ ᠬᠡᠪᠰᠢᠮᠡᠯ ᠬᠢᠵᠠᠭᠠᠷᠳᠠᠮᠠᠯ ᠪᠠᠢᠳᠠᠯ᠎ᠢ ᠦᠭᠡᠷᠡᠴᠢᠯᠡᠵᠡᠢ᠃ ᠲᠤᠰ ᠪᠦᠳᠦᠭᠡᠯ ᠨᠢ ᠮᠤᠷᠢᠨ ᠬᠤᠭᠤᠷ᠎ᠤᠨ ᠬᠢᠴᠢᠶᠡᠯ᠎ᠤᠨ ᠵᠠᠪᠠᠯ ᠰᠤᠷᠬᠤ ᠠᠶ᠎ᠠ ᠪᠤᠯᠵᠦ᠂ ᠤᠷ᠎ᠠ ᠮᠡᠷᠭᠡᠵᠢᠯ ᠨᠢ ᠬᠤᠵᠢᠮ᠎ᠤᠨ ᠮᠤᠷᠢᠨ ᠬᠤᠭᠤᠷᠴᠢᠳ᠎ᠲᠦ ᠬᠡᠪ ᠳᠠᠭᠤᠷᠢᠶᠠᠯ ᠪᠤᠯᠵᠦ᠂ ᠰᠤᠳᠤᠯᠭᠠᠨ᠎ᠤ ᠦᠨ᠎ᠠ ᠦᠷᠳᠡᠭ ᠪᠤᠯᠤᠨ ᠤᠷᠠᠨ ᠰᠠᠢᠬᠠᠨ᠎ᠤ ᠦᠨ᠎ᠠ ᠦᠷᠳᠡᠭ᠎ᠢ ᠬᠤᠤᠰᠯᠠᠭᠤᠯᠤᠭᠰᠠᠨ ᠦᠨᠳᠦᠰᠦᠳᠡᠨ᠎ᠤ ᠬᠦᠭᠵᠢᠮ᠎ᠤᠨ ᠲᠦᠯᠦᠭᠡᠯᠡᠭᠴᠢ ᠪᠤᠯᠵᠠᠢ᠃

《ᠲᠦᠮᠡᠨ ᠠᠭᠳᠠ᠎ᠶᠢᠨ ᠲᠦᠪᠡᠷᠭᠡᠨ》 ᠳᠠᠯ᠎ᠠ ᠨᠤᠲᠤᠭ᠎ᠤᠨ ᠦᠷᠦᠴᠡᠨ ᠡᠴᠡ ᠤᠯᠤᠰ᠎ᠤᠨ ᠲᠤᠮᠤ ᠲᠢᠶᠠᠲ᠋ᠷ᠂ ᠴᠢᠨᠠᠭᠰᠢᠯᠠᠨ ᠳᠡᠯᠡᠬᠡᠢ᠎ᠶᠢᠨ ᠳᠠᠢᠰᠠᠨ᠎ᠳᠦ ᠤᠯᠠᠨᠳᠠ ᠭᠠᠷᠴᠤ᠂ ᠪᠠᠢᠩᠭᠤ ᠬᠦᠬᠡᠮᠡᠢ᠂ ᠤᠷᠲᠦ᠎ᠶᠢᠨ ᠳᠠᠭᠤᠤ᠂ ᠨᠠᠢᠷᠠᠯ ᠬᠦᠭᠵᠢᠮ ᠵᠡᠷᠭᠡ ᠲᠤᠭᠯᠠᠯᠳᠠ ᠲᠠᠢ ᠠᠭᠤᠰᠬᠠᠨ ᠲᠤᠭᠯᠠᠵᠦ᠂ ᠲᠦᠮᠡᠨ ᠠᠭᠳᠠ᠎ᠶᠢᠨ ᠰᠦᠷ ᠵᠢᠪᠬᠤᠭ᠎ᠠ᠂ ᠮᠤᠨᠭᠭᠤᠯ ᠢᠵᠠᠭᠤᠷ ᠤᠷᠠᠯᠢᠭ᠎ᠤᠨ ᠦᠪᠡᠷᠮᠢᠴᠡ ᠰᠤᠳᠤᠨ ᠰᠢᠨᠵᠢ᠎ᠵᠢ ᠪᠦᠷᠢᠨ ᠬᠠᠷᠠᠭᠤᠯᠵᠦ᠂ ᠦᠪᠦᠷ ᠮᠤᠨᠭᠭᠤᠯ᠎ᠤᠨ ᠰᠤᠶᠤᠯ᠎ᠤᠨ ᠲᠦᠯᠦᠬᠡᠨ᠎ᠤ ᠳᠡᠮᠳᠡᠭ᠎ᠤᠨ ᠨᠢᠭᠡ ᠪᠤᠯᠵᠦ᠂ ᠤᠯᠠᠨ ᠤᠯᠤᠰ ᠦᠨᠳᠦᠰᠦᠳᠡᠨ ᠯᠤᠭᠡ᠎ᠶᠢᠨ ᠰᠤᠶᠤᠯ᠎ᠤᠨ ᠰᠤᠯᠢᠯᠴᠠᠭᠠᠨ ᠲᠤᠮᠳᠠ ᠳᠠᠯ᠎ᠠ ᠨᠤᠲᠤᠭ᠎ᠤᠨ ᠳᠠᠭᠤᠤ ᠬᠦᠭᠵᠢᠮ᠂ ᠰᠤᠶᠤᠯ ᠤᠷᠠᠯᠢᠭ᠎ᠤᠨ ᠡᠳᠡᠭᠡᠳ ᠭᠠᠢᠠᠬᠮᠰᠢᠭ᠎ᠢ ᠬᠠᠷᠠᠭᠤᠯᠵᠦ ᠢᠷᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号