— ᠤᠯᠠᠭᠠᠨ ᠮᠤᠷᠢᠨ ᠵᠢᠯᠤᠨ ᠴᠠᠭᠠᠨ ᠰᠠᠷᠠᠳᠤ ᠵᠤᠷᠢᠭᠤᠯᠤᠭᠰᠠᠨ ᠤᠨᠴᠠ ᠤᠬᠠᠭᠠᠯᠠᠯ (ᠵᠢᠷᠭᠤᠭ᠎ᠠ)
ᠦᠪᠦᠷ ᠮᠤᠩᠭᠤᠯ ᠪᠤᠯ ᠪᠦᠬᠦ ᠤᠯᠤᠰ ᠤ᠋ᠨ ᠤᠯᠠᠮᠵᠢᠯᠠᠯᠲᠤ ᠠᠳᠤᠭᠤᠨ ᠤ᠋ ᠠᠵᠤ ᠦᠢᠯᠡᠰ ᠤ᠋ᠨ ᠲᠤᠮᠤ ᠤᠷᠤᠨ᠂ ᠤᠳᠤᠬᠠᠨᠳᠤ 80 ᠲᠦᠮᠡ ᠭᠠᠷᠤᠢ ᠠᠳᠤᠭᠤ ᠮᠠᠯᠵᠢᠵᠦ ᠪᠤᠢ᠃
ᠠᠳᠤᠭᠤ ᠤᠳᠤᠬᠠᠨ ᠪᠤᠯᠳᠠᠯ᠎ᠠ ᠦᠪᠦᠷ ᠮᠤᠩᠭᠤᠯᠤᠨ ᠮᠠᠯᠵᠢᠬᠤ ᠤᠷᠤᠨᠤ ᠬᠦᠮᠦᠰ ᠤ᠋ᠨ ᠦᠢᠯᠡᠳᠪᠦᠷᠢᠯᠡᠯ ᠠᠮᠢᠳᠤᠷᠠᠯ ᠤ᠋ᠨ ᠬᠡᠷᠡᠭᠴᠡᠭᠡ ᠵᠢ ᠬᠠᠡᠭᠭᠠᠵᠤ᠂ ᠤᠨᠤᠯᠭ᠎ᠠ ᠬᠦᠯᠪᠦᠷᠢ ᠪᠤᠯᠵᠦ ᠪᠠᠢᠭ᠎ᠠ ᠪᠦᠭᠡᠳ ᠠᠰᠢᠭ ᠰᠢᠮ᠎ᠡ ᠨᠢ ᠢᠳᠡᠭᠡᠨ ᠤᠮᠳᠠᠭᠠᠨ᠂ ᠡᠷᠡᠭᠦᠯᠵᠢᠯ ᠤ᠋ᠨ ᠪᠤᠳᠠᠰ ᠪᠠ ᠬᠤᠪᠴᠠᠰᠤ ᠬᠤᠨᠠᠷ ᠤ᠋ᠨ ᠲᠦᠬᠦᠭᠡᠢ ᠮᠠᠲᠸᠷᠢᠶᠠᠯ ᠬᠠᠡᠭᠭᠠᠵᠤ᠂ ᠤᠨᠴᠠᠭᠠᠢᠯᠠᠨ ᠴᠡᠭᠡ᠂ ᠭᠡᠭᠡᠯ ᠲᠠᠢ ᠭᠡᠬᠦᠦ ᠵᠢᠨ ᠴᠢᠰᠤᠨ ᠴᠠᠢᠪᠠᠩ᠂ ᠭᠡᠭᠡᠯ ᠲᠠᠢ ᠭᠡᠬᠦᠦ ᠵᠢᠨ ᠰᠢᠭᠡᠰᠦ ᠵᠡᠷᠭᠡ ᠨᠢ ᠴᠢᠬᠤᠯᠠ ᠡᠮᠤᠨ ᠮᠠᠲ᠋ᠸᠷᠢᠶᠠᠯ ᠪᠤᠯᠵᠦ ᠪᠠᠢᠳᠠᠭ᠃
ᠦᠪᠦᠷ ᠮᠤᠩᠭᠤᠯᠤᠨ ᠠᠳᠤᠭᠤᠨᠤ ᠠᠵᠦ ᠦᠢᠯᠡᠰᠤᠨ ᠲᠦᠷᠦᠯ ᠵᠦᠢᠯᠳᠤ ᠭᠤᠤᠯᠳᠠᠭᠤ ᠡᠯ᠎ᠡ ᠲᠦᠷᠦᠯᠤᠨ ᠤᠷᠤᠯᠳᠤᠭᠠᠨ᠂ ᠵᠢᠭᠤᠯᠴᠢᠯᠠᠯᠤᠨ ᠭᠠᠵᠠᠷᠤᠨ ᠮᠤᠷᠢ ᠤᠨᠤᠭᠤᠯᠬᠤ ᠦᠢᠯᠡᠴᠢᠯᠡᠭᠡ᠂ ᠠᠳᠤᠭᠤ ᠰᠡᠭᠦᠳᠡᠷᠯᠡᠬᠦ ᠦᠢᠯᠡᠴᠢᠯᠡᠭᠡ᠂ ᠲᠤᠮᠤ ᠭᠡᠯᠪᠡᠷᠢ ᠵᠢᠨ ᠪᠤᠳᠠᠳᠤ ᠦᠵᠡᠭᠳᠡᠯᠳᠤ ᠵᠦᠴᠦᠭᠡ ᠲᠤᠭᠯᠠᠬᠤ᠂ ᠮᠤᠷᠢᠨ ᠮᠡᠷᠭᠡᠵᠢᠯᠤᠨ ᠦᠵᠡᠬᠦᠯᠭᠡ ᠵᠢᠴᠢ ᠮᠢᠬ᠎ᠠ᠂ ᠠᠷᠠᠰᠤ᠂ ᠬᠢᠯᠭᠠᠰᠤ ᠵᠡᠷᠭᠡ ᠠᠳᠤᠭᠤᠨᠤ ᠠᠰᠢᠬ ᠰᠢᠮ᠎ᠠ ᠵᠡᠷᠭᠡ ᠪᠠᠭᠳᠠᠵᠦ᠂ ᠦᠪᠦᠷ ᠮᠤᠩᠭᠤᠯᠤᠨ ᠠᠵᠤ ᠦᠢᠯᠡᠰ ᠤ᠋ᠨ ᠬᠡᠯᠬᠢᠶ᠎ᠡ ᠶ᠋ᠢᠨ ᠦᠢᠯᠡᠳᠭᠦᠨ ᠤ᠋ ᠦᠷᠳᠡᠭ ᠨᠢ 140 ᠳ᠋ᠦ᠋ᠡᠭᠰᠢᠭᠤᠷ ᠲᠦᠭᠦᠷᠢᠭ ᠲᠦ᠍ ᠬᠦᠷᠴᠦ᠂ ᠪᠦᠬᠦ ᠤᠯᠤᠰ ᠤ᠋ᠨ ᠲᠠᠪᠤᠨ ᠤ᠋ ᠨᠢᠭᠡ ᠵᠢ ᠡᠵᠡᠯᠡᠵᠦ ᠪᠠᠢᠨ᠎ᠠ᠃

ᠴᠡᠭᠡ ᠵᠢᠨ ᠰᠢᠮ᠎ᠡ ᠲᠡᠵᠢᠭᠡᠯ ᠦᠨᠳᠦᠷ ᠪᠤᠯᠬᠤᠷ ᠬᠦᠮᠦᠨ ᠤ᠋ ᠪᠡᠶ᠎ᠡ ᠶ᠋ᠢᠨ ᠲᠠᠮᠢᠷ ᠲᠡᠡᠭᠭᠡᠭᠡ ᠵᠢ ᠨᠦᠬᠦᠨ ᠤᠯᠠᠨ ᠵᠦᠢᠯ ᠤ᠋ᠨ ᠠᠷᠬᠠᠭ ᠬᠠᠭᠤᠴᠢᠨ ᠢ᠋ ᠠᠷᠢᠯᠭᠠᠳᠠᠭ
《ᠭᠡᠭᠦᠦ ᠪᠠᠷᠢᠭᠰᠠᠨ ᠠᠢᠯ ᠳ᠋ᠦ ᠪᠠᠭᠤᠬᠤ ᠦᠭᠡᠢ ᠦᠡᠭᠭᠡᠷᠡᠳᠡᠭ ᠬᠦᠮᠦᠨ ᠪᠠᠢᠬᠤ ᠦᠭᠡᠢ᠂ ᠪᠠᠭᠤᠭᠰᠠᠨ ᠬᠦᠮᠦᠨ ᠳ᠋ᠦ ᠴᠡᠭᠡ ᠪᠠᠷᠢᠬᠤ ᠦᠭᠡᠢ ᠠᠢᠯ ᠪᠠᠢᠳᠠᠭ ᠦᠭᠡᠢ》 ᠭᠡᠵᠦ ᠠᠷᠠᠳ ᠤ᠋ᠨ ᠦᠭᠡᠨ ᠳ᠋ᠦ ᠶᠠᠷᠢᠳᠠᠭ᠃ ᠬᠦᠮᠦᠰ ᠭᠡᠭᠦᠦ ᠶ᠋ᠢᠨ ᠰᠦ ᠵᠢ ᠠᠰᠢᠭᠯᠠᠭᠠᠳ ᠳᠦᠷᠪᠡ ᠲᠠᠪᠤᠨ ᠮᠢᠡᠭᠭᠠᠨ ᠵᠢᠯ ᠤ᠋ᠨ ᠨᠢᠭᠤᠷ ᠦᠵᠡᠵᠤ ᠪᠤᠢ᠃ ᠭᠡᠭᠦᠦ ᠰᠦ ᠡᠯᠪᠡᠭᠲᠡᠢ ᠪᠦᠭᠡᠳ ᠰᠠᠭᠠᠵᠤ ᠠᠰᠢᠭᠯᠠᠬᠤ ᠳ᠋ᠦ ᠴᠦ᠍ ᠠᠮᠠᠷᠬᠠᠨ ᠪᠠᠢᠵᠤ᠂ ᠵᠢᠯ ᠪᠦᠷᠢ ᠶ᠋ᠢᠨ ᠪᠢᠯᠢᠭ ᠤ᠋ᠨ ᠤᠯᠠᠷᠢᠯ ᠤ᠋ᠨ ᠵᠢᠷᠭᠤᠭᠠᠨ ᠰᠠᠷ᠎ᠠ ᠡᠴᠡ ᠨᠠᠢ᠍ᠮᠠᠨ ᠰᠠᠷ᠎ᠠ ᠪᠤᠯᠲᠠᠯ᠎ᠠ ᠰᠠᠭᠠᠵᠤ᠂ ᠤᠭᠤᠷᠠᠭ᠂ ᠲᠤᠰᠤ᠂ ᠰᠢᠬᠢᠷ᠂ ᠸᠢᠲ᠋ᠠᠮᠢᠨ᠂ ᠡᠷᠦᠳᠡᠰᠦ ᠪᠤᠳᠠᠰ᠂ ᠴᠢᠯᠦᠭᠡᠳᠦ ᠠᠮᠢᠨᠦ᠌ ᠬᠦᠴᠢᠯ᠂ ᠬᠠᠨᠤᠭᠰᠠᠨ ᠬᠠᠨᠤᠭᠠᠳᠤᠢ ᠦᠭᠡᠭᠦᠨ ᠬᠦᠴᠢᠯ ᠡᠯᠪᠡᠭ ᠠᠭᠤᠯᠤᠭᠳᠠᠵᠤ᠂ ᠴᠡᠭᠡ ᠢᠰᠭᠡᠵᠦ ᠤᠤᠭᠤᠬᠤ ᠳ᠋ᠦ ᠮᠠᠰᠢ ᠲᠤᠬᠢᠷᠠᠮᠵᠢᠲᠡᠢ ᠪᠠᠢᠵᠤ᠂ ᠡᠷᠲᠡ ᠳᠡᠭᠡᠳᠦ ᠦᠶ᠎ᠡ ᠡᠴᠡ ᠭᠡᠢᠴᠢᠨ ᠵᠤᠴᠢᠨ ᠶ᠋ᠢᠡᠨ ᠬᠦᠨᠳᠦᠯᠡᠨ ᠳᠠᠢᠯᠠᠬᠤ ᠳᠡᠭᠡᠳᠦ ᠳᠡᠰ ᠤ᠋ᠨ ᠤᠮᠳᠠᠭᠠᠨ ᠪᠤᠯᠤᠭᠰᠠᠭᠠᠷ ᠢᠷᠡᠵᠡᠢ᠃
ᠴᠡᠭᠡ ᠤᠮᠳᠠ ᠬᠠᠷᠢᠭᠤᠯᠵᠤ ᠦᠯ ᠳᠠᠷᠤᠬᠤ ᠪᠡᠷ ᠦᠯᠦ ᠪᠠᠷᠠᠮ ᠪᠡᠶ᠎ᠡ ᠶ᠋ᠢᠨ ᠲᠠᠮᠢᠷ ᠢ᠋ ᠰᠠᠢᠵᠢᠷᠠᠭᠤᠯᠵᠤ᠂ ᠤᠯᠠᠨ ᠵᠦᠢᠯ ᠤ᠋ᠨ ᠡᠪᠡᠳᠴᠢᠨ ᠪᠠ ᠠᠷᠬᠠᠭ ᠬᠡᠮ ᠢ᠋ ᠡᠳ᠋ᠡᠭᠡᠭᠡᠳᠡᠭ ᠴᠢᠳᠠᠯ ᠲᠠᠢ᠃ ᠡᠮᠴᠢᠯᠡᠭᠡ ᠶ᠋ᠢᠨ ᠲᠠᠯ᠎ᠠ ᠪᠡᠷ ᠬᠦᠮᠦᠨ ᠤ᠋ ᠪᠡᠶ᠎ᠡ ᠶ᠋ᠢᠨ ᠠᠭᠤᠰᠬᠢ ᠵᠢ ᠰᠠᠢᠵᠢᠷᠠᠭᠤᠯᠵᠤ᠂ ᠦᠶ᠎ᠡ ᠭᠡᠰᠢᠭᠦᠨ ᠤ᠋ ᠬᠡᠢ ᠵᠢ ᠳᠠᠷᠤᠬᠤ ᠡᠴᠡ ᠭᠠᠳᠠᠨ᠎ᠠ᠂ ᠬᠤᠳᠤᠭᠤᠳᠤ ᠭᠡᠳᠡᠰᠦᠨ ᠤ᠋ ᠡᠪᠡᠳᠴᠢᠨ᠂ ᠵᠢᠷᠤᠬᠡᠨ ᠡᠪᠡᠳᠴᠢᠨ᠂ ᠡᠭᠡᠯᠢᠯᠡᠭᠡ ᠶ᠋ᠢᠨ ᠴᠢᠳᠠᠪᠤᠷᠢ ᠵᠢ ᠳᠡᠭᠡᠭᠰᠢᠯᠡᠬᠦᠯᠬᠦ᠂ ᠴᠢᠰᠤᠨ ᠳᠠᠷᠤᠯᠲᠠ ᠦᠨᠳᠦᠷ ᠵᠡᠷᠭᠡ ᠤᠯᠠᠨ ᠵᠦᠢᠯ ᠤ᠋ᠨ ᠡᠪᠡᠳᠴᠢᠨ ᠳ᠋ᠦ ᠲᠤᠰᠠᠲᠠᠢ᠂ ᠢᠯᠡᠡᠭᠭᠤᠶᠠ ᠠᠭᠤᠰᠬᠢᠨ ᠰᠦᠷᠢᠶ᠎ᠡ ᠡᠪᠡᠳᠴᠢᠨ ᠢ᠋ ᠵᠠᠰᠠᠬᠤ ᠳ᠋ᠦ ᠤᠨᠴᠠ ᠰᠠᠢᠨ ᠪᠠᠢᠵᠤ᠂ ᠮᠠᠨ ᠤ᠋ ᠤᠷᠤᠨ ᠤ᠋ ᠡᠯ᠎ᠡ ᠮᠤᠡᠭᠭᠤᠯ ᠡᠮᠨᠡᠯᠭᠡ ᠶ᠋ᠢᠨ ᠬᠤᠷᠢᠶ᠎ᠠ ᠶ᠋ᠢᠨ ᠴᠡᠭᠡ ᠶ᠋ᠢᠨ ᠵᠠᠰᠠᠯ ᠤ᠋ᠨ ᠡᠮᠴᠢᠯᠡᠭᠡ ᠶ᠋ᠢᠨ ᠳᠤᠮᠳᠠ ᠦᠷᠭᠡᠨ ᠶ᠋ᠢᠡᠷ ᠠᠰᠢᠭᠯᠠᠭᠳᠠᠵᠤ ᠪᠠᠢᠨ᠎ᠠ᠃ ᠤᠨᠴᠠ ᠵᠠᠷᠢᠮ ᠠᠵᠤ ᠠᠬᠤᠢᠯᠠᠯ ᠤ᠋ᠨ ᠬᠢᠨ ᠭᠡᠭᠦᠦ ᠶ᠋ᠢᠨ ᠰᠦ ᠪᠡᠷ ᠤᠯᠠᠮᠵᠢᠯᠠᠯᠲᠤ ᠮᠠᠶᠢᠭ ᠤ᠋ᠨ ᠴᠡᠭᠡ ᠢᠰᠭᠡᠵᠦ ᠪᠠᠢᠬᠤ ᠡᠴᠡ ᠭᠠᠳᠠᠨ᠎ᠠ ᠪᠠᠰᠠ ᠴᠡᠭᠡ ᠶ᠋ᠢᠨ ᠪᠢᠰᠢᠯᠠᠭ᠂ ᠴᠡᠭᠡ ᠶ᠋ᠢᠨ ᠰᠠᠪᠤᠡᠭ᠂ ᠴᠡᠭᠡ ᠶ᠋ᠢᠨ ᠵᠠᠢᠷᠮᠠᠭ ᠵᠡᠷᠭᠡ ᠰᠢᠨ᠎ᠡ ᠮᠠᠶᠢᠭ ᠤ᠋ᠨ ᠪᠦᠲᠦᠭᠡᠭᠳᠡᠭᠦᠨ ᠬᠢᠵᠦ᠂ ᠬᠡᠷᠡᠭᠯᠡᠭᠴᠢᠳ ᠤ᠋ᠨ ᠬᠦᠷᠢᠶᠡᠯᠡᠯ ᠢ᠋ ᠤᠯᠵᠤ ᠪᠠᠢᠨ᠎ᠠ᠃
ᠠᠪᠠᠭ᠎ᠠ ᠬᠤᠰᠢᠭᠤ ᠪᠤᠯ 《ᠳᠤᠮᠳᠠᠳᠤ ᠤᠯᠤᠰ ᠤ᠋ᠨ ᠴᠡᠭᠡ ᠶ᠋ᠢᠨ ᠨᠤᠲᠤᠭ》 ᠪᠠᠢᠵᠤ᠂ ᠭᠡᠭᠦᠦ ᠶ᠋ᠢᠨ ᠰᠦ ᠵᠢ ᠢᠰᠭᠡᠵᠦ ᠠᠢᠷᠠᠭ ᠴᠡᠭᠡ ᠪᠤᠯᠪᠠᠰᠤᠷᠠᠭᠤᠯᠳᠠᠭ ᠠᠢᠯ ᠵᠦᠡᠭᠳᠡᠭᠡᠨ ᠪᠠᠢᠵᠤ᠂ ᠴᠡᠭᠡ ᠪᠠᠨ ᠵᠠᠬ᠎ᠠ ᠳᠡᠯᠭᠡᠭᠦᠷ ᠲᠦ᠍ ᠭᠠᠷᠭᠠᠵᠤ ᠶᠠᠪᠤᠭ᠎ᠠ ᠮᠠᠯᠴᠢᠨ ᠠᠢᠯ ᠤᠯᠠᠮ ᠶ᠋ᠢᠡᠷ ᠤᠯᠠᠨ ᠪᠤᠯᠪᠠ᠃ ᠠᠪᠠᠭ᠎ᠠ ᠬᠤᠰᠢᠭᠤᠨᠤ ᠬᠤᠡᠭᠭᠤᠷᠭᠤᠤᠯ ᠪᠠᠯᠭᠠᠰᠤᠨ ᠤ᠋ ᠠᠯᠲᠠᠨᠳ᠋ᠦ᠋ᠭᠦᠷᠢᠭ ᠭᠠᠴᠠᠭᠠᠨ ᠤ᠋ ᠮᠠᠯᠴᠢᠨ ᠪᠠᠷᠢᠴᠡᠴᠡᠭ ᠤ᠋ᠨ ᠬᠢ 2012 ᠤᠨ ᠡᠴᠡ ᠡᠬᠢᠯᠡᠵᠤ ᠠᠳᠤᠭᠤ ᠮᠠᠯᠵᠢᠬᠤ ᠪᠡᠷ ᠭᠤᠤᠯᠯᠠᠨ᠂ ᠭᠡᠭᠦᠦ ᠰᠠᠭᠠᠵᠤ ᠴᠡᠭᠡ ᠢᠰᠭᠡᠨ᠂ ᠬᠦᠬᠡᠬᠤᠲᠠᠳᠤ ᠪᠤᠷᠤᠯᠠᠭᠤᠯᠵᠤ ᠡᠬᠢᠯᠡᠵᠡᠢ᠃ ᠤᠢᠷ᠎ᠡ ᠶ᠋ᠢᠨ ᠵᠢᠯ ᠡᠴᠡ ᠨᠠᠭᠠᠰᠢ ᠭᠡᠷᠡᠭᠯᠡᠭᠴᠢᠳ ᠠᠭᠠᠵᠢᠮ ᠶ᠋ᠢᠡᠷ ᠴᠡᠭᠡ ᠶ᠋ᠢᠨ ᠡᠮᠴᠢᠯᠡᠭᠡᠨ ᠤ᠋ ᠠᠴᠢ ᠲᠤᠰᠠ ᠵᠢ ᠮᠡᠳᠡᠷᠡᠵᠤ᠂ ᠴᠡᠭᠡ ᠤᠤᠭᠤᠬᠤ ᠬᠦᠮᠦᠨ ᠤᠯᠠᠰᠢᠷᠠᠬᠤ ᠵᠢ ᠳᠠᠭᠠᠯᠳᠤᠨ᠂ 2020 ᠤᠨ ᠪᠤᠯᠬᠤ ᠳ᠋ᠦ ᠦᠪᠡᠷ ᠤ᠋ᠨ ᠲᠠᠸᠠᠷ ᠤ᠋ᠨ ᠲᠡᠮᠲᠡᠭ ᠶ᠋ᠢᠡᠨ ᠳᠠᠡᠭᠰᠠᠯᠠᠭᠤᠯᠵᠤ᠂ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠪᠠᠢᠭᠤᠯᠤᠨ᠂ ᠵᠠᠬ᠎ᠠ ᠳᠡᠯᠭᠡᠭᠦᠷ ᠲᠦ᠍ ᠦᠪᠡᠷ ᠤ᠋ᠨ ᠱᠤᠰᠢᠭ᠎ᠠ ᠲᠡᠮᠲᠡᠭ ᠲᠠᠢ ᠪᠤᠷᠤᠯᠠᠭᠤᠯᠵᠤ ᠡᠬᠢᠯᠡᠨ᠂ ᠤᠳᠤ ᠬᠦᠬᠡᠬᠤᠲᠠ ᠶ᠋ᠢᠨ 30 ᠭᠠᠷᠤᠢ ᠴᠠᠭᠠᠨ ᠢᠳᠡᠭᠡᠨ ᠤ᠋ ᠳᠡᠯᠭᠡᠭᠦᠷ᠂ 20 ᠭᠠᠷᠤᠢ ᠬᠤᠭᠤᠯᠠᠨ ᠭᠡᠷ ᠲᠠᠢ ᠬᠠᠮᠲᠤᠷᠠᠯᠴᠠᠨ᠂ ᠤᠷᠤᠨ ᠤ᠋ ᠭᠠᠳᠠᠨᠠᠬᠢ ᠬᠡᠳᠦᠨ ᠡᠮᠴᠢᠯᠡᠭᠡᠨ ᠤ᠋ ᠪᠠᠢᠭᠤᠯᠤᠮᠵᠢ ᠶ᠋ᠢᠨ ᠴᠡᠭᠡ ᠶ᠋ᠢᠨ ᠵᠠᠰᠠᠯ ᠳ᠋ᠦ ᠬᠡᠷᠡᠭᠯᠡᠬᠦ ᠴᠡᠭᠡ ᠵᠢ ᠲᠤᠭᠲᠠᠮᠠᠯ ᠬᠠᠡᠭᠭᠠᠵᠤ᠂ 2025 ᠤᠨ ᠳ᠋ᠦ 50 ᠭᠡᠭᠦᠦ ᠰᠠᠭᠠᠵᠤ᠂ 40 ᠲᠦᠮᠡᠨ ᠲᠦᠭᠦᠷᠢᠭ ᠤ᠋ᠨ ᠴᠡᠪᠡᠷ ᠤᠷᠤᠯᠭ᠎ᠠ ᠡᠭᠦᠳᠴᠡᠢ᠃
ᠦᠪᠦᠷ ᠮᠤᠩᠭᠤᠯᠳᠤ ᠣᠲᠣ 559 ᠮᠠᠯᠵᠢᠬᠤ ᠡᠷᠦᠬᠡ ᠭᠡᠭᠦᠦ ᠰᠠᠭᠠᠵᠤ᠂ ᠨᠡᠢᠲᠡ ᠬᠡᠭᠦᠦ ᠶ᠋ᠢᠨ ᠲᠤᠭ᠎ᠠ ᠲᠤᠯᠤᠭᠠᠢ 2.3 ᠲᠦᠮᠡ ᠳ᠋ᠦ ᠬᠦᠷᠴᠦ᠂ ᠵᠢᠯᠳᠤᠮᠳᠠᠴᠢ ᠪᠡᠷ 8128 ᠲᠣᠨ ᠰᠢᠨ᠎ᠡ ᠰᠤᠷᠭᠤᠭ ᠭᠡᠭᠦᠦ ᠶ᠋ᠢᠨ ᠰᠦ᠂ 5469 ᠲᠣᠨ ᠴᠡᠭᠡ ᠦᠢᠯᠡᠳᠪᠦᠷᠢᠯᠡᠵᠦ᠍᠂ ᠦᠢᠯᠡᠳᠭᠦᠨ ᠤ᠋ ᠦᠷᠳᠡᠭ ᠨᠢ ᠪᠦᠷ 2 ᠳ᠋ᠦᠩᠱᠢᠭᠤᠷ ᠲᠥᠭᠥᠷᠢᠭ ᠢ᠋ ᠳᠠᠪᠠᠵᠤ᠂ ᠪᠤᠰᠤᠳ ᠭᠡᠭᠦᠦ ᠶ᠋ᠢᠨ ᠰᠦ ᠶ᠋ᠢᠨ ᠪᠦᠲᠦᠭᠡᠭᠳᠡᠭᠦᠨ ᠢ᠋ 288 ᠳᠤᠨ ᠦᠢᠯᠡᠳᠪᠦᠷᠢᠯᠡᠵᠦ᠂ ᠦᠢᠯᠡᠳᠬᠦᠨ ᠤ᠋ ᠦᠷᠳᠡᠭ ᠨᠢ 0.2 ᠳ᠋ᠦᠩᠱᠢᠭᠤᠷ ᠲᠥᠭᠥᠷᠢᠭᠲᠦ ᠬᠦᠷᠴᠦ ᠪᠤᠢ᠃ ᠪᠠᠷᠢᠮᠵᠢᠶᠠᠵᠢᠭ᠍ᠰᠠᠨ ᠴᠡᠭᠡ ᠢᠰᠭᠡᠬᠦ ᠦᠢᠯᠡᠳᠪᠦᠷᠢ 64 ᠪᠠᠢᠵᠤ᠂ ᠡᠭᠦᠨᠳᠦ 45 ᠡᠷᠦᠬᠡ ᠨᠢ ᠭᠠᠷ ᠦᠢᠯᠡᠳᠭᠡᠯ ᠤ᠋ᠨ ᠭᠠᠵᠠᠷ ᠤ᠋ᠨ ᠦᠨᠡᠮᠯᠡᠯ ᠤᠯᠵᠤ᠂ 3 ᠲᠠᠸᠠᠷᠤᠨ ᠲᠡᠮᠳᠡᠭ ᠳᠠᠡᠭᠰᠠᠯᠠᠭᠤᠯᠵᠤ᠂ ᠪᠦᠬᠦ᠌ ᠤᠯᠤᠰ ᠤ᠋ᠨ ᠨᠡᠷᠡᠲᠦ ᠤᠨᠴᠠᠯᠢᠭᠲᠦ ᠤᠬᠢ ᠰᠢᠨ᠎ᠡ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠭᠦᠨ ᠤ᠋ ᠨᠡᠷᠡᠰ ᠤ᠋ᠨ ᠵᠢᠭᠰᠠᠭᠠᠯᠲᠠ ᠳ᠋ᠦ 7 ᠤᠷᠤᠵᠤ᠂ ᠠᠪᠠᠭ᠎ᠠ ᠬᠣᠱᠢᠭᠤ᠂ ᠪᠠᠷᠠᠭᠤᠨ ᠦᠵᠦᠮᠦᠴᠢᠨ ᠬᠣᠱᠢᠭᠤ᠂ ᠱᠢᠯᠢᠩᠬᠣᠲᠠ ᠪᠣᠯᠤᠨ ᠣᠲᠣᠭ ᠬᠣᠱᠢᠭᠤ ᠬᠡᠭᠦᠦ ᠶ᠋ᠢᠨ ᠰᠦ ᠶ᠋ᠢᠨ ᠪᠦᠲᠦᠭᠡᠭ᠌ᠳᠡᠬᠦᠨᠢ ᠨᠡᠭᠡᠭᠡᠨ ᠠᠱᠢᠭ᠍ᠯᠠᠵᠤ ᠬᠡᠪᠴᠢᠶᠡᠵᠢᠭᠦᠯᠦᠨ ᠬᠦᠭᠵᠢᠭᠦᠯᠬᠦ ᠱᠠᠲᠤᠨ ᠳ᠋ᠦ ᠤᠷᠤᠭᠰᠠᠨ ᠪᠠᠢᠨ᠎ᠠ᠃

ᠭᠡᠭᠡᠯ ᠲᠠᠢ ᠭᠡᠭᠦᠦ ᠶ᠋ᠢᠨ ᠰᠢᠭᠡᠰᠦ ᠡᠴᠡ ᠢᠯᠭᠠᠷᠠᠭᠤᠯᠵᠤ ᠭᠠᠷᠭᠠᠭᠰᠠᠨ ᠪᠠᠢᠭᠠᠯᠢ ᠶ᠋ᠢᠨ ᠡᠮ᠎ᠡ ᠬᠤᠷᠮᠤᠨ ᠵᠡᠷᠭᠡ ᠥᠨᠳᠥᠷ ᠨᠡᠮᠡᠯᠲᠡ ᠥᠷᠲᠡᠭᠪᠦᠬᠦᠢ ᠠᠮᠢᠳᠤ ᠪᠣᠳᠠᠰᠤᠨ ᠪᠦᠷᠢᠯᠳᠦᠬᠦᠨᠨᠢ ᠡᠮ ᠡᠮᠨᠡᠯᠭᠡ ᠡᠷᠡᠭᠦᠯᠵᠢᠯ ᠰᠤᠪᠢᠯᠠᠯᠲᠠᠶ᠋ᠢᠨ ᠬᠦᠷᠢᠶᠡᠨᠳᠦ ᠥᠷᠭᠡᠨᠢᠶᠡᠷ ᠬᠡᠷᠡᠭᠯᠡᠭᠳᠡᠵᠦ ᠪᠤᠢ
ᠰᠢᠨ᠎ᠡ ᠵᠢ ᠡᠭᠦᠳᠬᠦ ᠪᠤᠯ ᠠᠮᠢᠳᠤ ᠪᠤᠳᠠᠰ ᠤ᠋ᠨ ᠠᠳᠤᠭᠤᠨ ᠤ᠋ ᠠᠵᠤ ᠦᠢᠯᠡᠰ ᠤ᠋ᠨ ᠤᠷᠤᠭᠰᠢᠯᠡᠨ ᠳᠠᠪᠰᠢᠬᠤ ᠬᠦᠳᠡᠯᠭᠡᠬᠦ ᠬᠦᠴᠦᠨ ᠮᠦᠨ᠃ ᠤᠢᠷ᠎ᠡ ᠶ᠋ᠢᠨ ᠵᠢᠯ ᠡᠴᠡ ᠰᠢᠯᠢ ᠶ᠋ᠢᠨ ᠭᠤᠤᠯ ᠠᠢᠮᠠᠭ ᠶ᠋ᠢᠡᠷ ᠭᠤᠤᠯ ᠪᠤᠯᠭᠠᠭᠰᠠᠨ ᠠᠢᠮᠠᠭ ᠬᠤᠲᠠ ᠬᠤᠰᠢᠭᠤ ᠰᠢᠶᠠᠨ ᠠᠳᠤᠭᠤᠨ ᠤ᠋ ᠠᠵᠤ ᠦᠢᠯᠡᠰ ᠤ᠋ᠨ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠰᠠᠭᠤᠷᠢᠯᠠᠨ᠂ ᠭᠡᠭᠡᠯ ᠲᠠᠢ ᠭᠡᠭᠦᠦ ᠶ᠋ᠢᠨ ᠰᠢᠭᠡᠰᠦ ᠵᠢ ᠪᠤᠷᠤᠯᠠᠭᠤᠯᠵᠤ ᠮᠠᠯᠴᠢᠳ ᠤ᠋ᠨ ᠶ᠋ᠢᠡᠨ ᠤᠷᠤᠯᠭ᠎ᠠ ᠵᠢ ᠨᠡᠮᠡᠭᠳᠡᠭᠦᠯᠬᠦ ᠠᠷᠭ᠎ᠠ ᠵᠠᠮ ᠢ᠋ ᠦᠷᠭᠡᠳᠭᠡᠵᠦ ᠪᠠᠢᠨ᠎ᠠ᠃ ᠭᠡᠭᠡᠯ ᠲᠠᠢ ᠭᠡᠭᠦᠦ ᠶ᠋ᠢᠨ ᠰᠢᠭᠡᠰᠦ ᠡᠴᠡ ᠢᠯᠭᠠᠷᠠᠭᠤᠯᠵᠤ ᠭᠠᠷᠭᠠᠭᠰᠠᠨ ᠪᠠᠢᠭᠠᠯᠢ ᠶ᠋ᠢᠨ ᠡᠮ᠎ᠡ ᠬᠤᠷᠮᠤᠨ ᠵᠡᠷᠭᠡ ᠥᠨᠳᠥᠷ ᠨᠡᠮᠡᠯᠲᠡ ᠥᠷᠲᠡᠭᠪᠦᠬᠦᠢ ᠠᠮᠢᠳᠤ ᠪᠣᠳᠠᠰᠤᠨ ᠪᠦᠷᠢᠯᠳᠦᠬᠦᠨᠨᠢ ᠡᠮ ᠡᠮᠨᠡᠯᠭᠡ᠂ ᠡᠷᠡᠭᠦᠯᠵᠢᠯ ᠰᠤᠪᠢᠯᠠᠯᠲᠠᠶ᠋ᠢᠨ ᠬᠦᠷᠢᠶᠡᠨᠳᠦ ᠥᠷᠭᠡᠨᠢᠶᠡᠷ ᠬᠡᠷᠡᠭᠯᠡᠭᠳᠡᠵᠦ᠂ ᠤᠯᠠᠮᠵᠢᠯᠠᠯᠲᠤ ᠮᠠᠯ ᠠᠵᠤ ᠠᠬᠤᠶ ᠬᠢᠭᠡᠳ ᠣᠲᠣ ᠦᠶᠡᠶ᠋ᠢᠨ ᠠᠮᠢᠳᠤ ᠪᠣᠳᠠᠰᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠭᠦᠨᠵᠡᠭᠡᠶ ᠠᠭᠤᠰᠤᠯᠴᠠᠯᠢ ᠪᠡᠶᠡᠯᠡᠭᠦᠯᠪᠡ᠃
ᠰᠢᠯᠢᠡᠭᠬᠤᠲᠠ ᠶ᠋ᠢᠨ ᠪᠠᠶᠠᠨᠰᠢᠯᠢ ᠮᠠᠯᠵᠢᠯ ᠤ᠋ᠨ ᠲᠠᠯᠠᠪᠠᠢ ᠶ᠋ᠢᠨ ᠬᠤᠡᠭᠭᠤᠷᠱᠤᠤᠲᠤ ᠬᠤᠪᠢᠶᠠᠷᠢ ᠲᠠᠯᠠᠪᠠᠢ ᠶ᠋ᠢᠨ ᠮᠠᠯᠴᠢᠨ ᠠᠯᠲᠠᠨᠬᠤᠸᠠᠷ ᠤ᠋ᠨ ᠬᠢᠨ 2024 ᠤᠨ ᠡᠴᠡ ᠡᠬᠢᠯᠡᠵᠦ ᠭᠡᠭᠡᠯ ᠲᠠᠢ ᠭᠡᠭᠦᠦ ᠶ᠋ᠢᠨ ᠰᠢᠭᠡᠰᠦ ᠵᠢ ᠲᠤᠰᠴᠤ᠂ ᠤᠷᠤᠯᠭ᠎ᠠ ᠪᠠᠨ ᠨᠡᠮᠡᠭᠳᠡᠭᠦᠯᠵᠦ ᠠᠮᠢᠳᠤᠷᠠᠯ ᠶ᠋ᠢᠡᠨ ᠦᠭᠡᠳᠡᠯᠡᠭᠦᠯᠵᠦ ᠪᠤᠢ᠃ 《2025 ᠤᠨ ᠳ᠋ᠦ ᠮᠠᠨᠠᠢᠬᠢᠨ 10 ᠰᠠᠷ᠎ᠠ ᠶ᠋ᠢᠨ ᠰᠡᠭᠦᠯᠴᠢ ᠡᠴᠡ ᠡᠬᠢᠯᠡᠵᠦ ᠨᠢᠭᠡ ᠭᠡᠭᠦᠦ ᠡᠴᠡ ᠡᠳᠦᠷ ᠤ᠋ᠨ 12 — 14 ᠵᠢᠡᠭ ᠰᠢᠭᠡᠰᠦ ᠲᠤᠰᠴᠤ᠂ 70 ᠲᠦᠭᠦᠷᠢᠭ ᠰᠢᠬᠠᠮ ᠤᠷᠤᠯᠭ᠎ᠠ ᠡᠭᠦᠳᠴᠦ᠂ ᠤᠳᠤᠬᠠᠨ ᠳ᠋ᠠᠭᠠᠨ 15 ᠭᠡᠭᠦᠦ ᠶ᠋ᠢᠨ ᠰᠢᠭᠡᠰᠦ ᠵᠢ ᠲᠤᠰᠴᠤ ᠪᠤᠷᠤᠯᠠᠭᠤᠯᠵᠤ ᠪᠠᠢᠨ᠎ᠠ》 ᠭᠡᠵᠦ ᠠᠯᠲᠠᠨᠬᠤᠸᠠᠷ ᠭᠡᠯᠡᠵᠦ ᠪᠠᠢᠯ᠎ᠠ᠃
ᠰᠢᠯᠢ ᠶ᠋ᠢᠨ ᠭᠤᠤᠯ ᠠᠢᠮᠠᠭ ᠲᠦ᠍ ᠠᠯᠲᠠᠨᠬᠤᠸᠠᠷ ᠰᠢᠤᠬᠠᠨ ᠭᠡᠭᠡᠯ ᠲᠠᠢ ᠭᠡᠭᠦᠦ ᠶ᠋ᠢᠨ ᠰᠢᠭᠡᠰᠦ ᠵᠢ ᠲᠤᠰᠴᠤ ᠤᠷᠤᠯᠭ᠎ᠠ ᠪᠠᠨ ᠨᠡᠮᠡᠭᠳᠡᠭᠦᠯᠵᠦ ᠶᠠᠪᠤᠭ᠎ᠠ ᠮᠠᠯᠴᠢᠨ ᠠᠢᠯ ᠴᠦᠬᠡᠨ ᠪᠤᠰᠤ ᠪᠤᠢ᠃ ᠰᠢᠯᠢ ᠶ᠋ᠢᠨ ᠭᠤᠤᠯ ᠠᠢᠮᠠᠭ 2023 ᠤᠨ ᠡᠴᠡ ᠴᠡᠭᠡ ᠶ᠋ᠢᠨ ᠠᠵᠤ ᠦᠢᠯᠡᠰ ᠤ᠋ᠨ ᠶ᠋ᠢᠡᠨ ᠰᠠᠭᠤᠷᠢᠨ ᠳᠡᠭᠡᠷ᠎ᠡ ᠭᠡᠭᠡᠯ ᠲᠠᠢ ᠭᠡᠭᠦᠦ ᠶ᠋ᠢᠨ ᠰᠢᠭᠡᠰᠦ ᠵᠢ ᠬᠤᠷᠢᠶᠠᠵᠤ ᠡᠮ ᠦᠢᠯᠡᠳᠪᠦᠷᠢᠯᠡᠬᠦ ᠠᠵᠤ ᠦᠢᠯᠡᠰ ᠢ᠋ ᠭᠦᠭᠵᠢᠭᠦᠯᠵᠦ᠂ ᠮᠠᠯᠴᠢᠳ ᠤ᠋ᠨ ᠶ᠋ᠢᠡᠨ ᠤᠷᠤᠯᠭ᠎ᠠ ᠵᠢ ᠨᠡᠮᠡᠭᠳᠡᠭᠦᠯᠬᠦ ᠪᠡᠷ ᠰᠢᠨᠵᠢᠶᠠᠡᠭ ᠵᠡᠷᠭᠡ ᠠᠳᠤᠭᠤᠨ ᠤ᠋ ᠠᠵᠤ ᠦᠢᠯᠡᠰ ᠢ᠋ ᠦᠷᠨᠢᠡᠭᠭᠦᠢ ᠬᠦᠭᠵᠢᠭᠦᠯᠵᠦ ᠪᠠᠢᠭ᠎ᠠ ᠪᠤᠰᠤᠳ ᠭᠠᠵᠠᠷ ᠤᠷᠤᠨ ᠶ᠋ᠢᠡᠷ ᠪᠠᠢᠴᠠᠭᠠᠯᠲᠠ ᠰᠤᠳᠤᠯᠤᠨ ᠬᠢᠵᠦ ᠲᠤᠷᠰᠢᠯᠭ᠎ᠠ ᠬᠤᠷᠠᠮᠳᠤᠭᠤᠯᠵᠤ᠂ ᠨᠠᠨᠵᠢᠡᠭ ᠬᠤᠲᠠ ᠡᠴᠡ ᠭᠡᠭᠡᠯ ᠲᠠᠢ ᠭᠡᠭᠦᠦ ᠶ᠋ᠢᠨ ᠰᠢᠭᠡᠰᠦ ᠪᠡᠷ ᠡᠮ ᠦᠢᠯᠡᠳᠪᠦᠷᠢᠯᠡᠬᠦ ᠲᠤᠮᠤ ᠠᠵᠤ ᠠᠬᠤᠢᠯᠠᠯ ᠢ᠋ ᠤᠷᠤᠭᠤᠯᠤᠨ ᠠᠪᠴᠢᠷᠠᠪᠠ᠃
《ᠤᠳᠤᠬᠠᠨ ᠳ᠋ᠦ ᠰᠢᠯᠢᠡᠭᠬᠤᠲᠠ᠂ ᠠᠪᠠᠭ᠎ᠠ᠂ ᠵᠡᠭᠦᠨ ᠦᠵᠦᠮᠦᠴᠢᠨ᠂ ᠪᠠᠷᠠᠭᠤᠨ ᠦᠵᠦᠮᠦᠴᠢᠨ ᠤ᠋ 13 ᠮᠠᠯᠵᠢᠬᠤ ᠡᠷᠦᠬᠡ 500 ᠭᠠᠷᠤᠢ ᠭᠡᠭᠡᠯ ᠲᠠᠢ ᠭᠡᠭᠦᠦ ᠶ᠋ᠢᠨ ᠰᠢᠭᠡᠰᠦ ᠵᠢ ᠲᠤᠰᠤᠨ ᠬᠤᠷᠢᠶᠠᠵᠤ᠂ ᠵᠢᠡᠭ ᠪᠦᠷᠢ ᠳ᠋ᠡᠭᠡᠨ 5 ᠲᠦᠭᠦᠷᠢᠭ ᠶ᠋ᠢᠡᠷ ᠠᠵᠤ ᠠᠬᠤᠢᠯᠠᠯ ᠳ᠋ᠦ ᠪᠤᠷᠤᠯᠠᠭᠤᠯᠵᠤ᠂ 2025 ᠤᠨ ᠳ᠋ᠦ 52 ᠲᠦᠮᠡᠨ ᠲᠦᠭᠦᠷᠢᠭ ᠤ᠋ᠨ ᠤᠷᠤᠯᠭ᠎ᠠ ᠡᠭᠦᠳᠪᠡ᠃ ᠡᠨᠡ ᠵᠢᠯ ᠪᠢᠳᠡ ᠪᠠᠰᠠ ᠠᠳᠤᠭᠤᠨ ᠤ᠋ ᠠᠵᠤ ᠦᠢᠯᠡᠰ ᠢ᠋ ᠬᠦᠭᠵᠢᠭᠦᠯᠬᠦ ᠲᠠᠯ᠎ᠠ ᠪᠡᠷ ᠲᠤᠬᠢᠲᠠᠢ ᠲᠦᠷᠦ ᠶ᠋ᠢᠨ ᠪᠤᠳᠤᠯᠭ᠎ᠠ ᠲᠤᠭᠲᠠᠭᠠᠵᠤ᠂ ᠭᠡᠭᠡᠯ ᠲᠠᠢ ᠭᠡᠭᠦᠦ ᠶ᠋ᠢᠨ ᠰᠢᠭᠡᠰᠦ ᠵᠢ ᠲᠤᠰᠴᠤ ᠬᠤᠷᠢᠶᠠᠬᠤ ᠬᠡᠪᠴᠢᠶ᠎ᠡ ᠵᠢ ᠤᠯᠠᠮ ᠨᠢᠭᠡ ᠠᠯᠬᠤᠮ ᠦᠷᠭᠡᠳᠭᠡᠵᠦ᠂ ᠨᠡᠡᠭ ᠤᠯᠠᠨ ᠮᠠᠯᠴᠢᠳ ᠤ᠋ᠨ ᠤᠷᠤᠯᠭ᠎ᠠ ᠵᠢ ᠨᠡᠮᠡᠭᠳᠡᠭᠦᠯᠦᠨ᠎ᠡ》 ᠭᠡᠵᠦ ᠰᠢᠯᠢ ᠶ᠋ᠢᠨ ᠭᠤᠤᠯ ᠠᠢᠮᠠᠭ ᠤ᠋ᠨ ᠮᠠᠯ ᠠᠵᠤ ᠠᠬᠤᠢ ᠶ᠋ᠢᠨ ᠠᠵᠢᠯᠯᠠᠬᠤ ᠦᠷᠲᠡᠭᠡᠨ ᠤ᠋ ᠳᠠᠷᠤᠭ᠎ᠠ ᠡᠷᠳᠡᠨᠢᠪᠠᠶᠠᠷ ᠶᠠᠷᠢᠵᠤ ᠪᠠᠢᠯ᠎ᠠ᠃

ᠬᠡᠭᠡᠯ ᠲᠠᠢ ᠭᠡᠬᠦᠦ ᠶ᠋ᠢᠨ ᠴᠢᠰᠤᠨ ᠴᠠᠢᠪᠠᠩ ᠨᠢ ᠬᠥᠮᠦᠨ ᠲᠥᠷᠥᠯᠬᠢᠲᠡᠨᠦ ᠬᠦᠪᠦᠷᠡᠯ ᠤ᠋ᠨ ᠠᠨᠠᠭᠠᠬᠤ ᠤᠬᠠᠭᠠᠨ
ᠠᠮᠢᠲᠠᠨᠤ ᠬᠦᠪᠦᠷᠡᠯᠦᠨ ᠢᠨᠵᠧᠨᠧᠷᠢᠩ ᠵᠡᠷᠭᠡ ᠬᠦᠷᠢᠶᠡᠨᠳᠦ ᠣᠷᠣᠯᠠᠭᠤᠯᠵᠤ ᠪᠣᠯᠤᠰᠢ ᠥᠬᠡᠶ ᠴᠢᠬᠤᠯᠠ ᠦᠢᠯᠡᠳᠦᠯ ᠲᠠᠢ
ᠪᠤᠭᠤᠳᠤ ᠬᠤᠲᠠ ᠶ᠋ᠢᠨ ᠮᠸᠡᠭ ᠵᠢᠶᠦ᠋ᠨ ᠮᠠ ᠮᠠᠯ ᠠᠵᠤ ᠠᠬᠤᠢ ᠲᠠᠷᠢᠶᠠᠯᠠᠡᠭ ᠤ᠋ᠨ ᠠᠮᠢᠳᠤ ᠪᠤᠳᠠᠰ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠳᠤ ᠺᠤᠮᠫᠠᠨᠢ ᠪᠤᠭᠤᠳᠤ ᠬᠤᠲᠠ ᠶ᠋ᠢᠨ ᠰᠠᠢᠬᠠᠨᠲᠠᠯᠠ ᠬᠤᠲᠠ ᠶ᠋ᠢᠨ ᠳᠤᠮᠳᠠᠬᠢ ᠲᠠᠯ᠎ᠠ ᠨᠤᠲᠤᠭ ᠲᠦ᠍ ᠠᠵᠢᠨᠠᠢ ᠬᠦᠯᠦᠭ ᠶ᠋ᠢᠡᠨ ᠳᠠᠪᠬᠢᠭᠤᠯᠵᠤ᠂ ᠵᠢᠭᠤᠯᠴᠢᠯᠠᠭᠰᠠᠳ ᠤ᠋ᠨ ᠪᠠᠬᠠᠷᠬᠠᠯ ᠢ᠋ ᠲᠠᠲᠠᠬᠤ ᠶ᠋ᠢᠨ ᠬᠠᠮᠲᠤ᠂ ᠠᠮᠢᠳᠤ ᠪᠤᠳᠠᠰ ᠤ᠋ᠨ ᠮᠡᠷᠭᠡᠵᠢᠯ ᠶ᠋ᠢᠡᠷ ᠮᠤᠡᠭᠭᠤᠯ ᠠᠳᠤᠭᠤᠨ ᠤ᠋ ᠴᠢᠰᠤ᠂ ᠰᠢᠭᠡᠰᠦ ᠶ᠋ᠢᠨ ᠪᠦᠲᠦᠭᠡᠭᠳᠡᠭᠦᠨ ᠢ᠋ ᠰᠤᠳᠤᠯᠤᠨ ᠦᠢᠯᠡᠳᠴᠦ᠂ ᠠᠮᠢᠳᠤ ᠪᠤᠳᠠᠰ ᠤ᠋ᠨ ᠠᠳᠤᠭᠤᠨ ᠤ᠋ ᠠᠵᠤ ᠦᠢᠯᠡᠰ ᠢ᠋ ᠬᠦᠭᠵᠢᠭᠦᠯᠦᠨ᠂ 《ᠮᠸᠡᠭ ᠵᠢᠶᠦ᠋ᠨ ᠮᠠ》 ᠲᠦᠷᠦᠯ ᠲᠡᠮᠲᠡᠭ ᠢ᠋ ᠡᠭᠦᠳᠴᠦ᠂ ᠲᠦᠷᠦᠯ ᠲᠡᠮᠲᠡᠭ ᠤ᠋ᠨ ᠦᠷᠳᠡᠭ ᠨᠢ ᠤᠳᠤ 5 ᠳ᠋ᠦ᠋ᠡᠭᠰᠢᠭᠤᠷ ᠲᠦᠭᠦᠷᠢᠭ ᠢ᠋ ᠳᠠᠪᠠᠵᠤ ᠪᠤᠢ᠃
《ᠦᠡᠭᠭᠡᠷᠡᠭᠰᠡᠨ ᠳ᠋ᠦ ᠠᠳᠤᠭᠤᠨ ᠤ᠋ ᠴᠢᠰᠤᠨ ᠴᠠᠢᠪᠠᠡᠭ ᠢ᠋ ᠪᠦᠷ ᠲᠦᠬᠦᠭᠡᠢ ᠮᠠᠲᠸᠷᠢᠶᠠᠯ ᠤ᠋ᠨ ᠬᠡᠯᠪᠡᠷᠢ ᠪᠡᠷ ᠵᠸᠵᠢᠶᠠᠡᠭ ᠵᠡᠷᠭᠡ ᠪᠤᠰᠤᠳ ᠭᠠᠵᠠᠷ ᠤ᠋ᠨ ᠠᠵᠤ ᠠᠬᠤᠢᠯᠠᠯ ᠳ᠋ᠦ ᠬᠤᠳᠠᠯᠳᠤᠵᠤ᠂ ᠲᠡᠨᠳᠡᠬᠢ ᠠᠵᠤ ᠠᠬᠤᠢᠯᠠᠯ ᠤ᠋ᠨ ᠬᠢᠨ ᠨᠠᠷᠢᠯᠢᠭ ᠪᠤᠯᠪᠠᠰᠤᠷᠠᠭᠤᠯᠤᠭᠰᠠᠨ ᠤ᠋ ᠳᠠᠷᠠᠭ᠎ᠠ 4 ᠳᠠᠬᠢᠨ ᠦᠨᠡᠲᠡᠢ ᠪᠡᠷ ᠭᠠᠳᠠᠭᠰᠢ ᠪᠤᠷᠤᠯᠠᠭᠤᠯᠳᠠᠭ᠃ ᠮᠠᠨ ᠤ᠋ ᠺᠤᠮᠫᠠᠨᠢ ᠮᠤᠡᠭᠭᠤᠯ ᠠᠳᠤᠭᠤ ᠪᠡᠷ ᠠᠴᠢᠶᠠᠯᠠᠪᠤᠷᠢ ᠪᠤᠯᠭᠠᠵᠤ᠂ ᠬᠡᠭᠡᠯ ᠲᠠᠢ ᠬᠡᠭᠦᠦ ᠶ᠋ᠢᠨ ᠴᠢᠰᠤᠨ ᠴᠠᠢᠪᠠᠡᠭ ᠤ᠋ᠨ PMSG ᠪᠡᠯᠭᠡ ᠶ᠋ᠢᠨ ᠪᠤᠯᠴᠢᠷᠬᠠᠢ ᠵᠢ ᠠᠬᠢᠭᠤᠯᠬᠤ ᠬᠤᠷᠮᠤᠨ ᠤ᠋ ᠠᠮᠢᠳᠤ ᠪᠤᠳᠠᠰ ᠤ᠋ᠨ ᠪᠦᠲᠦᠭᠡᠭᠳᠡᠭᠦᠨ ᠵᠡᠷᠭᠡ ᠵᠢ ᠰᠤᠳᠤᠯᠤᠨ ᠦᠢᠯᠡᠳᠪᠦᠷᠢᠯᠡᠵᠦ᠂ ᠬᠡᠭᠦᠦ ᠨᠢᠭᠡᠪᠦᠷᠢ ᠵᠢᠨ ᠵᠢᠯ ᠤ᠋ᠨ ᠠᠰᠢᠭ ᠤᠷᠤᠯᠭ᠎ᠠ ᠵᠢ 1.5 ᠲᠦᠮᠡᠨ ᠲᠦᠬᠦᠷᠢᠭ ᠲᠦ᠍ ᠬᠦᠷᠭᠡᠵᠦ ᠪᠠᠢᠨ᠎ᠠ》 ᠭᠡᠵᠦ ᠮᠸᠡᠭ ᠵᠢᠶᠦ᠋ᠨ ᠮᠠ ᠮᠠᠯ ᠠᠵᠤ ᠠᠬᠤᠢ ᠲᠠᠷᠢᠶᠠᠯᠠᠡᠭ ᠤ᠋ᠨ ᠠᠮᠢᠳᠤ ᠪᠤᠳᠠᠰ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠳᠤ ᠺᠤᠮᠫᠠᠨᠢ ᠶ᠋ᠢᠨ ᠬᠡᠷᠡᠭ ᠮᠡᠳᠡᠭᠴᠢᠳ ᠤ᠋ᠨ ᠳᠠᠷᠤᠭ᠎ᠠ ᠸᠠᠡᠭ ᠶᠦᠡᠭ ᠬᠡᠯᠡᠨ᠎ᠡ᠃
ᠬᠡᠭᠡᠯ ᠲᠠᠢ ᠭᠡᠬᠦᠦ ᠶ᠋ᠢᠨ ᠴᠢᠰᠤᠨ ᠴᠠᠢᠪᠠᠩ ᠨᠢ ᠮᠠᠯ ᠲᠡᠵᠢᠭᠡᠪᠤᠷᠢ ᠶ᠋ᠢᠨ ᠦᠷᠡᠵᠢᠯ ᠤ᠋ᠨ ᠴᠢᠳᠠᠪᠤᠷᠢ ᠵᠢ ᠲᠣᠬᠢᠷᠠᠭᠤᠯᠤᠨ ᠡᠵᠡᠮᠳᠡᠬᠦ᠌᠂ ᠬᠥᠮᠦᠨ ᠲᠥᠷᠥᠯᠬᠢᠲᠡᠨᠦ ᠬᠦᠪᠦᠷᠡᠯ ᠤ᠋ᠨ ᠠᠨᠠᠭᠠᠬᠤ ᠤᠬᠠᠭᠠᠨ᠂ ᠠᠮᠢᠲᠠᠨᠤ ᠬᠦᠪᠦᠷᠡᠯᠦᠨ ᠢᠨᠵᠧᠨᠧᠷᠢᠩ ᠵᠡᠷᠭᠡ ᠬᠦᠷᠢᠶᠡᠨᠳᠦ ᠣᠷᠣᠯᠠᠭᠤᠯᠵᠤ ᠪᠣᠯᠤᠰᠢ ᠥᠬᠡᠶ ᠴᠢᠬᠤᠯᠠ ᠦᠢᠯᠡᠳᠦᠯ ᠲᠠᠢ᠃ ᠬᠡᠭᠡᠯ ᠲᠠᠢ ᠭᠡᠬᠦᠦ ᠶ᠋ᠢᠨ ᠴᠢᠰᠤᠨ ᠴᠠᠢᠪᠠᠩ ᠤ᠋ᠨ ᠪᠦᠲᠦᠭᠡᠭᠳᠡᠭᠦᠨ ᠢ᠋ ᠰᠤᠳᠤᠯᠤᠨ ᠦᠢᠯᠡᠳᠪᠦᠷᠢᠯᠡᠵᠦ ᠠᠰᠢᠭᠯᠠᠯᠲᠠ ᠳ᠋ᠦ ᠤᠷᠤᠭᠤᠯᠤᠭᠰᠠᠨ ᠨᠢ ᠮᠠᠨ ᠤ᠋ ᠤᠷᠤᠨ ᠤ᠋ ᠤᠨᠴᠠᠯᠢᠭᠲᠦ ᠮᠠᠯ ᠠᠵᠤ ᠠᠬᠤᠢ ᠬᠢᠭᠡᠳ ᠠᠮᠢᠳᠤ ᠪᠤᠳᠠᠰ ᠤ᠋ᠨ ᠡᠮ ᠡᠮᠨᠡᠯᠭᠡ ᠶ᠋ᠢᠨ ᠠᠵᠤ ᠦᠢᠯᠡᠰ ᠤ᠋ᠨ ᠬᠡᠯᠬᠢᠶ᠎ᠡ ᠶ᠋ᠢᠨ ᠬᠦᠨᠵᠡᠭᠡᠢ ᠠᠭᠤᠰᠤᠯᠴᠠᠯ ᠤ᠋ᠨ ᠬᠤᠭᠤᠰᠤᠨ ᠢ᠋ ᠨᠦᠬᠦᠪᠦᠷᠢᠯᠡᠵᠦ ᠂ ᠮᠠᠯ ᠠᠵᠤ ᠠᠬᠤᠢ ᠶ᠋ᠢᠨ ᠦᠷᠳᠡᠭ ᠤ᠋ᠨ ᠬᠡᠯᠬᠢᠶ᠎ᠡ ᠵᠢ ᠪᠦᠲᠦᠮᠵᠢᠲᠡᠢ ᠤᠷᠳᠤᠳᠬᠠᠪᠠ᠃ 2025 ᠤᠨ ᠳ᠋ᠦ ᠥᠪᠥᠷ ᠮᠣᠩᠭᠣᠯᠤᠨ ᠸᠠᠨ ᠷᠦᠨ ᠠᠮᠢᠳᠤ ᠪᠣᠳᠠᠰᠤᠨ ᠮᠡᠷᠭᠡᠵᠢᠯᠦᠨ ᠬᠢᠵᠠᠭᠠᠷᠲᠤ ᠺᠣᠮᠫᠠᠨᠢ ᠶ᠋ᠢᠨ ᠰᠦᠵᠧᠦ ᠶᠡᠬᠡ ᠰᠤᠷᠭᠠᠭᠤᠯᠢᠶ᠋ᠢᠨ ᠳ᠋ᠣᠺᠲ᠋ᠣᠷᠠᠨᠲᠤᠨ ᠪᠦᠯᠬᠦᠮ ᠲᠠᠢ ᠬᠠᠮᠲᠤᠷᠠᠨ ᠰᠤᠳᠤᠯᠤᠨ ᠨᠡᠭᠡᠭᠡᠭ᠌ᠰᠡᠨ ᠭᠡᠭᠡᠯ ᠲᠠᠢ ᠭᠡᠭᠦᠦ ᠶ᠋ᠢᠨ ᠴᠢᠰᠤᠨ ᠴᠠᠢᠪᠠᠩᠤᠨ ᠪᠦᠲᠦᠭᠡᠭᠳᠡᠭᠦᠨᠦ ᠴᠡᠪᠡᠷᠴᠡ ᠶ᠋ᠢᠨ ᠬᠡᠮᠵᠢᠶ᠎ᠡ ᠨᠢ ᠨᠢᠭᠡᠨᠲᠡ 97.5% ᠢ᠋ ᠳᠠᠪᠠᠵᠤ᠂ ᠳᠡᠯᠡᠬᠡᠶᠶ᠋ᠢᠨ ᠲᠡᠷᠢᠭᠦᠨᠦ ᠬᠢᠷᠢ ᠲᠦᠪᠱᠢᠨ ᠳ᠋ᠤ ᠬᠦᠷᠴᠦ᠂ 3 ᠵᠢᠯᠦᠨ ᠳᠣᠲᠣᠷ᠎ᠠ ᠳ᠋ᠦ᠋ᠡᠭᠰᠢᠭᠤᠷ ᠳᠡᠰ ᠤ᠋ᠨ ᠠᠵᠤ ᠦᠢᠯᠡᠰᠦᠨ ᠪᠦᠯᠦᠭᠵᠢᠯ ᠢ᠋ ᠪᠦᠷᠢᠯᠳᠦᠭᠦᠯᠬᠦ ᠪᠡᠷ ᠬᠦᠴᠦᠯᠡᠨ ᠴᠢᠷᠮᠠᠢᠵᠤ ᠪᠤᠢ᠃
ᠤᠢᠷ᠎ᠡ ᠶ᠋ᠢᠨ ᠵᠢᠯ ᠡᠴᠡ ᠦᠪᠦᠷ ᠮᠤᠩᠭᠤᠯ ᠠᠳᠤᠭᠤᠨᠤ ᠠᠮᠢᠳᠤ ᠪᠣᠳᠠᠰᠤᠨ ᠪᠦᠲᠦᠭᠡᠭ᠌ᠳᠡᠬᠦᠨᠦ ᠠᠵᠤ ᠦᠢᠯᠡᠰ ᠢ᠋ ᠡᠷᠴᠢᠮᠲᠡᠢ ᠠᠬᠢᠭᠤᠯᠤᠭᠰᠠᠨ ᠶ᠋ᠢᠡᠷ᠂ ᠪᠤᠭᠤᠲᠤ ᠬᠣᠲᠠ ᠪᠥᠬᠥ᠌ ᠤᠯᠤᠰᠤᠨ ᠬᠠᠮᠤᠭᠤᠨ ᠶᠡᠬᠡ ᠭᠡᠭᠡᠯ ᠲᠠᠢ ᠭᠡᠭᠦᠦ ᠶ᠋ᠢᠨ ᠴᠢᠰᠤᠨ ᠴᠠᠢᠪᠠᠩᠤᠨ ᠲᠦᠭᠦᠬᠡᠶ ᠮᠠᠲ᠋ᠧᠷᠢᠶᠠᠯ ᠴᠤᠭ᠍ᠯᠠᠭᠤᠯᠬᠤ ᠰᠠᠭᠤᠷᠢᠨ ᠪᠤᠯᠵᠤ᠂ ᠵᠢᠯᠳᠦ 112 ᠲᠣᠨ ᠭᠡᠭᠡᠯ ᠲᠠᠢ ᠭᠡᠭᠦᠦ ᠶ᠋ᠢᠨ ᠴᠢᠰᠤᠨ ᠴᠠᠢᠪᠠᠩ ᠦᠶ᠋ᠯᠡᠳᠪᠦᠷᠢᠯᠡᠵᠦ᠍᠂ ᠦᠶ᠋ᠯᠡᠳᠬᠦᠨᠦ ᠥᠷᠲᠡᠭᠨᠢ 3000 ᠲᠦᠮᠡ ᠰᠢᠬᠠᠮ ᠲᠥᠭᠥᠷᠢᠭ ᠲᠦ᠍ ᠬᠦᠷᠴᠦ ᠪᠠᠢᠨ᠎ᠠ᠃

ᠮᠤᠯᠤᠷ ᠡᠷᠳᠡᠨᠢ ᠪᠤᠯᠤᠭᠰᠠᠨ ᠮᠤᠷᠢ ᠮᠢᠨᠦ
ᠡᠷᠲᠡ ᠤᠷᠢᠳᠤ ᠡᠴᠡ ᠬᠦᠮᠦᠰ ᠠᠳᠤᠭᠤᠨ ᠤ᠋ ᠠᠷᠠᠰᠤ ᠰᠢᠷᠢ ᠵᠢ ᠡᠳᠦᠷ ᠲᠤᠳᠤᠮ ᠤ᠋ᠨ ᠠᠮᠢᠳᠤᠷᠠᠯ ᠤ᠋ᠨ ᠬᠡᠷᠡᠭᠴᠡᠭᠡᠨ ᠤ᠋ ᠴᠢᠬᠤᠯᠠ ᠡᠳ᠋ ᠪᠤᠯᠭᠠᠨ ᠬᠡᠷᠡᠭᠯᠡᠵᠦ᠂ ᠡᠯᠳᠡᠨ ᠪᠤᠯᠪᠠᠰᠤᠷᠠᠭᠤᠯᠵᠤ᠂ ᠨᠠᠷᠢᠯᠢᠭ ᠬᠢᠴᠠ ᠲᠠᠢ ᠬᠤᠪᠴᠠᠰᠤ ᠬᠤᠨᠠᠷ᠂ ᠪᠤᠯᠢᠭᠠᠷᠢ ᠭᠤᠲᠤᠯ ᠱᠠᠬᠠᠢ᠂ ᠡᠯᠳᠡᠪ ᠤᠭᠤᠲᠠ ᠰᠠᠪᠠ ᠮᠡᠲᠦ ᠶ᠋ᠢᠨ ᠵᠦᠢᠯᠡᠰ ᠡᠴᠡ ᠡᠮᠨᠢᠭ ᠮᠤᠷᠢᠨ ᠤ᠋ ᠴᠢᠳᠦᠷ ᠨᠤᠭᠲᠤ ᠬᠠᠵᠠᠭᠠᠷ ᠤ᠋ᠨ ᠰᠤᠷ᠂ ᠡᠮᠡᠭᠡᠯ ᠤ᠋ᠨ ᠭᠦᠯᠢᠮ ᠬᠠᠪᠴᠢᠭ ᠬᠢᠵᠦ ᠡᠳ᠋ᠯᠡᠵᠦ᠂ ᠠᠳᠤᠭᠤᠨ ᠤ᠋ ᠠᠷᠠᠰᠤ ᠪᠡᠷ ᠬᠢᠭᠰᠡᠨ ᠭᠤᠲᠤᠯ (ᠰᠠᠢᠷ) ᠪᠤᠷᠤᠭᠠᠨ ᠤ᠋ ᠤᠰᠤᠨ ᠳ᠋ᠦ ᠲᠠᠭᠠᠭᠠᠴᠠᠳᠠᠢ ᠭᠡᠳᠡᠭ᠃
ᠤᠢᠷ᠎ᠡ ᠶ᠋ᠢᠨ ᠵᠢᠯ ᠳ᠋ᠦ ᠦᠪᠦᠷ ᠮᠤᠡᠭᠭᠤᠯᠴᠤᠳ ᠤ᠋ᠨ ᠬᠤᠪᠴᠠᠰᠤ ᠵᠠᠰᠠᠯ ᠤ᠋ᠨ ᠤᠷ᠎ᠡ ᠤᠬᠠᠭᠠᠨ ᠪᠠ ᠭᠠᠷ ᠤ᠋ᠨ ᠡᠷᠳᠡᠮ ᠢ᠋ ᠰᠢᠡᠭᠭᠡᠭᠡᠭᠰᠡᠨ ᠠᠳᠤᠭᠤᠨ ᠤ᠋ ᠠᠷᠠᠰᠤ ᠪᠡᠷ ᠬᠢᠭᠰᠡᠨ ᠮᠤᠡᠭᠭᠤᠯ ᠤᠨᠴᠠᠯᠢᠭ ᠲᠠᠢ ᠭᠤᠳᠤᠯ ᠨᠢ ᠪᠤᠳᠠᠳᠤ ᠳᠡᠯᠭᠡᠭᠦᠷ ᠪᠠ ᠰᠦᠯᠵᠢᠶ᠎ᠡ ᠪᠡᠷ ᠦᠷᠭᠡᠨ ᠳᠡᠯᠭᠡᠷ ᠪᠤᠷᠤᠯᠠᠭᠤᠯᠤᠭᠳᠠᠨ᠂ ᠤᠯᠠᠨ ᠬᠦᠮᠦᠰ ᠤ᠋ᠨ ᠲᠠᠭᠠᠰᠢᠶᠠᠯ ᠢ᠋ ᠤᠯᠵᠤ᠂ ᠮᠤᠡᠭᠭᠤᠯ ᠤᠨᠴᠠᠯᠢᠭᠲᠦ ᠠᠳᠤᠭᠤᠨᠤ ᠠᠷᠠᠰᠤᠨ ᠭᠤᠲᠤᠯ ᠤ᠋ᠨ ᠵᠠᠬ᠎ᠠ ᠳᠡᠯᠭᠡᠭᠦᠷ ᠢ᠋ ᠤᠷᠢᠳ ᠭᠠᠷᠤᠭ᠎ᠠ ᠦᠭᠡᠢ ᠦᠷᠭᠡᠳᠭᠡᠪᠡ᠃ ᠰᠤᠷᠪᠤᠯᠵᠢᠯᠠᠬᠴᠢ ᠬᠦᠬᠡᠬᠤᠲᠠ ᠶ᠋ᠢᠨ ᠨᠢᠭᠡᠨ ᠬᠤᠳᠠᠯᠳᠤᠭᠠᠨ ᠤ᠋ ᠠᠰᠠᠷ ᠲᠦ᠍ ᠬᠦᠷᠴᠦ ᠰᠤᠷᠪᠤᠯᠵᠢᠯᠠᠬᠤᠳᠤ᠂ 《ᠬᠠᠷᠭᠤᠢ》 ᠲᠡᠮᠲᠡᠭᠲᠦ ᠠᠳᠤᠭᠤᠨᠤ ᠠᠷᠠᠰᠤᠨ ᠭᠤᠲᠤᠯ ᠢ᠋ 680 ᠲᠦᠭᠦᠷᠢᠭ᠂ 780 ᠲᠦᠭᠦᠷᠢᠭ᠂ 980 ᠲᠦᠭᠦᠷᠢᠭ ᠤ᠋ᠨ ᠭᠤᠷᠪᠠᠨ ᠳᠡᠰ ᠤ᠋ᠨ ᠦᠨ᠎ᠡ ᠪᠡᠷ ᠪᠤᠷᠤᠯᠠᠭᠤᠯᠵᠤ᠂ ᠬᠡᠷᠡᠭᠯᠡᠭᠴᠢᠳ ᠤ᠋ᠨ ᠬᠠᠯᠠᠭᠤᠨ ᠬᠦᠷᠢᠶᠡᠯᠡᠯ ᠢ᠋ ᠤᠯᠵᠤ ᠪᠠᠢᠨ᠎ᠠ᠃ 《ᠡᠪᠦᠯ ᠤᠷᠤᠭᠰᠠᠨ ᠡᠴᠡ ᠵᠠᠬᠢᠶᠠᠯᠠᠭ᠎ᠠ ᠤᠯᠠᠰᠢᠷᠠᠵᠤ᠂ ᠡᠳᠦᠷ ᠤ᠋ᠨ ᠠᠷᠪᠠ ᠭᠠᠷᠤᠢ ᠵᠦᠢᠷᠠᠢ ᠬᠤᠳᠠᠯᠳᠤᠵᠤ ᠪᠠᠢᠨ᠎ᠠ》 ᠭᠡᠵᠦ ᠳᠡᠯᠭᠡᠭᠦᠷ ᠤ᠋ᠨ ᠡᠵᠡᠨᠲᠡᠡ ᠶᠠᠷᠢᠵᠤ ᠪᠠᠢᠯ᠎ᠠ᠃
ᠡᠭᠦᠨ ᠡᠴᠡ ᠭᠠᠳᠠᠨ᠎ᠠ᠂ ᠬᠦᠮᠦᠰ ᠡᠷᠲᠡᠨ ᠡᠴᠡ ᠠᠳᠤᠭᠤ ᠡᠴᠡ ᠪᠡᠨ ᠡᠳ᠋ᠯᠡᠭᠡᠨ ᠳ᠋ᠦ ᠪᠢᠰᠢ᠂ ᠰᠠᠭᠠᠯᠢ ᠳ᠋ᠦ ᠴᠦ᠍ ᠪᠢᠰᠢ᠂ ᠰᠤᠪᠠᠢ ᠰᠤᠭᠤᠯᠳᠤᠷ ᠭᠡᠭᠦᠦ ᠪᠡᠨ ᠵᠠᠷᠤᠵᠤ ᠮᠢᠬ᠎ᠠ ᠵᠢ ᠨᠢ ᠬᠦᠨᠡᠰᠦᠨ ᠳ᠋ᠤ ᠬᠡᠷᠡᠭᠯᠡᠳᠡᠭ᠃ ᠬᠠᠷᠢᠨ ᠤᠨᠤᠵᠤ ᠡᠳ᠋ᠯᠡᠵᠦ ᠲᠠᠳᠤᠭᠰᠠᠨ ᠤᠬᠠᠭᠠᠨ ᠰᠡᠷᠭᠦᠯᠡᠡᠭ ᠮᠤᠷᠢ ᠪᠠᠨ ᠠᠮᠢᠳᠤᠷᠠᠯ ᠤ᠋ᠨ ᠳᠠᠢᠴᠢᠨ ᠬᠠᠨᠢ ᠪᠠᠨ ᠪᠤᠯᠭᠠᠨ ᠡᠡᠭᠭᠦᠷᠡᠢᠯᠡᠨ ᠬᠠᠢᠷᠠᠯᠠᠳᠠᠭ ᠪᠤᠯᠬᠤᠷ ᠠᠬᠳᠠ ᠬᠦᠯᠦᠭ ᠶ᠋ᠢᠡᠨ ᠠᠯᠠᠵᠦ ᠨᠢᠳᠤᠯᠳᠠᠭ ᠦᠭᠡᠢ ᠪᠦᠭᠡᠳ 《ᠠᠳᠤᠭᠤᠨ ᠤ᠋ ᠮᠢᠬ᠎ᠠ》 ᠭᠡᠳᠡᠭ ᠦᠭᠡᠢ᠂ 《ᠵᠦᠭᠡᠨᠡ》 ᠭᠡᠵᠦ ᠴᠡᠭᠡᠷᠯᠡᠨ ᠨᠡᠷᠡᠯᠡᠳᠡᠭ᠃
ᠠᠳᠤᠭᠤᠨ ᠤ᠋ ᠮᠢᠬ᠎ᠠ ᠢᠯᠴᠢ ᠶᠡᠬᠡ ᠲᠠᠢ ᠲᠤᠯᠠ ᠢᠳᠡᠭᠰᠡᠨ ᠬᠦᠮᠦᠨ ᠬᠦᠢᠲᠡᠨ ᠳ᠋ᠦ ᠳᠠᠭᠠᠷᠠᠳᠠᠭ ᠦᠭᠡᠢ᠃ ᠮᠢᠬᠠᠨ ᠤ᠋ ᠱᠦᠯᠦ ᠪᠡᠷ ᠨᠢ ᠨᠢᠭᠤᠷ ᠭᠠᠷ ᠶ᠋ᠢᠡᠨ ᠤᠬᠢᠶᠠᠭᠠᠳ ᠡᠪᠦᠯ ᠤ᠋ᠨ ᠬᠦᠢᠲᠡᠨ ᠳ᠋ᠦ ᠭᠠᠳᠠᠨ᠎ᠠ ᠶᠠᠪᠤᠬᠤ ᠳ᠋ᠦ ᠳᠠᠭᠠᠷᠠᠬᠤ ᠦᠭᠡᠢ ᠪᠠᠢᠳᠠᠭ᠃ ᠠᠳᠤᠭᠤᠨ ᠤ᠋ ᠮᠢᠬᠠᠨ ᠤ᠋ ᠪᠤᠯᠴᠢᠡᠭ ᠤ᠋ᠨ ᠰᠢᠷᠭᠡᠭ ᠨᠠᠷᠢᠨ᠂ ᠦᠭᠡᠬᠦ ᠶ᠋ᠢᠨ ᠡᠳ᠋ ᠶᠡᠬᠡ ᠪᠠᠢᠬᠤ ᠨᠢ ᠮᠢᠬᠠᠨ ᠤ᠋ ᠠᠮᠲᠠᠯᠢᠭ᠂ ᠰᠢᠭᠦᠰᠦᠯᠢᠭ ᠴᠢᠨᠠᠷ᠂ ᠤᠬᠤᠷᠬᠠᠨ ᠬᠤᠭᠤᠴᠠᠭᠠᠨ ᠳ᠋ᠦ ᠪᠡᠶ᠎ᠡ ᠳ᠋ᠦ ᠰᠢᠡᠭᠭᠡᠬᠦ ᠴᠢᠳᠠᠪᠤᠷᠢ ᠵᠢ ᠰᠠᠢᠵᠢᠷᠠᠭᠤᠯᠳᠠᠭ ᠪᠠᠢᠨ᠎ᠠ᠃
ᠠᠳᠤᠭᠤᠨ ᠤ᠋ ᠮᠢᠬ᠎ᠠ ᠬᠦᠮᠦᠨ ᠤ᠋ ᠵᠢᠷᠦᠬᠡ ᠴᠢᠰᠤᠨ ᠰᠤᠳᠠᠯ ᠤ᠋ᠨ ᠠᠵᠢᠯᠯᠠᠭ᠎ᠠ ᠵᠢ ᠰᠠᠢᠵᠢᠷᠠᠭᠤᠯᠵᠤ᠂ ᠮᠤᠡᠭᠭᠤᠯ ᠡᠮᠨᠡᠯᠭᠡ ᠶ᠋ᠢᠨ ᠲᠤᠷᠰᠢᠯᠭ᠎ᠠ ᠪᠡᠷ ᠦᠵᠡᠬᠦ ᠳ᠋ᠦ ᠬᠡᠢ᠂ ᠬᠦᠢᠲᠡᠨ ᠬᠡᠢ ᠡᠪᠡᠳᠴᠢᠨ ᠢ᠋ ᠵᠠᠰᠠᠬᠤ ᠳ᠋ᠦ ᠲᠤᠰᠠ ᠲᠠᠢ᠃ ᠡᠭᠦᠨ ᠡᠴᠡ ᠭᠠᠳᠠᠨ᠎ᠠ ᠠᠳᠤᠭᠤᠨ ᠤ᠋ ᠦᠭᠡᠬᠦ ᠲᠤᠰᠤ᠂ ᠡᠯᠢᠭᠡ ᠲᠤᠳᠤᠷ ᠨᠢ ᠴᠦ᠍ ᠬᠦᠮᠦᠨ ᠠᠮᠢᠲᠠᠨ ᠤ᠋ ᠡᠷᠡᠭᠦᠯ ᠡᠡᠭᠭᠡ᠂ ᠡᠷᠡᠭᠦᠯᠵᠢᠯ ᠰᠤᠪᠢᠯᠠᠯᠲᠠ ᠳ᠋ᠦ ᠡᠮᠴᠢᠯᠡᠭᠡᠨ ᠤ᠋ ᠦᠢᠯᠡᠳᠦᠯ ᠲᠠᠢ ᠭᠡᠵᠦ ᠦᠵᠡᠳᠡᠭ ᠶᠤᠮ᠃ 《ᠮᠤᠷᠢ ᠮᠤᠯᠤᠷ ᠡᠷᠳᠡᠨᠢ》 ᠭᠡᠳᠡᠭ ᠦᠨᠡᠭᠡᠷ ᠴᠦ᠍ ᠤᠷᠤ ᠲᠠᠢ ᠦᠭᠡ᠃

ᠬᠤᠷᠸ᠎ᠠ ᠤᠶᠠᠰᠳᠠᠯᠠ ᠡᠭᠡᠰᠢᠭᠯᠡᠬᠦ ᠬᠤᠭᠤᠷᠤᠨ ᠴᠢᠪᠬᠠᠳᠠᠰᠤᠨ — ᠬᠢᠯᠭᠠᠰᠤ
ᠵᠢᠯ ᠪᠦᠷᠢ ᠬᠠᠪᠤᠷ ᠤ᠋ᠨ ᠤᠷᠢ ᠤᠷᠤᠵᠤ ᠬᠠᠭᠳᠠ ᠨᠤᠭᠤᠭᠠᠷᠠᠵᠤ ᠬᠠᠡᠭᠰᠢ ᠤᠢᠷᠠᠲᠤᠮᠠᠭᠴᠠ ᠬᠠᠰᠢᠷ ᠮᠠᠯᠴᠢᠳ ᠠᠳᠤᠭᠤ ᠳᠡᠯᠯᠡᠵᠦ ᠡᠬᠢᠯᠡᠳᠡᠭ᠃ ᠠᠳᠤᠭᠤᠨ ᠤ᠋ ᠳᠡᠯᠯᠡᠭᠡ ᠶ᠋ᠢᠨ ᠭᠤᠤᠯ ᠡᠭᠦᠷᠭᠡ ᠨᠢ ᠳᠡᠯ᠂ ᠰᠡᠭᠦᠯ ᠢ᠋ ᠬᠢᠷᠭᠠᠨ ᠠᠪᠴᠤ ᠬᠡᠷᠡᠭᠯᠡᠬᠦ ᠳ᠋ᠦ ᠪᠠᠢᠳᠠᠭ ᠶᠤᠮ᠃
ᠬᠢᠷᠭᠠᠵᠤ ᠠᠪᠤᠭᠰᠠᠨ ᠠᠳᠤᠭᠤᠨ ᠤ᠋ ᠬᠢᠯᠭᠠᠰᠤ ᠨᠢ ᠤᠷᠳᠤ ᠮᠦᠷᠲᠡᠯ᠎ᠡ ᠪᠠᠨ ᠰᠢᠯᠤᠭᠤᠨ ᠬᠢᠯᠠᠭᠠᠷ᠂ ᠤᠶᠠᠨ ᠬᠠᠳᠠᠨ ᠴᠢᠨᠠᠷᠲᠠᠢ᠂ ᠪᠦᠭᠡ ᠮᠦᠷᠲᠡᠭᠡᠨ ᠬᠠᠷᠢᠮᠠᠭ ᠴᠢᠨᠠᠷ ᠶ᠋ᠢᠡᠷ ᠰᠠᠢᠨ᠂ ᠬᠠᠯᠠᠭᠤᠨ ᠬᠦᠢᠲᠡᠨ ᠬᠠᠭᠤᠷᠠᠢ ᠨᠤᠢᠲᠠᠨ ᠳ᠋ᠦ ᠲᠡᠰᠪᠦᠷᠢᠲᠡᠢ᠂ ᠱᠦᠷᠭᠦᠭᠡᠯᠲᠡ ᠳ᠋ᠦ ᠳᠠᠭᠠᠭᠠᠴᠠᠲᠠᠢ ᠪᠠᠢᠵᠤ᠂ ᠡᠷᠲᠡᠨ ᠡᠴᠡ ᠠᠪᠤᠭᠠᠳ ᠮᠤᠷᠢᠨ ᠬᠤᠭᠤᠷ᠂ ᠬᠤᠶᠠᠷ ᠤᠳᠠᠰᠤᠲᠤ ᠬᠤᠭᠤᠷ᠂ ᠳᠦᠷᠪᠡᠨ ᠤᠳᠠᠰᠤᠲᠤ ᠬᠤᠭᠤᠷ᠂ ᠡᠷᠡᠦ ᠶ᠋ᠢᠨ ᠬᠤᠭᠤᠷ᠂ ᠴᠤᠭᠤᠷ ᠵᠡᠷᠭᠡ ᠨᠤᠮᠳᠤ ᠬᠦᠭᠵᠢᠮᠤᠨ ᠴᠢᠪᠬᠠᠳᠠᠰᠤᠨ ᠳ᠋ᠦ ᠬᠡᠷᠡᠭᠯᠡᠵᠦ᠂ ᠬᠦᠪᠴᠢᠯᠡᠨ ᠱᠦᠷᠭᠦᠭᠡᠵᠦ ᠬᠦᠭᠵᠢᠮᠳᠡᠬᠦ ᠪᠡᠷ ᠨᠢ ᠬᠤᠷᠤ᠎ᠠ ᠳᠡᠯᠡᠬᠡᠢ ᠤᠶᠠᠰᠳᠠᠭ ᠠᠵᠠᠢ᠃ ᠨᠡᠡᠭ ᠢᠯᠠᠡᠭᠭᠤᠶᠡ ᠮᠤᠷᠢᠨ ᠬᠤᠭᠤᠷ ᠪᠤᠯ ᠦᠷᠭᠡᠨ ᠲᠠᠯ᠎ᠠ ᠶ᠋ᠢᠨ ᠦᠷᠦᠴᠡᠨ ᠳ᠋ᠦ ᠤᠶᠠᠡᠭᠭᠠ ᠳᠠᠭᠤ ᠪᠠᠨ ᠡᠭᠡᠰᠢᠭᠯᠡᠵᠦ᠂ ᠦᠪᠡᠷᠮᠢᠴᠠ ᠤᠨᠴᠠᠯᠢᠭ ᠲᠠᠢ ᠢᠷᠠᠭᠤ ᠠᠶᠠᠯᠭᠤ ᠪᠡᠷ ᠶ᠋ᠢᠡᠨ ᠬᠤᠲᠠᠯᠠ ᠤᠯᠠᠨ ᠳ᠋ᠠᠭᠠᠨ ᠬᠦᠷ ᠨᠡᠮᠡᠵᠦ᠂ ᠬᠢᠯᠭᠠᠰᠤᠨ ᠬᠤᠶᠠᠷᠬᠠᠨ ᠤᠳᠠᠰᠤ ᠪᠡᠷ ᠶ᠋ᠢᠡᠨ ᠬᠤᠷᠤ᠎ᠠ ᠶᠢᠷᠲᠢᠨᠴᠦ ᠶ᠋ᠢᠨ ᠰᠤᠨᠤᠷ ᠢ᠋ ᠪᠠᠶᠠᠰᠬᠠᠭᠰᠠᠨ ᠭᠠᠢᠬᠠᠯᠲᠠᠢ ᠬᠦᠭᠵᠢᠮ ᠪᠤᠯᠬᠤ ᠶᠤᠮ᠃
ᠬᠦᠮᠦᠰ ᠠᠳᠤᠭᠤᠨ ᠤ᠋ ᠬᠢᠯᠭᠠᠰᠤ ᠵᠢ ᠪᠠᠰᠠ ᠡᠷᠲᠡ ᠳᠡᠭᠡᠳᠦ ᠡᠴᠡ ᠡᠬᠢᠯᠡᠨ ᠡᠳᠦᠷ ᠳᠤᠲᠤᠮ ᠤ᠋ᠨ ᠦᠢᠯᠡᠳᠪᠦᠷᠢᠯᠡᠯ ᠠᠮᠢᠳᠤᠷᠠᠯ ᠳ᠋ᠠᠭᠠᠨ ᠦᠷᠭᠡᠨ ᠶ᠋ᠢᠡᠷ ᠬᠡᠷᠡᠭᠯᠡᠵᠦ᠂ ᠬᠢᠯᠭᠠᠰᠤᠨ ᠲᠡᠭᠡᠰᠤ ᠲᠠᠮᠤᠵᠦ᠂ ᠮᠤᠡᠭᠭᠤᠯ ᠭᠡᠷ ᠤ᠋ᠨ ᠤᠭᠤᠰᠤᠷ ᠪᠦᠰᠡᠯᠡᠭᠦᠷ᠂ ᠮᠠᠯ ᠤ᠋ᠨ ᠡᠯᠳᠡᠪ ᠤᠶᠠᠭ᠎ᠠ ᠲᠠᠲᠠᠯᠭ᠎ᠠ᠂ ᠮᠤᠷᠢ ᠲᠡᠮᠡᠭᠡᠨ ᠤ᠋ ᠡᠳ᠋ᠯᠡᠯ᠂ ᠡᠯᠳᠡᠪ ᠵᠦᠢᠯ ᠤ᠋ᠨ ᠱᠤᠸᠠᠵᠠ᠂ ᠪᠤᠭᠴᠤ᠂ ᠵᠤᠭᠤᠰᠤᠨ ᠴᠦᠡᠭᠬᠦ᠂ ᠪᠦᠰ ᠳᠠᠪᠤᠤ ᠬᠢᠵᠦ ᠡᠳ᠋ᠯᠡᠵᠦ ᠬᠡᠷᠡᠭᠯᠡᠭᠰᠡᠭᠡᠷ ᠢᠷᠡᠵᠠᠢ᠃