ᠲᠡᠯᠭᠡᠷ ᠴᠠᠬ ᠢᠷᠡᠬᠦᠢ ᠳ᠋ᠣᠷ 《ᠲᠦᠷᠪᠡᠨ ᠨᠠᠰᠣᠲᠠᠢ ᠬᠠᠯᠢᠭᠣᠨ》 ᠳ᠋ᠠᠭᠠᠨ ᠮᠣᠷᠲᠠᠬᠣᠢ ᠳ᠋ᠣᠷ
2026-03-04 15:54:50
ᠵᠣᠬᠢᠶᠠᠭ᠍ᠴᠢ᠄
ᠸᠠᠩ ᠰᠢᠶᠣᠣ ᠮᠢᠩ ᠨᠠᠮᠣᠬ
ᠣᠩᠱᠢᠭ᠍ᠰᠠᠨ ᠣᠳᠠᠭ᠎ᠠ᠄
★★★☆☆

● ᠪᠠᠷᠭᠤ ᠠᠷᠠᠳ᠎ᠤᠨ ᠤᠷᠳᠤ ᠵᠢᠨ ᠲᠠᠭᠤᠤ 《ᠲᠦᠷᠪᠡᠨ ᠨᠠᠰᠤᠳᠠᠢ ᠬᠠᠯᠢᠭᠤᠨ》 ᠤ᠋ ᠡᠭᠦᠰᠦᠯ᠎ᠤᠨ ᠲᠤᠮᠤᠭ

● 《ᠲᠦᠷᠪᠡᠨ ᠨᠠᠰᠤᠳᠠᠢ ᠬᠠᠯᠢᠭᠤᠨ》 ᠤ᠋ ᠤᠯᠠᠨ ᠬᠤᠪᠢᠯᠪᠤᠷᠢ

● 《ᠡᠷᠴᠢᠯᠡᠨ ᠲᠠᠪᠬᠢᠬᠤ ᠬᠠᠯᠢᠭᠤᠨ》 ᠢ᠋ ᠵᠤᠬᠢᠶᠠᠨ ᠪᠦᠲᠦᠭᠡᠭᠰᠡᠨ ᠶᠠᠪᠤᠴᠠ ᠵᠢᠴᠢ ᠵᠤᠬᠢᠶᠠᠬᠴᠢ


《ᠲᠦᠷᠪᠡᠨ ᠨᠠᠰᠣᠲᠠᠢ ᠬᠠᠯᠢᠭᠣᠨ》 ᠲᠠᠭᠣᠣ ᠲᠡᠯᠡᠬᠡᠢ᠎ᠶᠢᠨ ᠰᠣᠨᠣᠷ᠎ᠢ ᠴᠢᠮᠡᠵᠦ ᠪᠠᠶᠠᠰᠬᠠᠨ᠎ᠠ᠃

ᠡᠨᠡ ᠵᠢᠯ᠎ᠤᠨ ᠲᠦᠪ ᠲᠸᠯᠸᠢᠰ᠎ᠤᠨ ᠴᠠᠭᠠᠨ ᠰᠠᠷ᠎ᠠ ᠶ᠋ᠢᠨ ᠦᠲᠡᠰᠢᠯᠡᠭᠡ ᠳ᠋ᠦ ᠮᠤᠩᠭᠤᠯ ᠦᠨᠳᠦᠰᠦᠳᠡᠨ᠎ᠤ ᠤᠷᠳᠤ ᠵᠢᠨ ᠲᠠᠭᠤᠤ 《ᠲᠦᠷᠪᠡᠨ ᠨᠠᠰᠣᠲᠠᠢ ᠬᠠᠯᠢᠭᠣᠨ》 ᠢ᠋ ᠦᠭᠡᠷᠡᠴᠢᠯᠡᠨ ᠨᠠᠢᠷᠠᠭᠤᠯᠵᠦ᠂ ᠵᠤᠬᠢᠶᠠᠨ ᠪᠦᠲᠦᠭᠡᠭᠰᠡᠨ 《ᠡᠷᠴᠢᠯᠡᠨ ᠲᠠᠪᠬᠢᠬᠤ ᠬᠠᠯᠢᠭᠤᠨ》 ᠭᠡᠬᠦ ᠲᠠᠭᠤᠤ ᠣᠷᠲᠣ᠎ᠶᠢᠨ ᠲᠠᠭᠣᠣ ᠶ᠋ᠢᠨ ᠣᠷᠠᠨ ᠰᠠᠢᠬᠠᠨ ᠣᠶᠠᠩᠭ᠎ᠠ ᠨᠣᠭᠣᠯᠣᠭ᠎ᠠ᠂ ᠣᠳᠬ᠎ᠠ ᠲᠡᠬᠦᠯᠲᠡᠷ ᠰᠢᠯᠦᠭ ᠨᠠᠢᠷᠠᠬ᠎ᠤᠨ ᠡᠭᠡᠰᠢᠭᠯᠡᠩ ᠶ᠋ᠢᠡᠷ ᠶ᠋ᠢᠡᠨ ᠬᠦᠮᠦᠨ ᠪᠠᠢᠭᠠᠯᠢ ᠮᠣᠷᠢ ᠭᠣᠷᠪᠠ᠎ᠶᠢᠨ ᠬᠦᠯᠦᠰᠦ᠎ᠶᠢ ᠰᠡᠪᠬᠢᠭᠡᠭᠰᠡᠨ ᠴᠡᠩᠭᠡᠷ ᠲᠠᠯ᠎ᠠ᠎ᠶᠢᠨ ᠠᠮᠢᠰᠬᠣᠯ ᠰᠢᠬ ᠬᠦᠮᠦᠨ ᠵᠣᠨ᠎ᠤ ᠰᠣᠨᠣᠷ᠎ᠢ ᠴᠢᠮᠡᠨ ᠪᠠᠶᠠᠰᠬᠠᠵᠦ᠂ ᠣᠯᠠᠨ ᠬᠦᠮᠦᠨ᠎ᠤ ᠪᠠᠬᠠᠷᠬᠠᠯ ᠱᠠᠬᠰᠢᠯ᠎ᠢ ᠬᠦᠷᠲᠡᠵᠦ᠂ ᠮᠡᠳᠡᠭᠡᠯᠡᠯ ᠵᠠᠭᠣᠴᠢᠯᠠᠭᠣᠷ᠎ᠤᠨ ᠬᠢᠨ ᠪᠣᠯᠣᠨ ᠮᠡᠷᠭᠡᠳ ᠡᠷᠳᠡᠮᠲᠡᠳ ᠦᠭᠡ ᠦᠰᠦᠭ ᠬᠠᠷᠠᠮᠨᠠᠯ ᠦᠭᠡᠢ ᠦᠨᠡᠯᠡᠨ ᠮᠠᠬᠲᠠᠵᠦ ᠭᠠᠷᠪᠠ᠃ ᠲᠣᠩᠭᠠᠯᠠᠬ ᠴᠡᠭᠡᠯᠭᠡᠨ ᠣᠷᠣᠰᠣᠨ ᠣᠶᠠᠩᠭᠠᠷᠠᠬᠣ ᠬᠢᠷᠢᠨ᠎ᠡ ᠣᠷᠠᠯᠢᠬ᠎ᠤᠨ ᠭᠠᠢᠬᠠᠮᠰᠢᠬ᠂ ᠠᠮᠢᠵᠢᠷᠠᠯ᠎ᠤᠨ ᠬᠦᠴᠦ᠎ᠶᠢ ᠮᠡᠲᠡᠷᠡᠬᠦᠯᠦᠭᠰᠡᠨ ᠡᠨᠡ ᠲᠠᠭᠣᠣ ᠦᠪᠦᠷ ᠮᠣᠩᠭᠣᠯ᠎ᠤᠨ ᠦᠩᠭᠡ ᠪᠣᠲᠣᠬ᠂ ᠦᠨᠦᠷ ᠠᠮᠲᠠ᠎ᠶᠢ ᠬᠠᠲᠠᠭᠠᠯᠠᠬᠰᠠᠨ ᠲᠡᠳᠦᠢ ᠦᠭᠡᠢ ᠴᠣᠴᠠᠯᠲᠠ ᠦᠭᠡᠢ ᠲᠡᠮᠡᠦᠯᠵᠦ᠂ ᠵᠣᠷᠢᠬᠰᠠᠨ ᠳ᠋ᠠᠭᠠᠨ ᠵᠠᠪᠠᠯ ᠬᠦᠷᠬᠦ ᠵᠣᠷᠢᠬ ᠰᠠᠨᠠᠭ᠎ᠠ᠎ᠶᠢ ᠲᠣᠰᠬᠠᠵᠦ᠂ ᠣᠷᠲᠣ᠎ᠶᠢᠨ ᠲᠠᠭᠣᠣ᠂ ᠣᠯᠠᠭᠠᠨᠮᠦᠢ᠍ᠴᠢᠷ ᠵᠡᠷᠭᠡ᠎ᠶᠢ ᠠᠭᠣᠰᠣᠯᠴᠠᠭᠣᠯᠵᠦ ᠣᠶᠠᠯᠲᠣᠭᠣᠯᠣᠬᠰᠠᠨ ᠶ᠋ᠢᠡᠷ ᠶ᠋ᠢᠡᠨ ᠲᠦᠬᠦᠮᠬᠡᠨ ᠣᠳᠬ᠎ᠠ᠎ᠶᠢᠨ ᠲᠠᠭᠣᠣ ᠣᠷᠠᠯᠢᠬ ᠭᠡᠬᠦ ᠬᠦᠷᠢᠶ᠎ᠡ ᠴᠠᠷᠠᠭ᠎ᠠ ᠡᠴᠡ ᠬᠠᠯᠢᠨ ᠲᠠᠪᠠᠵᠦ᠂ ᠦᠪᠦᠷ ᠮᠣᠩᠭᠣᠯ᠎ᠤᠨ 《ᠨᠡᠷ᠎ᠡ᠎ᠶᠢᠨ ᠬᠠᠭᠣᠲᠠᠰᠣ》 ᠪᠣᠯᠣᠬᠰᠠᠨ ᠪᠠᠢᠨ᠎ᠠ᠃ ᠶᠠᠬ ᠯᠡ ᠲᠠᠭᠣᠴᠢᠨ ᠣᠷᠠᠨ᠎ᠠ ᠵᠠᠭᠣᠴᠢᠯᠠᠭᠣᠷ᠎ᠤᠨ ᠰᠣᠷᠪᠣᠯᠵᠢᠯᠠᠭ᠎ᠠ᠎ᠶᠢ ᠬᠦᠯᠢᠶᠡᠬᠦ ᠳ᠋ᠡᠭᠡᠨ ᠶᠠᠷᠢᠬᠰᠠᠨ ᠮᠡᠲᠦ᠄ 《ᠪᠢᠳᠡ ᠦᠪᠦᠷ ᠮᠣᠩᠭᠣᠯ᠎ᠤᠨ ᠰᠣᠶᠣᠯ᠎ᠢ ᠲᠦᠯᠦᠭᠡᠯᠡᠵᠦ ᠢᠷᠡᠭᠰᠡᠨ》 ᠭᠡᠲᠡᠭᠴᠢᠯᠡᠨ᠂ ᠮᠣᠩᠭᠣᠯ ᠮᠣᠷᠢᠨ᠎ᠤ ᠵᠣᠷᠢᠬ ᠰᠠᠨᠠᠭ᠎ᠠ ᠪᠠ ᠮᠣᠬᠣᠰᠢ ᠦᠭᠡᠢ ᠠᠶᠠᠨ᠎ᠤ ᠲᠣᠷᠭᠠᠨ ᠵᠢᠯᠣᠭᠣ ᠪᠣᠯᠵᠦ ᠬᠠᠩᠬᠢᠨᠠᠬᠰᠠᠨ 《ᠲᠦᠷᠪᠡᠨ ᠨᠠᠰᠣᠲᠠᠢ ᠬᠠᠯᠢᠭᠣᠨ》 ᠨᠢ ᠬᠦᠨ ᠵᠣᠵᠠᠭᠠᠨ ᠰᠣᠶᠣᠯ᠎ᠤᠨ ᠴᠡᠭᠡᠵᠢᠯᠡᠬᠦᠢ᠂ ᠴᠠᠬ ᠦᠶ᠎ᠡ᠎ᠶᠢᠨ ᠵᠣᠷᠢᠬ ᠰᠠᠨᠠᠭ᠎ᠠ ᠪᠣᠯᠣᠨ ᠦᠨᠳᠦᠰᠦᠲᠡᠨ᠎ᠤ ᠪᠦᠯᠬᠦᠮᠲᠡᠯ᠎ᠢ ᠠᠴᠢᠶᠠᠯᠠᠵᠦ᠂ ᠰᠡᠪᠢᠯᠵᠡᠩᠬᠡᠨ ᠦᠩᠭᠡᠷᠡᠬᠦ ᠰᠠᠯᠬᠢᠨ᠎ᠤ ᠲᠣᠷᠭᠠᠨ ᠦᠵᠦᠬᠦᠷ᠂ ᠰᠡᠷᠡᠯᠵᠡᠨ ᠬᠠᠷᠠᠬᠲᠠᠬᠣ ᠠᠭᠣᠯᠠᠰ᠎ᠤᠨ ᠴᠡᠩᠭᠡᠷ ᠪᠡᠷ᠎ᠡ ᠲᠠᠮᠵᠢᠨ ᠣᠶᠠᠩᠭᠠᠷᠠᠵᠦ᠂ 《ᠲᠦᠷᠦᠭᠡ ᠵᠢᠬᠢᠵᠦ ᠶᠦᠷᠭᠡᠬᠦᠯᠦᠨ》 ᠲᠡᠭᠵᠢᠷᠡᠬᠦ ᠵᠠᠶᠠᠭᠠᠨ᠎ᠤ ᠮᠦᠩᠭᠡ᠎ᠶᠢᠨ ᠰᠠᠢᠬᠠᠨ᠎ᠢ ᠮᠠᠬᠲᠠᠨ ᠲᠠᠭᠣᠯᠠᠬᠰᠠᠭᠠᠷ᠃

ᠲᠦᠪ ᠲᠸᠯᠸᠢᠰ᠎ᠤᠨ ᠴᠠᠭᠠᠨ ᠰᠠᠷ᠎ᠠ᠎ᠶᠢᠨ ᠦᠲᠡᠰᠢᠯᠡᠭᠡ ᠳ᠋ᠦ ᠲᠣᠰ ᠲᠠᠭᠣᠣ᠎ᠶᠢᠨ ᠣᠷᠲᠣ᠎ᠶᠢᠨ ᠲᠠᠭᠣᠣ᠎ᠶᠢᠨ ᠬᠡᠰᠡᠭ᠎ᠢ ᠲᠠᠭᠣᠯᠠᠬᠰᠠᠨ ᠬᠦᠯᠦᠨ ᠪᠣᠢᠷ ᠬᠣᠲᠠ᠎ᠶᠢᠨ ᠰᠢᠨ᠎ᠡ ᠪᠠᠷᠭᠣ ᠵᠡᠬᠦᠨ ᠬᠣᠰᠢᠭᠣᠨ᠎ᠤ ᠣᠯᠠᠭᠠᠨᠮᠦᠢ᠍ᠴᠢᠷ᠎ᠤᠨ ᠭᠡᠷᠡᠯᠰᠠᠢᠬᠠᠨ᠄ 《ᠰᠢᠨ᠎ᠡ ᠪᠠᠷᠭᠣ ᠵᠡᠬᠦᠨ ᠬᠣᠰᠢᠭᠣ ᠪᠣᠯ ᠲᠣᠮᠲᠠᠲᠣ ᠣᠯᠣᠰ᠎ᠤᠨ ᠮᠣᠩᠭᠣᠯ ᠣᠷᠲᠣ᠎ᠶᠢᠨ ᠲᠠᠭᠣᠣ᠎ᠶᠢᠨ ᠦᠯᠦᠭᠡᠢ ᠶᠣᠮᠰᠠᠨ᠃ 〈ᠲᠦᠷᠪᠡᠨ ᠨᠠᠰᠣᠲᠠᠢ ᠬᠠᠯᠢᠭᠣᠨ〉 ᠲᠠᠭᠣᠣ ᠪᠣᠯ ᠪᠠᠷᠭᠣᠴᠣᠳ᠎ᠤᠨ ᠲᠦᠯᠦᠭᠡᠯᠡᠬᠦ ᠪᠦᠲᠦᠭᠡᠯ ᠪᠣᠯᠣᠨ᠎ᠠ᠃ ᠪᠢᠳᠡᠨ᠎ᠤ ᠲᠠᠭᠣᠯᠠᠬᠣ᠎ᠶᠢ ᠰᠣᠨᠣᠰᠣᠬᠰᠠᠨ ᠣᠲᠣᠷᠢᠲᠣᠭᠠᠴᠢ ᠨᠠᠷ ᠡᠨᠡ ᠪᠣᠯ ᠰᠠᠶᠢ ᠲᠠᠯ᠎ᠠ ᠨᠣᠲᠣᠬ᠎ᠤᠨ ᠲᠠᠭᠣᠣ ᠬᠦᠭᠵᠢᠮ᠎ᠤᠨ ᠦᠨᠡᠨ ᠮᠦᠨ ᠲᠦᠷᠰᠦ ᠪᠠᠢᠲᠠᠯ ᠭᠡᠮᠡᠨ ᠦᠨᠡᠯᠡᠵᠦ ᠪᠠᠢᠬᠰᠠᠨ》 ᠭᠡᠵᠦ ᠶᠠᠷᠢᠵᠦ ᠪᠠᠢᠯ᠎ᠠ᠃

ᠲᠡᠢᠮᠦ ᠡ᠂ ᠬᠠᠪᠣᠷ᠎ᠤᠨ ᠣᠷᠢᠨ ᠪᠣᠯᠬᠣᠢ ᠳ᠋ᠣᠷ ᠪᠢᠳᠡ ᠬᠠᠯᠢᠭᠣᠨ ᠮᠣᠷᠢᠨ ᠳ᠋ᠠᠭᠠᠨ ᠮᠣᠷᠲᠠᠵᠦ ᠬᠠᠩᠬᠢᠨᠠᠲᠠᠯ᠎ᠠ ᠲᠠᠭᠣᠯᠠᠵᠦ ᠬᠣᠯᠠ᠎ᠶᠢ ᠵᠣᠷᠢᠲᠠᠬ ᠪᠦᠯᠦᠭᠡ᠃


QQ截图20260226114326.png


ᠲᠦᠪ ᠲᠸᠯᠸᠢᠰ ᠤ᠋ᠨ ᠴᠠᠭᠠᠨ ᠰᠠᠷ᠎ᠠ ᠶ᠋ᠢᠨ ᠦᠲᠡᠰᠢᠯᠡᠭᠡ ᠳ᠋ᠦ ᠣᠷᠣᠯᠴᠠᠬᠰᠠᠨ ᠲᠣᠬᠯᠠᠬᠴᠢᠳ


《ᠲᠦᠷᠪᠡᠨ ᠨᠠᠰᠣᠲᠠᠢ ᠬᠠᠯᠢᠭᠣᠨ》 ᠲᠠᠭᠣᠣ᠎ᠶᠢᠨ ᠬᠣᠪᠢᠯᠪᠣᠷᠢ

ᠲᠦᠪ ᠲᠸᠯᠸᠢᠰ᠎ᠤᠨ ᠴᠠᠭᠠᠨ ᠰᠠᠷ᠎ᠠ᠎ᠶᠢᠨ ᠦᠲᠡᠰᠢᠯᠡᠭᠡ ᠳ᠋ᠦ ᠲᠠᠭᠣᠯᠠᠬᠰᠠᠨ 《ᠡᠷᠴᠢᠯᠡᠨ ᠲᠠᠪᠬᠢᠬᠤ ᠬᠠᠯᠢᠭᠤᠨ》 ᠪᠤᠯ ᠪᠠᠷᠭᠣ ᠠᠷᠠᠳ᠎ᠤᠨ ᠣᠷᠲᠣ᠎ᠶᠢᠨ ᠲᠠᠭᠣᠣ 《ᠲᠦᠷᠪᠡᠨ ᠨᠠᠰᠣᠲᠠᠢ ᠬᠠᠯᠢᠭᠣᠨ》᠎ᠢ᠋ ᠦᠭᠡᠷᠡᠴᠢᠯᠡᠨ ᠨᠠᠢᠷᠠᠭᠣᠯᠣᠬᠰᠠᠨ ᠶᠣᠮ᠃ 《ᠲᠦᠷᠪᠡᠨ ᠨᠠᠰᠣᠲᠠᠢ ᠬᠠᠯᠢᠭᠣᠨ》 ᠲᠠᠭᠣᠣ ᠦᠪᠦᠷ ᠮᠣᠩᠭᠣᠯ ᠲᠡᠳᠦᠢ ᠦᠭᠡᠢ ᠮᠤᠩᠭᠤᠯ ᠤᠯᠤᠰ ᠲᠠᠶᠠᠭᠠᠷ ᠴᠦ᠍ ᠦᠷᠭᠡᠨ ᠶ᠋ᠢᠡᠷ ᠲᠠᠷᠬᠠᠨ ᠲᠡᠯᠭᠡᠷᠡᠵᠦ ᠣᠯᠠᠨ ᠬᠣᠪᠢᠯᠪᠣᠷᠢ ᠪᠡᠷ ᠣᠯᠠᠮᠵᠢᠯᠠᠨ ᠲᠠᠭᠣᠯᠠᠵᠦ᠂ ᠨᠣᠲᠣᠬ ᠨᠣᠲᠣᠬ᠎ᠤᠨ ᠣᠨᠴᠠᠯᠢᠬ ᠶ᠋ᠢᠡᠷ᠂ ᠦᠶ᠎ᠡ ᠦᠶ᠎ᠡ᠎ᠶᠢᠨ ᠬᠦᠮᠦᠰ᠎ᠤᠨ ᠰᠡᠳᠬᠢᠯ᠎ᠤᠨ ᠴᠢᠪᠬᠠᠲᠠᠰᠣ ᠪᠣᠯᠣᠬᠰᠠᠭᠠᠷ ᠢᠷᠡᠵᠡᠢ᠃

《ᠮᠣᠩᠭᠣᠯ ᠠᠷᠠᠳ᠎ᠤᠨ ᠲᠠᠭᠣᠣ᠎ᠶᠢᠨ ᠴᠢᠭᠣᠯᠭᠠᠨ》᠂ 《ᠡᠵᠡᠨ᠎ᠡ ᠠᠷᠠᠳ᠎ᠤᠨ ᠲᠠᠭᠣᠣ》᠂ 《ᠮᠣᠩᠭᠣᠯ ᠠᠷᠠᠳ᠎ᠤᠨ ᠲᠠᠭᠣᠣ ᠲᠠᠪᠣᠨ ᠵᠠᠭᠣ》᠂ 《ᠮᠣᠩᠭᠣᠯ ᠠᠷᠠᠳ᠎ᠤᠨ ᠲᠠᠭᠣᠣ᠎ᠶᠢᠨ ᠴᠣᠪᠣᠷᠠᠯ》 (ᠬᠦᠯᠦᠨ ᠪᠣᠢᠷ ᠠᠢᠮᠠᠬ᠎ᠤᠨ ᠪᠣᠳᠢ)᠂ 《ᠮᠣᠩᠭᠣᠯ ᠠᠷᠠᠳ᠎ᠤᠨ ᠣᠷᠲᠣ᠎ᠶᠢᠨ ᠲᠠᠭᠣᠣ》 ᠪᠣᠯᠣᠨ ᠪᠦᠲᠦᠭᠡᠯᠲᠦ᠎ᠶᠢᠨ ᠡᠷᠬᠢᠯᠡᠨ ᠨᠠᠢᠷᠠᠭᠣᠯᠣᠬᠰᠠᠨ 《ᠮᠣᠩᠭᠣᠯ ᠠᠷᠠᠳ᠎ᠤᠨ ᠰᠣᠩᠭᠣᠲᠠᠬ ᠲᠠᠭᠣᠣ᠎ᠶᠢᠨ ᠰᠣᠨᠢᠷᠬᠠᠮᠵᠢ》 ᠭᠡᠬᠦ ᠨᠣᠮ ᠳ᠋ᠦ ᠪᠦᠷ 《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ᠎ᠶᠢ ᠪᠠᠬᠲᠠᠭᠠᠨ ᠲᠡᠮᠲᠡᠭᠯᠡᠭᠰᠡᠨ ᠪᠠᠢᠨ᠎ᠠ᠃

ᠦᠪᠦᠷ ᠮᠣᠩᠭᠣᠯ᠎ᠤᠨ ᠰᠣᠷᠭᠠᠨ ᠬᠦᠮᠦᠵᠢᠯ᠎ᠤᠨ ᠬᠡᠪᠯᠡᠯ᠎ᠤᠨ ᠬᠣᠷᠢᠶ᠎ᠠ ᠡᠴᠡ ᠬᠡᠪᠯᠡᠬᠦᠯᠦᠭᠰᠡᠨ 《ᠮᠣᠩᠭᠣᠯ ᠠᠷᠠᠳ᠎ᠤᠨ ᠣᠷᠲᠣ᠎ᠶᠢᠨ ᠲᠠᠭᠣᠣ》 ᠭᠡᠬᠦ ᠨᠣᠮ ᠳ᠋ᠦ ᠲᠣᠰ ᠲᠠᠭᠣᠣ᠎ᠶᠢ 《ᠲᠦᠷᠪᠡᠨ ᠨᠠᠰᠣᠲᠠᠢ ᠪᠣᠷᠣ》 ᠭᠡᠰᠡᠨ ᠭᠠᠷᠴᠠᠬ ᠶ᠋ᠢᠡᠷ ᠲᠡᠮᠲᠡᠭᠯᠡᠵᠦ ᠲᠡᠬᠦᠨ᠎ᠤ ᠦᠭᠡᠷ᠎ᠡ ᠨᠢᠭᠡ ᠬᠣᠪᠢᠯᠪᠣᠷᠢ ᠨᠢ 《ᠲᠦᠷᠪᠡᠨ ᠨᠠᠰᠣᠲᠠᠢ ᠬᠠᠯᠢᠭᠣᠨ》 ᠭᠡᠮᠡᠵᠦ᠄

《ᠲᠦᠷᠪᠡᠨ ᠨᠠᠰᠣᠲᠠᠢ ᠬᠠᠯᠢᠭᠣᠨ ᠨᠢ

ᠲᠦᠷᠦᠭᠡ ᠵᠢᠬᠢᠬᠦ ᠳ᠋ᠦ ᠶᠦᠷᠬᠡᠭᠡ ᠲᠠᠢ

ᠲᠦᠷᠪᠡᠯᠵᠢᠯᠡᠭᠡᠳ ᠬᠠᠷᠠᠬᠲᠠᠬᠣ ᠪᠡᠷ᠎ᠡ ᠨᠢ

ᠲᠦᠲᠡᠯᠡᠭᠰᠡᠨ ᠠᠮᠠᠷᠠᠬ᠎ᠤᠨ ᠪᠠᠷ᠎ᠠ ᠤᠤ

ᠲᠠᠪᠣᠨ ᠨᠠᠰᠣᠲᠠᠢ ᠬᠠᠯᠢᠭᠣᠨ ᠨᠢ

ᠲᠠᠰᠢᠭᠣᠷ ᠡᠷᠬᠦᠬᠦ ᠳ᠋ᠦ ᠶᠦᠷᠭᠡᠭᠡ ᠲᠠᠢ

ᠲᠠᠷᠪᠠᠯᠵᠠᠭᠠᠳ ᠬᠠᠷᠠᠬᠲᠠᠬᠣ ᠪᠠᠷ᠎ᠠ ᠨᠢ

ᠲᠠᠨᠢᠯᠴᠠᠬᠰᠠᠨ ᠠᠮᠠᠷᠠᠬ᠎ᠤᠨ ᠪᠠᠷ᠎ᠠ ᠤᠤ?》 ᠭᠡᠵᠡᠢ᠃

《ᠮᠣᠩᠭᠣᠯ ᠠᠷᠠᠳ᠎ᠤᠨ ᠲᠠᠭᠣᠣ ᠲᠠᠪᠣᠨ ᠵᠠᠭᠣ》 ᠭᠡᠬᠦ ᠨᠣᠮ ᠳ᠋ᠦ ᠲᠣᠰ ᠲᠠᠭᠣᠣ᠎ᠶᠢ ᠴᠠᠬᠠᠷ ᠲᠦᠷᠪᠡᠳ᠎ᠤᠨ ᠲᠠᠭᠣᠣ ᠳ᠋ᠦ ᠪᠠᠬᠲᠠᠭᠠᠵᠦ᠂ ᠲᠠᠭᠣᠣ᠎ᠶᠢᠨ ᠦᠭᠡ ᠨᠢ ᠴᠦ᠍ ᠪᠠᠬᠠᠨ ᠬᠣᠪᠢᠷᠠᠯᠲᠠ ᠲᠠᠢ ᠪᠣᠯᠵᠦ᠄

《ᠲᠦᠷᠪᠡᠨ ᠨᠠᠰᠣᠲᠠᠢ ᠬᠠᠯᠢᠭᠣᠨ ᠨᠢ ᠬᠦ

ᠲᠦᠷᠦᠭᠡ ᠬᠠᠩᠬᠢᠨᠠᠬᠣ ᠳ᠋ᠦ ᠦᠷᠬᠦᠭᠡ ᠲᠠᠢ ᠬᠦ

ᠲᠦᠷᠪᠡᠯᠵᠢᠯᠡᠭᠡᠳ ᠬᠠᠷᠠᠭᠲᠠᠬᠣ ᠪᠠᠷ᠎ᠠ ᠨᠢ ᠬᠦ

ᠲᠦᠲᠡᠯᠡᠭᠰᠡᠨ ᠠᠮᠠᠷᠠᠬ᠎ᠤᠨ ᠮᠢᠨᠢ ᠪᠠᠷ᠎ᠠ᠎ᠤᠤ ᠳ᠋ᠠ᠃

ᠲᠠᠪᠣ ᠪᠡᠷ ᠲᠠᠷᠣᠬᠰᠠᠨ ᠭᠡᠵᠢᠭᠡ ᠨᠢ ᠬᠦ

ᠲᠠᠯ᠎ᠠ᠎ᠶᠢᠨ ᠪᠣᠳᠢᠣᠯ ᠰᠢᠬ ᠬᠠᠷᠠᠭᠲᠠᠭᠠᠳ ᠪᠠᠢᠨ᠎ᠠ

ᠲᠠᠪᠣᠯᠵᠢᠯᠠᠭᠠᠳ ᠬᠠᠷᠠᠭᠲᠠᠬᠣ ᠪᠠᠷ᠎ᠠ ᠨᠢ ᠬᠦ

ᠲᠠᠨᠢᠯᠴᠠᠬᠰᠠᠨ ᠠᠮᠠᠷᠠᠬ᠎ᠤᠨ ᠮᠢᠨᠢ ᠪᠠᠷ᠎ᠠ ᠤᠤ ᠳ᠋ᠠ》 ᠭᠡᠲᠡᠭ᠃

《 ᠡᠵᠡᠨ᠎ᠡ ᠠᠷᠠᠳ᠎ᠤᠨ ᠲᠠᠭᠣᠣ》 ᠨᠣᠮ ᠳ᠋ᠦ ᠡᠨᠡ ᠲᠠᠭᠣᠣ᠎ᠶᠢ ᠪᠠᠰᠠ᠄

《ᠲᠦᠷᠪᠡᠨ ᠨᠠᠰᠣᠲᠠᠢ ᠬᠠᠯᠢᠭᠣᠨ ᠨᠢ

ᠲᠦᠷᠦᠭᠡ ᠬᠢᠰᠬᠢᠮᠡᠷ ᠦᠷᠪᠡᠭᠡᠨ ᠲᠠᠢ ᠰᠢᠦ

ᠲᠦᠷᠪᠡᠯᠵᠢᠯᠡᠭᠡᠳ ᠬᠠᠷᠠᠭᠲᠠᠬᠣ ᠪᠠᠷ᠎ᠠ ᠨᠢ

ᠮᠠᠨ᠎ᠤ ᠠᠬ᠎ᠠ ᠨᠠᠷ᠎ᠤᠨ ᠪᠡᠷ᠎ᠡ᠃

ᠲᠠᠪᠣ ᠪᠡᠷ ᠲᠠᠷᠢᠬᠰᠠᠨ ᠲᠠᠷᠢᠶ᠎ᠠ

ᠲᠠᠯ᠎ᠠ᠎ᠶᠢᠨ ᠪᠣᠲᠠᠩ ᠰᠢᠬ ᠬᠠᠷᠠᠭᠲᠠᠭᠠᠳ ᠪᠠᠢᠨ᠎ᠠ

ᠲᠠᠪᠣᠯᠵᠠᠭᠠᠳ ᠬᠠᠷᠠᠭᠲᠠᠬᠣ ᠪᠠᠷ᠎ᠠ ᠨᠢ

ᠮᠠᠨ᠎ᠤ ᠠᠬ᠎ᠠ ᠨᠠᠷ᠎ᠤᠨ ᠪᠠᠷ᠎ᠠ》 ᠭᠡᠵᠦ ᠲᠠᠭᠣᠯᠠᠲᠠᠬ ᠠᠵᠢ᠃

ᠮᠣᠩᠭᠣᠯ ᠠᠷᠠᠳ᠎ᠤᠨ ᠲᠠᠭᠣᠣ ᠳ᠋ᠦ ᠬᠦᠯᠦᠭ ᠮᠣᠷᠢ ᠪᠡᠷ ᠰᠡᠳᠦᠪᠯᠡᠭᠰᠡᠨ ᠲᠠᠭᠣᠣ ᠪᠢᠰᠢᠬᠦᠢ ᠣᠯᠠᠨ ᠪᠠᠢᠵᠦ᠂ ᠠᠪᠣ ᠡᠵᠢ᠂ ᠠᠮᠠᠷᠠᠬ ᠬᠠᠨᠢ᠂ ᠲᠦᠷᠦᠭᠰᠡᠨ ᠨᠣᠲᠣᠬ᠎ᠤᠨ ᠲᠣᠬᠠᠢ ᠰᠠᠨᠠᠯ ᠮᠦᠷᠦᠭᠡᠲᠦᠯ ᠶ᠋ᠢᠡᠨ ᠮᠣᠷᠢ ᠪᠡᠷ ᠦᠯᠢᠭᠡᠷᠯᠡᠨ ᠲᠠᠭᠣᠯᠠᠲᠠᠬ᠃ 《ᠮᠣᠩᠭᠣᠯ ᠠᠷᠠᠳ᠎ᠤᠨ ᠰᠣᠩᠭᠣᠲᠠᠬ ᠲᠠᠭᠣᠣ᠎ᠶᠢᠨ ᠰᠣᠨᠢᠷᠬᠠᠮᠵᠢ》 ᠨᠣᠮ ᠳ᠋ᠦ 《ᠲᠦᠷᠪᠡᠨ ᠨᠠᠰᠣᠲᠠᠢ ᠬᠠᠯᠢᠭᠣᠨ》 ᠲᠠᠭᠣᠣ᠎ᠶᠢ ᠲᠠᠭᠣᠣ ᠬᠦᠭᠵᠢᠮ᠎ᠤᠨ ᠲᠠᠯ᠎ᠠ ᠡᠴᠡ ᠵᠠᠲᠠᠯᠣᠨ ᠰᠢᠨᠵᠢᠯᠡᠵᠦ᠂ ᠬᠣᠶᠠᠷ ᠬᠦᠭᠵᠢᠮ᠎ᠤᠨ ᠦᠬᠦᠯᠡᠪᠦᠷᠢ ᠲᠠᠢ᠂ ᠨᠡᠢᠲᠡ ᠬᠣᠶᠠᠷ ᠪᠠᠲᠠᠬ ᠰᠢᠯᠦᠭ ᠶ᠋ᠢᠡᠷ ᠪᠦᠷᠢᠯᠲᠦᠵᠦ᠂ ᠪᠠᠲᠠᠬ ᠪᠦᠷᠢ᠎ᠶᠢᠨ ᠨᠢᠭᠡ ᠮᠦᠷ ᠨᠢ ᠬᠣᠶᠠᠷ ᠬᠦᠭᠵᠢᠮ᠎ᠤᠨ ᠦᠬᠦᠯᠡᠪᠦᠷᠢ ᠲᠠᠢ ᠵᠣᠬᠢᠴᠠᠲᠠᠬ᠃ ᠲᠡᠭᠡᠷ᠎ᠡ ᠬᠦᠭᠵᠢᠮ᠎ᠤᠨ ᠦᠬᠦᠯᠡᠪᠦᠷᠢ ᠨᠢ ᠱᠠᠩᠲᠠᠭᠣᠨ ᠲᠡᠭᠡᠷ᠎ᠡ ᠵᠣᠬᠰᠣᠵᠦ ᠡᠬᠦᠨ ᠳ᠋ᠦ ᠨᠢᠭᠡᠲᠦᠭᠡᠷ ᠬᠦᠭᠵᠢᠮ᠎ᠤᠨ ᠲᠠᠰᠣᠯᠪᠣᠷᠢ ᠳ᠋ᠦ ᠨᠠᠢ᠍ᠮᠠᠴᠠ᠎ᠶᠢᠨ ᠶᠡᠬᠡ ᠦᠰᠦᠷᠦᠯᠲᠡ ᠶᠠᠪᠣᠬᠲᠠᠨ᠂ ᠴᠢᠮᠡᠭ ᠲᠠᠭᠣᠨ ᠲᠠᠢ ᠵᠢᠲᠠᠭᠣᠨ ᠲᠡᠭᠡᠷ᠎ᠡ ᠲᠡᠬᠦᠰᠴᠦ᠂ ᠪᠦᠬᠦᠢᠯᠡ ᠬᠦᠭᠵᠢᠮ᠎ᠤᠨ ᠦᠬᠦᠯᠡᠪᠦᠷᠢ᠎ᠶᠢᠨ ᠠᠶᠠᠰ ᠨᠢ ᠲᠠᠪᠠᠯᠭᠠᠨ ᠮᠡᠲᠦ ᠶᠠᠪᠣᠬᠲᠠᠵᠠᠢ᠃ ᠲᠣᠣᠷ᠎ᠠ ᠬᠦᠭᠵᠢᠮ᠎ᠤᠨ ᠦᠬᠦᠯᠡᠪᠦᠷᠢ᠎ᠶᠢᠨ ᠡᠮᠦᠨᠡᠬᠢ ᠲᠠᠰᠣᠯᠪᠣᠷᠢ ᠨᠢ ᠬᠦᠩᠲᠠᠬᠦᠨ ᠲᠡᠭᠡᠷ᠎ᠡ ᠵᠣᠬᠰᠣᠵᠦ᠂ ᠵᠠᠯᠭᠠᠭᠠᠳ ᠲᠣᠣᠷ᠎ᠠ ᠨᠠᠢ᠍ᠮᠠᠴᠠ ᠪᠠᠨ ᠶᠦᠲᠠᠭᠣᠨ ᠶ᠋ᠢᠡᠷ ᠡᠬᠢᠯᠡᠨ᠂ 《ᠬᠦ》 ᠤ᠋ᠨ ᠡᠭᠡᠰᠢᠭᠲᠦ ᠨᠣᠭᠣᠯᠣᠭ᠎ᠠ ᠲᠠᠢ ᠵᠢᠲᠠᠭᠣᠨ ᠲᠡᠭᠡᠷ᠎ᠡ ᠲᠡᠬᠦᠰᠦᠭᠰᠡᠨ ᠪᠠᠢᠨ᠎ᠠ᠃ ᠲᠡᠭᠡᠷ᠎ᠡ ᠲᠣᠣᠷ᠎ᠠ ᠬᠦᠭᠵᠢᠮ᠎ᠤᠨ ᠦᠬᠦᠯᠡᠪᠦᠷᠢ ᠨᠢ 《ᠬᠠᠷᠢᠶ᠎ᠠ — ᠭᠣᠣᠯ》 ᠤ᠋ᠨ ᠬᠠᠷᠢᠴᠠᠭ᠎ᠠ ᠲᠠᠢ᠃ ᠲᠠᠭᠣᠣ᠎ᠶᠢᠨ ᠮᠠᠲ᠋ᠸᠷᠢᠶᠠᠯ᠎ᠤᠨ ᠲᠠᠯ᠎ᠠ ᠪᠡᠷ ᠲᠡᠭᠡᠷ᠎ᠡ ᠬᠦᠭᠵᠢᠮ᠎ᠤᠨ ᠦᠬᠦᠯᠡᠪᠦᠷᠢ᠎ᠶᠢᠨ ᠬᠣᠢᠨᠠᠬᠢ ᠲᠠᠰᠣᠯᠪᠣᠷᠢ᠎ᠶᠢᠨ ᠮᠠᠲ᠋ᠸᠷᠢᠶᠠᠯ᠎ᠢ ᠲᠣᠣᠷ᠎ᠠ ᠬᠦᠭᠵᠢᠮ᠎ᠤᠨ ᠦᠬᠦᠯᠡᠪᠦᠷᠢ ᠳ᠋ᠦ ᠠᠢᠵᠠᠮ᠎ᠢ ᠨᠢ ᠬᠣᠪᠢᠷᠠᠭᠠᠨ ᠲᠠᠪᠲᠠᠬᠰᠠᠨ ᠨᠢ ᠬᠠᠢᠷ᠎ᠠ ᠰᠡᠳᠬᠢᠯᠭᠡ ᠪᠠᠨ ᠨᠡᠩ ᠬᠦᠨᠵᠡᠭᠡᠢ ᠲᠣᠰᠬᠠᠵᠦ ᠴᠢᠲᠠᠬᠰᠠᠨ ᠭᠡᠵᠦ ᠦᠨᠡᠯᠡᠵᠡᠢ᠃

《ᠲᠦᠷᠪᠡᠨ ᠨᠠᠰᠣᠲᠠᠢ ᠬᠠᠯᠢᠭᠣᠨ》 ᠲᠠᠭᠤᠤ ᠵᠢᠨ ᠲᠤᠮᠤᠭ

ᠮᠣᠩᠭᠣᠯ ᠨᠣᠲᠣᠬ᠎ᠤᠨ ᠠᠭᠣᠯᠠ ᠪᠣᠯᠭᠠᠨ ᠨᠢ ᠦᠯᠢᠭᠡᠷ ᠲᠠᠢ᠂ ᠲᠠᠭᠣᠣ ᠪᠣᠯᠭᠠᠨ ᠨᠢ ᠲᠣᠮᠣᠬ ᠲᠠᠢ᠃ ᠦᠪᠦᠷ ᠮᠣᠩᠭᠣᠯ ᠲᠠᠶᠠᠭᠠᠷ ᠣᠯᠠᠮᠵᠢᠯᠠᠨ ᠲᠠᠭᠣᠯᠠᠵᠦ ᠦᠢ ᠣᠯᠠᠨ᠎ᠤ ᠪᠠᠬᠠᠷᠬᠠᠯ᠎ᠢ ᠣᠯᠣᠬᠰᠠᠨ 《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ᠎ᠵᠢᠨ ᠡᠬᠦᠰᠦᠯ᠎ᠤᠨ ᠲᠤᠬᠠᠢ ᠡᠢᠮᠦ ᠨᠢᠭᠡᠨ ᠣᠯᠠᠮᠵᠢᠯᠠᠯ ᠲᠣᠮᠣᠬ ᠪᠠᠢᠲᠠᠬ᠄

ᠪᠣᠢᠷ ᠨᠠᠭᠤᠷ᠎ᠤᠨ ᠬᠠᠪᠢ ᠪᠡᠷ ᠭᠠᠯᠳᠠᠨ ᠪᠠᠢᠯᠠ ᠭᠡᠭᠴᠢ ᠪᠠᠶᠠᠨ᠎ᠤ ᠬᠢ ᠨᠤᠲᠤᠭᠯᠠᠳᠠᠭ ᠪᠠᠢᠵᠠᠢ᠃ ᠲᠡᠷᠡ᠎ᠪᠡᠷ ᠠᠰᠤᠷᠤ ᠶᠡᠬᠡ ᠮᠠᠯ ᠬᠤᠰᠢ ᠲᠠᠢ ᠪᠠᠢᠵᠦ᠂ ᠲᠡᠭᠦᠨ᠎ᠢ ᠨᠢ ᠠᠲᠤᠭᠤᠯᠠᠬᠤ ᠬᠥᠯᠥᠰᠦᠨ᠎ᠦ ᠣᠯᠠᠨ ᠵᠠᠷᠤᠴᠠ ᠠᠷᠠᠳ᠎ᠲᠠᠢ᠂ ᠡᠳ᠋ ᠬᠥᠷᠥᠩᠭᠡ᠎ᠳᠡᠭᠡᠨ ᠰᠠᠭᠠᠭᠰᠠᠨ ᠨᠢᠭᠡᠨ ᠠᠵᠢ᠃ ᠭᠠᠯᠳᠠᠨ ᠪᠠᠢᠯᠠ᠎ᠵᠢᠨ ᠪᠠᠭ᠎ᠠ ᠬᠠᠳᠤᠨ ᠠᠯᠢᠮ᠎ᠠ ᠭᠡᠭᠴᠢ ᠡᠷᠬᠡ ᠳᠤᠷ᠎ᠠ ᠪᠡᠷ ᠵᠢᠡᠨ ᠦᠪᠡᠷ᠎ᠲᠤᠨᠢ ᠲᠤᠰᠠ ᠦᠬᠡᠢ ᠰᠠᠨᠠᠭᠳᠠᠭᠰᠠᠨ ᠬᠦᠮᠦᠨ ᠪᠦᠬᠦᠨ᠎ᠢ ᠨᠤᠶᠠᠨ᠎ᠳᠦ ᠬᠤᠪᠯᠠᠨ ᠬᠤᠵᠢᠭᠢᠷ ᠫᠦᠷᠪᠦ ᠪᠡᠷ ᠵᠤᠳᠤᠭᠤᠯᠵᠦ ᠴᠡᠭᠡᠷᠯᠡᠭᠦᠯᠳᠡᠭ ᠭᠡᠨ᠎ᠡ᠃

ᠲᠡᠭᠡᠬᠦ ᠳ᠋ᠦ ᠰᠠᠷᠠᠬᠡᠳᠡᠷ ᠭᠡᠭᠴᠢ ᠴᠡᠭᠡᠯ ᠬᠣᠭᠣᠯᠠᠢ᠎ᠲᠠᠢ᠂ ᠰᠡᠢ᠍ᠢᠬᠠᠠ ᠳᠠᠭᠤᠯᠠᠳᠠᠭ ᠨᠢᠭᠡᠨ ᠰᠡᠢ᠍ᠢᠬᠠᠠ ᠡᠷ᠎ᠡ ᠪᠠᠢᠵᠠᠢ᠃ ᠲᠡᠭᠦᠨ᠎ᠳᠤ ᠭᠠᠯᠳᠠᠨ ᠪᠠᠶᠠᠨ᠎ᠤ ᠪᠠᠭ᠎ᠠ ᠬᠠᠳᠤᠨ ᠠᠯᠢᠮ᠎ᠠ ᠬᠠᠴᠢᠨ ᠰᠠᠢᠨ ᠪᠣᠯᠵᠤ᠂ ᠠᠷᠤ᠎ᠠᠴᠠ ᠨᠢ ᠦᠭᠡ ᠬᠡᠯᠡᠭᠦᠯᠵᠦ ᠤᠴᠠᠷᠠᠯ ᠪᠦᠷᠢᠳᠦᠭᠦᠯᠬᠦ᠎ᠶᠢ ᠰᠠᠨᠠᠭᠤᠯᠵᠤ᠂ ᠠᠭᠤᠯᠵᠠᠭ᠎ᠠ ᠭᠣᠶᠣᠵᠤ ᠲᠤᠢᠳᠠᠭ ᠪᠠᠢᠭᠰᠠᠨ ᠴᠤ᠌ ᠤᠢᠰᠢᠶᠠᠭᠰᠠᠨ ᠦᠬᠡᠢ ᠭᠡᠨ᠎ᠡ᠃ ᠬᠠᠷᠢᠨ ᠭᠠᠯᠳᠠᠨ ᠪᠠᠢᠯᠠ ᠵᠢᠨ ᠭᠡᠷ᠎ᠲᠤᠨᠢ ᠵᠡᠷᠦᠴᠠ ᠬᠢᠳᠡᠭ ᠡᠮᠡᠭᠡᠨ᠎ᠤ 16 ᠨᠠᠰᠤᠲᠠᠢ ᠦᠬᠢᠨ ᠰᠦᠷᠦᠩ ᠠᠳᠤᠭᠤᠴᠢᠨ ᠰᠠᠷᠠᠬᠡᠳᠡᠷ ᠲᠠᠢ ᠬᠠᠢᠷ᠎ᠠ᠎ᠶᠢᠨ ᠬᠠᠷᠢᠯᠴᠠᠭ᠎ᠠ ᠲᠠᠢ ᠪᠣᠯᠵᠦ᠂ ᠠᠭᠤᠯᠵᠠᠵᠤ ᠤᠴᠠᠷᠠᠳᠠᠭ ᠪᠠᠢᠪᠠ᠃  ᠵᠡᠷᠦᠴᠠ ᠨᠢ ᠰᠠᠷᠠᠬᠡᠳᠡᠷ ᠲᠠᠢ ᠤᠴᠢᠷᠲᠠᠢ ᠮᠦᠷᠲᠡᠭᠡᠨ ᠵᠢᠷᠮᠦᠰᠦᠨ ᠭᠡᠳᠡᠭ ᠬᠣᠪ᠎ᠢ ᠠᠯᠢᠮ᠎ᠠ ᠬᠠᠲᠣᠨ ᠣᠯᠵᠤ ᠰᠤᠨᠤᠰᠤᠭᠠᠳ ᠰᠠᠷᠠᠬᠡᠳᠡᠷ᠎ᠢ ᠠᠳᠤᠭᠤ ᠮᠠᠨᠠᠬᠤ ᠡᠭᠡᠯᠵᠢ᠎ᠲᠠᠢ ᠦᠶ᠎ᠡ᠎ᠳᠤᠨᠢ ᠠᠯᠢᠮ᠎ᠠ ᠬᠠᠲᠣᠨ ᠵᠠᠷᠤᠴᠠ᠎ᠶᠢᠨ ᠦᠬᠢᠨ ᠰᠦᠷᠦᠩ᠎ᠢ ᠪᠠᠷᠢᠭᠤᠯᠵᠤ᠂ ᠫᠦᠷᠪᠦ᠎ᠪᠠᠷ ᠵᠣᠳᠣᠭᠤᠯᠵᠤ ᠲᠠᠮᠤᠯᠠᠪᠠ᠃ ᠫᠦᠷᠪᠦ᠎ᠶᠢᠨ ᠭᠠᠷ᠎ᠤᠨ ᠬᠦᠨᠳᠤ ᠴᠣᠬᠢᠯᠲᠠ᠎ᠠᠴᠠ ᠪᠣᠯᠵᠤ ᠰᠦᠷᠦᠩ ᠠᠮᠢ ᠪᠡᠨ ᠠᠯᠳᠠᠵᠠᠢ᠃ ᠲᠡᠳᠡᠨ᠎ᠤ ᠬᠢᠭᠰᠡᠨ ᠵᠦᠢᠯ ᠢ᠋ ᠪᠠᠩᠵᠠᠢ᠎ᠶᠢᠨ ᠳᠣᠨᠤᠢ ᠭᠡᠮᠡᠬᠦ ᠠᠳᠤᠭᠤᠴᠢᠨ ᠠᠨᠳᠠ ᠨᠢ ᠰᠠᠷᠠᠬᠡᠳᠡᠷ᠎ᠤᠨ ᠴᠢᠬᠢᠨ᠎ᠳᠤ ᠬᠦᠷᠭᠡᠵᠡᠢ᠃ ᠬᠠᠶ᠋ᠢᠷᠠᠲᠠᠢ ᠪᠦᠰᠡᠭᠦᠢ ᠨᠢ ᠬᠡᠦᠬᠡᠳ᠎ᠦᠨ ᠬᠢᠨᠢ ᠬᠠᠮᠲᠤ ᠠᠮᠢ ᠪᠡᠨ ᠠᠯᠳᠠᠭᠰᠠᠨ᠎ᠢ ᠰᠣᠨᠣᠰᠤᠭᠠᠳ ᠬᠢᠯᠢᠩᠨᠡᠵᠦ ᠭᠠᠰᠢᠭᠤᠳᠠᠭᠰᠠᠨ ᠰᠠᠷᠠᠬᠡᠳᠡᠷ ᠫᠦᠷᠪᠦ᠎ᠶᠢᠨ ᠭᠡᠷ᠎ᠲᠤ ᠳᠠᠪᠬᠢᠵᠤ ᠣᠴᠢᠭᠠᠳ᠂ ᠬᠡᠮᠬᠡᠷᠡᠲᠡᠯ᠎ᠡ ᠨᠦᠳᠦᠵᠦ ᠲᠡᠬᠦᠨ᠎ᠢ ᠠᠯᠡᠬᠤ ᠭᠡᠵᠦ ᠪᠠᠶ᠋ᠢᠲᠠᠯ᠎ᠠ ᠠᠯᠢᠮ᠎ᠠ᠎ᠶᠢᠨ ᠳᠠᠭᠤᠳᠠᠯᠭ᠎ᠠ ᠪᠡᠷ ᠢᠷᠡᠭᠰᠡᠨ ᠬᠣᠰᠢᠭᠤ ᠲᠠᠮᠠᠭ᠎ᠠ᠎ᠶᠢᠨ ᠭᠠᠵᠠᠷ᠎ᠤᠨ ᠬᠢᠨ ᠠᠮᠵᠢᠨ ᠢᠷᠠᠵᠤ ᠰᠠᠷᠠᠬᠡᠳᠡᠷ᠎ᠢ ᠪᠠᠷᠢᠭᠠᠳ ᠬᠠᠷ᠎ᠠ ᠭᠡᠷ᠎ᠲᠤ ᠬᠣᠷᠢᠪᠠ᠃

ᠠᠯᠢᠮ᠎ᠠ ᠠᠪᠠᠭᠠᠢ᠎ᠶᠢᠨ ᠬᠦᠳᠭᠡᠯᠭᠡ᠎ᠪᠠᠷ ᠰᠠᠷᠠᠬᠡᠳᠡᠷ ᠵᠢᠷᠮᠦᠰᠦᠨ ᠦᠬᠢᠨ ᠰᠦᠷᠦᠩ᠎ᠤᠨ ᠠᠮᠢ ᠵᠢ ᠨᠢ ᠬᠤᠷᠤᠭᠠᠭᠰᠠᠨ ᠪᠥᠭᠡᠳ ᠲᠡᠭᠦᠨ᠎ᠢ ᠪᠣᠯᠢᠭᠤᠯᠬᠤ ᠭᠡᠰᠡᠨ ᠰᠢᠳᠤᠷᠭᠤ ᠰᠠᠢᠨ ᠬᠥᠮᠦᠨ ᠫᠦᠷᠪᠦ᠎ᠶᠢ ᠴᠤᠬᠢᠵᠤ᠂ ᠨᠠᠰᠦᠨ ᠲᠤᠷᠰᠢᠳᠠ ᠲᠠᠬᠢᠷ ᠲᠠᠲᠠᠭᠤ᠂ ᠰᠠᠭᠤᠮᠠᠭᠠᠶ ᠪᠤᠯᠭᠠᠭᠰᠠᠨ ᠪᠤᠷᠤᠭᠤᠲᠠᠨ ᠪᠣᠯᠵᠤ ᠴᠠᠭᠠᠵᠠᠯᠠᠭᠤᠯᠬᠤ ᠶᠠᠯᠠᠲᠠᠨ ᠪᠣᠯᠵᠠᠢ᠃

ᠠᠯᠢᠮ᠎ᠠ ᠠᠪᠠᠭᠠᠢ ᠫᠦᠷᠪᠦ ᠨᠠᠷ ᠲᠡᠷᠡ ᠬᠦ᠌ ᠪᠣᠯᠣᠭᠰᠠᠨ ᠦᠶ᠋ᠯᠡ ᠶᠠᠪᠤᠳᠠᠯ᠎ᠢ ᠬᠣᠰᠢᠭᠤᠨ᠎ᠤ ᠣᠯᠠᠨ᠎ᠳᠤ ᠮᠠᠰᠢ ᠪᠤᠷᠤᠭᠤ ᠣᠢᠯᠠᠭᠠᠭᠤᠯᠤᠭᠰᠠᠨ ᠲᠤᠯᠠ ᠠᠷᠠᠳ᠎ᠤᠳ ᠡᠮᠵᠡᠭᠯᠡᠨ ᠰᠠᠷᠠᠬᠡᠳᠡᠷ᠎ᠲᠦ ᠶᠡᠭᠡᠳᠠ ᠬᠢᠯᠢᠩᠨᠡᠵᠡᠭᠡᠪᠡ᠃ ᠬᠠᠷᠢᠨ ᠰᠠᠷᠠᠬᠡᠳᠡᠷ ᠲᠠᠢ ᠬᠠᠮᠲᠤ ᠠᠳᠤᠭᠤ ᠬᠠᠷᠢᠭᠤᠯᠳᠠᠭ ᠳᠣᠨᠤᠢ ᠯᠡ ᠤᠴᠢᠷ ᠪᠠᠢᠳᠠᠯ᠎ᠢ ᠦᠨᠡᠨ ᠵᠥᠪ᠎ᠢᠶᠡᠷ ᠨᠢ ᠣᠢᠯᠠᠭᠠᠵᠤ ᠪᠠᠢᠭᠰᠠᠨ ᠴᠤ᠌ ᠡᠵᠡᠷᠬᠡᠭ ᠵᠠᠰᠠᠭ᠎ᠤᠨ ᠠ᠋ᠷᠭᠡ ᠮᠡᠲᠡᠯᠲᠡᠨ ᠨᠤᠭᠦᠳ᠎ᠲᠠᠢ ᠰᠢᠳᠠᠷᠯᠠᠭᠰᠠᠨ ᠪᠠᠶᠠᠨ᠎ᠤ ᠡᠰᠡᠷᠭᠦ ᠶᠠᠭᠠᠬᠢᠵᠦ ᠴᠦ᠍ ᠴᠢᠲᠠᠬᠣ ᠦᠭᠡᠢ ᠪᠠᠢᠯ᠎ᠠ᠃ ᠳᠣᠨᠤᠢ ᠪᠠᠭ᠎ᠠ᠎ᠶᠢᠨ ᠠᠨᠳᠠ ᠪᠡᠨ ᠲᠡᠭᠡᠭᠡᠳ ᠦᠭᠦᠭᠦᠯᠴᠢᠬᠡᠬᠦ᠎ᠶᠢ ᠬᠦᠰᠡᠭᠡ ᠦᠭᠡᠢ ᠲᠤᠯᠠ ᠬᠡᠰᠡᠭ ᠨᠥᠬᠥᠳ᠎ᠤᠨ ᠬᠠᠮᠲᠤ ᠵᠢᠰᠦ᠎ᠪᠡᠨ ᠪᠣᠷᠣᠭᠣᠯᠠᠵᠦ᠂ ᠰᠥᠨᠢ ᠬᠤᠭᠤᠰᠯᠠᠨ ᠳᠠᠪᠬᠢᠭ᠍ᠰᠠᠭᠠᠷ ᠬᠣᠰᠢᠭᠤᠨ᠎ᠤ ᠬᠡᠷᠡᠭ ᠰᠢᠢᠳᠭᠡᠬᠦ ᠭᠠᠵᠠᠷ᠎ᠲᠤ ᠬᠦᠷᠴᠦ᠂ ᠵᠣᠳᠣᠯᠳᠤᠨ ᠪᠠᠢᠵᠤ ᠰᠠᠷᠠᠬᠡᠳᠡᠷ᠎ᠢ ᠠᠪᠤᠷᠠᠵᠤ ᠭᠠᠷᠭᠠᠪᠠ᠃ ᠲᠡᠭᠡᠭᠡᠳ ᠭᠠᠯᠳᠠᠨ ᠪᠠᠶᠠᠨ᠎ᠤ ᠠᠳᠤᠭᠤᠨ ᠰᠦᠷᠦᠭ᠎ᠤᠨ ᠳᠤᠮᠳᠠ᠎ᠠᠴᠠ ᠬᠥᠲᠥᠯᠵᠦ ᠠᠪᠴᠢᠷᠠᠭᠰᠠᠨ ᠰᠣᠷ ᠪᠣᠯᠣᠭᠰᠠᠨ ᠬᠤᠷᠳᠤᠨ ᠬᠦᠯᠦᠭ ᠳᠥᠷᠪᠡᠨ ᠨᠠᠰᠤᠲᠠᠢ ᠬᠠᠯᠢᠭᠤᠨ᠎ᠢ ᠡᠮᠡᠭᠡᠯᠯᠡᠵᠦ ᠮᠣᠷᠳᠠᠭᠤᠯᠤᠭᠠᠳ᠂ ᠡᠷᠭᠢᠵᠦ ᠢᠷᠡᠬᠦ ᠦᠭᠡᠢ ᠪᠡᠷ ᠵᠢᠭᠤᠲᠠᠨ ᠣᠳᠬᠤ᠎ᠶᠢ ᠵᠠᠬᠢᠵᠠᠢ᠃ ᠠᠷᠤ᠎ᠠᠴᠠ ᠨᠢ ᠨᠡᠬᠡᠭᠰᠡᠳ ᠳᠥᠷᠪᠡᠨ ᠨᠠᠰᠤᠲᠠᠢ ᠬᠠᠯᠢᠭᠤᠨ᠎ᠤ ᠲᠣᠭᠣᠰᠣ᠌᠎ᠶᠢ ᠨᠢ ᠴᠤ᠌ ᠬᠠᠷᠠᠵᠤ ᠴᠢᠳᠠᠭ᠎ᠠ ᠦᠭᠡᠢ ᠠᠵᠢ᠃

ᠢᠩᠭᠢᠵᠦ ᠡᠷᠡᠯᠬᠡᠭ ᠡᠷ᠎ᠡ᠂ ᠡᠷᠡᠮᠡᠬᠡᠶ ᠬᠦᠯᠦᠭ ᠬᠤᠶᠠᠷ ᠬᠤᠪᠢ ᠵᠠᠶᠠᠭ᠎ᠠ ᠪᠡᠨ ᠬᠣᠯᠪᠣᠨ᠂ ᠡᠨᠡ ᠣᠷᠴᠢᠯᠠᠩ᠎ᠤᠨ ᠵᠤᠪᠡᠯᠡᠡᠭ ᠵᠢᠷᠭᠠᠯ᠎ᠢ ᠬᠠᠮᠲᠤ᠎ᠳᠠᠭᠠᠨ ᠡᠯᠡᠭᠡᠨ᠂ ᠡᠭᠡᠭᠡ ᠯᠡ ᠨᠢᠭᠡ ᠡᠬᠡ᠎ᠡᠴᠡ ᠲᠥᠷᠦᠭᠰᠡᠨ ᠠᠬᠠᠨ ᠳᠡᠭᠦᠦᠰ ᠮᠡᠳᠤ ᠢᠵᠢᠯᠢᠳᠤᠨ ᠳᠠᠰᠴᠤ᠂ ᠪᠠᠷᠭᠤ᠎ᠶᠢᠨ ᠦᠷᠬᠡᠨ ᠠᠭᠤᠳᠠᠮ ᠲᠠᠯ᠎ᠠ ᠪᠡᠷ ᠲᠡᠪᠬᠢᠵᠤ ᠪᠠᠢᠵᠡᠢ᠃ ᠣᠨ ᠵᠢᠯ ᠦᠨᠭᠭᠡᠷᠡᠭᠰᠡᠠ ᠴᠤ᠌ ᠵᠠᠯᠠᠭᠤ ᠡᠷ᠎ᠡ᠎ᠶᠢᠨ ᠰᠡᠳᠬᠢᠯ᠎ᠤᠨ ᠰᠢᠷᠬ᠎ᠠ ᠠᠨᠠᠯ᠎ᠦᠭᠡᠢ ᠬᠠᠶ᠋ᠢᠷᠠᠲᠠᠢ ᠪᠦᠰᠡᠭᠦᠢ᠎ᠲᠠᠢ᠎ᠪᠠᠨ ᠵᠢᠷᠭᠠᠯᠲᠠᠢ ᠪᠠᠢᠭᠰᠠᠨ᠎ᠢᠶᠠᠨ ᠰᠠᠨᠠᠵᠦ᠂ ᠰᠡᠦᠡᠬᠢᠯ᠎ᠤᠨ ᠰᠢᠨᠠᠯᠤᠯ᠎ᠢᠶᠠᠨ ᠲᠠᠭᠤᠤ ᠪᠣᠯᠭᠠᠨ ᠵᠣᠬᠢᠶᠠᠵᠤ ᠪᠠᠷᠭᠤ ᠨᠤᠲᠤᠭ᠎ᠢᠶᠠᠷ ᠬᠠᠡᠭᠭᠢᠨᠠᠭᠤᠯᠤᠨ ᠲᠠᠭᠤᠯᠠᠬᠰᠠᠨ ᠭᠡᠲᠡᠭ᠃

ᠲᠡᠷᠡ ᠴᠠᠭ᠎ᠠᠴᠠ ᠬᠣᠢᠰᠢ ᠰᠡᠷᠡᠭᠡᠲᠡᠷ ᠬᠠᠢᠯᠠᠷ ᠬᠣᠲᠠ᠎ᠠᠴᠠ ᠬᠤᠢ᠍ᠢᠨ᠎ᠠ ᠣᠷᠤᠰᠢᠬᠤ 《ᠨᠠᠭᠠᠨᠲᠠᠢ᠎ᠶᠢᠨ ᠨᠠᠷᠠᠰᠤ》᠂ ᠰᠢᠨ᠎ᠡ ᠪᠠᠷᠭᠤ ᠪᠠᠷᠠᠭᠤᠨ ᠬᠣᠰᠢᠭᠤᠨ᠎ᠤ 《ᠳᠦᠩᠭᠢᠨᠡᠬᠦ ᠤᠯᠢᠶᠠᠰᠤᠲᠠᠢ》 ᠬᠣᠶᠠᠷ᠎ᠤᠨ ᠬᠤᠭᠤᠷᠦᠡᠳᠦ ᠬᠠᠢᠷᠠᠳᠠᠢ ᠬᠦᠮᠦᠨ᠎ᠢᠶᠠᠨ ᠰᠠᠨᠠᠨ ᠪᠤᠳᠤᠨ᠂ ᠦᠳᠡᠰᠢ᠎ᠶᠢᠨ ᠪᠦᠷᠦᠢ ᠪᠠᠷ ᠭᠠᠨᠵᠤᠭ᠎ᠠ ᠢᠮ᠎ᠲᠠᠢ ᠪᠣᠷᠤ ᠮᠣᠷᠢ᠎ᠪᠠᠷ᠎ᠢᠶᠠᠨ ᠳᠠᠪᠬᠢᠨ ᠶᠠᠪᠤᠬᠤ᠎ᠳᠠᠭᠠᠨ 《ᠳᠥᠷᠪᠡᠨ ᠨᠠᠰᠤᠲᠠᠢ ᠪᠣᠷᠤ》᠂ 《ᠳᠥᠷᠪᠡᠨ ᠰᠧ ᠵᠢᠨ ᠬᠠᠯᠢᠭᠤᠨ》 ᠶ᠋ᠢᠡᠨ ᠳᠠᠭᠤᠯᠠᠭᠠᠳ ᠳᠠᠪᠬᠢᠭᠣᠯᠲᠠᠬ ᠪᠣᠯᠵᠠᠢ᠃ ᠲᠠᠭᠤᠤ ᠵᠢᠨ ᠦᠭᠡ ᠠᠭᠠᠵᠢᠮ᠎ᠳᠠᠭᠠᠨ ᠬᠤᠪᠢᠰᠤᠭᠰᠠᠭᠠᠷ ᠪᠣᠷᠤ ᠠᠳᠤᠭᠤᠨ᠎ᠤ ᠵᠢᠰᠦᠮ ᠨᠢ ᠬᠠᠯᠢᠭᠤᠨ ᠪᠣᠯᠣᠭᠰᠠᠨ ᠪᠣᠯᠣᠯᠲᠠᠢ᠃ ᠲᠡᠷᠡ ᠳᠠᠭᠤᠤ ᠨᠢ ᠪᠠᠷᠭᠤ ᠠᠷᠠᠳ᠎ᠤᠨ ᠳᠠᠭᠤᠤ 《ᠳᠥᠷᠪᠡᠨ ᠨᠠᠰᠤᠲᠠᠢ ᠬᠠᠯᠢᠭᠤᠨ》 ᠪᠠᠢᠭᠰᠠᠨ ᠪᠦᠬᠡᠳ ᠵᠠᠭᠤᠨ ᠵᠠᠭᠤᠨ ᠵᠢᠡᠷ ᠪᠠᠷᠭᠤ ᠠᠷᠠᠳ᠎ᠤᠨ ᠲᠤᠮᠳᠠ ᠲᠠᠷᠬᠠᠵᠦ ᠲᠠᠭᠤᠯᠠᠭᠳᠠᠵᠦ ᠡᠳᠦᠭᠡ ᠪᠣᠯᠣᠬᠰᠠᠨ ᠠᠵᠢ᠃

《ᠲᠦᠷᠪᠡᠨ ᠨᠠᠰᠣᠲᠠᠢ ᠬᠠᠯᠢᠭᠣᠨ》 ᠳᠠᠭᠤᠤ ᠎ᠶᠢ ᠬᠠᠮᠤᠭ ᠠᠡᠭᠬ᠎ᠠ ᠪᠠᠷᠭᠤ ᠵᠢᠨ ᠠᠯᠳᠠᠷᠳᠤ ᠲᠠᠭᠤᠴᠢᠨ ᠪᠠᠳᠮ᠎ᠠ ᠲᠠᠭᠤᠯᠠᠵᠤ ᠰᠢᠡᠭᠭᠡᠭᠡᠭᠰᠡᠨ ᠪᠦᠬᠡᠳ ᠲᠡᠬᠦᠨ᠎ᠤ ᠱᠠᠪᠢ ᠨᠠᠷᠠᠳᠤ ᠠᠷᠠᠳ᠎ᠤᠨ ᠲᠠᠭᠤᠴᠢᠨ ᠱᠤᠭᠠᠷ᠎ᠠ ᠤᠶᠤᠨᠰᠤᠳᠤ ᠲᠡᠭᠡᠷ᠎ᠠ ᠵᠠᠭᠤᠨ᠎ᠤ ᠨᠠᠶᠠᠭᠠᠳ ᠤᠨ᠎ᠳᠤ ᠵᠠᠯᠭᠠᠮᠵᠢᠯᠠᠨ ᠲᠠᠭᠤᠯᠠᠵᠡᠢ᠃

ᠲᠡᠭᠡᠷ᠎ᠡ ᠦᠬᠦᠯᠡᠭᠰᠡᠨ 《ᠮᠣᠩᠭᠣᠯ ᠠᠷᠠᠳ᠎ᠤᠨ ᠣᠷᠲᠣ᠎ᠶᠢᠨ ᠲᠠᠭᠣᠣ》 ᠭᠡᠬᠦ ᠨᠣᠮ ᠳ᠋ᠦ ᠪᠠᠰᠠ 《ᠲᠦᠷᠪᠡᠨ ᠨᠠᠰᠣᠲᠠᠢ ᠬᠠᠯᠢᠭᠣᠨ》 ᠲᠠᠭᠣᠣ᠎ᠶᠢᠨ ᠵᠣᠬᠢᠶᠠᠬᠴᠢ ᠪᠣᠯ ᠪ·ᠰᠡᠷᠡᠳᠡᠷ ᠭᠡᠮᠡᠨ ᠴᠣᠬᠣᠰ ᠲᠡᠮᠲᠡᠭᠯᠡᠭᠰᠡᠨ ᠪᠠᠢᠨ᠎ᠠ᠃

ᠲᠡᠭᠡᠪᠡᠯ 《ᠲᠦᠷᠪᠡᠨ ᠨᠠᠰᠣᠲᠠᠢ ᠪᠣᠷᠣ》 ᠪᠣᠯᠣᠨ 《ᠲᠦᠷᠪᠡᠨ ᠨᠠᠰᠣᠲᠠᠢ ᠬᠠᠯᠢᠭᠣᠨ》 ᠨᠢ ᠨᠢᠭᠡ ᠲᠠᠭᠣᠣ᠎ᠶᠢᠨ ᠬᠣᠶᠠᠷ ᠣᠨᠲᠣᠣ ᠬᠣᠪᠢᠯᠪᠣᠷᠢ ᠶᠣᠮ᠎ᠤᠤ? ᠡᠰᠡᠪᠡᠯ ᠬᠣᠶᠠᠷ ᠣᠨᠲᠣᠣ ᠲᠠᠭᠣᠣ ᠶᠣᠮ᠎ᠤᠤ? ᠡᠨᠡ ᠲᠣᠬᠠᠢ ᠡᠷᠳᠡᠮᠲᠡᠨ ᠬ·ᠰᠠᠮᠫᠢᠯᠲᠠᠨᠲᠠᠪ᠎ᠤᠨ ᠡᠮᠬᠢᠳᠭᠡᠨ ᠨᠠᠢᠷᠠᠭᠣᠯᠣᠬᠰᠠᠨ 《ᠮᠣᠩᠭᠣᠯ ᠲᠣᠮᠣᠬ᠎ᠤᠨ ᠴᠢᠭᠣᠯᠭᠠᠨ》 ᠪᠣᠯᠣᠨ 《ᠮᠣᠩᠭᠣᠯ ᠲᠣᠮᠣᠬ》 ᠭᠡᠬᠦ ᠨᠣᠮ ᠳ᠋ᠦ 《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ᠎ᠶᠢᠨ ᠢᠷᠡᠯᠲᠡ ᠲᠡᠦᠬᠡ᠎ᠶᠢᠨ ᠬᠣᠶᠠᠷ ᠬᠣᠪᠢᠯᠪᠣᠷᠢ᠎ᠶᠢ ᠲᠡᠮᠲᠡᠭᠯᠡᠵᠦ᠂ ᠡᠨᠡ ᠲᠠᠭᠣᠣ᠎ᠶᠢ ᠪᠠᠷᠠᠮᠰᠠᠢᠨ ᠰᠡᠷᠡᠭᠡᠲᠡᠷ ᠵᠣᠬᠢᠶᠠᠬᠰᠠᠨ ᠪᠦᠭᠡᠳ 《ᠲᠦᠷᠪᠡᠨ ᠨᠠᠰᠣᠲᠠᠢ ᠪᠣᠷᠣ》 ᠭᠡᠵᠦ ᠲᠠᠭᠣᠯᠠᠲᠠᠬ ᠪᠣᠯᠣᠬᠰᠠᠨ ᠰᠢᠯᠲᠠᠭᠠᠨ᠎ᠢ ᠢᠩᠬᠢᠵᠦ ᠦᠬᠦᠯᠡᠭᠰᠡᠨ ᠪᠠᠢᠨ᠎ᠠ᠄

ᠪᠠᠷᠠᠮᠰᠠᠢᠨ ᠰᠡᠷᠡᠭᠡᠲᠡᠷ ᠭᠠᠨᠲᠠᠨ ᠪᠡᠢᠯᠡ᠎ᠶᠢᠨ ᠰᠢᠲᠦᠲᠡᠭ ᠲᠦᠪᠡᠳ᠎ᠤᠨ ᠭᠠᠴᠢᠩ ᠯᠠᠮᠠ᠎ᠶᠢᠨ ᠠᠲᠣᠭᠣᠨ ᠰᠦᠷᠦᠭ᠎ᠢ ᠮᠠᠨᠠᠵᠦ ᠪᠠᠢᠬᠣ ᠳ᠋ᠠᠭᠠᠨ ᠨᠢᠭᠡᠨ ᠡᠷᠡᠮᠡᠭ ᠭᠡᠬᠦᠦ ᠡᠴᠡ ᠪᠣᠰᠣᠭ᠎ᠠ ᠪᠣᠷᠣ ᠣᠨᠠᠭ᠎ᠠ ᠲᠦᠷᠦᠬᠦ ᠳ᠋ᠣᠨᠢ ᠭᠠᠨᠵᠣᠭᠠᠨ ᠢᠮ ᠲᠠᠯᠪᠢᠵᠠᠢ᠃ ᠭᠠᠨᠲᠠᠨ ᠪᠡᠢᠯᠡ ᠳ᠋ᠦ ᠰᠡᠳᠬᠢᠯ ᠲᠠᠢ ᠪᠦᠰᠡᠬᠦᠢ ᠪᠠᠨ ᠠᠯᠲᠠᠵᠦ ᠭᠠᠲᠠᠭᠣᠷᠬᠠᠬᠲᠠᠬᠰᠠᠨ (ᠵᠠᠷᠢᠮ ᠶᠠᠷᠢᠶᠠᠨ ᠳ᠋ᠦ ᠪᠠᠰᠠ ᠪᠡᠢᠯᠡ᠎ᠶᠢᠨ ᠠᠪᠠᠭᠠᠢ᠎ᠶᠢ ᠰᠠᠯᠭᠠᠬᠰᠠᠨ ᠴᠦ᠍ ᠭᠡᠵᠦ ᠶᠠᠷᠢᠲᠠᠬ) ᠪᠠᠷᠠᠮᠰᠠᠢᠨ ᠰᠡᠷᠡᠭᠡᠲᠡᠷ ᠨᠢᠭᠡᠨ ᠪᠠᠶᠠᠨ ᠲᠠᠩᠵᠢᠶᠠᠳ᠎ᠤᠨ ᠠᠲᠣᠭᠣ᠎ᠶᠢ ᠲᠦᠷᠪᠡᠨ ᠵᠢᠯ ᠮᠠᠯᠯᠠᠵᠦ ᠪᠠᠢᠬᠣ ᠬᠣᠭᠣᠴᠠᠭᠠᠨ ᠳ᠋ᠦ ᠭᠠᠴᠢᠩ ᠯᠠᠮᠠ ᠡᠴᠡ ᠬᠣᠲᠠᠯᠲᠣᠬᠲᠠᠵᠦ ᠢᠷᠡᠭᠰᠡᠨ ᠣᠯᠠᠨ ᠮᠣᠷᠢᠳ᠎ᠤᠨ ᠲᠣᠲᠣᠷ᠎ᠠ ᠢᠮ ᠲᠠᠢ ᠪᠣᠷᠣ ᠮᠣᠷᠢ ᠨᠢ ᠪᠠᠢᠵᠠᠢ᠃ ᠲᠣᠬᠢᠷᠠᠯᠴᠠᠬᠰᠠᠨ ᠬᠣᠭᠣᠴᠠᠭ᠎ᠠ ᠲᠠᠭᠣᠰᠴᠣ ᠪᠠᠶᠠᠨ ᠲᠠᠩᠵᠢᠶᠠᠳ ᠶᠡᠬᠡ ᠱᠠᠩ ᠬᠦᠯᠦᠰᠦ ᠦᠭᠬᠦᠨ᠎ᠡ ᠭᠡᠬᠦ ᠳ᠋ᠣᠨᠢ ᠲᠡᠷᠡ ᠬᠠᠷᠢᠨ᠂

— ᠭᠠᠵᠠᠷ ᠬᠢᠲᠡᠷᠡᠭᠯᠡᠬᠦ ᠭᠠᠬᠴᠠ ᠮᠣᠷᠢ ᠬᠠᠢᠷᠠᠯᠠᠭᠠᠴᠢ ᠭᠡᠵᠦ ᠭᠣᠶᠣᠵᠠᠢ᠃

ᠪᠠᠶᠠᠨ ᠲᠠᠩᠵᠢᠶᠠᠳ᠄

— ᠠᠲᠣᠭᠣᠨ ᠡᠴᠡ ᠲᠣᠷᠠᠲᠠᠢ ᠪᠠᠨ ᠠᠪ ᠭᠡᠵᠡᠢ᠃ ᠬᠦᠮᠦᠨ ᠣᠨᠣᠭᠣᠯᠲᠠᠬ ᠦᠭᠡᠢ ᠣᠮᠣᠬᠯᠠᠩ ᠪᠣᠷᠣ ᠮᠣᠷᠢ᠎ᠶᠢ ᠰᠢᠯᠢᠵᠦ ᠠᠪᠬᠣ ᠳ᠋ᠣᠨᠢ ᠪᠠᠶᠠᠨ ᠲᠠᠩᠵᠢᠶᠠᠳ ᠶᠠᠭᠣ ᠴᠦ᠍ ᠬᠡᠯᠡᠭᠰᠨᠨ ᠦᠭᠡᠢ᠂ ᠬᠠᠷᠢᠨ ᠣᠯᠵᠠᠷᠬᠠᠵᠦ ᠭᠡᠨ᠎ᠡ᠃ ᠢᠩᠬᠢᠵᠦ ᠪᠣᠰᠣᠭ᠎ᠠ ᠮᠡᠨᠲᠦᠯᠡᠭᠰᠡᠨ ᠭᠠᠨᠵᠣᠭ᠎ᠠ ᠢᠮ ᠲᠠᠢ ᠪᠣᠷᠣ ᠣᠨᠠᠭ᠎ᠠ ᠪᠠᠷᠠᠮᠰᠠᠢᠨ ᠰᠡᠷᠡᠭᠡᠲᠡᠷ᠎ᠤᠨ ᠮᠣᠷᠢ ᠪᠣᠯᠣᠬᠰᠠᠨ ᠪᠠᠢᠨ᠎ᠠ᠃ ᠪᠠᠷᠠᠮᠰᠠᠢᠨ ᠰᠡᠷᠡᠭᠡᠲᠡᠷ ᠬᠠᠢᠯᠠᠷ ᠡᠴᠡ ᠬᠣᠢᠰᠢ ᠣᠷᠣᠰᠢᠬᠣ ᠨᠠᠭᠠᠨᠲᠠᠢ᠎ᠶᠢᠨ ᠨᠠᠷᠠᠰᠣᠨ ᠡᠴᠡ ᠪᠠᠷᠠᠭᠣᠨ ᠦᠵᠦᠮᠦᠴᠢᠨ᠎ᠤ ᠨᠣᠲᠣᠬ ᠲᠦᠩᠬᠢᠨᠡᠬᠦ ᠣᠯᠢᠶᠠᠰᠣᠲᠠᠢ ᠭᠡᠲᠡᠭ ᠭᠠᠵᠠᠷ᠎ᠤᠨ ᠬᠣᠭᠣᠷᠣᠨᠲᠣ ᠬᠣᠨᠣᠬ ᠲᠠᠭᠠᠨ ᠶᠠᠪᠣᠵᠦ᠂ ᠭᠠᠨᠲᠠᠨ ᠪᠡᠢᠯᠡ᠎ᠶᠢᠨ ᠭᠡᠷ᠎ᠤᠨ ᠬᠠᠶᠠᠭ᠎ᠠ ᠪᠡᠷ ᠮᠣᠷᠢᠨ᠎ᠤ ᠬᠣᠷᠲᠣ ᠪᠡᠷ ᠲᠠᠪᠬᠢᠨ ᠦᠩᠭᠡᠷᠡᠬᠦ ᠳ᠋ᠡᠭᠡᠨ 《ᠲᠦᠷᠪᠡᠨ ᠨᠠᠰᠣᠲᠠᠢ ᠪᠣᠷᠣ》 ᠭᠡᠲᠡᠭ ᠲᠠᠭᠣᠣ ᠪᠠᠨ ᠵᠣᠬᠢᠶᠠᠨ ᠲᠠᠭᠣᠯᠠᠵᠦ ᠶᠠᠪᠣᠵᠠᠢ᠃ ᠭᠠᠨᠲᠠᠨ ᠪᠡᠢᠯᠡ ᠰᠢᠯᠢ᠎ᠶᠢᠨ ᠰᠠᠢᠨ ᠡᠷ᠎ᠡ ᠪᠣᠯᠵᠦ᠂ ᠬᠦᠯᠦᠭ᠎ᠤᠨ ᠰᠠᠢᠬᠠᠨ ᠪᠣᠷᠣ ᠮᠣᠷᠢ ᠣᠨᠣᠬᠰᠠᠨ ᠪᠠᠷᠠᠮᠰᠠᠢᠨ ᠰᠡᠷᠡᠭᠡᠲᠡᠷ᠎ᠢ ᠣᠯᠠᠨ ᠵᠢᠯ ᠪᠠᠷᠢᠬᠣ ᠭᠡᠳ ᠴᠢᠲᠠᠭ᠎ᠠ ᠦᠭᠡᠢ ᠳ᠋ᠡᠭᠡᠨ ᠦᠰᠢᠶᠡᠷᠬᠡᠨ ᠵᠡᠪᠰᠡᠭᠯᠡᠭᠰᠡᠨ ᠬᠣᠷᠢᠭᠠᠳ ᠬᠦᠮᠦᠨ ᠶ᠋ᠢᠡᠷ ᠲᠠᠩᠨᠠᠭᠣᠯ ᠲᠠᠯᠪᠢᠨ ᠲᠦᠷᠪᠡᠨ ᠨᠠᠰᠣᠲᠠᠢ ᠪᠣᠷᠣ ᠮᠣᠷᠢ᠎ᠶᠢ ᠨᠢ ᠫᠣᠣᠲᠠᠨ ᠠᠯᠠᠵᠦ ᠰᠡᠷᠡᠭᠡᠲᠡᠷ᠎ᠢ ᠪᠠᠷᠢᠭᠠᠳ 4 ᠠᠯᠲᠠ ᠨᠦᠬᠡ ᠣᠬᠣᠵᠦ ᠬᠣᠷᠢᠭᠠᠳ ᠬᠡᠳᠦᠨ ᠰᠠᠷ᠎ᠠ ᠬᠣᠭᠣᠯᠠ ᠣᠮᠲᠠ ᠦᠭᠡᠢ ᠰᠠᠭᠣᠯᠭᠠᠨ ᠲᠣᠷᠭᠠᠵᠦ ᠠᠯᠠᠬᠰᠠᠨ ᠭᠡᠨ᠎ᠡ᠃ ᠢᠩᠬᠢᠭᠡᠳ ᠡᠷ᠎ᠡ᠎ᠶᠢᠨ ᠰᠠᠢᠬᠠᠨ ᠡᠷ᠎ᠡ᠂ ᠬᠦᠯᠦᠭ᠎ᠤᠨ ᠰᠠᠢᠬᠠᠨ ᠬᠦᠯᠦᠭ ᠬᠣᠶᠠᠷ᠎ᠤᠨ ᠲᠣᠮᠲᠠ ᠡᠴᠡ ᠡᠬᠦᠰᠦᠭᠰᠡᠨ 《ᠲᠦᠷᠪᠡᠨ ᠨᠠᠰᠣᠲᠠᠢ ᠪᠣᠷᠣ》 ᠲᠠᠭᠣᠣ ᠣᠯᠠᠨ ᠳ᠋ᠦ ᠲᠡᠯᠭᠡᠷᠡᠭᠰᠡᠨ ᠲᠡᠦᠬᠡ ᠲᠠᠢ ᠪᠢᠯᠡ᠃ ᠮᠦᠨ ᠲᠡᠷᠡ ᠦᠶ᠎ᠡ ᠳ᠋ᠦ ᠠᠮᠢᠲᠣᠷᠠᠵᠦ ᠪᠠᠢᠬᠰᠠᠨ ᠪᠣᠬ᠎ᠠ᠎ᠶᠢᠨ ᠮᠡᠨᠲᠦ᠎ᠶᠢᠨ ᠭᠠᠢᠬᠠᠮᠰᠢᠬᠲᠠᠢ ᠬᠣᠷᠲᠣᠨ 《ᠪᠣᠭᠣᠨ ᠬᠠᠯᠢᠭᠣᠨ》 ᠭᠡᠲᠡᠭ ᠮᠣᠷᠢ ᠪᠠᠢᠬᠰᠠᠨ ᠪᠦᠭᠡᠳ ᠡᠨᠡ ᠬᠦᠮᠦᠨ᠎ᠤ ᠮᠣᠷᠢᠨ᠎ᠤ ᠨᠡᠷ᠎ᠡ ᠲᠠᠢ ᠠᠨᠲᠠᠭᠣᠷᠠᠨ ᠲᠠᠭᠣᠯᠠᠬᠲᠠᠬᠣ ᠪᠣᠯᠣᠬᠰᠠᠨ ᠭᠡᠲᠡᠭ᠃

ᠰᠠᠢᠨ ᠡᠷ᠎ᠡ ᠰᠢᠨᠲᠠᠰᠣᠲᠣ ᠬᠦᠯᠦᠭ ᠬᠣᠶᠠᠷ᠎ᠤᠨ ᠵᠣᠭᠣᠬ ᠶ᠋ᠢᠡᠷ ᠶᠠᠲᠠᠷᠠᠭ᠎ᠠ ᠪᠠᠨ ᠲᠠᠢᠯᠵᠦ ᠨᠠᠷᠬᠢᠬᠰᠠᠨ ᠦᠢ ᠣᠯᠠᠨ ᠬᠦᠮᠦᠰ᠎ᠤᠨ ᠪᠣᠲᠣᠯ ᠰᠡᠳᠬᠢᠯ ᠳ᠋ᠦ ᠮᠣᠷᠢ ᠪᠣᠯ ᠮᠣᠯᠣᠷ ᠡᠷᠳᠡᠨᠢ ᠮᠦᠷᠲᠡᠭᠡᠨ ᠰᠡᠳᠬᠢᠯ ᠳ᠋ᠣᠨᠢ ᠪᠦᠮᠪᠦᠭᠡᠨᠡᠭᠰᠡᠨ ᠬᠠᠢᠷ᠎ᠠ᠎ᠶᠢᠨ ᠨᠢᠯᠪᠣᠰᠣ᠂ ᠬᠠᠵᠠᠭᠣ ᠡᠴᠡ ᠨᠢ ᠲᠠᠢᠳᠬᠣᠷᠠᠭᠣᠯᠣᠬᠰᠠᠨ ᠬᠠᠨᠢ᠎ᠶᠢᠨ ᠵᠠᠬᠢᠶ᠎ᠠ᠂ ᠬᠠᠵᠠᠢᠬᠣ ᠳ᠋ᠦ ᠲᠠᠲᠠᠬᠰᠠᠨ ᠠᠨᠲᠠ᠎ᠶᠢᠨ ᠬᠠᠢᠷ᠎ᠠ ᠭᠡᠲᠡᠭ᠎ᠢ 《ᠲᠦᠷᠪᠡᠨ ᠨᠠᠰᠣᠲᠠᠢ ᠬᠠᠯᠢᠭᠣᠨ》 ᠲᠠᠭᠣᠣ ᠪᠢᠳᠡᠨ ᠳ᠋ᠦ ᠬᠡᠯᠡᠭᠡᠳ ᠪᠠᠢᠭ᠎ᠠ᠃

《ᠡᠷᠴᠢᠯᠡᠨ ᠲᠠᠪᠬᠢᠬᠤ ᠬᠠᠯᠢᠭᠣᠨ》 ᠡᠩ ᠲᠡᠯᠡᠬᠡᠢ᠎ᠶᠢᠨ ᠰᠣᠨᠣᠷ ᠲᠦ᠍

《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ᠎ᠶᠢ ᠰᠡᠷᠡᠭᠡᠲᠡᠷ ᠵᠣᠬᠢᠶᠠᠯ᠎ᠠ ᠭᠡᠵᠦ ᠲᠣᠮᠣᠬ ᠦᠨᠡᠨ᠎ᠤ ᠬᠣᠭᠣᠷᠣᠨᠲᠣ ᠶᠠᠷᠢᠬᠲᠠᠲᠠᠬ ᠴᠦ᠍ ᠲᠦᠪ ᠲᠸᠯᠸᠢᠰ᠎ᠤᠨ ᠴᠠᠭᠠᠨ ᠰᠠᠷ᠎ᠠ᠎ᠶᠢᠨ ᠦᠲᠡᠰᠢᠯᠡᠭᠡ ᠪᠡᠷ ᠣᠣᠯ ᠲᠠᠭᠣᠣ᠎ᠶᠢᠨ ᠠᠶ᠎ᠠ ᠳ᠋ᠦ ᠰᠢᠨ᠎ᠡ ᠪᠡᠷ ᠦᠭᠡ ᠲᠠᠭᠠᠷᠠᠭᠣᠯᠵᠦ ᠰᠣᠨᠣᠰᠣᠬᠴᠢᠳ᠎ᠤᠨ ᠰᠣᠨᠣᠷ᠎ᠤᠨ ᠴᠢᠮᠡᠭ᠂ ᠰᠡᠳᠬᠢᠯ ᠭᠡᠵᠢᠭᠡᠲᠡᠭᠰᠡᠨ ᠠᠶᠠᠯᠭᠣ ᠪᠣᠯᠭᠠᠵᠦ ᠦᠭᠡᠷᠡᠴᠢᠯᠡᠨ ᠨᠠᠢᠷᠠᠭᠣᠯᠣᠬᠰᠠᠨ ᠨᠢ ᠦᠪᠦᠷ ᠮᠣᠩᠭᠣᠯ᠎ᠤᠨ ᠠᠯᠲᠠᠷᠲᠣ ᠵᠣᠬᠢᠶᠠᠯᠴᠢ᠂ ᠲᠦᠩᠯᠢᠶᠣᠣ ᠬᠣᠲᠠ᠎ᠶᠢᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠣᠣᠯ᠎ᠤᠨ ᠲᠡᠷᠢᠬᠦᠯᠡᠭᠴᠢ ᠰᠣᠷᠲᠠᠯᠲᠣ ᠪᠣᠯᠬᠣ ᠶᠣᠮ᠃

ᠰᠣᠷᠲᠠᠯᠲᠣ ᠣᠲᠣᠬᠠᠨ ᠪᠣᠯᠲᠠᠯ᠎ᠠ 800 ᠭᠠᠷᠣᠢ ᠲᠠᠭᠣᠣ᠎ᠶᠢᠨ ᠦᠭᠡ ᠵᠣᠬᠢᠶᠠᠬᠰᠠᠨ ᠪᠦᠭᠡᠳ ᠲᠡᠬᠦᠨ᠎ᠤ ᠵᠣᠬᠢᠶᠠᠬᠰᠠᠨ 《ᠮᠦᠩᠬᠡ᠎ᠶᠢᠨ ᠰᠠᠬᠢᠶ᠎ᠠ》 ᠭᠡᠬᠦ ᠲᠠᠭᠣᠣ ᠨᠢ 2016 ᠤᠨ᠎ᠤ ᠲᠦᠪ ᠲᠸᠯᠸᠢᠰ᠎ᠤᠨ ᠴᠠᠭᠠᠨ ᠰᠠᠷ᠎ᠠ ᠎ᠶᠢᠨ ᠦᠲᠡᠰᠢᠯᠡᠭᠡ ᠳ᠋ᠦ ᠰᠣᠩᠭᠣᠬᠲᠠᠵᠦ᠂ ᠶᠦᠨ ᠹᠸᠢ ᠪᠠ ᠲᠣᠶᠠᠭᠠᠨᠠᠰᠢ ᠲᠠᠭᠣᠯᠠᠬᠰᠠᠨ ᠪᠠᠢᠨ᠎ᠠ᠃ ᠬᠠᠷᠢᠨ ᠠᠷᠪᠠᠨ ᠵᠢᠯ᠎ᠤᠨ ᠲᠠᠷᠠᠭ᠎ᠠ ᠲᠡᠬᠦᠨ ᠳ᠋ᠦ ᠲᠠᠬᠢᠭᠠᠳ ᠲᠦᠪ ᠲᠸᠯᠸᠢᠰ᠎ᠤᠨ ᠴᠠᠭᠠᠨ ᠰᠠᠷ᠎ᠠ᠎ᠶᠢᠨ ᠦᠲᠡᠰᠢᠯᠡᠭᠡ᠎ᠶᠢᠨ ᠲᠣᠬᠯᠠᠯᠲᠠ ᠳ᠋ᠦ ᠲᠠᠭᠣᠣ᠎ᠶᠢᠨ ᠦᠭᠡ ᠵᠣᠬᠢᠶᠠᠬᠣ 《ᠠᠯᠪᠠ》 ᠣᠨᠣᠬᠲᠠᠬᠰᠠᠨ ᠪᠠᠢᠨ᠎ᠠ᠃

— 2025 ᠤᠨ᠎ᠤ 12 ᠰᠠᠷ᠎ᠠ᠎ᠶᠢᠨ 7 ᠤ᠋ ᠡᠳᠦᠷ ᠪᠠᠢᠬ᠎ᠠ᠂ ᠲᠦᠪ᠎ᠤᠨ ᠲᠸᠯᠸᠢᠰ ᠬᠣᠷᠢᠶ᠎ᠠ᠎ᠶᠢᠨ ᠣᠲᠣᠷᠢᠲᠣᠭᠠᠴᠢ ᠯᠢᠦ ᠪᠢᠨ ᠨᠠᠲᠠ ᠳ᠋ᠦ ᠣᠲᠠᠰᠣ ᠢᠷᠡᠬᠦᠯᠵᠦ 《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ ᠳ᠋ᠦ ᠦᠭᠡ ᠲᠠᠭᠠᠷᠠᠭᠣᠯᠵᠦ ᠦᠭᠬᠦ᠎ᠶᠢ ᠨᠠᠢᠲᠠᠵᠠᠢ᠃ ᠲᠡᠷᠡ ᠪᠡᠷ ᠦᠲᠡᠰᠢᠯᠡᠭᠡ ᠳ᠋ᠦ ᠲᠣᠬᠯᠠᠵᠦ ᠲᠠᠭᠣᠯᠠᠬᠣ ᠪᠦᠬᠦ ᠠᠯᠬᠣᠮ ᠲᠠᠷᠠᠭᠠᠯᠠᠯ ᠶ᠋ᠢᠡᠨ ᠮᠡᠳᠡᠭᠳᠡᠵᠦ᠂ ᠣᠷᠢᠳ ᠶ᠋ᠢᠡᠷ ᠣᠷᠠᠨ᠎ᠠ ᠪᠠᠬᠰᠢ ᠲᠠᠭᠣᠯᠠᠵᠦ᠂ᠲᠠᠷᠠᠭ᠎ᠠ ᠨᠢ ᠠᠷᠢᠭᠣᠨ ᠲᠠᠭᠣᠯᠠᠬᠰᠠᠨ᠎ᠤ ᠬᠣᠢᠨ᠎ᠠ ᠵᠢᠵᠢᠭ ᠨᠠᠢᠷᠠᠯ ᠲᠠᠭᠣᠣ ᠲᠠᠭᠣᠯᠠᠬᠣ ᠪᠦᠭᠡᠳ ᠬᠠᠮᠣᠬ ᠰᠡᠬᠦᠯ ᠳ᠋ᠣᠨᠢ ᠪᠦᠬᠦᠲᠡᠭᠡᠷ ᠶ᠋ᠢᠡᠨ ᠬᠠᠮᠲᠣ᠎ᠶᠢᠨ ᠨᠠᠢᠷᠠᠯ ᠲᠠᠭᠣᠣ ᠲᠠᠭᠣᠯᠠᠬᠣ ᠪᠡᠷ ᠲᠣᠬᠢᠷᠠᠭᠣᠯᠣᠬᠰᠠᠨ ᠭᠡᠵᠡᠢ᠃ ᠲᠡᠭᠡᠬᠦ ᠳ᠋ᠡᠭᠡᠨ ᠮᠣᠷᠢᠨ ᠵᠢᠯ᠎ᠢ ᠣᠬᠲᠣᠨ ᠪᠡᠯᠭᠡᠯᠡᠬᠦ ᠭᠣᠣᠯ ᠰᠡᠳᠦᠪ ᠲᠦ᠍ ᠵᠣᠷᠢᠭᠣᠯᠣᠨ ᠣᠣᠯ ᠲᠠᠭᠣᠣ᠎ᠶᠢᠨ ᠣᠳᠬ᠎ᠠ ᠰᠠᠨᠠᠭ᠎ᠠ᠂ ᠦᠨᠦᠷ ᠠᠮᠲᠠ᠎ᠶᠢ ᠬᠠᠲᠠᠭᠠᠯᠠᠬᠰᠠᠨ ᠰᠠᠭᠣᠷᠢᠨ ᠲᠡᠭᠡᠷ᠎ᠡ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠂ ᠮᠣᠩᠭᠣᠯ ᠮᠣᠷᠢᠨ᠎ᠤ ᠵᠣᠷᠢᠬ ᠰᠠᠨᠠᠭ᠎ᠠ᠂ ᠦᠨᠳᠦᠰᠦᠲᠡᠨ᠎ᠤ ᠪᠦᠯᠬᠦᠮᠲᠡᠯ ᠪᠣᠯᠣᠨ ᠭᠣᠷᠪᠠᠨ ᠮᠢᠩᠭᠠᠨ ᠦᠨᠦᠴᠢᠨ ᠬᠡᠦᠬᠡᠳ᠎ᠤᠨ ᠦᠯᠢᠭᠡᠷ ᠵᠡᠷᠭᠡ ᠠᠭᠣᠯᠭ᠎ᠠ᠎ᠶᠢ ᠬᠠᠮᠣᠷᠣᠨ ᠪᠠᠬᠲᠠᠭᠠᠬᠰᠠᠨ ᠲᠠᠭᠣᠣ᠎ᠶᠢᠨ ᠦᠭᠡ ᠵᠣᠬᠢᠶᠠᠬᠣ ᠱᠠᠭᠠᠷᠲᠠᠯᠭ᠎ᠠ ᠲᠣᠷᠠᠲᠣᠬᠰᠠᠨ ᠭᠡᠵᠦ ᠰᠣᠷᠲᠠᠯᠲᠣ ᠡᠷᠬᠢᠴᠡᠬᠦᠯᠦᠨ ᠶᠠᠷᠢᠨ᠎ᠠ᠃

ᠬᠡᠳᠦᠬᠡᠨ ᠪᠠᠲᠠᠬ ᠦᠭᠡᠨ ᠳ᠋ᠦ ᠡᠳᠡᠭᠡᠷ ᠣᠯᠠᠨ ᠠᠭᠣᠯᠭ᠎ᠠ ᠰᠡᠳᠦᠪ᠎ᠢ ᠬᠠᠮᠣᠷᠣᠨ ᠪᠠᠬᠲᠠᠭᠠᠨ᠎ᠠ ᠭᠡᠵᠦ ᠶᠣᠰᠣᠲᠠᠢ ᠨᠢᠭᠡᠨ ᠲᠣᠰᠣᠯ ᠣᠰᠣᠨ ᠳ᠋ᠦ ᠨᠡᠯᠦᠭᠡᠷ ᠲᠠᠯᠠᠢ᠎ᠶᠢ ᠪᠠᠬᠲᠠᠭᠠᠬᠣ ᠮᠡᠲᠦ ᠣᠷ᠎ᠠ ᠡᠷᠳᠡᠮ ᠬᠡᠷᠡᠭ ᠲᠠᠢ᠃ ᠴᠣᠬᠣᠮ ᠶᠠᠭᠠᠬᠢᠵᠦ ᠦᠭᠡ ᠲᠠᠭᠠᠷᠠᠭᠣᠯᠲᠠᠬ ᠪᠢᠯᠡ? ᠰᠣᠷᠲᠠᠯᠲᠣ ᠪᠠᠬᠠᠨ ᠪᠣᠲᠣᠯᠢᠪᠠ᠃ 《ᠲᠠᠭᠣᠣ᠎ᠶᠢᠨ ᠦᠭᠡ ᠨᠢ ᠠᠶ᠎ᠠ ᠳ᠋ᠠᠭᠠᠨ ᠦᠢᠯᠡᠴᠢᠯᠡᠭᠰᠡᠨ ᠪᠠᠢᠬᠣ ᠬᠡᠷᠡᠭᠲᠡᠢ᠃ ᠲᠣᠰ ᠲᠠᠭᠣᠣ᠎ᠶᠢᠨ ᠦᠭᠡ᠎ᠶᠢ ᠪᠢᠴᠢᠬᠦ ᠳ᠋ᠡᠭᠡᠨ ᠪᠢ ᠠᠶ᠎ᠠ᠎ᠶᠢ ᠨᠢ ᠲᠠᠭᠣᠯᠠᠵᠦ ᠪᠠᠢᠭᠠᠳ ᠪᠢᠴᠢᠭᠰᠡᠨ ᠶᠣᠮ᠃ ᠲᠡᠷᠡ ᠮᠦᠷᠲᠡᠭᠡᠨ ᠮᠣᠩᠭᠣᠯᠵᠢᠭᠣ ᠬᠡᠪ ᠮᠠᠶᠢᠬ ᠲᠠᠢ ᠪᠢᠴᠢᠵᠦ᠂ ᠮᠣᠩᠭᠣᠯ ᠬᠦᠮᠦᠨ᠎ᠤ ᠢᠯᠡᠳᠭᠡᠬᠦ ᠬᠡᠯᠪᠡᠷᠢ ᠪᠠ ᠬᠦᠣᠷᠨᠢᠬᠦ ᠠᠷᠭ᠎ᠠ ᠮᠠᠶᠢᠬ ᠶ᠋ᠢᠡᠷ ᠢᠯᠡᠷᠡᠬᠦᠯᠬᠦ᠎ᠶᠢ ᠵᠣᠷᠢᠬᠰᠠᠨ》 ᠭᠡᠵᠦ ᠰᠣᠷᠲᠠᠯᠲᠣ ᠶᠠᠷᠢᠨ᠎ᠠ᠃

— ᠮᠢᠨᠦ ᠪᠣᠲᠣᠯ ᠶ᠋ᠢᠡᠷ ᠪᠣᠯ᠂ ᠣᠷᠠᠯᠢᠬ᠎ᠤᠨ ᠦᠨᠳᠦᠷᠴᠡ ᠳ᠋ᠦ ᠬᠦᠷᠪᠡᠯ ᠦᠵᠡᠯ ᠰᠠᠨᠠᠭ᠎ᠠ ᠨᠢ ᠠᠶᠠᠨᠲᠠᠭᠠᠨ ᠲᠠᠭᠠᠯᠲᠣᠵᠦ ᠢᠯᠡᠷᠡᠲᠡᠭ᠃ 《ᠲᠦᠷᠪᠡᠨ ᠨᠠᠰᠣᠲᠠᠢ ᠬᠠᠯᠢᠭᠣᠨ》 ᠪᠣᠯ ᠢᠨᠠᠬ᠎ᠤᠨ ᠲᠠᠭᠣᠣ᠃ ᠡᠢᠮᠦ ᠡᠴᠡ ᠲᠠᠭᠣᠣ᠎ᠶᠢᠨ ᠦᠭᠡ ᠪᠠᠨ ᠵᠣᠬᠢᠶᠠᠨ ᠪᠢᠴᠢᠬᠦ ᠳ᠋ᠡᠭᠡᠨ ᠡᠳᠡᠭᠡᠷ ᠵᠦᠢᠯ᠎ᠢ ᠪᠦᠷ 《ᠬᠠᠢᠷ᠎ᠠ》 ᠬᠡᠮᠡᠬᠦ ᠭᠠᠬᠴᠠ ᠰᠡᠳᠦᠪ ᠲᠦ᠍ ᠠᠭᠣᠰᠬᠠᠨ ᠪᠠᠬᠲᠠᠭᠠᠵᠠᠢ᠃ ᠮᠣᠩᠭᠣᠯ ᠮᠣᠷᠢᠨ᠎ᠤ ᠵᠣᠷᠢᠬ ᠰᠠᠨᠠᠭ᠎ᠠ᠂ ᠦᠨᠳᠦᠰᠦᠲᠡᠨ᠎ᠤ ᠪᠦᠯᠬᠦᠮᠲᠡᠯ᠂ ᠭᠣᠷᠪᠠᠨ ᠮᠢᠩᠭᠠᠨ ᠦᠨᠦᠴᠢᠨ ᠬᠡᠦᠬᠡᠳ᠎ᠤᠨ ᠦᠯᠢᠭᠡᠷ ᠵᠡᠷᠭᠡ ᠨᠢ ᠪᠦᠷ ᠬᠠᠢᠷ᠎ᠠ ᠳ᠋ᠦ ᠪᠠᠬᠲᠠᠨ᠎ᠠ᠃ ᠪᠢᠳᠡ ᠮᠣᠷᠢᠨ ᠳ᠋ᠠᠭᠠᠨ ᠬᠠᠢᠷᠠᠲᠠᠢ᠂ ᠡᠬᠡ ᠨᠣᠲᠣᠬ ᠲᠠᠭᠠᠨ ᠬᠠᠢᠷᠠᠲᠠᠢ᠃ ᠢᠩᠬᠢᠬᠦ ᠳ᠋ᠡᠭᠡᠨ ᠭᠠᠬᠴᠠᠬᠠᠨ ᠵᠦᠢᠯ — ᠬᠠᠢᠷ᠎ᠠ᠎ᠶᠢ ᠪᠢᠴᠢᠵᠦ ᠢᠯᠡᠷᠡᠬᠦᠯᠬᠦ ᠬᠡᠷᠡᠭᠲᠡᠢ᠃ ᠪᠦᠬᠦ ᠵᠦᠢᠯ᠎ᠢ ᠬᠠᠢᠷ᠎ᠠ ᠳ᠋ᠦ ᠠᠭᠣᠰᠬᠠᠨ ᠰᠢᠮᠡᠳᠭᠡᠬᠦ ᠳ᠋ᠦ ᠦᠵᠡᠯ ᠰᠠᠨᠠᠭ᠎ᠠ ᠨᠢ ᠴᠦ᠍ ᠠᠶᠠᠨᠲᠠᠭᠠᠨ ᠢᠯᠡᠷᠡᠲᠡᠭ ᠭᠡᠵᠦ ᠰᠣᠷᠲᠠᠯᠲᠣ ᠶᠠᠷᠢᠵᠦ ᠪᠠᠢᠯ᠎ᠠ᠃

ᠣᠳᠬ᠎ᠠ ᠰᠠᠨᠠᠭ᠎ᠠ ᠪᠠᠨ ᠣᠷᠢᠳ ᠶ᠋ᠢᠡᠷ ᠪᠣᠲᠣᠵᠦ ᠲᠣᠬᠲᠠᠭᠠᠬᠰᠠᠨ᠎ᠤ ᠬᠣᠢᠨ᠎ᠠ ᠪᠡᠬᠡ ᠢᠲᠡᠬᠦᠯᠦᠨ ᠪᠢᠷ ᠬᠦᠲᠡᠯᠭᠡᠬᠦ ᠪᠣᠯ ᠵᠣᠬᠢᠶᠠᠨ ᠪᠦᠲᠦᠭᠡᠯᠭᠡ᠎ᠶᠢᠨ ᠵᠢᠮ᠎ᠠ ᠶᠣᠰᠣ᠃ ᠬᠡᠯᠡᠬᠦ ᠭᠡᠰᠨᠨ ᠶᠠᠭᠣᠮ᠎ᠠ ᠲᠣᠲᠣᠷᠬᠠᠢ ᠪᠣᠰᠣ ᠪᠣᠯ ᠣᠴᠢᠷ ᠣᠳᠬ᠎ᠠ ᠲᠠᠢ ᠦᠭᠡ ᠡᠷᠢᠭᠡᠳ ᠲᠡᠮᠡᠢ ᠬᠡᠷᠡᠭ᠃ ᠬᠠᠷᠢᠨ ᠣᠬᠠᠭᠠᠨ ᠪᠣᠲᠣᠯ ᠳ᠋ᠦ ᠣᠳᠬ᠎ᠠ ᠰᠠᠨᠠᠭ᠎ᠠ ᠲᠣᠨᠣᠷᠠᠭᠠᠳ ᠢᠷᠡᠪᠡᠯ ᠣᠷᠠᠨ ᠢᠷᠠᠭᠣ ᠦᠭᠡ ᠠᠶᠠᠨᠲᠠᠭᠠᠨ ᠣᠨᠲᠣᠷᠣᠮᠠᠯ ᠪᠣᠯᠠᠬ ᠮᠡᠲᠦ ᠣᠷᠬᠢᠯᠣᠨ ᠭᠠᠷᠲᠠᠬ᠃ ᠰᠣᠷᠲᠠᠯᠲᠣ ᠬᠠᠭᠠᠰᠬᠠᠨ ᠡᠳᠦᠷ᠎ᠤᠨ ᠲᠣᠲᠣᠷ᠎ᠠ ᠲᠠᠭᠣᠣ᠎ᠶᠢᠨ ᠦᠭᠡ ᠪᠠᠨ ᠪᠢᠴᠢᠵᠦ ᠲᠠᠭᠣᠰᠬᠠᠨ ᠪᠡᠯᠡᠨ ᠪᠣᠯᠭᠠᠵᠦ ᠲᠦᠪ᠎ᠤᠨ ᠲᠸᠯᠸᠢᠰ ᠬᠣᠷᠢᠶ᠎ᠠ᠎ᠶᠢᠨ ᠣᠲᠣᠷᠢᠲᠣᠭᠠᠴᠢ ᠯᠢᠦ ᠪᠢᠨ ᠳ᠋ᠦ ᠶᠠᠪᠣᠭᠣᠯᠵᠠᠢ᠃

— ᠲᠦᠪ ᠲᠸᠯᠸᠢᠰ᠎ᠤᠨ ᠴᠠᠭᠠᠨ ᠰᠠᠷ᠎ᠠ ᠶ᠋ᠢᠨ ᠦᠲᠡᠰᠢᠯᠡᠭᠡ ᠳ᠋ᠦ ᠲᠠᠭᠣᠯᠠᠬᠰᠠᠨ 《ᠡᠷᠴᠢᠯᠡᠨ ᠲᠠᠪᠬᠢᠬᠤ ᠬᠠᠯᠢᠭᠣᠨ》 ᠭᠡᠬᠦ ᠲᠠᠭᠣᠣ ᠪᠣᠯ ᠮᠢᠨᠦ ᠲᠦᠷᠦᠬᠦᠦ ᠣᠲᠠᠭ᠎ᠠ ᠪᠢᠴᠢᠭᠰᠡᠨ ᠡᠬᠡ ᠨᠣᠣᠷᠠᠬ ᠪᠣᠯᠣᠨ᠎ᠠ᠃ ᠦᠲᠡᠰᠢᠯᠡᠭᠡ᠎ᠶᠢᠨ ᠣᠲᠣᠷᠢᠲᠣᠭᠠᠴᠢ ᠡᠴᠡ ᠲᠠᠭᠣᠣ᠎ᠶᠢᠨ ᠦᠭᠡ᠎ᠶᠢ ᠠᠮᠢᠲᠣᠯᠢᠬ ᠮᠦᠷᠲᠡᠭᠡᠨ ᠷᠣᠮᠠᠨᠲ᠋ᠢᠬ ᠦᠩᠭᠡ ᠠᠶᠠᠰ ᠲᠠᠢ ᠪᠣᠯᠭᠠᠨ᠎ᠠ ᠭᠡᠳ ᠬᠣᠵᠢᠮ ᠨᠢ ᠪᠠᠰᠠ ᠬᠣᠶᠠᠷ ᠣᠲᠠᠭ᠎ᠠ ᠲᠠᠭᠣᠣ᠎ᠶᠢᠨ ᠦᠭᠡ ᠪᠢᠴᠢᠬᠦᠯᠦᠭᠰᠡᠨ᠃ ᠭᠡᠪᠡᠴᠦ ᠬᠠᠰᠢᠯᠠ ᠲᠦᠷᠦᠬᠦᠦ ᠣᠲᠠᠭ᠎ᠠ ᠪᠢᠴᠢᠭᠰᠡᠨ ᠨᠢ ᠲᠠᠭᠠᠯᠠᠬᠲᠠᠬᠰᠠᠨ ᠪᠠᠢᠨ᠎ᠠ ᠭᠡᠵᠦ ᠰᠣᠷᠲᠠᠯᠲᠣ ᠶᠠᠷᠢᠨ᠎ᠠ᠃

ᠦᠩᠭᠡᠷᠡᠭᠰᠡᠨ ᠳ᠋ᠦ 《ᠲᠦᠷᠪᠡᠨ ᠨᠠᠰᠣᠲᠠᠢ ᠬᠠᠯᠢᠭᠣᠨ》 ᠭᠡᠬᠦ ᠲᠠᠭᠣᠣ᠎ᠶᠢ ᠣᠯᠠᠨ ᠲᠠᠭᠣᠴᠢᠨ ᠲᠠᠭᠣᠯᠠᠵᠦ ᠦᠩᠭᠡᠷᠡᠵᠡᠢ᠃ ᠲᠠᠭᠣᠴᠢᠨ ᠠᠶᠣᠩᠭ᠎ᠠ ᠲᠣᠰ ᠲᠠᠭᠣᠣ᠎ᠶᠢ ᠲᠠᠭᠣᠯᠠᠵᠦ ᠦᠩᠭᠡᠷᠡᠭᠰᠡᠨ ᠪᠦᠭᠡᠳ ᠪᠦᠵᠢᠭᠲᠦ ᠵᠦᠴᠦᠭᠡ 《ᠮᠣᠷᠢᠲᠣ ᠴᠡᠷᠢᠭ》 ᠲᠦ᠍ ᠪᠠᠰᠠ ᠡᠨᠡ ᠲᠠᠭᠣᠣ᠎ᠶᠢ ᠲᠠᠭᠤᠯᠠᠵᠠᠢ᠃ 《ᠠᠪᠣ ᠡᠵᠢ᠎ᠶᠢᠨ ᠲᠠᠯ᠎ᠠ ᠨᠣᠲᠣᠬ》 ᠭᠡᠬᠦ ᠺᠢᠨᠣ᠋ ᠳ᠋ᠦ ᠪᠠᠰᠠ ᠲᠣᠰ ᠲᠠᠭᠣᠣ᠎ᠶᠢ ᠬᠠᠪᠰᠣᠷᠣᠯ ᠠᠶ᠎ᠠ ᠪᠡᠷ ᠲᠠᠭᠣᠯᠠᠵᠠᠢ᠃ 《ᠮᠣᠩᠭᠣᠯ ᠠᠷᠠᠳ᠎ᠤᠨ ᠲᠠᠭᠣᠣ ᠲᠠᠯᠠᠢ ᠮᠡᠲᠦ ᠣᠯᠠᠨ᠃ ᠡᠲᠡᠭᠡᠷ ᠣᠯᠠᠨ ᠠᠷᠠᠳ᠎ᠤᠨ ᠲᠠᠭᠣᠣ᠎ᠶᠢ ᠨᠡᠩ ᠣᠯᠠᠨ ᠬᠦᠮᠦᠰ ᠲᠦ᠍ ᠮᠡᠳᠡᠷᠡᠬᠦᠯᠵᠦ᠂ ᠲᠡᠯᠡᠬᠡᠢ᠎ᠶᠢᠨ ᠰᠣᠨᠣᠷ ᠲᠦ᠍ ᠲᠠᠭᠣᠷᠢᠰᠣᠭᠣᠯᠬᠣ ᠳ᠋ᠦ ᠬᠢᠲᠡᠳᠴᠢᠯᠠᠵᠦ ᠣᠷᠴᠢᠭᠣᠯᠬᠣ ᠪᠣᠯ ᠨᠢᠭᠡ ᠵᠦᠢᠯ᠎ᠤᠨ ᠵᠠᠮ ᠰᠣᠪᠠᠬ ᠪᠠᠢᠵᠦ ᠲᠠᠭᠠᠷᠠᠨ᠎ᠠ᠃ ᠲᠡᠭᠡᠷ᠎ᠡ ᠵᠠᠭᠣᠨ ᠳ᠋ᠦ ᠬᠣᠷᠴᠢᠨ ᠠᠷᠠᠳ᠎ᠤᠨ ᠲᠠᠭᠣᠣ 〈ᠵᠸᠩᠶᠠᠷᠮ᠎ᠠ〉 ᠶ᠋ᠢᠨ ᠠᠶ᠎ᠠ ᠳ᠋ᠦ ᠦᠭᠡ ᠲᠠᠭᠠᠷᠠᠭᠣᠯᠣᠭᠠᠳ 〈ᠮᠠᠬᠲᠠᠭᠠᠯ ᠲᠠᠭᠣᠣ〉 ᠪᠣᠯᠵᠦ ᠣᠯᠠᠨ᠎ᠠ ᠲᠦᠭᠡᠵᠦ ᠲᠠᠷᠬᠠᠬᠰᠠᠨ᠃ 〈ᠠᠯᠠᠬ ᠮᠣᠷᠢ〉 ᠭᠡᠬᠦ ᠲᠠᠭᠣᠣ᠎ᠶᠢᠨ ᠠᠶ᠎ᠠ ᠳ᠋ᠦ ᠦᠭᠡ ᠲᠠᠭᠠᠷᠠᠭᠣᠯᠣᠭᠠᠳ ᠪᠠᠰᠠ 〈ᠲᠠᠯ᠎ᠠ ᠨᠣᠲᠣᠬ᠎ᠤᠨ ᠦᠷᠯᠦᠭᠡ᠎ᠶᠢᠨ ᠣᠶᠠᠩᠭ᠎ᠠ〉 ᠭᠡᠬᠦ ᠲᠠᠭᠣᠣ ᠪᠣᠯᠣᠬᠰᠠᠨ ᠵᠢᠱᠶ᠋ᠶ᠎ᠡ ᠲᠠᠢ᠃ ᠮᠡᠳᠡᠭᠡᠵᠢ ᠪᠡᠷ᠂ ᠣᠷᠴᠢᠭᠣᠯᠭ᠎ᠠ ᠪᠣᠯ ᠲᠠᠬᠢᠨ ᠵᠣᠬᠢᠶᠠᠨ ᠪᠦᠲᠦᠭᠡᠯᠭᠡ ᠮᠦᠨ᠃ ᠮᠣᠩᠭᠣᠯ ᠲᠠᠭᠣᠣ᠎ᠶᠢ ᠣᠷᠴᠢᠭᠣᠯᠣᠨ ᠬᠢᠲᠡᠳᠴᠢᠯᠠᠬᠣ ᠳ᠋ᠦ ᠦᠰᠦᠭ ᠲᠠᠷᠠᠭᠠᠯᠠᠨ ᠣᠷᠴᠢᠭᠣᠯᠬᠣ᠎ᠶᠢ ᠲᠡᠪᠴᠢᠬᠦ ᠬᠡᠷᠡᠭᠲᠡᠢ᠃ ᠪᠢᠳᠡ ᠲᠠᠭᠣᠣ᠎ᠶᠢ ᠣᠷᠴᠢᠭᠣᠯᠵᠦ ᠲᠠᠬᠢᠨ ᠵᠣᠬᠢᠶᠠᠨ ᠪᠦᠲᠦᠭᠡᠬᠦ ᠳ᠋ᠡᠭᠡᠨ ᠣᠣᠯ ᠲᠠᠭᠣᠣ᠎ᠶᠢᠨ ᠮᠦᠷ ᠰᠡᠬᠦᠲᠡᠷ᠎ᠢ ᠬᠠᠲᠠᠭᠠᠯᠠᠬᠰᠠᠨ ᠣᠷᠢᠲᠠᠯ ᠲᠣᠣᠷ᠎ᠠ ᠣᠳᠬ᠎ᠠ ᠰᠠᠨᠠᠭ᠎ᠠ᠎ᠶᠢ ᠨᠢ ᠢᠯᠡᠷᠡᠬᠦᠯᠬᠦ᠎ᠶᠢ ᠪᠣᠲᠣᠯᠬᠢᠯᠠᠵᠦ᠂ ᠪᠦᠲᠦᠭᠡᠯᠴᠢ ᠪᠡᠷ ᠣᠷᠴᠢᠭᠣᠯᠬᠣ᠎ᠶᠢ ᠪᠠᠷᠢᠮᠲᠠᠯᠠᠬᠣ ᠬᠡᠷᠡᠭᠲᠡᠢ》 ᠭᠡᠵᠦ ᠰᠣᠷᠲᠠᠯᠲᠣ ᠶᠠᠷᠢᠵᠦ ᠪᠠᠢᠯ᠎ᠠ᠃

《ᠲᠦᠷᠪᠡᠨ ᠨᠠᠰᠣᠲᠠᠢ ᠬᠠᠯᠢᠭᠣᠨ》 ᠲᠦᠷᠦᠭᠡ ᠵᠢᠬᠢᠵᠦ ᠶᠦᠷᠭᠡᠬᠦᠯᠦᠭᠰᠡᠭᠡᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号