— ᠦᠪᠤᠷ ᠮᠤᠩᠭᠤᠯ ᠤ᠋ᠨ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠤ᠋ᠨ ᠪᠦᠳᠦᠬᠡᠨ ᠪᠠᠢᠭᠤᠯᠤᠯᠳᠠ ᠵᠢᠨ ᠲᠤᠬᠠᠢ ᠪᠠᠷᠠᠯᠠᠯ③
ᠦᠪᠦᠷ ᠮᠤᠡᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠠᠬᠡᠬᠡᠪᠤᠷᠢ ᠵᠢᠨ ᠲᠢᠩᠬᠢᠮ᠂ ᠡᠳ᠋ ᠤ᠋ᠨ ᠵᠠᠰᠠᠭ ᠤ᠋ᠨ ᠲᠢᠩᠬᠢᠮ ᠪᠤᠯᠤᠨ ᠪᠠᠢᠭᠠᠯᠢ ᠵᠢᠨ ᠡᠬᠢ ᠪᠠᠶᠠᠯᠢᠭ ᠤ᠋ᠨ ᠲᠢᠩᠬᠢᠮ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠲᠡᠰ ᠲᠡᠪᠰᠢᠬᠦᠯᠬᠦ ᠠᠵᠢᠯᠯᠠᠭᠠᠨ ᠤ᠋ ᠬᠡᠷᠡᠭ᠌ᠵᠢᠭᠦᠯᠬᠦ᠌ ᠲᠥᠰᠦᠯ》ᠢ᠋ ᠳᠠᠷᠤᠮᠠᠯᠯᠠᠨ ᠲᠠᠷᠬᠠᠭᠠᠵᠤ᠂ ᠡᠨᠡ ᠵᠢᠯ ᠡᠴᠡ ᠡᠬᠢᠯᠡᠨ ᠪᠦᠬᠦ ᠤᠷᠤᠨ ᠳ᠋ᠤ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠢ᠋ᠢ ᠬᠡᠷᠡᠭᠵᠢᠬᠦᠯᠵᠤ᠂ 2035 ᠤᠨ ᠪᠤᠯᠬᠤ ᠳ᠋ᠤ《ᠳᠥᠷᠪᠡᠨ ᠰᠠᠢᠨ ᠬᠥᠳᠡᠭᠡ ᠲᠣᠰᠭᠣᠨ ᠤ᠋ ᠵᠠᠰᠠᠮᠠᠯ ᠵᠠᠮ》 ᠤ᠋ᠨ ᠴᠢᠨᠠᠷ ᠰᠠᠢᠲᠠᠶ ᠬᠥᠭ᠌ᠵᠢᠯᠲᠡ ᠢ᠋ᠢᠨ ᠪᠠᠢᠷᠢᠱᠢᠯ ᠢ᠋ ᠦᠨᠳᠦᠰᠦᠨ ᠳ᠋ᠡᠭᠡᠨ ᠪᠦᠷᠢᠯᠳᠦᠭᠦᠯᠵᠦ᠍᠂ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠤ᠋ ᠣᠳᠣᠬᠢᠴᠢᠯᠠᠯᠳᠠ ᠵᠢᠨ ᠬᠡᠷᠡᠭ᠌ᠴᠡᠭᠡ ᠢ᠋ᠢ ᠦᠨᠳᠦᠰᠦᠨ ᠳ᠋ᠡᠭᠡᠨ ᠬᠠᠩᠭᠠᠬᠤ ᠪᠡᠷ ᠪᠤᠢ᠃
ᠵᠦᠬᠡᠬᠡᠪᠤᠷᠢ ᠲᠡᠭᠡᠭᠡᠪᠦᠷᠢ ᠢ᠋ᠢ ᠳᠡᠰ ᠳᠡᠪᠰᠢᠭᠦᠯᠬᠦ ᠠᠵᠢᠯᠯᠠᠭ᠎ᠠ ᠪᠤᠯ ᠮᠠᠨ ᠤ᠋ ᠤᠷᠤᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠵᠢᠨ ᠨᠢᠬᠡ ᠪᠠᠢᠵᠤ᠂ ᠲᠤᠰ ᠠᠵᠢᠯᠯᠠᠭ᠎ᠠ ᠳ᠋ᠤ ᠠᠶᠠᠨᠴᠢᠨ ᠤ᠋ ᠵᠥᠭᠡᠭᠡᠪᠦᠷᠢ ᠢ᠋ᠢᠨ ᠦᠢᠯᠡᠴᠢᠯᠡᠭᠡ ᠢ᠋ᠢ ᠱᠢᠯᠢᠳᠡᠭ᠌ᠵᠢᠭᠦᠯᠬᠦ᠌᠂ ᠪᠠᠷᠠᠭᠠᠨ ᠤ᠋ ᠭᠦᠢᠯᠭᠡᠭᠡ ᠢ᠋ᠢᠨ ᠲᠣᠣᠷ ᠢ᠋ ᠪᠦᠷᠢᠨᠱᠢᠬᠦᠯᠬᠦ᠌᠂ ᠠᠶᠠᠨᠴᠢᠨ ᠤ᠋ ᠵᠦᠭᠡᠭᠡᠪᠦᠷᠢ ᠪᠤᠯᠤᠨ ᠪᠠᠷᠠᠭᠠᠨ ᠤ᠋ ᠲᠡᠭᠡᠭᠡᠪᠦᠷᠢ ᠢ᠋ᠢ ᠬᠠᠮᠵᠢᠯᠴᠠᠭᠤᠯᠤᠨ ᠡᠵᠡᠩᠨᠡᠬᠦ᠌ ᠪᠡᠷ ᠳᠡᠮᠵᠢᠨ ᠬᠤᠳᠠ ᠬᠥᠳᠡᠭᠡ ᠢ᠋ᠢᠨ ᠵᠥᠭᠡᠭᠡᠪᠦᠷᠢ ᠲᠡᠭᠡᠭᠡᠪᠦᠷᠢ ᠢ᠋ᠢᠨ ᠦᠢᠯᠡᠴᠢᠯᠡᠭᠡᠨ ᠤ᠋ ᠴᠢᠳᠠᠪᠤᠷᠢ ᠪᠣᠯᠤᠨ ᠦᠷ᠎ᠡ ᠪᠦᠲᠦᠮᠵᠢ ᠢ᠋ᠢ ᠪᠦᠬᠦ᠌ ᠲᠠᠯ᠎ᠠ ᠪᠡᠷ ᠳᠡᠭᠡᠭ᠌ᠰᠢᠯᠡᠭᠦᠯᠬᠦ ᠪᠤᠯᠤᠨ᠎ᠠ᠃
ᠣᠷᠳᠣᠰ ᠬᠣᠲᠠ ᠢ᠋ᠢᠨ ᠵᠡᠭᠦᠨᠭᠠᠷ ᠬᠣᠱᠢᠭᠤ ᠡᠨᠡ ᠵᠢᠯ ᠤ᠋ᠨ 1 ᠰᠠᠷ᠎ᠠ ᠡᠴᠡ ᠡᠬᠢᠯᠡᠨ ᠪᠥᠬᠥ᠌ ᠠᠷᠠᠳ ᠤ᠋ᠨ ᠰᠦᠶ᠋ᠳᠭᠡᠯ ᠦᠯᠤ ᠬᠤᠷᠢᠶᠠᠬᠤ ᠨᠡᠢᠲᠡ ᠢ᠋ᠢᠨ ᠮᠠᠰᠢᠨ ᠲᠡᠷᠭᠡ ᠢ᠋ᠢ ᠡᠵᠡᠡᠭᠨᠡᠯᠲᠠ ᠳ᠋ᠤ ᠤᠷᠤᠭᠤᠯᠵᠤ᠂ ᠳᠠᠯᠤ ᠱᠢᠨ᠎ᠡ ᠲᠣᠭᠣᠷᠢᠭ᠂ ᠱᠠᠵᠢᠨᠲᠤᠬᠤᠢ᠂ ᠱᠠᠭ᠍ᠳᠠᠷ ᠵᠡᠷᠭᠡ ᠬᠣᠲᠠ ᠪᠠᠯᠭᠠᠰᠤ ᠵᠢᠴᠢ ᠬᠣᠲᠠ ᠢ᠋ᠢᠨ ᠬᠣᠭᠣᠷᠣᠨᠳᠣᠬᠢ ᠵᠠᠮ ᠱᠤᠭᠤᠮ ᠢ᠋ ᠬᠠᠮᠤᠷᠴᠤ᠌᠂ ᠬᠤᠳᠠ ᠵᠢᠨ ᠠᠷᠠᠳ ᠪᠤᠯᠤᠨ ᠲᠠᠷᠢᠶᠠᠴᠢᠳ ᠬᠦᠴᠦᠨ ᠪᠥᠬᠥᠶ ᠦᠨᠡᠮᠯᠡᠯ ᠢ᠋ᠢᠡᠷ ᠢ᠋ᠢᠡᠨ ᠨᠡᠢᠲᠡ ᠢ᠋ᠢᠨ ᠮᠠᠰᠢᠨ ᠲᠡᠷᠭᠡᠨ ᠳ᠋ᠤ ᠰᠦᠶ᠋ᠳᠭᠡᠯ ᠥᠬᠡᠶ ᠪᠡᠷ ᠰᠠᠭᠤᠵᠤ ᠲᠠᠢᠯᠬᠦ ᠪᠤᠯᠵᠠᠢ᠃ ᠡᠬᠦᠨ ᠤ᠋ ᠬᠠᠮᠳᠤ ᠪᠠᠰᠠ ᠰᠣᠷᠣᠭ᠍ᠴᠢᠳ ᠲᠦ᠍ ᠬᠠᠨᠳᠤᠭᠤᠯᠤᠬᠰᠠᠨ 33 ᠵᠤᠷᠪᠤᠰ ᠨᠡᠢᠳᠡ ᠵᠢᠨ ᠮᠠᠰᠢᠨ ᠤ᠋ ᠲᠤᠰᠭᠠᠶ ᠱᠤᠭᠤᠮ ᠭᠠᠷᠭᠠᠵᠤ᠂ ᠰᠤᠷᠤᠭᠴᠢᠳ ᠤ᠋ᠨ ᠬᠡᠷ ᠪᠤᠯᠤᠨ ᠰᠤᠷᠭᠠᠭᠤᠯᠢ ᠢ᠋ᠢ ᠰᠢᠭᠤᠳ ᠬᠤᠯᠪᠤᠭᠰᠠᠨ ᠠᠵᠢ᠃
ᠮᠠᠨ ᠤ᠋ ᠤᠷᠤᠨ ᠵᠦᠬᠡᠬᠡᠪᠤᠷᠢ ᠲᠡᠭᠡᠭᠡᠪᠦᠷᠢ ᠢ᠋ᠢ ᠳᠡᠰ ᠳᠡᠪᠰᠢᠭᠦᠯᠬᠦ ᠠᠵᠢᠯᠯᠠᠭ᠎ᠠ ᠪᠡᠷ ᠳᠠᠮᠵᠢᠨ ᠬᠣᠲᠠ ᠬᠥᠳᠡᠭᠡ ᠢ᠋ᠢᠨ ᠠᠶᠠᠨᠴᠢᠳ ᠤ᠋ᠨ ᠵᠦᠭᠡᠭᠡᠪᠦᠷᠢ ᠢ᠋ᠢ ᠲᠡᠩᠴᠡᠬᠦᠷᠢᠰᠢᠬᠦᠯᠬᠦ ᠦᠢᠯᠡᠴᠢᠯᠡᠭᠡᠨ ᠤ᠋ ᠲᠦᠪᠰᠢᠨ ᠢ᠋ ᠳᠡᠭᠡᠭ᠌ᠰᠢᠯᠡᠭᠦᠯᠵᠤ᠂ ᠬᠣᠲᠠ ᠬᠥᠳᠡᠭᠡ ᠢ᠋ᠢᠨ ᠠᠶᠠᠨᠴᠢᠳ ᠤ᠋ᠨ ᠵᠦᠭᠡᠭᠡᠪᠦᠷᠢ ᠢ᠋ᠢ ᠨᠢᠭᠡ ᠴᠣᠭ᠍ᠴᠠᠵᠢᠭᠤᠯᠬᠤ ᠪᠠᠷ ᠭᠤᠤᠯᠳᠠᠯᠭ᠎ᠠ ᠪᠣᠯᠭᠠᠨ᠂ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠳ ᠤ᠋ᠨ ᠵᠦᠭᠡᠭᠡᠪᠦᠷᠢ ᠢ᠋ᠢᠨ ᠠᠵᠢᠯᠯᠠᠭᠠᠨ ᠤ᠋ ᠬᠢᠨᠠᠨ ᠬᠡᠮᠵᠢᠯᠲᠠ ᠢ᠋ᠢ ᠴᠢᠩᠭᠠᠳᠭᠠᠵᠤ᠂ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠳ ᠤ᠋ᠨ ᠵᠦᠭᠡᠭᠡᠪᠦᠷᠢ ᠢ᠋ᠢᠨ ᠰᠠᠭᠤᠷᠢ ᠲᠦᠭᠦᠭᠡᠷᠦᠮᠵᠢ ᠢ᠋ᠢ ᠰᠠᠢᠵᠢᠷᠠᠭᠤᠯᠤᠨ᠂ ᠡᠵᠡᠩᠨᠡᠯᠲᠡ ᠢ᠋ᠢᠨ ᠵᠣᠬᠢᠶᠠᠨ ᠪᠠᠢᠭᠤᠯᠤᠯᠲᠠ ᠢ᠋ᠢᠨ ᠵᠠᠭ᠍ᠪᠤᠷ ᠢ᠋ ᠱᠢᠯᠢᠳᠡᠭ᠌ᠵᠢᠭᠦᠯᠵᠦ᠍᠂ ᠦᠶ᠋ᠯᠡᠴᠢᠯᠡᠭᠡᠨ ᠤ᠋ ᠶᠠᠰᠤ ᠴᠢᠨᠠᠷ ᠢ᠋ ᠳᠡᠭᠡᠭ᠌ᠰᠢᠯᠡᠭᠦᠯᠦᠨ᠂ ᠨᠥᠬᠥᠴᠡᠯ ᠪᠦᠷᠢᠯᠳᠦᠭᠦᠯᠦᠭ᠌ᠰᠡᠨ ᠪᠠᠢᠭᠤᠯᠤᠮᠵᠢᠲᠤ ᠭᠠᠴᠠᠭ᠎ᠠ ᠲᠣᠰᠭᠣᠨ ᠳ᠋ᠤ ᠠᠶᠠᠨᠴᠢᠳ ᠤ᠋ᠨ ᠲᠡᠷᠭᠡ ᠨᠡᠪᠲᠡᠷᠡᠬᠦ᠌ ᠨᠣᠷᠮ᠎ᠠ ᠢ᠋ᠢ 100%ᠳᠦ ᠬᠦᠷᠭᠡᠬᠦ ᠢ᠋ᠢ ᠪᠠᠲᠤᠯᠠᠨ᠎ᠠ᠃ ᠡᠯ᠎ᠡ ᠬᠣᠱᠢᠭᠤ ᠱᠢᠶᠠᠨ(ᠬᠣᠲᠠ᠂ ᠲᠣᠭᠣᠷᠢᠭ)ᠲᠤᠬᠠᠢ ᠵᠢᠨ ᠭᠠᠵᠠᠷ ᠤ᠋ᠨ ᠪᠣᠳᠠᠲᠤ ᠪᠠᠢᠳᠠᠯ ᠲᠠᠢ ᠪᠠᠨ ᠤᠶᠠᠯᠳᠤᠭᠤᠯᠤᠨ᠂ ᠬᠣᠲᠠ ᠢ᠋ᠢᠨ ᠨᠡᠢᠲᠡ ᠢ᠋ᠢᠨ ᠵᠠᠮ ᠬᠠᠷᠢᠯᠴᠠᠭᠠᠨ ᠤ᠋ ᠵᠠᠮ ᠱᠤᠭᠤᠮ ᠢ᠋ ᠤᠷᠲᠤᠳᠭᠠᠬᠤ᠂ ᠡᠭᠡᠯᠵᠢ ᠢ᠋ᠢᠨ ᠱᠤᠭᠤᠮ ᠤ᠋ᠨ ᠠᠶᠠᠨᠴᠢᠳ ᠤ᠋ᠨ ᠵᠦᠭᠡᠭᠡᠪᠦᠷᠢ ᠢ᠋ᠢ ᠨᠡᠢᠲᠡ ᠢ᠋ᠢᠨ ᠵᠠᠮ ᠬᠠᠷᠢᠯᠴᠠᠭ᠎ᠠ ᠪᠤᠯᠭᠠᠨ ᠦᠭᠡᠷᠡᠴᠢᠯᠡᠬᠦ ᠵᠡᠷᠭᠡ ᠣᠯᠠᠨ ᠡᠱᠢᠵᠢᠭ᠌ᠰᠡᠨ ᠠᠷᠭ᠎ᠠ ᠬᠡᠯᠪᠡᠷᠢ ᠪᠡᠷ ᠪᠦᠬᠦ᠌ ᠣᠷᠣᠨ ᠪᠦᠰᠡ ᠢ᠋ᠢᠨ ᠨᠡᠢᠲᠡ ᠢ᠋ᠢᠨ ᠵᠠᠮ ᠬᠠᠷᠢᠯᠴᠠᠭᠠᠨ ᠤ᠋ ᠱᠢᠰᠲ᠋ᠧᠮ ᠤ᠋ᠨ ᠪᠠᠢᠭᠤᠯᠤᠯᠲᠠ ᠢ᠋ᠢ ᠠᠬᠢᠭᠤᠯᠬᠤ ᠢ᠋ᠢ ᠵᠤᠷᠢᠭᠵᠢᠭᠤᠯᠵᠤ᠂ 2027 ᠣᠨ ᠪᠣᠯᠬᠤ ᠳ᠋ᠤ ᠪᠦᠬᠦ᠌ ᠣᠷᠣᠨ ᠤ᠋ 20 ᠡᠴᠡ ᠳᠡᠭᠡᠭ᠌ᠰᠢᠬᠢ ᠬᠣᠱᠢᠭᠤ ᠱᠢᠶᠠᠨ ᠳ᠋ᠤ ᠪᠦᠬᠦ᠌ ᠣᠷᠣᠨ ᠪᠦᠰᠡ ᠢ᠋ᠢᠨ ᠨᠡᠢᠲᠡ ᠢ᠋ᠢᠨ ᠵᠠᠮ ᠬᠠᠷᠢᠯᠴᠠᠭ᠎ᠠ ᠢ᠋ᠢ ᠴᠢᠷᠮᠠᠢᠨ ᠪᠦᠷᠬᠦᠭᠦᠯᠵᠤ᠂ ᠪᠠᠢᠭᠤᠯᠤᠮᠵᠢᠲᠤ ᠭᠠᠴᠠᠭ᠎ᠠ ᠲᠣᠰᠭᠣᠨ ᠳ᠋ᠤ ᠨᠡᠢᠲᠡ ᠢ᠋ᠢᠨ ᠵᠠᠮ ᠬᠠᠷᠢᠯᠴᠠᠭ᠎ᠠ ᠨᠡᠪᠲᠡᠷᠡᠬᠦ ᠨᠣᠷᠮ᠎ᠠ ᠢ᠋ᠢ 32% ᠲᠦ ᠬᠦᠷᠭᠡᠨ᠎ᠠ᠃ ᠪᠠᠰᠠ ᠬᠣᠲᠠ ᠬᠥᠳᠡᠭᠡ ᠢ᠋ᠢᠨ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠨᠢᠭᠡ ᠴᠣᠭ᠍ᠴᠠᠵᠢᠨ ᠬᠥᠭ᠌ᠵᠢᠭᠰᠡᠨ ᠲᠦᠪᠰᠢᠨ ᠨᠢ 4A ᠲᠠᠰ ᠵᠢᠴᠢ ᠲᠡᠭᠦᠨ ᠡᠴᠡ ᠳᠡᠭᠡᠭ᠌ᠰᠢ ᠬᠦᠷᠬᠦ ᠬᠣᠱᠢᠭᠤ ᠱᠢᠶᠠᠨ ᠤ᠋ ᠬᠠᠷᠢᠴᠠᠯ ᠢ᠋ 92% ᠳ᠋ᠤ ᠬᠦᠷᠭᠡᠵᠤ᠂ ᠡᠭᠦᠨ ᠳ᠋ᠤ 5A ᠲᠡᠰ ᠤ᠋ᠨ ᠬᠣᠱᠢᠭᠤ ᠱᠢᠶᠠᠨ ᠢ᠋ 60% ᠳ᠋ᠤ ᠬᠦᠷᠭᠡᠨ᠂ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠳ ᠤ᠋ᠨ ᠵᠦᠭᠡᠭᠡᠪᠦᠷᠢ ᠢ᠋ᠢᠨ ᠲᠣᠭ᠍ᠲᠠᠭᠤᠨ ᠡᠷᠬᠢᠯᠳᠡ ᠵᠢ ᠪᠠᠲᠤᠯᠠᠬᠤ ᠪᠡᠷ ᠪᠤᠢ᠃
ᠲᠦᠷᠦᠭᠦᠭᠡᠨ ᠬᠢᠩᠭᠠᠨ ᠠᠢᠮᠠᠭ ᠤ᠋ᠨ ᠵᠠᠯᠠᠢᠳ ᠬᠣᠱᠢᠭᠤᠨ ᠳ᠋ᠡᠬᠢ ᠥᠪᠥᠷ ᠮᠣᠩᠭᠣᠯ ᠤ᠋ᠨ ᠵᠡᠭᠦᠨ ᠪᠡᠶ᠎ᠠ ᠢ᠋ᠢᠨ ᠠᠩᠬᠠᠳᠠᠭ᠍ᠴᠢ《ᠭᠤᠷᠪᠠᠨ ᠣᠷᠣᠨ ᠬᠣᠶᠠᠷ ᠲᠥᠪ》ᠤ᠋ᠨ ᠬᠦᠶ᠋ᠲᠡᠨ ᠬᠡᠯᠬᠢᠶᠡᠲᠦ ᠪᠠᠷᠠᠭᠠᠨ ᠤ᠋ ᠭᠦᠶ᠋ᠯᠭᠡᠭᠡ ᠵᠢᠨ ᠬᠦᠷᠢᠶᠡᠯᠡᠩ ᠠᠱᠢᠭ᠍ᠯᠠᠯᠲᠠ ᠳ᠋ᠤ ᠣᠷᠣᠵᠤ᠂ ᠦᠬᠡᠷ ᠬᠣᠨᠢᠨ ᠮᠢᠬ᠎ᠠ᠂ ᠱᠢᠨ᠎ᠡ ᠰᠣᠷᠭᠣᠭ ᠢᠳᠡᠰᠢᠨ ᠨᠤᠭᠤᠭ᠎ᠠ ᠵᠡᠷᠭᠡ ᠮᠠᠯ ᠤ᠋ᠨ ᠠᠱᠢᠭ ᠱᠢᠮᠡᠲᠠᠷᠢᠶᠠᠯᠠᠡᠭ ᠤ᠋ᠨ ᠪᠦᠲᠦᠭᠡᠭ᠌ᠳᠡᠬᠦᠨ ᠢ᠋ ᠭᠠᠳᠠᠭ᠍ᠰᠢ ᠪᠣᠷᠣᠯᠠᠭᠤᠯᠬᠤ ᠵᠠᠮ ᠢ᠋ ᠨᠡᠪᠲᠡᠷᠡᠭᠦᠯᠤᠨ᠂ ᠪᠠᠷᠠᠭᠠᠨ ᠤ᠋ ᠭᠦᠶ᠋ᠯᠭᠡᠭᠡ ᠵᠢᠨ ᠥᠪᠡᠷ ᠤ᠋ᠨ ᠥᠷᠲᠡᠭ ᠢ᠋ 50% ᠪᠡᠷ ᠪᠠᠭᠤᠷᠠᠭᠤᠯᠵᠤ᠂ ᠬᠣᠷᠣᠭ᠍ᠳᠠᠯ ᠤ᠋ᠨ ᠬᠡᠮᠵᠢᠶ᠎ᠠ ᠢ᠋ᠢ 20% — 5% ᠪᠤᠯᠭᠠᠨ ᠪᠠᠭᠤᠷᠠᠭᠤᠯᠪᠠ᠃
ᠤᠢᠯᠠᠭᠠᠭᠰᠠᠨ ᠢ᠋ᠢᠡᠷ᠂ ᠮᠠᠨ ᠤ᠋ ᠤᠷᠤᠨ ᠬᠣᠲᠠ ᠬᠥᠳᠡᠭᠡ ᠢ᠋ᠢᠨ ᠪᠠᠷᠠᠭᠠᠨ ᠤ᠋ ᠲᠡᠭᠡᠭᠡᠪᠦᠷᠢ ᠪᠠᠷᠠᠭᠠᠨ ᠤ᠋ ᠭᠦᠶ᠋ᠯᠭᠡᠭᠡ ᠵᠢ ᠨᠢᠭᠡ ᠴᠣᠭ᠍ᠴᠠᠵᠢᠭᠤᠯᠬᠤ ᠦᠶ᠋ᠯᠡᠴᠢᠯᠡᠭᠡᠨ ᠤ᠋ ᠲᠦᠪᠰᠢᠨ ᠢ᠋ ᠳᠡᠭᠡᠭ᠌ᠰᠢᠯᠡᠭᠦᠯᠵᠤ᠂ ᠮᠠᠯᠵᠢᠬᠤ ᠲᠠᠷᠢᠶᠠᠯᠠᠬᠤ ᠣᠷᠣᠨ ᠤ᠋ ᠪᠠᠷᠠᠭᠠᠨ ᠤ᠋ ᠭᠦᠶ᠋ᠯᠭᠡᠭᠡ ᠵᠢᠨ ᠦᠶ᠋ᠯᠡᠴᠢᠯᠡᠭᠡᠨ ᠤ᠋ ᠱᠢᠰᠲ᠋ᠧᠮ ᠤ᠋ᠨ ᠪᠠᠢᠭᠤᠯᠤᠯᠲᠠ ᠢ᠋ᠢ ᠤᠯᠠᠮ ᠨᠢᠭᠡ ᠠᠯᠬᠤᠮ ᠱᠢᠯᠢᠳᠡᠭ᠌ᠵᠢᠭᠦᠯᠤᠨ᠂ ᠬᠣᠲᠠ ᠬᠥᠳᠡᠭᠡ ᠢ᠋ᠢᠨ ᠪᠠᠷᠠᠭᠠᠨ ᠤ᠋ ᠲᠡᠭᠡᠭᠡᠪᠦᠷᠢ ᠪᠠᠷᠠᠭᠠᠨ ᠤ᠋ ᠭᠦᠶ᠋ᠯᠭᠡᠭᠡ ᠵᠢᠨ ᠱᠢᠰᠲ᠋ᠧᠮ ᠢ᠋ ᠱᠢᠯᠢᠳᠡᠭ᠌ᠵᠢᠭᠦᠯᠦᠨ ᠲᠠᠰ ᠳᠡᠪᠱᠢᠭᠦᠯᠬᠦ᠌ ᠢ᠋ᠢ ᠠᠬᠢᠭᠤᠯᠵᠤ᠂ ᠱᠢᠶᠠᠨ ᠱᠢᠶᠠᠩ ᠲᠣᠰᠭᠣᠨ ᠭᠤᠷᠪᠠᠨ ᠱᠠᠲᠤᠨ ᠤ᠋ ᠪᠠᠷᠠᠭᠠᠨ ᠤ᠋ ᠭᠦᠶ᠋ᠯᠭᠡᠭᠡ ᠵᠢᠨ ᠵᠠᠡᠭᠭᠢᠯᠠᠭᠠ ᠢ᠋ᠢᠨ ᠲᠤᠤᠷ ᠤ᠋ᠨ ᠪᠠᠢᠷᠢᠱᠢᠭᠤᠯᠤᠯᠲᠠ ᠢ᠋ᠢ ᠲᠡᠭᠦᠯᠳᠡᠷᠵᠢᠭᠦᠯᠵᠦ᠍᠂ 2027 ᠣᠨ ᠪᠣᠯᠬᠤ ᠳ᠋ᠤ ᠱᠢᠶᠠᠨ ᠱᠢᠶᠠᠩ ᠬᠣᠶᠠᠷ ᠱᠠᠲᠤᠨ ᠤ᠋ ᠪᠠᠷᠠᠭᠠᠨ ᠤ᠋ ᠭᠦᠶ᠋ᠯᠭᠡᠭᠡ ᠵᠢᠨ ᠲᠤᠤᠷ ᠤ᠋ᠨ ᠵᠠᠡᠭᠭᠢᠯᠠᠭᠠ ᠢ᠋ᠢᠨ ᠪᠦᠷᠬᠦᠴᠡ ᠢ᠋ᠢᠨ ᠨᠣᠷᠮ᠎ᠠ ᠢ᠋ᠢ 100% ᠳ᠋ᠤ ᠬᠦᠷᠭᠡᠵᠤ᠂ 《ᠲᠦᠷᠭᠡᠨ ᠬᠦᠷᠭᠡᠯᠲᠡ ᠢ᠋ᠢ ᠲᠣᠰᠭᠣᠨ ᠳ᠋ᠤ ᠬᠦᠷᠭᠡᠬᠦ᠌》 ᠨᠣᠷᠮ᠎ᠠ ᠢ᠋ᠢ 97%ᠳ᠋ᠤ ᠬᠦᠷᠭᠡᠨ᠎ᠠ᠃ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭ᠌ᠳᠡᠬᠦᠨ ᠢ᠋ ᠬᠤᠲᠠ ᠳ᠋ᠤ ᠣᠷᠣᠭᠤᠯᠬᠤ ᠪᠠ ᠠᠵᠤ ᠦᠢᠯᠡᠳᠪᠦᠷᠢ ᠢ᠋ᠢᠨ ᠦᠢᠯᠡᠳᠬᠦᠨ ᠢ᠋ ᠬᠥᠳᠡᠭᠡ ᠪᠠᠭᠤᠯᠭᠠᠬᠤ ᠬᠣᠣᠰ ᠴᠢᠭ᠌ᠯᠡᠯᠲᠦ ᠭᠦᠢᠯᠭᠡᠭᠡ ᠵᠢᠨ ᠵᠠᠮ ᠢ᠋ ᠨᠡᠪᠲᠡᠷᠡᠭᠦᠯᠵᠦ᠍᠂ ᠬᠤᠲᠠ ᠬᠥᠳᠡᠭᠡ ᠢ᠋ᠢᠨ ᠪᠠᠷᠠᠭᠠᠨ ᠤ᠋ ᠲᠡᠭᠡᠭᠡᠪᠦᠷᠢ ᠪᠠᠷᠠᠭᠠᠨ ᠤ᠋ ᠭᠦᠢᠯᠭᠡᠭᠡ ᠪᠠ ᠱᠢᠦᠳᠠᠨ ᠲᠦᠷᠭᠡᠨ ᠬᠦᠷᠭᠡᠯᠲᠡ ᠢ᠋ᠢ ᠨᠢᠭᠡ ᠴᠤᠭ᠍ᠴᠠᠵᠢᠭᠤᠯᠤᠨ ᠬᠥᠭ᠌ᠵᠢᠭᠦᠯᠬᠦ᠌ ᠲᠦᠪᠱᠢᠨ ᠢ᠋ ᠠᠬᠢᠭᠤᠯᠤᠨ᠎ᠠ᠃ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠬᠦᠶ᠋ᠲᠡᠨ ᠬᠡᠯᠬᠢᠶᠡᠲᠦ ᠪᠠᠷᠠᠭᠠᠨ ᠤ᠋ ᠭᠦᠶ᠋ᠯᠭᠡᠭᠡ ᠵᠢᠨ ᠰᠠᠭᠤᠷᠢᠨ ᠤ᠋ ᠪᠥᠲᠥᠭᠡᠨ ᠪᠠᠢᠭᠤᠯᠤᠯᠲᠠ ᠢ᠋ᠢ ᠱᠢᠯᠢᠳᠡᠭ᠌ᠵᠢᠭᠦᠯᠵᠦ᠍᠂ ᠮᠠᠯᠵᠢᠬᠤ ᠲᠠᠷᠢᠶᠠᠯᠠᠬᠤ ᠣᠷᠣᠨ ᠤ᠋ ᠬᠦᠶ᠋ᠲᠡᠨ ᠬᠡᠯᠬᠢᠶᠡᠲᠦ ᠪᠠᠷᠠᠭᠠᠨ ᠤ᠋ ᠭᠦᠶ᠋ᠯᠭᠡᠭᠡ ᠵᠢᠨ ᠳᠣᠭᠢᠷᠠᠭᠤᠯᠤᠨ ᠬᠦᠷᠭᠡᠬᠦ᠌ ᠲᠤᠤᠷ ᠢ᠋ ᠲᠡᠭᠦᠯᠳᠡᠷᠵᠢᠭᠦᠯᠦᠨ᠎ᠡ᠃ ᠮᠠᠯᠵᠢᠬᠤ ᠲᠠᠷᠢᠶᠠᠯᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠬᠦᠷᠢᠶᠡᠨ ᠳ᠋ᠡᠬᠢ ᠱᠢᠨ᠎ᠡ ᠮᠠᠶᠢᠭ ᠤ᠋ᠨ ᠲᠡᠭᠡᠭᠡᠪᠦᠷᠢ ᠢ᠋ᠢᠨ ᠠᠷᠭ᠎ᠠ ᠬᠡᠯᠪᠡᠷᠢ ᠪᠣᠯᠤᠨ ᠡᠵᠡᠩᠨᠡᠯᠲᠡ ᠢ᠋ᠢᠨ ᠪᠠᠢᠳᠠᠯ ᠤ᠋ᠨ ᠬᠥᠭ᠌ᠵᠢᠯᠲᠡ ᠢ᠋ᠢ ᠢᠳᠡᠪᠬᠢᠲᠡᠶ ᠬᠠᠢᠨ ᠰᠦᠪᠡᠭ᠌ᠴᠢᠯᠡᠵᠦ᠍᠂ ᠤᠢᠷ᠎ᠠ ᠤᠭᠲᠠᠷᠭᠤᠢ ᠢ᠋ᠢᠨ ᠠᠵᠤ ᠠᠬᠤᠶ ᠢ᠋ᠢᠨ ᠬᠥᠭ᠌ᠵᠢᠯᠲᠡ ᠢ᠋ᠢ ᠠᠬᠢᠭᠤᠯᠬᠤ ᠪᠤᠯᠤᠨ᠎ᠠ᠃
ᠤᠯᠠᠭᠠᠨᠬᠠᠳᠠ ᠬᠤᠲᠠ ᠢ᠋ᠢᠨ ᠯᠢᠨᠰᠢ ᠱᠢᠶᠠᠨ ᠡᠨᠡ ᠵᠢᠯ 《ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ + ᠡᠯᠧᠺᠲ᠋ᠷᠣᠨ ᠬᠤᠳᠠᠯᠳᠤᠭ᠎ᠠ》 ᠶ᠋ᠢᠨ ᠵᠠᠭ᠍ᠪᠤᠷ ᠢ᠋ ᠡᠷᠴᠢᠮᠲᠠᠢ ᠬᠡᠷᠡᠭᠵᠢᠭᠦᠯᠵᠤ᠂ 9 ᠲᠦᠷᠭᠡᠨ ᠬᠦᠷᠭᠡᠯᠲᠡ᠂ 11 ᠠᠶᠠᠨᠴᠢᠨ ᠤ᠋ ᠵᠦᠭᠡᠭᠡᠪᠦᠷᠢ ᠢ᠋ᠢᠨ ᠥᠷᠲᠡᠭᠡ ᠪᠤᠯᠤᠨ 69 ᠲᠣᠰᠭᠣᠨ ᠤ᠋ ᠲᠠᠰ ᠤ᠋ᠨ ᠥᠷᠲᠡᠭᠡ ᠴᠡᠭ ᠢ᠋ ᠨᠡᠢᠯᠡᠭᠦᠯᠵᠦ᠍᠂ 《ᠰᠢᠶᠠᠨ ᠰᠢᠶᠠᠡᠭ ᠲᠤᠰᠬᠤᠨ》 ᠭᠤᠷᠪᠠᠨ ᠱᠠᠲᠤᠨ ᠤ᠋ ᠲᠤᠤᠷ ᠢ᠋ ᠪᠠᠢᠭᠤᠯᠪᠠ᠃ ᠪᠠᠰᠠ 8 ᠵᠤᠷᠪᠤᠰ ᠠᠭᠤᠰᠤᠯᠴᠠᠬᠰᠠᠨ ᠵᠠᠮ ᠱᠤᠭᠤᠮ ᠢ᠋ ᠨᠡᠪᠲᠡᠷᠡᠭᠦᠯᠤᠨ᠂ 33 ᠪᠠᠢᠭᠤᠯᠤᠮᠵᠢᠲᠤ ᠭᠠᠴᠠᠭ᠎ᠠ ᠲᠣᠰᠭᠣᠨ ᠢ᠋ ᠬᠠᠮᠤᠷᠴᠤ᠂ ᠡᠳᠦᠷ ᠪᠦᠷᠢ ᠳᠤᠮᠳᠠᠴᠢ ᠪᠡᠷ 1200 ᠭᠠᠷᠤᠶ ᠲᠦᠷᠭᠡᠨ ᠬᠦᠷᠭᠡᠯᠲᠡ ᠢ᠋ᠢᠨ ᠵᠦᠶ᠋ᠯ ᠢ᠋ ᠣᠷᠣᠯᠠᠨ ᠲᠡᠭᠡᠭᠡᠪᠦᠷᠢᠯᠡᠬᠦ ᠴᠢᠳᠠᠪᠤᠷᠢ ᠲᠠᠢ ᠪᠤᠯᠵᠠᠢ᠃
ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢ ᠠᠭᠤᠰᠤᠯᠴᠠᠭᠤᠯᠤᠨ ᠬᠥᠭ᠌ᠵᠢᠬᠦᠯᠬᠦ᠌ ᠪᠤᠯ ᠵᠦᠬᠡᠬᠡᠪᠤᠷᠢ ᠲᠡᠭᠡᠭᠡᠪᠦᠷᠢ ᠢ᠋ᠢ ᠳᠡᠰ ᠳᠡᠪᠰᠢᠭᠦᠯᠬᠦ ᠠᠵᠢᠯᠯᠠᠭ᠎ᠠ ᠢ᠋ᠢᠨ ᠴᠢᠬᠤᠯᠠ ᠠᠭᠤᠯᠭ᠎ᠠ ᠪᠤᠯᠤᠨ᠎ᠠ᠃ ᠮᠠᠨ ᠤ᠋ ᠤᠷᠤᠨ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢ ᠠᠭᠤᠰᠤᠯᠴᠠᠭᠤᠯᠤᠨ ᠬᠥᠭ᠌ᠵᠢᠬᠦᠯᠬᠦ᠌ ᠦᠶ᠋ᠯᠡᠴᠢᠯᠡᠭᠡᠨ ᠤ᠋ ᠱᠢᠰᠲ᠋ᠧᠮ ᠢ᠋ ᠪᠦᠷᠢᠨᠱᠢᠭᠦᠯᠵᠦ᠍᠂ ᠬᠤᠰᠢᠭᠤ ᠱᠢᠶᠠᠨ ᠰᠤᠮᠤ ᠱᠢᠶᠠᠩ ᠪᠠᠯᠭᠠᠰᠤ ᠵᠢᠨ ᠶᠡᠷᠦᠩᠬᠡᠢᠯᠡᠭ᠌ᠰᠡᠨ ᠲᠡᠭᠡᠭᠡᠪᠦᠷᠢ ᠢ᠋ᠢᠨ ᠦᠶ᠋ᠯᠡᠴᠢᠯᠡᠭᠡᠨ ᠤ᠋ ᠥᠷᠲᠡᠭᠡ ᠢ᠋ᠢ ᠪᠦᠲᠦᠭᠡᠨ ᠪᠠᠢᠭᠤᠯᠵᠤ ᠥᠭᠡᠷᠡᠴᠢᠯᠡᠨ ᠱᠢᠨᠡᠳᠭᠡᠬᠦ᠌ ᠢ᠋ᠢ ᠲᠦᠷᠭᠡᠳᠭᠡᠨ᠂ ᠱᠢᠤᠳᠠᠨ ᠤ᠋ ᠶᠠᠪᠤᠳᠠᠯ ᠲᠦᠷᠭᠡᠨ ᠬᠦᠷᠭᠡᠯᠲᠠ ᠢ᠋ᠢᠨ ᠠᠵᠤ ᠠᠬᠤᠢᠯᠠᠯ ᠤ᠋ᠨ ᠣᠷᠣᠵᠤ ᠰᠠᠭᠤᠬᠤ ᠢ᠋ᠢ ᠬᠥᠲᠥᠯᠥᠨ ᠵᠢᠯᠣᠭᠣᠳᠭᠤ ᠢ᠋ᠢᠨ ᠬᠠᠮᠲᠤ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢᠨ ᠬᠠᠮᠲᠤᠷᠠᠯᠴᠠᠭᠠᠨ ᠤ᠋ ᠲᠤᠬᠠᠢᠯᠠᠭ᠍ᠰᠠᠨ ᠠᠵᠢᠯ ᠢ᠋ ᠥᠷᠨᠢᠭᠦᠯᠵᠦ᠍᠂ ᠠᠶᠠᠨᠴᠢᠳ ᠤ᠋ᠨ ᠮᠠᠰᠢᠨ ᠳ᠋ᠤ ᠱᠢᠤᠳᠠᠨ ᠪᠠ ᠲᠦᠷᠭᠡᠨ ᠬᠦᠷᠭᠡᠯᠲᠠ ᠢ᠋ᠢᠨ ᠵᠦᠶ᠋ᠯᠡᠰ ᠢ᠋ ᠣᠷᠣᠯᠠᠨ ᠲᠡᠭᠡᠭᠡᠪᠦᠷᠢᠯᠡᠬᠦ᠌ ᠵᠡᠷᠭᠡ ᠡᠷᠴᠢᠮᠵᠢᠭᠦᠯᠦᠭ᠌ᠰᠡᠨ ᠲᠡᠭᠡᠭᠡᠪᠦᠷᠢ ᠢ᠋ᠢᠨ ᠵᠠᠭ᠍ᠪᠤᠷ ᠢ᠋ ᠳᠡᠯᠭᠡᠷᠡᠭᠦᠯᠦᠨ᠎ᠡ᠃ ᠬᠥᠳᠡᠭᠡ ᠲᠣᠰᠭᠣᠨ ᠤ᠋ ᠠᠶᠠᠨᠴᠢᠨ ᠪᠠᠷᠠᠭ᠎ᠠ ᠱᠢᠤᠳᠠᠨ + ᠡᠯᠧᠺᠲ᠋ᠷᠣᠨ ᠬᠤᠳᠠᠯᠳᠤᠭ᠎ᠠ᠂ ᠵᠢᠭᠤᠯᠴᠢᠯᠠᠯ᠂ ᠮᠠᠯ ᠠᠵᠤ ᠠᠬᠤᠢ ᠲᠠᠷᠢᠶᠠᠯᠠᠩ ᠵᠡᠷᠭᠡ ᠵᠠᠭ᠍ᠪᠤᠷ ᠢ᠋ ᠥᠷᠭᠡᠳᠭᠡᠨ᠂ ᠮᠠᠯᠵᠢᠬᠤ ᠲᠠᠷᠢᠶᠠᠯᠠᠬᠤ ᠣᠷᠣᠨ ᠤ᠋ ᠬᠤᠳᠠᠯᠳᠤᠭᠠᠨ ᠤ᠋ ᠬᠡᠲᠦ ᠳᠡᠯᠭᠡᠭᠦᠷ᠂ ᠲᠦᠷᠭᠡᠨ ᠬᠦᠷᠭᠡᠯᠲᠡ ᠢ᠋ᠢᠨ ᠥᠷᠲᠡᠭᠡ ᠴᠡᠭ᠂ ᠬᠠᠩᠭᠠᠨ ᠪᠣᠷᠣᠯᠠᠭᠤᠯᠬᠤ ᠲᠤᠤᠷ ᠴᠡᠭ ᠵᠡᠷᠭᠡ《ᠣᠯᠠᠨ ᠴᠡᠭ ᠢ᠋ ᠨᠢᠭᠡᠳᠭᠡᠬᠦ᠌》ᠢ᠋ᠢ ᠠᠬᠢᠭᠤᠯᠵᠤ᠂ ᠲᠦᠷᠭᠡᠨ ᠬᠦᠷᠭᠡᠯᠲᠡ ᠢ᠋ᠢ ᠭᠠᠴᠠᠭ᠎ᠠ ᠲᠣᠰᠭᠣᠨ ᠳ᠋ᠤ ᠣᠷᠣᠭᠤᠯᠬᠤ ᠪᠠᠷᠠᠭᠠᠨ ᠤ᠋ ᠭᠦᠶ᠋ᠯᠭᠡᠭᠡ ᠵᠢᠨ ᠪᠢᠴᠢᠯ ᠡᠷᠭᠢᠯᠲᠡ ᠢ᠋ᠢ ᠤᠯᠠᠮ ᠨᠢᠭᠡ ᠠᠯᠬᠤᠮ ᠱᠢᠯᠤᠭᠤᠳᠭᠠᠨᠠ᠃ 2027 ᠣᠨ ᠪᠤᠯᠲᠠᠯ᠎ᠠ ᠨᠥᠬᠥᠴᠡᠯ ᠪᠦᠷᠢᠯᠳᠦᠭᠦᠯᠦᠭ᠌ᠰᠡᠨ ᠬᠤᠰᠢᠭᠤ ᠱᠢᠶᠠᠨ ᠤ᠋ ᠱᠠᠲᠤᠨ ᠤ᠋ ᠵᠠᠰᠠᠭ ᠵᠠᠬᠢᠷᠭᠠᠨ ᠤ᠋ ᠣᠷᠣᠨ ᠳ᠋ᠤ ᠬᠥᠳᠡᠭᠡ ᠲᠣᠰᠭᠣᠨ ᠤ᠋ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢ ᠠᠭᠤᠰᠤᠯᠴᠠᠭᠤᠯᠤᠨ ᠬᠥᠭ᠌ᠵᠢᠬᠦᠯᠬᠦ᠌ ᠢ᠋ᠢ ᠨᠡᠢᠳᠡᠮ ᠪᠥᠷᠬᠥᠭᠦᠯᠵᠤ᠂ ᠪᠥᠬᠥ᠌ ᠣᠷᠣᠨ ᠳ᠋ᠤ ᠬᠥᠳᠡᠭᠡ ᠲᠣᠰᠭᠣᠨ ᠤ᠋ ᠠᠶᠠᠨᠴᠢᠳ ᠤ᠋ᠨ ᠵᠦᠭᠡᠭᠡᠪᠦᠷᠢ᠂ ᠭᠠᠴᠠᠭ᠎ᠠ ᠲᠣᠰᠭᠣᠨ ᠳ᠋ᠤ ᠨᠡᠪᠲᠡᠷᠡᠬᠦ᠌ ᠨᠡᠢᠲᠡ ᠢ᠋ᠢᠨ ᠵᠠᠮ ᠬᠠᠷᠢᠯᠴᠠᠭ᠎ᠠ ᠳ᠋ᠤ ᠲᠦᠱᠢᠭ᠌ᠯᠡᠨ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢᠨ ᠬᠠᠮᠲᠤᠷᠠᠯᠴᠠᠭ᠎ᠠ ᠥᠷᠨᠢᠭᠦᠯᠬᠦ᠌ ᠵᠠᠮ ᠱᠤᠭᠤᠮ ᠢ᠋ 240 ᠵᠤᠷᠪᠤᠰ ᠡᠴᠡ ᠳᠡᠭᠡᠭ᠌ᠰᠢ ᠬᠦᠷᠭᠡᠵᠤ᠂ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢ ᠠᠭᠤᠰᠤᠯᠴᠠᠭᠤᠯᠤᠬᠰᠠᠨ ᠦᠶ᠋ᠯᠡᠴᠢᠯᠡᠭᠡᠨ ᠤ᠋ ᠲᠥᠷᠥᠯ ᠲᠡᠮᠳᠡᠭ᠌ ᠢ᠋ ᠪᠣᠢᠵᠢᠭᠤᠯᠤᠨ᠂ ᠮᠠᠯᠵᠢᠬᠤ ᠲᠠᠷᠢᠶᠠᠯᠠᠬᠤ ᠣᠷᠣᠨ ᠤ᠋ ᠪᠠᠷᠠᠭᠠᠨ ᠤ᠋ ᠭᠦᠶ᠋ᠯᠭᠡᠭᠡ ᠵᠢᠨ ᠥᠪᠡᠷ ᠤ᠋ᠨ ᠥᠷᠲᠡᠭ ᠢ᠋ ᠪᠠᠭᠤᠷᠠᠭᠤᠯᠤᠨ ᠦᠷ᠎ᠡ ᠠᠱᠢᠭ ᠢ᠋ ᠨᠡᠮᠡᠭ᠌ᠳᠡᠭᠦᠯᠬᠦ ᠪᠡᠷ ᠪᠤᠢ᠃
《ᠵᠦᠭᠡᠭᠡᠪᠦᠷᠢ ᠲᠡᠭᠡᠭᠡᠪᠦᠷᠢ ᠢ᠋ᠢ ᠳᠡᠰ ᠳᠡᠪᠰᠢᠭᠦᠯᠬᠦ ᠠᠵᠢᠯᠯᠠᠭ᠎ᠠ ᠪᠣᠯ ᠮᠠᠯᠵᠢᠬᠤ ᠲᠠᠷᠢᠶᠠᠯᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠦᠶ᠋ᠯᠡᠴᠢᠯᠡᠭᠡᠨ ᠤ᠋ ᠱᠢᠰᠲ᠋ᠧᠮ ᠢ᠋ ᠲᠡᠭᠦᠯᠳᠡᠷᠵᠢᠭᠦᠯᠬᠦ᠌ ᠢ᠋ᠢᠨ ᠲᠥᠯᠥᠭᠡ ᠬᠡᠷᠡᠭ᠌ᠵᠢᠭᠦᠯᠦᠭ᠌ᠰᠡᠨ ᠲᠤᠰᠭᠠᠶ ᠠᠵᠢᠯᠯᠠᠭ᠎ᠠ ᠪᠣᠯᠤᠨ᠎ᠠ᠃ ᠪᠢᠳᠡ ᠡᠨᠡ ᠬᠦ᠌ ᠠᠵᠢᠯᠯᠠᠭ᠎ᠠ ᠢ᠋ᠢ ᠯᠠᠪᠳᠠᠭᠤᠨ ᠪᠠᠲᠤᠲᠠᠢ ᠠᠬᠢᠭᠤᠯᠵᠤ᠂ ᠬᠤᠳᠠ ᠬᠥᠳᠡᠭᠡ ᠢ᠋ᠢᠨ ᠠᠶᠠᠨᠴᠢᠳ ᠤ᠋ᠨ ᠵᠥᠭᠡᠭᠡᠪᠦᠷᠢ ᠢ᠋ᠢ ᠳᠡᠩᠴᠡᠬᠦᠷᠢᠱᠢᠬᠦᠯᠬᠦ᠌᠂ ᠪᠠᠷᠠᠭᠠᠨ ᠤ᠋ ᠵᠥᠭᠡᠭᠡᠪᠦᠷᠢ ᠢ᠋ᠢ ᠨᠢᠭᠡ ᠴᠤᠬ᠍ᠴᠠᠵᠢᠭᠤᠯᠬᠤ᠂ ᠠᠶᠠᠨᠴᠢᠨ ᠤ᠋ ᠵᠦᠬᠡᠬᠡᠪᠤᠷᠢ ᠪᠠ ᠪᠠᠷᠠᠭ᠎ᠠ ᠱᠢᠤᠳᠠᠨ ᠤ᠋ ᠲᠠᠬᠡᠬᠡᠪᠤᠷᠢ ᠵᠢ ᠠᠭᠤᠰᠤᠯᠴᠠᠭᠤᠯᠤᠨ ᠬᠦᠭᠵᠢᠭᠦᠯᠬᠦ ᠢ᠋ᠢ ᠦᠷᠭᠦᠯᠵᠢᠯᠡᠨ ᠠᠬᠢᠭᠤᠯᠵᠤ᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠤ ᠪᠠᠲᠤ ᠪᠠᠬᠢ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠪᠠᠲᠤᠯᠠᠭ᠎ᠠ ᠬᠠᠩᠭᠠᠨ᠎ᠠ》 ᠭᠡᠵᠤ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠡᠭᠬᠢᠮ ᠤ᠋ᠨ ᠬᠠᠮᠢᠶ᠎ᠠ ᠪᠦᠬᠦᠢ ᠬᠠᠷᠢᠭᠤᠴᠠᠯᠭᠠᠲᠠᠨ ᠢᠯᠡᠷᠬᠡᠢᠯᠠᠯᠠ᠃