ᠤᠯᠤᠰ ᠲᠠᠶᠠᠭᠠᠷ ᠲᠦ᠍ ᠪᠤᠷᠤᠯᠠᠭᠤᠯᠤᠭᠳᠠᠬᠰᠠᠨ ᠰᠢᠶᠠᠩᠱᠠᠨ ᠤ᠋ ᠨᠡᠷᠡᠨ ᠬᠤᠧᠠᠷ ᠤ᠋ᠨ ᠦᠷ᠎ᠡ
2026-03-20 17:02:33
ᠵᠣᠬᠢᠶᠠᠭ᠍ᠴᠢ᠄
ᠪᠦᠦ ᠴᠢᠩ ᠱᠧᠩ
ᠣᠩᠱᠢᠭ᠍ᠰᠠᠨ ᠣᠳᠠᠭ᠎ᠠ᠄
★★★☆☆

ᠨᠠᠷᠠᠨ ᠬᠤᠸᠠᠷ ᠤ᠋ᠨ ᠥᠷ᠎ᠡ ᠵᠢ ᠰᠢᠭ᠌ᠰᠢᠨ ᠰᠣᠩᠭᠣᠨ᠎ᠠ᠂ ᠬᠠᠭᠤᠷᠤᠨ᠎ᠠ᠂ ᠬᠠᠢᠷᠴᠠᠭᠯᠠᠨ ᠪᠣᠭᠣᠳᠠᠯᠯᠠᠨ᠎ᠠ ᠁ ᠲᠦᠷᠦᠬᠦᠬᠡᠨ ᠲᠦᠩᠯᠢᠶᠣᠣ ᠬᠣᠲᠠ ᠶ᠋ᠢᠨ ᠵᠠᠷᠤᠳ ᠬᠣᠰᠢᠭᠤᠨ ᠤ᠋ ᠰᠢᠶᠠᠩᠱᠠᠨ ᠲᠠᠷᠢᠶᠠᠯᠠᠩ ᠤ᠋ᠨ ᠲᠠᠯᠠᠪᠠᠶ ᠳ᠋ᠤ ᠪᠠᠢᠭ᠎ᠠ ᠥᠪᠥᠷ ᠮᠣᠩᠭᠣᠯ ᠤ᠋ᠨ ᠨᠠ ᠴᠢ ᠲᠠᠷᠢᠶᠠᠯᠠᠩ ᠤ᠋ᠨ ᠲᠤᠰᠠᠯᠠᠬᠤ ᠠᠵᠤ ᠠᠬᠤᠢ ᠶ᠋ᠢᠨ ᠪᠦᠲᠦᠭᠡᠭᠳᠡᠬᠦᠨ ᠤ᠋ ᠬᠢᠵᠠᠭᠠᠷᠲᠤ ᠺᠣᠮᠫᠠᠨᠢ ᠶ᠋ᠢᠨ ᠦᠢᠯᠡᠳᠪᠦᠷᠢᠯᠡᠯ ᠦ᠋ᠨ ᠲᠠᠰᠤᠭ ᠲᠤ᠌ ᠬᠦᠷᠬᠦ ᠳ᠋ᠤ᠂ ᠠᠵᠢᠯᠴᠢᠳ ᠶᠠᠬ ᠵᠠᠬᠢᠶᠠᠯᠠᠭ᠎ᠠ ᠶ᠋ᠢᠨ ᠨᠡᠷᠡᠨ ᠬᠤᠧᠠᠷ ᠤ᠋ᠨ ᠦᠷ᠎ᠡ ᠶ᠋ᠢ ᠱᠠᠯᠠᠪᠳᠠᠨ ᠥᠢᠯᠡᠳᠪᠥᠷᠢᠯᠡᠵᠤ᠂ ᠪᠡᠭᠡᠵᠢᠩ᠂ ᠱᠠᠩᠬᠠᠢ᠂ ᠱᠧᠨᠵᠧᠨ ᠵᠡᠷᠭᠡ ᠡᠯ᠎ᠡ ᠲᠣᠮᠣ᠌ ᠬᠣᠲᠠ ᠳᠡᠢᠰᠢ ᠭᠤᠪᠢᠭᠤᠯᠬᠤ ᠪᠡᠷ ᠲᠤᠰ ᠲᠤᠰ ᠲᠠᠭᠠᠨ ᠶᠠᠭᠠᠷᠠᠯᠳᠤᠵᠤ ᠪᠠᠢᠯ᠎ᠠ᠃


QQ20260320-170129.png


ᠨᠠᠷᠠᠨ ᠬᠤᠧᠠᠷ ᠤ᠋ᠨ ᠥᠷ᠎ᠡ ᠵᠢ ᠬᠠᠢᠷᠴᠠᠭᠯᠠᠨ ᠪᠤᠭᠤᠳᠠᠯᠯᠠᠨ᠎ᠠ


QQ20260320-170141.png


ᠨᠠᠷᠠᠨ ᠬᠤᠧᠠᠷ ᠤ᠋ᠨ ᠥᠷ᠎ᠡ ᠶ᠋ᠢ ᠢᠯᠭᠠᠨ ᠰᠤᠩᠭᠤᠨ᠎ᠠ


QQ20260320-170157.png


ᠨᠠᠷᠠᠨ ᠬᠤᠧᠠᠷ ᠤ᠋ᠨ ᠥᠷ᠎ᠠ ᠬᠠᠭᠤᠷᠬᠤ ᠥᠢᠯᠡᠳᠪᠥᠷᠢᠯᠡᠯ ᠤ᠋ᠨ ᠱᠤᠭᠤᠮ


2019 ᠣᠨ ᠡᠴᠡ ᠨᠠᠭᠠᠰᠢ ᠲᠤᠰ ᠲᠠᠷᠢᠶᠠᠯᠠᠩ᠎ᠤᠨ ᠲᠠᠯᠠᠪᠠᠢ ᠨᠢ 《ᠲᠠᠯ᠎ᠠ ᠨᠤᠲᠤᠭ᠎ᠤᠨ ᠮᠧᠢ ᠷᠧᠨ ᠡᠯ 》 ᠂ 《 ᠡᠯ ᠶᠠ ᠬᠠᠭᠤᠷᠤᠭᠰᠠᠨ ᠪᠠᠷᠠᠭ᠎ᠠ 》᠂ 《 ᠲᠢᠶᠠᠨ ᡁᠢ ᠵᠢᠶᠣᠣ ᠽᠢ 》 ᠵᠡᠷᠭᠡ 3 ᠲᠦᠷᠦᠯ ᠲᠡᠮᠳᠡᠭ ᠢ᠋ ᠳᠠᠩᠰᠠᠯᠠᠭᠤᠯᠤᠨ᠂ ᠤᠤᠯ ᠠᠮᠳᠠ ᠶ᠋ᠢᠨ ᠬᠠᠭᠤᠷᠤᠭᠰᠠᠨ ᠨᠡᠷᠡᠨ ᠬᠤᠧᠠᠷ ᠤ᠋ᠨ ᠦᠷ᠎ᠡ᠂ ᠬᠠᠲᠠᠭᠠᠮᠠᠯ ᠵᠢᠮᠢᠰ᠂ ᠠᠮᠳᠠᠯᠠᠭᠰᠠᠨ ᠯᠣᠬᠠᠱᠧᠩ ᠵᠡᠷᠭᠡ ᠶ᠋ᠢ ᠪᠦᠬᠦ ᠵᠢᠯ ᠵᠢᠨᠷ ᠶ᠋ᠢᠡᠨ ᠥᠢᠯᠡᠳᠪᠥᠷᠢᠯᠡᠨ ᠪᠤᠷᠤᠯᠠᠭᠤᠯᠵᠤ᠂ ᠲᠦᠷᠦᠯ ᠲᠡᠮᠳᠡᠭ ᠦ᠋ᠨ ᠦᠷ᠎ᠡ ᠠᠰᠢᠭ᠋ ᠨᠢ ᠵᠢᠯ ᠳᠠᠷᠠᠭᠠᠯᠠᠨ ᠨᠡᠮᠡᠭᠳᠡᠵᠦ ᠪᠠᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号