《ᠤᠳᠤ ᠭᠡᠷ᠎ᠡᠴᠡ᠎ᠪᠠᠨ ᠭᠠᠷᠤᠮᠠᠭ᠍ᠴᠠ ᠨᠡᠢᠲᠡ᠎ᠶ᠋ᠢᠨ ᠮᠠᠱᠢᠨ ᠲᠡᠷᠭᠡᠨ᠎ᠳᠤ ᠰᠠᠭᠤᠵᠤ ᠪᠤᠯᠤᠨ᠎ᠡ᠂ ᠬᠤᠳᠠ ᠣᠷᠣᠵᠤ ᠡᠪᠡᠳᠴᠢᠨ ᠦᠵᠡᠭᠦᠯᠬᠦ᠂ ᠤᠴᠢᠷ ᠶᠠᠪᠤᠳᠠᠯ ᠭᠦᠢᠴᠡᠳᠬᠡᠭᠦ᠎ᠳᠤ ᠴᠥᠮ ᠳᠥᠭᠦᠮ ᠪᠤᠯᠵᠠᠢ》 ᠬᠡᠵᠤ ᠱᠢᠨ᠎ᠡ᠎ᠪᠠᠷ ᠨᠡᠪᠲᠡᠷᠡᠭ᠌ᠰᠡᠨ ᠨᠡᠢᠲᠡ᠎ᠶ᠋ᠢᠨ ᠮᠠᠱᠢᠨ ᠲᠡᠷᠭᠡᠨ᠎ᠤ ᠲᠤᠬᠠᠢ ᠶᠠᠷᠢᠬᠤ᠎ᠳᠤ᠂ ᠤᠯᠠᠭᠠᠨᠬᠠᠳᠠ ᠬᠤᠲᠠ᠎ᠵᠢᠨ ᠯᠢᠨᠰᠢ ᠰᠢᠶᠠᠨ ᠤ᠋ ᠭᠤᠸᠠᠨ ᠳ᠋ᠢ ᠪᠠᠯᠭᠠᠰᠤᠨ᠎ᠤ ᠳᠤᠤᠷ᠎ᠠ ᠭᠤᠸᠠᠨ ᠳ᠋ᠢ ᠲᠣᠰᠭᠤᠨ᠎ᠤ ᠠᠷᠠᠳ ᠸᠠᠩ ᠹᠠᠩ ᠮᠠᠰᠢ ᠬᠠᠨᠤᠮᠵᠢᠳᠠᠢ ᠪᠠᠢᠯ᠎ᠠ᠃ ᠣᠳᠣ ᠯᠢᠨᠰᠢ ᠱᠢᠶᠠᠨᠦ ᠮᠠᠰᠢ ᠤᠯᠠᠨ ᠲᠤᠰᠬᠤᠨ ᠤ᠋ ᠠᠷᠠᠳ ᠸᠠᠩ ᠹᠠᠩ᠎ᠲᠠᠢ ᠠᠳᠠᠯᠢ᠎ᠪᠠᠷ ᠨᠡᠢᠲᠡ᠎ᠶ᠋ᠢᠨ ᠮᠠᠱᠢᠨ ᠲᠡᠷᠭᠡ ᠨᠡᠪᠳᠡᠷᠡᠭᠰᠡᠨ ᠡᠴᠡ ᠠᠪᠴᠢᠷᠠᠭᠰᠠᠨ ᠲᠦᠳᠡ ᠨᠦᠭᠦᠴᠡᠯ ᠪᠠ ᠪᠣᠳᠠᠲᠤ ᠠᠱᠢᠭ ᠢ᠋ ᠭᠥᠷᠳᠡᠵᠦ᠍ ᠪᠠᠢᠨ᠎ᠠ᠃ ᠬᠥᠳᠡᠭᠡ ᠲᠣᠰᠭᠤᠨ ᠳ᠋ᠦ ᠨᠡᠢᠲᠡ᠎ᠶ᠋ᠢᠨ ᠮᠠᠱᠢᠨ ᠲᠡᠷᠭᠡᠨ᠎ᠤ ᠵᠠᠮ ᠨᠡᠪᠲᠡᠷᠡᠭᠰᠡᠨ᠎ᠨᠢ ᠬᠤᠲᠠ ᠬᠥᠳᠡᠭᠡ᠎ᠶ᠋ᠢᠨ ᠬᠤᠭᠤᠷᠤᠨᠳᠤᠬᠢ ᠵᠠᠮ ᠬᠠᠷᠢᠯᠴᠠᠭ᠎ᠠ ᠵᠢ ᠰᠢᠯᠤᠭᠤᠳᠬᠠᠵᠤ᠂ ᠠᠷᠠᠳ᠎ᠤᠨ ᠰᠡᠳᠭᠢᠯ᠎ᠢ ᠬᠤᠯᠪᠣᠬᠰᠠᠨ 《ᠵᠣᠯ ᠵᠢᠷᠭᠠᠯ᠎ᠦᠨ ᠵᠠᠮ》 ᠪᠣᠯᠵᠣ᠂ ᠣᠯᠠᠨ ᠲᠦᠮᠡᠨ᠎ᠤ ᠬᠦᠷᠲᠡᠮᠵᠢ᠎ᠶ᠋ᠢᠨ ᠲᠥᠷᠥᠭ᠌ᠳᠡᠯ᠂ ᠵᠢᠷᠭᠠᠯᠲᠤ ᠲᠥᠷᠥᠭ᠌ᠳᠡᠯ᠎ᠢ ᠦᠷᠭᠦᠯᠵᠢᠯᠡᠨ ᠳᠡᠭᠡᠭ᠌ᠰᠢᠯᠡᠭᠦᠯᠵᠦ᠍ ᠪᠠᠢᠨ᠎ᠠ᠃
ᠣᠢᠷ᠎ᠠ᠎ᠶᠢᠨ ᠵᠢᠯ ᠦ᠋ᠨ ᠲᠤᠷᠱᠢ᠂ ᠯᠢᠨᠰᠢ ᠱᠢᠶᠠᠨᠤ᠋ ᠵᠠᠮ ᠬᠠᠷᠢᠯᠴᠠᠭ᠎ᠠ ᠲᠡᠭᠡᠭᠡᠪᠦᠷᠢ᠎ᠶᠢᠨ ᠲᠣᠪᠴᠢᠶ᠎ᠠ ᠬᠥᠳᠡᠭᠡ ᠲᠣᠰᠭᠣᠨ ᠤ᠋ ᠣᠯᠠᠨ ᠲᠦᠮᠡᠨ ᠦ᠌ 《ᠶᠠᠪᠤᠵᠤ ᠰᠠᠭᠤᠬᠤᠳ᠋ᠤ ᠬᠦᠴᠢᠷ》 ᠠᠰᠠᠭᠤᠳᠠᠯ ᠳ᠋ᠤ ᠠᠩᠬᠠᠷᠤᠯ ᠵᠢᠡᠨ ᠲᠥᠪᠯᠡᠷᠡᠭᠦᠯᠵᠦ᠍᠂ ᠬᠣᠲᠠ ᠬᠥᠳᠡᠭᠡ᠎ᠶᠢᠨ ᠨᠡᠢᠲᠡ᠎ᠶᠢᠨ ᠵᠠᠮ ᠬᠠᠷᠢᠯᠴᠠᠭ᠎ᠠ᠎ᠶᠢ ᠨᠢᠭᠡ ᠴᠣᠭ᠍ᠴᠠᠵᠢᠭᠤᠯᠤᠭ᠍ᠰᠠᠨ ᠬᠥᠭ᠌ᠵᠢᠯᠲᠡ᠎ᠶᠢ ᠠᠷᠠᠳ᠎ᠤ᠋ᠨ ᠠᠮᠢᠳᠤᠷᠠᠯ᠎ᠤ᠋ᠨ ᠭᠣᠣᠯᠳᠠᠯᠭ᠎ᠠ᠎ᠲᠠᠢ ᠢᠨᠵᠧᠨᠧᠷᠢᠩ ᠪᠣᠯᠭᠠᠵᠤ᠂ ᠨᠡᠢᠲᠡ᠎ᠶᠢᠨ ᠵᠠᠮ ᠬᠠᠷᠢᠯᠴᠠᠭ᠎ᠠ ᠵᠢ ᠲᠣᠰᠭᠣᠨ᠎ᠳ᠋ᠤ ᠣᠷᠣᠭᠤᠯᠬᠤ ᠠᠵᠢᠯ ᠢ᠋ ᠪᠦᠬᠦ᠌ ᠬᠦᠴᠦᠨ ᠵᠢᠡᠷ ᠵᠢᠡᠨ ᠠᠬᠢᠭᠤᠯᠵᠤ᠂ ᠣᠯᠠᠨ ᠨᠡᠢᠲᠡ᠎ᠶᠢᠨ ᠵᠠᠮ ᠬᠠᠷᠢᠯᠴᠠᠭᠠᠨ ᠤ᠋ ᠦᠢᠯᠡᠴᠢᠯᠡᠭᠡᠨ ᠦ᠌ 《ᠡᠴᠦᠰ ᠤ᠋ᠨ ᠨᠢᠭᠡ ᠺᠢᠯᠣᠮᠧᠲ᠋ᠷ》 ᠢ᠋ ᠨᠡᠪᠲᠡᠷᠡᠭᠦᠯᠪᠡ᠃ ᠵᠠᠮ ᠱᠤᠭᠤᠮ ᠤᠨ ᠲᠥᠯᠥᠪᠵᠢᠭᠦᠯᠭᠡ᠎ᠶ᠋ᠢ ᠪᠣᠳᠠᠲᠠᠶ ᠬᠡᠷᠡᠭ᠌ᠴᠡᠭᠡ᠎ᠳᠤ ᠨᠡᠢᠴᠡᠭᠦᠯᠬᠦ᠌᠎ᠶ᠋ᠢᠨ ᠲᠥᠯᠥᠭᠡ᠂ ᠲᠤᠪᠴᠢᠶᠠᠨ ᠤ᠋ ᠠᠵᠢᠯᠲᠠᠳ ᠬᠥᠳᠡᠭᠡ ᠲᠣᠰᠭᠤᠨ᠎ᠤ ᠨᠢᠭᠡᠳᠦᠭᠡᠷ ᠹᠷᠣᠨᠲ᠎ᠲᠤ ᠣᠯᠠᠨ ᠤᠳᠠᠭ᠎ᠠ ᠭᠦᠨᠵᠡᠭᠡᠢᠷᠡᠨ ᠪᠠᠢᠴᠠᠭᠠᠨ ᠰᠤᠳᠤᠯᠤᠯᠲᠠ ᠬᠢᠵᠦ᠂ ᠲᠣᠰᠭᠤᠨ᠎ᠤ ᠠᠷᠠᠳ᠂ ᠲᠣᠰᠭᠤᠨ᠎ᠤ ᠺᠠᠳ᠋ᠷ ᠵᠢᠴᠢ ᠬᠠᠮᠢᠶ᠎ᠠ ᠪᠥᠬᠦᠶ ᠰᠠᠯᠠᠭ᠎ᠠ ᠮᠥᠴᠢᠷ᠎ᠤᠨ ᠰᠠᠨᠠᠯ ᠢ ᠥᠷᠭᠡᠨ᠎ᠢᠶᠠᠷ ᠬᠤᠷᠢᠶᠠᠨ ᠴᠤᠭ᠍ᠯᠠᠭᠤᠯᠵᠤ᠂ ᠵᠠᠮ ᠱᠤᠭᠤᠮ ᠬᠢᠭᠡᠳ ᠥᠷᠲᠡᠭᠡ ᠴᠡᠭ᠎ᠤᠨ ᠪᠠᠢᠷᠢᠯᠠᠭᠤᠯᠤᠯᠲᠠ᠎ᠶ᠋ᠢ ᠳᠠᠬᠢᠨ ᠳᠠᠪᠲᠠᠨ ᠱᠢᠯᠢᠳᠡᠭ᠌ᠵᠢᠭᠦᠯᠵᠦ᠍᠂ ᠡᠨᠡ ᠬᠦ᠌ ᠰᠠᠭᠤᠷᠢᠨ ᠳᠡᠭᠡᠷ᠎ᠡ 《ᠨᠢᠭᠡ ᠵᠠᠮ ᠱᠤᠭᠤᠮ ᠳ᠋ᠤ ᠨᠢᠭᠡ ᠠᠷᠭ᠎ᠠ ᠪᠣᠳᠣᠯᠭ᠎ᠠ ᠬᠡᠷᠡᠭ᠌ᠵᠢᠭᠦᠯᠬᠦ᠌》 ᠡᠵᠡᠩᠨᠡᠯᠲᠡ᠎ᠶ᠋ᠢᠨ ᠵᠠᠭ᠍ᠪᠤᠷ ᠢ ᠬᠡᠷᠡᠭ᠌ᠵᠢᠭᠦᠯᠵᠦ᠍᠂ ᠠᠳᠠᠯᠢ ᠪᠤᠰᠤ ᠠᠢᠯ ᠲᠣᠰᠭᠤᠨ᠎ᠤ ᠬᠥᠮᠦᠨ ᠠᠮᠠ᠎ᠶ᠋ᠢᠨ ᠨᠢᠭ᠍ᠲᠠᠴᠠ᠂ ᠶᠠᠪᠤᠵᠤ ᠰᠠᠭᠤᠬᠤ ᠣᠷᠭᠢᠯ ᠤ᠋ᠨ ᠬᠤᠭᠤᠴᠠᠭ᠎ᠠ ᠵᠡᠷᠭᠡ᠎ᠶ᠋ᠢᠨ ᠵᠥᠷᠢᠶ᠎ᠡ᠎ᠶ᠋ᠢ ᠦᠨᠳᠦᠰᠦᠯᠡᠨ᠂ ᠲᠡᠷᠭᠡ ᠭᠦᠳᠡᠯᠭᠦ ᠤᠳᠠᠭ᠎ᠠ ᠬᠢᠭᠡᠳ ᠠᠵᠢᠯᠯᠠᠭᠤᠯᠬᠤ ᠴᠠᠭ᠎ᠢ ᠠᠮᠢᠳᠤᠯᠢᠭᠲᠣᠬᠢᠷᠠᠭᠤᠯᠵᠤ᠂ ᠲᠣᠰᠭᠤᠨ᠎ᠤ ᠠᠷᠠᠳ᠎ᠤᠨ ᠴᠤᠭ᠍ᠯᠠᠭ᠎ᠠ ᠮᠠᠢᠮᠠᠶ᠎ᠳᠤ ᠤᠴᠢᠬᠤ᠂ ᠠᠵᠢᠯ ᠶᠠᠪᠤᠳᠠᠯ ᠬᠢᠬᠦ᠂ ᠠᠵᠢᠯ᠎ᠳᠤ ᠭᠠᠷᠬᠤ ᠵᠡᠷᠭᠡ ᠣᠯᠠᠨ ᠶᠠᠩᠵᠤ᠎ᠶ᠋ᠢᠨ ᠶᠠᠪᠤᠵᠤ ᠰᠠᠭᠤᠬᠤ ᠬᠡᠷᠡᠭ᠌ᠴᠡᠭᠡ ᠱᠠᠭᠠᠷᠳᠠᠯᠭ᠎ᠠ ᠲᠠᠢ ᠨᠠᠷᠢᠯᠢᠭ ᠣᠨᠣᠪᠴᠢᠲᠠᠶ ᠵᠤᠯᠭᠠᠭᠤᠯᠪᠠ᠃
2025 ᠣᠨ᠎ᠳᠤ ᠣᠯᠠᠨ ᠲᠦᠮᠡᠨ᠎ᠤ ᠶᠠᠪᠤᠵᠤ ᠰᠠᠭᠤᠬᠤ ᠬᠡᠷᠡᠭ᠌ᠴᠡᠭᠡ ᠱᠠᠭᠠᠷᠳᠠᠯᠭ᠎ᠠ ᠪᠠ ᠤᠤᠯ᠎ᠤᠨ ᠠᠶᠠᠨᠴᠢᠳ᠎ᠤᠨ ᠵᠦᠭᠡᠭᠡᠪᠦᠷᠢ ᠵᠢ ᠵᠣᠭ᠍ᠰᠣᠭᠠᠭᠰᠠᠨ ᠪᠠᠢᠳᠠᠯ᠎ᠢ ᠦᠨᠳᠦᠰᠦᠯᠡᠨ᠂ ᠯᠢᠨᠰᠢ᠎ᠡᠴᠡ ᠵᠠᠨ ᠫᠦ ᠬᠦᠷᠬᠦ᠂ ᠯᠢᠨᠰᠢ᠎ᠡᠴᠡ ᠭᠤᠸᠠᠨ ᠳ᠋ᠢ ᠬᠦᠷᠬᠦ᠌ ᠪᠠ ᠯᠢᠨᠰᠢ᠎ᠡᠴᠡ ᠪᠠᠨ ᠯᠠ ᠱᠠᠨ ᠬᠦᠷᠬᠦ᠌ ᠬᠥᠳᠡᠭᠡ ᠲᠣᠰᠭᠤᠨ᠎ᠤ ᠨᠡᠢᠲᠡ᠎ᠶ᠋ᠢᠨ ᠵᠠᠮ ᠬᠠᠷᠢᠯᠴᠠᠭᠠᠨ᠎ᠤ ᠭᠤᠷᠪᠠᠨ ᠱᠤᠭᠤᠮ᠎ᠢ ᠱᠢᠨ᠎ᠡ᠎ᠪᠠᠷ ᠨᠡᠪᠲᠡᠷᠡᠭᠦᠯᠵᠦ᠍᠂ ᠵᠠᠮ ᠳᠠᠭᠠᠤ 15 ᠵᠠᠰᠠᠭ ᠵᠠᠬᠢᠷᠭᠠᠨ᠎ᠤ ᠲᠣᠰᠭᠤᠨ ᠪᠠ ᠪᠠᠢᠭᠠᠯᠢᠯᠢᠭ ᠲᠣᠰᠭᠤᠨ᠎ᠢ ᠬᠠᠮᠤᠷᠪᠠ᠃ ᠣᠲᠣ ᠪᠣᠯᠲᠠᠯ᠎ᠠ ᠪᠥᠬᠦ᠌ ᠱᠢᠶᠠᠨ᠎ᠳᠤ ᠨᠡᠢᠲᠡ 16 ᠬᠥᠳᠡᠭᠡ ᠲᠣᠰᠭᠤᠨ᠎ᠤ ᠨᠡᠢᠲᠡ᠎ᠶ᠋ᠢᠨ ᠮᠠᠱᠢᠨ ᠲᠡᠷᠭᠡᠨ᠎ᠤ ᠵᠠᠮ ᠱᠤᠭᠤᠮ᠎ᠢ ᠨᠡᠪᠲᠡᠷᠡᠭᠦᠯᠵᠦ᠍᠂ ᠪᠥᠬᠦ᠌ ᠱᠢᠶᠠᠨ᠎ᠤ 6 ᠲᠦᠮᠡ ᠱᠢᠬᠠᠮ ᠬᠥᠮᠦᠨ ᠠᠮᠠ᠎ᠶ᠋ᠢ ᠪᠠᠭᠲᠠᠭᠠᠭᠰᠠᠨ ᠪᠠᠢᠨ᠎ᠠ᠃
ᠨᠡᠢᠲᠡ᠎ᠶᠢᠨ ᠵᠠᠮ ᠬᠠᠷᠢᠯᠴᠠᠭ᠎ᠠ ᠵᠢ ᠲᠤᠰᠬᠤᠨ ᠳ᠋ᠤ ᠨᠡᠪᠳᠡᠷᠡᠭᠦᠯᠦᠭᠰᠡᠨ ᠨᠢ ᠲᠣᠰᠭᠣᠨ ᠤ᠋ ᠠᠷᠠᠳ᠎ᠤ᠋ᠨ ᠠᠮᠢᠳᠤᠷᠠᠯ᠎ᠳ᠋ᠤ ᠠᠱᠢᠭ ᠬᠦᠷᠲᠡᠭᠡᠭᠰᠡᠨ ᠵᠢᠡᠷ ᠪᠠᠷᠠᠬᠤ ᠦᠭᠡᠢ᠂ ᠨᠡᠩ ᠴᠤ᠌ ᠲᠡᠭᠡᠭᠡᠪᠦᠷᠢ᠎ᠶᠢᠨ ᠠᠵᠤ ᠠᠬᠤᠢᠯᠠᠯ᠎ᠤ᠋ᠨ ᠬᠥᠭ᠌ᠵᠢᠯᠲᠡ ᠳ᠋ᠤ ᠠᠮᠢᠵᠢᠷᠠᠯ᠎ᠤ᠋ᠨ ᠬᠦᠴᠦᠨ ᠨᠡᠮᠡᠷᠢᠯᠡᠪᠡ᠃ ᠯᠢᠨᠰᠢ᠎ᠡᠴᠡ ᠭᠤᠧᠠᠨ ᠳ᠋ᠢ ᠬᠦᠷᠬᠦ᠌ ᠱᠤᠭᠤᠮ᠎ᠢᠶᠠᠷ ᠵᠢᠱ᠌ᠢᠶᠡᠯᠡᠪᠡᠯ᠂ ᠣᠳᠣᠬᠠᠨ᠎ᠳᠤ ᠭᠠᠭ᠍ᠴᠠ ᠡᠳᠦᠷ᠎ᠤᠨ ᠲᠡᠭᠡᠭᠡᠪᠦᠷᠢ᠎ᠶ᠋ᠢᠨ ᠣᠷᠣᠯᠭ᠎ᠠ 300 ᠲᠥᠭᠦᠷᠢᠭ ᠣᠷᠴᠢᠮ ᠬᠦᠷᠴᠦ ᠪᠤᠢ᠃ ᠤᠷᠤᠯᠭ᠎ᠠ ᠵᠢᠨ ᠲᠤᠭᠲᠠᠪᠤᠷᠢᠳᠠᠢ ᠨᠡᠮᠡᠭᠳᠡᠯ ᠨᠢ ᠠᠵᠤ ᠠᠬᠤᠢᠯᠠᠯ᠎ᠤᠨ ᠡᠵᠡᠩᠨᠡᠯᠲᠡ ᠶ᠋ᠢᠨ ᠢᠲᠡᠭᠡᠯ ᠬᠢᠭᠡᠳ ᠬᠥᠭ᠌ᠵᠢᠯᠲᠡ᠎ᠶ᠋ᠢᠨ ᠨᠥᠭᠡᠴᠡ ᠬᠦᠴᠦᠨ᠎ᠢ ᠨᠡᠮᠡᠭ᠌ᠳᠡᠭᠦᠯᠵᠦ᠍᠂ ᠨᠡᠢᠭᠡᠮ ᠤᠨ ᠦᠷ᠎ᠡ ᠠᠱᠢᠭ ᠬᠢᠭᠡᠳ ᠠᠵᠤ ᠠᠬᠤᠢ᠎ᠶ᠋ᠢᠨ ᠦᠷ᠎ᠡ ᠠᠱᠢᠭ᠎ᠤᠨ ᠬᠤᠣᠰ ᠠᠮᠵᠢᠯᠲᠠ ᠶ᠋ᠢ ᠪᠡᠶᠡᠯᠡᠭᠦᠯᠪᠡ᠃ 《ᠪᠢᠳᠡ〈ᠲᠣᠭ᠍ᠲᠠᠭ᠍ᠰᠠᠨ ᠴᠡᠭ ᠡᠴᠡ ᠲᠡᠷᠭᠡ ᠬᠦᠳᠡᠯᠬᠦ᠂ ᠲᠣᠭ᠍ᠲᠠᠭ᠍ᠰᠠᠨ ᠴᠠᠭ᠎ᠲᠤ ᠢᠷᠡᠵᠤ ᠪᠤᠴᠠᠬᠤ〉 ᠵᠠᠭ᠍ᠪᠤᠷ᠎ᠢ ᠬᠡᠷᠡᠭ᠌ᠵᠢᠭᠦᠯᠵᠦ᠍᠂ ᠠᠶᠠᠨᠴᠢᠳ᠎ᠤᠨ ᠴᠤᠪᠤᠷᠠᠯ ᠢ᠋ ᠦᠨᠳᠦᠰᠦᠯᠡᠨ ᠱᠢᠨᠵᠢᠯᠡᠬᠦ᠌ ᠤᠬᠠᠭᠠᠨᠴᠢ᠎ᠪᠠᠷ ᠦᠷᠳᠡᠭᠡ ᠴᠡᠭ ᠲᠤᠬᠢᠷᠠᠭᠤᠯᠤᠨ᠂ ᠲᠡᠷᠭᠡᠨ ᠤ᠋ ᠠᠶᠠᠯᠠᠯ ᠤ᠋ᠨ ᠲᠥᠯᠥᠪᠯᠡᠭᠡ᠎ᠶ᠋ᠢ ᠱᠢᠯᠢᠳᠡᠭ᠌ᠵᠢᠭᠦᠯᠵᠦ᠍᠂ ᠲᠣᠰᠭᠤᠨ ᠤ ᠠᠷᠠᠳ ᠤ᠋ᠨ 〈ᠭᠡᠷ ᠡᠴᠡ ᠪᠠᠨ ᠭᠠᠷᠤᠮᠠᠭᠴᠠ ᠦᠷᠳᠡᠭᠡ ᠴᠡᠭ ᠲᠤ᠌ ᠬᠦᠷᠬᠦ᠂ ᠲᠤᠭᠳᠠᠭᠰᠠᠨ ᠴᠠᠭ ᠲᠤ᠌ ᠲᠡᠷᠬᠡᠨ ᠳ᠋ᠦ ᠰᠠᠭᠤᠬᠤ〉 ᠵᠢ ᠪᠡᠶᠡᠯᠡᠭᠦᠯᠵᠡᠢ》 ᠬᠡᠵᠤ ᠯᠢᠨᠰᠢ ᠰᠢᠶᠠᠨ ᠤ᠋ ᠴᠠᠩ ᠠᠨ ᠨᠡᠢᠲᠡ ᠶ᠋ᠢᠨ ᠮᠠᠱᠢᠨ ᠲᠡᠷᠭᠡᠨ ᠤ ᠺᠣᠮᠫᠠᠨᠢ ᠶ᠋ᠢᠨ ᠬᠠᠷᠢᠭᠤᠴᠠᠯᠭᠠᠲᠠᠨ ᠲᠠᠨᠢᠯᠴᠠᠭᠤᠯᠵᠤ ᠪᠠᠢᠯ᠎ᠠ᠃
ᠬᠤᠲᠠ ᠬᠥᠳᠡᠭᠡ᠎ᠶ᠋ᠢᠨ ᠨᠡᠢᠲᠡ᠎ᠶ᠋ᠢᠨ ᠮᠠᠱᠢᠨ ᠲᠡᠷᠭᠡ᠎ᠶ᠋ᠢ ᠨᠢᠭᠡ ᠴᠤᠭ᠍ᠴᠠᠵᠢᠭᠤᠯᠬᠤ ᠪᠣᠯ ᠠᠷᠠᠳ᠎ᠤᠨ ᠠᠮᠢᠳᠤᠷᠠᠯ᠎ᠤᠨ ᠠᠮᠠᠯᠠᠯᠲᠠ᠂ ᠨᠠᠩ ᠴᠤ᠌ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠵᠠᠮ ᠬᠠᠷᠢᠯᠴᠠᠭᠠᠨ ᠤ ᠲᠤᠯᠭᠠᠭᠤᠷᠢᠯᠠᠯ ᠮᠥᠨ᠃ ᠯᠢᠨᠰᠢ ᠱᠢᠶᠠᠨ᠎ᠤ ᠵᠠᠮ ᠬᠠᠷᠢᠯᠴᠠᠭ᠎ᠠ ᠲᠡᠭᠡᠭᠡᠪᠦᠷᠢ ᠶ᠋ᠢᠨ ᠲᠣᠪᠴᠢᠶ᠎ᠠ ᠬᠥᠳᠡᠭᠡ ᠲᠣᠰᠭᠤᠨ᠎ᠤ ᠨᠡᠢᠲᠡ᠎ᠶ᠋ᠢᠨ ᠮᠠᠱᠢᠨ ᠲᠡᠷᠭᠡᠨ᠎ᠤ ᠵᠠᠮ᠎ᠤᠨ ᠪᠠᠢᠷᠢᠱᠢᠭᠤᠯᠤᠯᠲᠠ᠎ᠶ᠋ᠢ ᠦᠷᠭᠦᠯᠵᠢᠯᠡᠨ ᠱᠢᠯᠢᠳᠡᠭ᠌ᠵᠢᠭᠦᠯᠵᠦ᠍᠂ ᠬᠥᠳᠡᠭᠡ ᠲᠣᠰᠭᠤᠨ᠎ᠤ ᠨᠡᠢᠲᠡ᠎ᠶ᠋ᠢᠨ ᠮᠠᠱᠢᠨ ᠲᠡᠷᠭᠡ᠎ᠶ᠋ᠢ ᠣᠯᠠᠨ ᠲᠦᠮᠡᠨ᠎ᠳᠤ ᠦᠢᠯᠡᠴᠢᠯᠡᠬᠦ᠌ 《ᠠᠷᠠᠳ᠎ᠤᠨ ᠠᠮᠢᠳᠤᠷᠠᠯ᠎ᠤᠨ ᠱᠤᠭᠤᠮ》᠂ ᠬᠥᠳᠡᠭᠡ ᠲᠣᠰᠭᠤᠨ᠎ᠤ ᠬᠥᠭ᠌ᠵᠢᠯᠲᠡ᠎ᠶ᠋ᠢ ᠠᠬᠢᠭᠤᠯᠬᠤ《ᠬᠥᠭ᠌ᠵᠢᠭᠦᠯᠦᠨ ᠮᠠᠨᠳᠤᠭᠤᠯᠬᠤ ᠱᠤᠭᠤᠮ》 ᠪᠣᠯᠭᠠᠨ ᠪᠠᠢᠭᠤᠯᠵᠤ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠳᠤ ᠵᠠᠮ ᠬᠠᠷᠢᠯᠴᠠᠭᠠᠨ᠎ᠤ ᠬᠥᠳᠡᠯᠭᠡᠬᠦ᠌ ᠬᠦᠴᠦᠨ ᠨᠡᠮᠡᠷᠢᠯᠡᠬᠦ ᠪᠤᠯᠤᠨ᠎ᠠ᠃